-
2144412
ᠲᠠᠯᠠᠪᠠᠢ ᠶᠢ ᠪᠦᠳᠦᠭᠡᠨ ᠪᠠᠶᠢᠭᠤᠯᠬᠤ ᠮᠡᠷᠭᠡᠵᠢᠯ ᠡᠪᠡᠰᠤ ᠪᠡᠯᠴᠢᠭᠡᠷ ᠪᠤᠯᠤᠨ ᠲᠡᠵᠢᠭᠡᠯ ᠪᠤᠷᠳᠤᠭ᠎ᠠ ᠲᠠᠷᠢᠬᠤ
2019-05-21 09:39
478
0
ᠡᠪᠡᠰᠤ ᠪᠡᠯᠴᠢᠭᠡᠷ ᠪᠤᠯᠤᠨ ᠲᠡᠵᠢᠭᠡᠯ ᠪᠤᠷᠳᠤᠭ᠎ᠠ ᠲᠠᠷᠢᠬᠤ
ᠲᠠᠯᠠᠪᠠᠢ ᠶᠢ ᠪᠦᠳᠦᠭᠡᠨ ᠪᠠᠶᠢᠭᠤᠯᠬᠤ ᠮᠡᠷᠭᠡᠵᠢᠯ
1. ᠡᠪᠡᠰᠤ ᠪᠡᠯᠴᠢᠭᠡᠷ ᠪᠤᠯᠤᠨ ᠲᠡᠵᠢᠭᠡᠯ ᠪᠤᠷᠳᠤᠭ᠎ᠠ ᠲᠠᠷᠢᠬᠤ ᠲᠠᠯᠠᠪᠠᠢ ᠨᠢ ᠶᠠᠮᠠᠷ ᠦᠢᠯᠡᠳᠦᠯ ᠲᠠᠢ ᠪᠤᠢ︖
ᠡᠪᠡᠰᠤ ᠲᠠᠷᠢᠬᠤ ᠨᠢ ᠡᠪᠡᠰᠤ ᠬᠠᠳᠤᠯᠠᠩ ᠤᠨ ᠬᠤᠷᠢᠶᠠᠯᠳᠠ ᠶᠢ ᠨᠡᠮᠡᠭᠳᠡᠭᠦᠯᠵᠤ᠂ ᠡᠪᠡᠰᠤ ᠪᠡᠯᠴᠢᠭᠡᠷ ᠤᠨ ᠤᠷᠭᠤᠯᠳᠠ
ᠶᠢᠨ ᠶᠠᠰᠤ ᠴᠢᠨᠠᠷ ᠪᠡ ᠭᠦᠷᠦᠰᠤ ᠰᠢᠷᠤᠢ ᠶᠢ ᠰᠠᠶᠢᠵᠢᠷᠠᠭᠤᠯᠵᠤ᠂ ᠭᠦᠷᠦᠰᠤ ᠰᠢᠷᠤᠢ ᠶᠢᠨ ᠢᠳᠡᠭᠳᠡᠯ ᠢ ᠰᠡᠷᠭᠡᠶᠢᠯᠡᠵᠤ᠂ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠬᠤ ᠦᠢᠯᠡᠳᠦᠯ ᠲᠠᠢ᠂ ᠲᠡᠵᠢᠭᠡᠯ ᠪᠤᠷᠳᠤᠭ᠎ᠠ ᠲᠠᠷᠢᠬᠤ ᠨᠢ ᠭᠡᠷ ᠤᠨ ᠲᠠᠵᠢᠭᠡᠪᠤᠷᠢ ᠳᠤ ᠵᠢᠯ ᠲᠤᠵᠢ ᠰᠢᠮ᠎ᠠ ᠰᠠᠶᠢᠳᠠᠢ ᠨᠠᠷᠢᠯᠢᠭ ᠪᠤᠷᠳᠤᠭ᠎ᠠ ᠬᠠᠨᠭ᠍ᠭᠠᠬᠤ ᠦᠢᠯᠡᠳᠦᠯ ᠲᠠᠢ ᠶᠤᠮ᠃
2. ᠡᠪᠡᠰᠤ ᠪᠡᠯᠴᠢᠭᠡᠷ ᠪᠤᠯᠤᠨ ᠲᠡᠵᠢᠭᠡᠯ ᠪᠤᠷᠳᠤᠭ᠎ᠠ ᠲᠠᠷᠢᠬᠤ ᠲᠠᠯᠠᠪᠠᠢ ᠶᠢ ᠪᠠᠶᠢᠭᠤᠯᠬᠤ ᠳᠤ ᠶᠠᠮᠠᠷ ᠱᠠᠭᠠᠷᠳᠠᠯᠭ᠎ᠠ ᠲᠠᠢ
ᠪᠠᠶᠢᠳᠠᠭ ᠪᠤᠢ︖
ᠡᠪᠡᠰᠤ ᠪᠡᠯᠴᠢᠭᠡᠷ᠂ ᠲᠡᠵᠢᠭᠡᠯ ᠪᠤᠷᠳᠤᠭ᠎ᠠ ᠲᠠᠷᠢᠬᠤ ᠨᠢ ᠲᠠᠷᠢᠶ᠎ᠠ ᠲᠠᠷᠢᠬᠤ ᠱᠠᠭᠠᠷᠳᠠᠯᠭ᠎ᠠ ᠲᠠᠢ ᠦᠨᠳᠤᠰᠤᠨ ᠳᠡᠭᠡᠨ ᠠᠳᠠᠯᠢ
ᠪᠠᠶᠢᠵᠤ᠂ ᠡᠯᠪᠡᠭ ᠬᠤᠷᠢᠶᠠᠯᠳᠠ ᠤᠯᠤᠶ᠎ᠠ ᠭᠡᠪᠡᠯ ᠴᠦᠮ ᠨᠠᠷᠢᠨ ᠬᠠᠭᠠᠯᠪᠤᠷᠢᠯᠠᠵᠤ ᠨᠠᠷᠢᠯᠢᠭ ᠲᠠᠷᠢᠬᠤ ᠭᠡᠷᠡᠭ ᠲᠠᠢ ᠪᠠᠶᠢᠳᠠᠭ᠃ ᠡᠭᠦᠨ ᠠᠴᠠ ᠭᠠᠳᠠᠨ᠎ᠠ ᠡᠪᠡᠰᠤ ᠪᠡᠯᠴᠢᠭᠡᠷ᠂ ᠲᠠᠵᠢᠭᠡᠯ ᠪᠤᠷᠳᠤᠭ᠎ᠠ ᠲᠠᠷᠢᠬᠤ ᠳᠤ ᠭᠠᠵᠠᠷ ᠲᠠᠯᠠᠪᠠᠢ ᠰᠤᠩᠭᠤᠬᠤ᠂ ᠦᠷ᠎ᠡ ᠪᠡᠯᠡᠳᠭᠡᠭᠦ᠂ ᠲᠠᠷᠢᠬᠤ ᠮᠡᠷᠭᠡᠵᠢᠯ᠂ ᠲᠠᠷᠢᠶᠠᠨ ᠳᠠᠬᠢ ᠠᠷᠠᠴᠢᠯᠠᠯᠳᠠ ᠬᠠᠮᠢᠶᠠᠷᠤᠯᠳᠠ ᠬᠠᠮᠠᠭᠠᠯᠠᠯᠳᠠ ᠵᠡᠷᠭᠡ ᠲᠠᠯ᠎ᠠ ᠪᠠᠷ ᠪᠠᠰᠠ ᠮᠠᠰᠢ ᠤᠯᠠᠨ ᠤᠨᠴᠠᠭᠠᠢ ᠱᠠᠭᠠᠷᠳᠠᠯᠭ᠎ᠠ ᠲᠠᠢ ᠪᠠᠶᠢᠳᠠᠭ᠃
3. ᠡᠪᠡᠰᠤᠨ ᠲᠠᠯᠠᠪᠠᠢ ᠶᠢ ᠰᠤᠩᠭᠤᠬᠤ ᠳᠤ ᠶᠠᠮᠠᠷ ᠪᠤᠳᠠᠳᠠᠢ ᠱᠠᠭᠠᠷᠳᠠᠯᠭ᠎ᠠ ᠪᠠᠶᠢᠬᠤ ᠪᠤᠢ︖
ᠡᠪᠡᠰᠤ ᠪᠠᠯᠴᠢᠭᠡᠷ ᠪᠠ ᠲᠠᠵᠢᠭᠡᠯ ᠪᠤᠷᠳᠤᠭ᠎ᠠ ᠲᠠᠷᠢᠬᠤ ᠳᠤ ᠡᠩ ᠲᠡᠷᠢᠭᠦᠨ ᠳᠤ ᠭᠠᠵᠠᠷ ᠲᠠᠯᠠᠪᠠᠢ ᠶᠢ ᠰᠠᠶᠢᠨ ᠰᠤᠩᠭᠤᠬᠤ ᠨᠢ ᠴᠢᠬᠤᠯᠠ᠃ ᠭᠠᠵᠠᠷ ᠲᠠᠯᠠᠪᠠᠢ ᠶᠢ ᠰᠤᠩᠭᠤᠬᠤ ᠳᠠᠭᠠᠨ ᠲᠤᠬᠠᠢ ᠶᠢᠨ ᠭᠠᠵᠠᠷ ᠤᠷᠤᠨ ᠤ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠪᠠᠶᠢᠳᠠᠯ ᠢ ᠦᠨᠳᠦᠰᠦᠯᠡᠨ᠂ ᠲᠦᠯᠤᠪᠯᠡᠭᠡ ᠲᠠᠢ ᠠᠯᠬᠤᠮ ᠲᠠᠷᠠᠭ᠎ᠠ ᠲᠠᠢ ᠰᠤᠩᠭᠤᠵᠤ᠂ ᠵᠠᠷᠴᠢᠮ ᠲᠡᠭᠡᠷ᠎ᠡ ᠪᠠᠨ ᠬᠠᠳᠤᠯᠠᠩ ᠪᠡᠯᠴᠢᠭᠡᠷ ᠪᠤᠯᠤᠨ ᠪᠤᠷᠳᠤᠭᠠᠨ ᠲᠠᠷᠢᠮᠠᠯ ᠤᠨ ᠪᠠᠶᠢᠭᠠᠯᠢ ᠶᠢᠨ ᠨᠦᠭᠦᠴᠡᠯ᠂ ᠦᠢᠯᠡᠳᠪᠤᠷᠢᠯᠡᠯ ᠤᠨ ᠨᠦᠭᠦᠴᠡᠯ ᠤᠨ ᠱᠠᠭᠠᠷᠳᠠᠯᠭ᠎ᠠ ᠶᠢ ᠨᠢ ᠠᠯᠢ ᠴᠢᠳᠠᠬᠤ ᠪᠠᠷ ᠬᠠᠨᠭ᠍ᠭᠠᠵᠤ᠂ ᠶᠠᠷᠦᠩᠭᠡᠢ ᠳᠡᠭᠡᠨ ᠲᠤᠤᠷᠠᠭᠢ ᠭᠡᠳᠦᠨ ᠵᠠᠷᠴᠢᠮ ᠢ ᠪᠤᠳᠤᠯᠭᠢᠯᠠᠪᠠᠯ ᠵᠤᠭᠢᠨ᠎ᠠ᠃
︵1︶ ᠲᠠᠷᠢ ᠲᠡᠭᠰᠢᠭᠡᠨ ᠪᠤᠶᠤ ᠵᠢᠭᠠᠬᠠᠨ ᠭᠦᠳᠦᠭᠦᠷ ᠰᠢᠭ ᠭᠠᠵᠠᠷ ᠢ ᠰᠤᠩᠭᠤᠪᠠᠯ᠂ ᠮᠠᠰᠢᠨ ᠢᠶᠠᠷ ᠪᠤᠶᠤ ᠭᠦᠮᠦᠨ ᠤ
ᠭᠦᠴᠤ ᠪᠠᠷ ᠲᠠᠷᠢᠬᠤ ᠳᠤ ᠲᠦᠭᠦᠮ ᠪᠠᠶᠢᠳᠠᠭ︔
︵2︶ ᠭᠦᠷᠦᠰᠤᠨ ᠲᠠᠪᠬᠤᠷᠭ᠎ᠠ ᠨᠢ ᠵᠤᠵᠠᠭᠠᠨ᠂ ᠤᠷᠭᠠᠨᠢᠭ ᠪᠤᠳᠠᠰ ᠤᠨ ᠠᠭᠤᠯᠤᠠᠠᠳᠠᠴᠠ ᠨᠢ ᠦᠨᠳᠤᠷ᠂ ᠭᠦᠷᠦᠰᠤ
ᠰᠢᠷᠤᠢ ᠨᠢ ᠦᠡᠭ ᠰᠢᠮᠡᠯᠢᠭ ᠪᠠᠶᠢᠬᠤ︔
︵3︶ ᠨᠡᠯᠢᠶᠡᠳ ᠡᠯᠪᠡᠭ ᠤᠰᠤᠨ ᠤ ᠰᠤᠷᠪᠤᠯᠵᠢ ᠲᠠᠢ ᠪᠠ ᠤᠰᠤᠨ ᠤ ᠴᠢᠨᠠᠷ ᠨᠢ ᠰᠠᠶᠢᠨ ᠪᠠᠶᠢᠵᠤ᠂ ᠤᠰᠤᠯᠠᠯᠳᠠ ᠶᠢᠨ ᠭᠡᠷᠡᠭᠴᠡᠭᠡ ᠶᠢ ᠬᠠᠨᠭ᠍ᠭᠠᠵᠤ ᠲᠠᠶᠢᠯᠭᠦ︔
︵4︶ ᠬᠠᠭᠤᠷᠠᠢ ᠳᠤ ᠡᠪᠡᠰᠤ ᠲᠠᠷᠢᠬᠤ ᠳᠤ ᠭᠠᠵᠠᠷ ᠲᠤᠤᠷᠠᠭᠢ ᠤᠰᠤᠨ ᠲᠦᠪᠰᠢᠨ ᠨᠡᠯᠢᠶᠡᠳ ᠦᠨᠳᠤᠷ ᠪᠤᠶᠤ ᠪᠠᠶᠢᠭᠠᠯᠢ
ᠶᠢᠨ ᠬᠤᠷ᠎ᠠ ᠲᠤᠨᠤᠳᠠᠰᠤ ᠶᠢᠨ ᠭᠡᠮᠵᠢᠶ᠎ᠠ ᠨᠡᠯᠢᠶᠡᠳ ᠡᠯᠪᠡᠭ ᠭᠠᠵᠠᠷ ᠤᠷᠤᠨ ᠪᠠᠶᠢᠬᠤ ᠶᠢ ᠱᠠᠭᠠᠷᠳᠠᠨ᠎ᠠ︔
︵5︶ ᠡᠯᠡᠰᠦᠷᠭᠡᠭᠵᠢᠯ ᠤᠨ ᠠᠶᠤᠯ ᠦᠭᠡᠢ ᠪᠠᠶᠢᠬᠤ︔
︵6︶ ᠰᠠᠭᠤᠭᠠᠯᠢ ᠠᠷᠠᠳ ᠤᠨ ᠴᠢᠭ᠋ ᠠᠴᠠ ᠵᠠᠶᠢᠳᠡᠢ᠂ ᠡᠪᠤᠯᠵᠢᠶ᠎ᠠ ᠬᠠᠪᠤᠷᠵᠢᠶ᠎ᠠ ᠠᠴᠠ ᠤᠶᠢᠷᠠᠬᠠᠨ ᠪᠠᠶᠢᠬᠤ︔
︵7︶ ᠶᠠᠷᠦᠩᠭᠡᠢ ᠳᠡᠭᠡᠨ ᠲᠤᠤᠷ ᠭᠦᠷᠢᠶ᠎ᠠ᠂ ᠬᠠᠮᠠᠭᠠᠯᠠᠯᠳᠠ ᠶᠢᠨ ᠤᠢ ᠶᠢᠨ ᠲᠤᠤᠷ ᠵᠡᠷᠭᠡ ᠬᠠᠮᠠᠭᠠᠯᠠᠯᠳᠡ ᠶᠢᠨ ᠠᠷᠭ᠎ᠠ
ᠭᠡᠮᠵᠢᠶ᠎ᠠ ᠲᠠᠢ ᠪᠠᠶᠢᠵᠤ᠂ ᠭᠦᠮᠦᠨ ᠮᠠᠯ ᠤᠨ ᠡᠪᠳᠡᠯᠭᠡ ᠠᠴᠠ ᠰᠡᠷᠭᠡᠶᠢᠯᠡᠨ᠎ᠠ᠃
4. ᠡᠪᠡᠰᠤᠨ ᠲᠠᠯᠠᠪᠠᠢ ᠪᠠᠨ ᠰᠤᠩᠭᠤᠠᠠᠰᠠᠨ ᠤ ᠰᠡᠭᠦᠯᠡᠷ ᠶᠠᠮᠠᠷ ᠠᠵᠢᠯ ᠤᠳ ᠢ ᠭᠢᠭᠦ ᠴᠢᠬᠤᠯᠠ ᠲᠠᠢ ᠪᠤᠢ︖
ᠭᠠᠵᠠᠷ ᠲᠠᠯᠠᠪᠠᠢ ᠪᠠᠨ ᠰᠤᠩᠭᠤᠠᠠᠰᠠᠨ ᠤ ᠰᠡᠭᠦᠯᠡᠷ᠂ ᠭᠠᠵᠠᠷ ᠢᠶᠠᠨ ᠬᠠᠭᠠᠯᠪᠤᠷᠢᠯᠡᠨ ᠨᠠᠷᠠᠭᠳᠡᠨ ᠲᠡᠭᠰᠢᠯᠡᠵᠤ᠂ ᠡᠪᠡᠰᠤᠨ ᠤ ᠦᠷ᠎ᠠ ᠶᠢᠨ ᠨᠠᠭᠢᠶᠠᠯᠠᠨ ᠤᠷᠭᠤᠬᠤ ᠳᠤ ᠲᠤᠭᠢᠷᠠᠮᠵᠢᠳᠡᠢ ᠨᠦᠭᠦᠴᠡᠯ ᠢ ᠬᠠᠨᠭ᠍ᠭᠠᠨ᠎ᠠ᠃ ᠬᠠᠪᠤᠷ᠂ ᠵᠤᠨ᠂ ᠡᠪᠤᠯ ᠪᠦᠷ ᠲᠠᠷᠢᠵᠤ ᠪᠤᠯᠤᠨ᠎ᠠ᠃ ᠭᠡᠭᠦ ᠳᠡᠭᠡᠨ ᠪᠤᠷᠤᠭᠠᠨ ᠤ ᠤᠯᠠᠷᠢᠯ ᠳᠤ ᠲᠠᠷᠢᠪᠡᠯ ᠬᠠᠮᠤᠭ ᠤᠨ
ᠲᠤᠭᠢᠷᠠᠮᠵᠢᠳᠡᠢ᠃ ᠤᠴᠢᠷ ᠨᠢ ᠡᠨᠡ ᠦᠶᠡᠰ ᠭᠦᠷᠤᠰᠤ ᠰᠢᠷᠤᠢ ᠶᠢᠨ ᠤᠰᠤᠨ ᠤ ᠭᠡᠮᠵᠢᠶ᠎ᠠ ᠲᠤᠭᠢᠷᠠᠮᠵᠢᠳᠡᠢ᠂ ᠲᠠᠷᠢᠬᠤ ᠳᠤ ᠰᠠᠭᠠᠳ ᠦᠭᠡᠢ᠃ ᠡᠭᠦᠨ ᠠᠴᠠ ᠭᠠᠳᠠᠨ᠎ᠠ ᠪᠠᠰᠠ ᠲᠤᠯᠠᠭᠠᠨ ᠤ ᠭᠡᠮᠵᠢᠶ᠎ᠠ ᠦᠨᠳᠤᠷ᠂ ᠪᠤᠷᠤᠭᠠᠨ ᠬᠤᠷ᠎ᠡ ᠡᠯᠪᠡᠭ ᠪᠤᠯᠬᠤᠷ ᠤᠷᠭᠠᠨᠢᠭ ᠪᠤᠳᠠᠰ ᠤᠨ ᠵᠠᠳᠠᠷᠠᠯᠳᠠ ᠶᠢ ᠠᠭᠢᠭᠤᠯᠤᠨ᠎ᠠ ᠃
ᠬᠠᠭᠠᠯᠪᠤᠷᠢᠯᠠᠬᠤ ᠳᠠᠭᠠᠨ 20 ~ 25 ᠰᠠᠠᠲ᠋ᠢᠮᠧᠲᠷ ᠭᠦᠨ ᠬᠠᠭᠠᠯᠪᠤᠷᠢᠯᠠᠪᠠᠯ ᠬᠠᠮᠤᠭ ᠤᠨ ᠲᠤᠭᠢᠷᠠᠮᠵᠢᠳᠡᠢ᠃
ᠬᠠᠭᠠᠯᠪᠤᠷᠢᠯᠬᠠᠰᠠᠨ ᠤ ᠪᠠᠨ ᠲᠠᠷᠠᠭ᠎ᠠ ᠰᠠᠶᠢᠳᠤᠷ ᠨᠠᠷᠬᠠᠳᠠᠵᠤ᠂ ᠰᠠᠶᠢᠨ ᠲᠠᠷᠤᠵᠤ ᠰᠠᠯᠭᠢ ᠨᠡᠪᠳᠡᠷᠡᠭᠦ ᠠᠴᠠ ᠰᠡᠷᠭᠡᠶᠢᠯᠡᠪᠡᠯ ᠵᠤᠭᠢᠨ᠎ᠠ᠃
5. ᠡᠪᠡᠰᠤᠨ ᠤ ᠦᠷ᠎ᠠ ᠶᠢᠨ ᠲᠠᠯ᠎ᠠ ᠪᠠᠷ ᠶᠠᠮᠠᠷ ᠠᠵᠢᠯ ᠤᠳ ᠢ ᠭᠢᠭᠦ ᠴᠢᠬᠤᠯᠠ ᠲᠠᠢ ᠪᠤᠢ︖
ᠲᠠᠷᠢᠬᠤ ᠶᠠᠰᠤ ᠴᠢᠨᠠᠷ ᠪᠡ ᠬᠠᠳᠤᠯᠠᠩ ᠪᠡᠯᠴᠢᠭᠡᠷ᠂ ᠲᠡᠵᠢᠭᠡᠯ ᠪᠤᠷᠳᠤᠭ᠎ᠠ ᠶᠢᠨ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠭᠦ
ᠶᠢᠨ ᠲᠤᠰᠠᠳᠠ ᠲᠠᠷᠢᠬᠤ ᠠᠴᠠ ᠪᠠᠨ ᠡᠮᠦᠨ᠎ᠠ ᠦᠷ᠎ᠡ ᠪᠠᠨ ᠰᠠᠶᠢᠳᠤᠷ ᠰᠤᠩᠭᠤᠬᠤ ᠪᠠ ᠦᠷ᠎ᠠ ᠶᠢᠨ ᠰᠤᠷᠲ ᠶᠢ ᠭᠢᠨᠠᠨ ᠲᠤᠠᠠᠳᠠᠭᠠᠵᠤ᠂ ᠦᠷ᠎ᠡ ᠶᠢᠨ ᠴᠠᠪᠡᠷᠴᠡ ᠪᠡ ᠰᠤᠶᠤᠭᠠᠯᠠᠯᠳᠠ ᠶᠢᠨ ᠨᠤᠷᠮ᠎ᠠ ᠪᠠᠷ ᠲᠠᠷᠢᠬᠤ ᠭᠡᠮᠵᠢᠶ᠎ᠠ ᠶᠢ ᠲᠤᠠᠠᠳᠠᠭᠠᠵᠤ᠂ ᠨᠠᠷᠢᠯᠢᠭ ᠰᠤᠩᠭᠤᠬᠤ ᠪᠠ ᠠᠷᠢᠭᠤᠳᠬᠠᠬᠤ ᠵᠡᠷᠭᠡ ᠴᠢᠬᠤᠯᠠ ᠪᠦᠭᠦᠢ ᠠᠵᠢᠯ ᠤᠳ ᠢ ᠪᠡᠶᠡᠯᠡᠭᠦᠯᠦᠨ᠎ᠠ᠃ ᠪᠤᠷᠴᠠᠭ ᠤᠨ ᠢᠵᠠᠭᠤᠷ ᠤᠨ ᠦᠷ᠎ᠠ ᠪᠤᠯ ᠪᠠᠰᠠ ᠬᠠᠳᠠᠭᠤ ᠦᠷ᠎ᠡ ᠶᠢ ᠰᠢᠢᠳᠪᠤᠷᠢᠯᠡᠭᠦ ᠪᠡ ᠦᠨᠳᠤᠰᠤᠨ ᠪᠡᠳᠡᠭᠢ ᠶᠢᠨ ᠪᠠᠺᠲ᠋ᠧᠷᠢ ᠶᠢᠨ ᠲᠠᠷᠢᠯᠭ᠎ᠠ ᠭᠢᠵᠤ᠂ ᠰᠤᠷ ᠲᠠᠢ ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠦᠷ᠎ᠠ ᠶᠢᠨ ᠰᠤᠷ ᠢ ᠨᠢ ᠠᠷᠢᠯᠭᠠᠬᠤ ᠭᠡᠷᠡᠭᠳᠡᠢ᠃
6. ᠪᠤᠷᠴᠠᠭ ᠤᠨ ᠢᠵᠠᠭᠤᠷ ᠤᠨ ᠡᠪᠡᠰᠤᠨ ᠤ ᠬᠠᠳᠠᠭᠤ ᠦᠷ᠎ᠡ ᠶᠢ ᠰᠢᠢᠳᠪᠤᠷᠢᠯᠡᠭᠦ ᠭᠡᠳᠡᠭ ᠨᠢ ᠶᠠᠭᠤ ᠶᠢ ᠵᠢᠭᠠᠵᠤ ᠪᠠᠶᠢᠬᠤ ᠪᠤᠢ︖
ᠪᠤᠷᠴᠠᠭ ᠤᠨ ᠢᠵᠠᠭᠤᠷᠳᠤ ᠤᠷᠭᠤᠮᠠᠯ ᠤᠨ ᠰᠢᠨ᠎ᠠ ᠦᠷ᠎ᠡ ᠶᠢ ᠲᠠᠷᠢᠬᠤ ᠦᠶᠡᠰ᠂ ᠤᠯᠠᠩᠭᠢ ᠦᠷ᠎ᠡ ᠶᠢ ᠨᠢ ᠤᠰᠤ
ᠰᠢᠮᠡᠳᠭᠡᠨ ᠭᠦᠭᠡᠭᠡᠯᠭᠡᠵᠤ ᠰᠤᠶᠤᠭᠠᠯᠠᠭᠤᠯᠤᠭᠠᠳ᠂ ᠨᠢᠯᠬ᠎ᠠ ᠴᠢᠭᠢ ᠪᠤᠯᠭᠠᠨ᠎ᠠ᠃ ᠭᠡᠳᠡᠯ᠎ᠠ ᠨᠢᠭᠡ ᠭᠡᠰᠡᠭ ᠦᠷ᠎ᠡ ᠨᠢ ᠤᠰᠤ ᠰᠢᠮᠡᠳᠭᠦ ᠦᠭᠡᠢ ᠮᠦᠷᠳᠡᠭᠡᠨ ᠪᠠᠰᠠ ᠰᠤᠶᠤᠭᠠᠯᠠᠬᠤ ᠦᠭᠡᠢ᠂ ᠶᠠᠷᠤ ᠠᠴᠠ ᠬᠠᠭᠤᠷᠠᠢ ᠪᠦᠭᠡᠳ ᠬᠠᠳᠠᠭᠤᠯᠢᠭ ᠪᠠᠶᠢᠳᠠᠭ᠃ ᠡᠶᠢᠮᠤ ᠦᠷ᠎ᠡ ᠶᠢ ᠬᠠᠳᠠᠭᠤ ᠦᠷ᠎ᠡ ᠭᠡᠨ᠎ᠠ᠃ ᠰᠢᠨ᠎ᠠ ᠦᠷ᠎ᠠ ᠶᠢᠨ ᠲᠤᠳᠤᠷ᠎ᠠ ᠬᠠᠳᠠᠭᠤ ᠦᠷ᠎ᠠ ᠤᠯᠠᠨ ᠪᠠᠶᠢᠵᠤ᠂ ᠤᠳᠠᠭᠠᠨ ᠬᠠᠳᠠᠭᠠᠯᠠᠬᠤ ᠶᠢ ᠲᠠᠭᠠᠯᠳᠤᠨ ᠠᠭᠠᠵᠢᠮ ᠢᠶᠠᠷ ᠴᠦᠭᠡᠷᠡᠭᠦ ᠪᠦᠭᠡᠳ ᠬᠠᠳᠠᠭᠠᠯᠠᠬᠤ ᠲᠤᠳᠤᠮ ᠤᠯᠠᠮ ᠴᠦᠭᠡᠷᠡᠳᠡᠭ᠃ ᠬᠠᠳᠠᠭᠤ ᠦᠷ᠎ᠡ ᠶᠢᠨ ᠡᠨᠡᠭᠦ ᠤᠨᠴᠠᠯᠢᠭ ᠢ ᠬᠠᠳᠠᠭᠤᠯᠢᠭ ᠴᠢᠨᠠᠷ ᠭᠡᠳᠡᠭ᠃
ᠪᠤᠷᠴᠠᠭ ᠤᠨ ᠢᠵᠠᠭᠤᠷᠳᠤ ᠤᠷᠭᠤᠮᠠᠯ ᠤᠨ ᠦᠷ᠎ᠠ ᠶᠢᠨ ᠬᠠᠳᠠᠭᠤᠯᠢᠭ ᠴᠢᠨᠠᠷ ᠨᠢ ᠤᠷᠭᠤᠮᠠᠯ ᠤᠨ ᠠᠳᠠᠯᠢ ᠦᠭᠡᠢ ᠠᠴᠠ
ᠪᠤᠯᠤᠭᠠᠳ ᠬᠠᠳᠠᠭᠤᠯᠢᠭ ᠤᠨ ᠨᠤᠷᠮ᠎ᠠ ᠨᠢ ᠴᠤ ᠠᠳᠠᠯᠢ ᠦᠭᠡᠢ᠃ ᠵᠢᠱᠢᠶᠡᠯᠡᠪᠡᠯ ᠪᠤᠷᠤ ᠴᠠᠷᠭᠠᠰᠤ ᠶᠢᠨ ᠬᠢ 10% ~ 20%᠂ ᠰᠢᠷ᠎ᠠ ᠴᠠᠷᠭᠠᠰᠤ ᠶᠢᠨ 30%᠂ ᠴᠠᠭᠠᠨ ᠭᠦᠴᠢᠩᠭᠢ ᠶᠢᠨ ᠬᠢ 40%᠂ ᠵᠡᠷᠯᠢᠭ ᠰᠢᠷ᠎ᠠ ᠴᠠᠷᠭᠠᠰᠤ ᠶᠢᠨ ᠬᠢ 60%᠂ ᠰᠢᠨᠡᠭᠡᠨ ᠬᠠᠳᠤᠠᠠᠰᠠᠨ ᠲᠤᠶᠠᠭᠠᠯᠢᠭ ᠬᠤᠨᠴᠢᠷ ᠤᠨ ᠬᠢ 80% ~ 90% ᠪᠠᠶᠢᠳᠠᠭ᠃ ᠪᠤᠷᠴᠠᠭ ᠤᠨ ᠢᠵᠠᠭᠤᠷᠳᠤ ᠡᠪᠡᠰᠤ ᠪᠤᠯᠤᠨ ᠪᠤᠷᠳᠤᠭᠠᠨ ᠤ ᠲᠠᠷᠢᠬᠤ ᠶᠠᠰᠤ ᠴᠢᠨᠠᠷ ᠪᠡ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠭᠦ ᠪᠡ ᠦᠷ᠎ᠠ ᠶᠢᠨ ᠰᠤᠶᠢᠳᠤᠯ ᠢ ᠪᠠᠭᠠᠰᠬᠠᠬᠤ ᠶᠢᠨ ᠲᠤᠰᠠᠳᠠ ᠶᠠᠷᠦᠩᠭᠡᠢ ᠳᠡᠭᠡᠨ ᠴᠦᠮ ᠬᠠᠳᠠᠭᠤ ᠦᠷ᠎ᠡ ᠶᠢ ᠰᠢᠢᠳᠪᠤᠷᠢᠯᠡᠭᠦ ᠴᠢᠬᠤᠯᠠ ᠲᠠᠢ᠃
7. ᠬᠠᠳᠠᠭᠤ ᠦᠷ᠎ᠡ ᠶᠢ ᠶᠠᠮᠠᠷ ᠠᠷᠭ᠎ᠠ ᠪᠠᠷ ᠰᠢᠢᠳᠪᠤᠷᠢᠯᠡᠭᠦ ᠪᠤᠢ︖
ᠬᠠᠳᠠᠭᠤ ᠦᠷ᠎ᠡ ᠶᠢ ᠰᠢᠢᠳᠪᠤᠷᠢᠯᠡᠭᠦ ᠳᠤ ᠲᠤᠤᠷᠠᠭᠢ ᠭᠡᠳᠦᠨ ᠠᠷᠭ᠎ᠠ ᠶᠢ ᠯᠠᠪᠯᠠᠯᠳᠠ ᠪᠤᠯᠭᠠᠵᠤ ᠪᠤᠯᠤᠨ᠎ᠠ᠃
︵1︶ ᠦᠷ᠎ᠠ ᠶᠢᠨ ᠬᠠᠯᠢᠰᠤ ᠶᠢ ᠨᠢ ᠬᠠᠭᠠᠯᠬᠤ᠄ ᠡᠨᠡ ᠪᠤᠯ ᠬᠠᠮᠤᠭ ᠤᠨ ᠪᠠᠶᠢᠡᠭᠭᠤ ᠭᠡᠷᠡᠭᠯᠡᠳᠡᠭ ᠪᠦᠭᠡᠳ ᠬᠠᠮᠤᠭ ᠤᠨ
ᠲᠦᠭᠦᠮ ᠠᠷᠭ᠎ᠠ ᠪᠤᠯᠤᠨ᠎ᠠ᠃ ᠦᠷ᠎ᠠ ᠶᠢᠨ ᠬᠠᠯᠢᠰᠤ ᠶᠢ ᠨᠢ ᠬᠠᠭᠠᠯᠴᠢᠬᠠᠪᠠᠯ ᠠᠶᠠᠠᠳᠠᠭᠠᠨ ᠰᠢᠮᠡᠳᠤᠨ ᠭᠦᠭᠡᠭᠡᠵᠤ᠂ ᠠᠮᠠᠷᠬᠠᠨ ᠰᠤᠶᠤᠭᠠᠯᠠᠨ᠎ᠠ᠃ ᠦᠷ᠎ᠡ ᠴᠦᠭᠡᠨ ᠪᠤᠯ ᠦᠷ᠎ᠠ ᠪᠠᠨ ᠬᠠᠶᠢᠷ ᠲᠠᠢ ᠴᠤᠭ ᠨᠢᠭᠡ ᠤᠭᠤᠳᠠᠨ ᠳᠤ ᠭᠢᠵᠤ᠂ ᠭᠦᠴᠤᠳᠡᠢ ᠦᠷᠡᠭᠦ ᠪᠤᠶᠤ ᠮᠤᠳᠤᠨ ᠰᠢᠳᠠᠮ ᠢᠶᠠᠷ ᠴᠤᠭᠢᠵᠤ᠂ ᠬᠠᠯᠢᠰᠤ ᠶᠢ ᠨᠢ ᠬᠠᠭᠠᠯᠤᠨ᠎ᠠ᠃ ᠦᠷ᠎ᠠ ᠠᠷᠪᠢᠨ ᠪᠤᠯ ᠨᠢᠴᠠᠯᠤᠨ ᠲᠠᠷᠤᠬᠤ ᠠᠷᠭ᠎ᠠ ᠶᠢ ᠭᠡᠷᠡᠭᠯᠡᠨ᠎ᠡ᠃ ᠡᠨᠡ ᠠᠷᠭ᠎ᠠ ᠶᠢ ᠭᠡᠷᠡᠭᠯᠡᠭᠦ ᠳᠡᠭᠡᠨ ᠦᠷ᠎ᠡ ᠪᠠᠨ ᠨᠡᠯᠢᠶᠡᠳ ᠵᠤᠵᠠᠭᠠᠨ ᠲᠠᠪᠢᠰᠴᠤ᠂ ᠦᠷ᠎ᠡ ᠶᠢ ᠨᠢ ᠨᠢᠴᠠᠯᠠᠬᠤ ᠠᠴᠠ ᠭᠢᠴᠢᠶᠡᠭᠦ ᠭᠡᠷᠡᠭᠳᠡᠢ᠃ ᠡᠨᠡ ᠠᠷᠭ᠎ᠠ ᠪᠠᠷ ᠰᠢᠢᠳᠪᠤᠷᠢᠯᠡᠭᠰᠡᠨ ᠦᠷ᠎ᠠ ᠶᠢᠨ
ᠰᠤᠶᠤᠭᠠᠯᠠᠬᠤ ᠨᠤᠷᠮ᠎ᠠ ᠨᠢ ᠶᠡᠭᠡᠳᠡ ᠲᠡᠭᠡᠭᠰᠢᠯᠡᠵᠤ᠂ 90% ᠠᠴᠠ ᠲᠡᠭᠡᠭᠰᠢ ᠳᠤ ᠭᠦᠷᠳᠡᠭ᠃
︵2︶ ᠲᠡᠪᠳᠦᠭᠡᠭᠦ᠄ ᠬᠠᠳᠠᠭᠤ ᠦᠷ᠎ᠡ ᠪᠠᠨ ᠪᠦᠯᠢᠶᠠᠨ ᠤᠰᠤᠨ ᠳᠤ ᠡᠳᠤᠷ ᠰᠦᠨᠢ ᠲᠡᠪᠳᠦᠭᠡᠵᠤ ᠱᠦᠭᠦᠨ ᠭᠠᠷᠭᠠᠭᠠᠳ᠂
ᠡᠳᠤᠷ ᠲᠡᠭᠡᠨ ᠬᠤᠷᠴᠡ ᠨᠠᠷᠠᠨ ᠳᠤ ᠰᠢᠷᠠᠵᠤ᠂ ᠰᠦᠨᠢ ᠳᠡᠭᠡᠨ ᠰᠡᠷᠢᠭᠦᠨ ᠭᠠᠵᠷ ᠲᠠᠯᠪᠢᠵᠤ᠂ ᠦᠷᠭᠦᠯᠵᠢ ᠤᠰᠤ ᠰᠦᠷᠴᠢᠭᠦ ᠪᠡ ᠨᠤᠶᠢᠳᠡᠨ ᠪᠦᠰ ᠢᠶᠠᠷ ᠪᠦᠳᠡᠭᠡᠵᠤ᠂ 2 ~3 ᠡᠳᠤᠷ ᠪᠤᠯᠤᠠᠠᠰᠠᠨ ᠤ ᠰᠡᠭᠦᠯᠡᠷ ᠬᠠᠯᠢᠰᠤ ᠨᠢ ᠬᠠᠭᠠᠷᠠᠪᠠᠯ᠂ ᠲᠠᠷᠤᠶᠢᠬᠠᠨ ᠲᠠᠷᠢᠨ᠎ᠠ᠃ ᠡᠭᠦᠨ ᠠᠴᠠ ᠭᠠᠳᠠᠨ᠎ᠠ ᠦᠷ᠎ᠡ ᠪᠠᠨ ᠪᠠᠰᠠ 40 ~ 45 ᠭᠷᠡᠳᠦ᠋ᠰ ᠤᠨ ᠬᠠᠯᠠᠭᠤᠨ ᠤᠰᠤᠨ ᠳᠤ ᠭᠢᠪᠡᠯ ᠬᠠᠳᠠᠭᠤ ᠴᠢᠨᠠᠷ ᠨᠢ ᠵᠦᠭᠡᠯᠡᠷᠡᠨᠡ᠃ ᠪᠠᠰᠠ 1% ᠶᠢᠨ ᠰᠢᠩᠭᠡᠨ ᠭᠦᠭᠦᠷ ᠭᠦᠴᠢᠯ ᠳᠤ ᠦᠷ᠎ᠡ ᠪᠠᠨ ᠬᠠᠭᠠᠰ ᠴᠠᠭ ᠲᠡᠪᠳᠦᠭᠡᠵᠤ᠂ ᠲᠠᠭᠢᠨ ᠴᠡᠪᠡᠷ ᠤᠰᠤᠨ ᠳᠤ ᠨᠢᠭᠡ ᠴᠠᠭ ᠲᠡᠪᠳᠦᠭᠡᠭᠦ ᠪᠤᠶᠤ ᠤᠷᠤᠰᠬᠠᠯ ᠤᠰᠤ ᠪᠠᠷ 10 ~
20 ᠮᠢᠨᠦ᠋ᠲ ᠵᠠᠶᠢᠯᠠᠨ ᠤᠭᠢᠶᠠᠵᠤ᠂ ᠰᠠᠷᠢᠭᠦᠨ ᠭᠠᠵᠠᠷ ᠬᠠᠳᠠᠭᠠᠭᠠᠳ ᠲᠠᠷᠢᠪᠡᠯ ᠮᠠᠰᠢ ᠰᠠᠶᠢᠨ ᠦᠷ᠎ᠡ ᠪᠦᠳᠦᠭᠡᠯ ᠤᠯᠳᠠᠭ᠃ ᠡᠨᠡ ᠠᠷᠭ᠎ᠠ ᠶᠢ ᠭᠢᠮᠢ ᠶᠢᠨ ᠰᠢᠢᠳᠪᠤᠷᠢᠯᠡᠯᠳᠡ ᠭᠡᠳᠡᠭ᠃
8. ᠪᠤᠷᠴᠠᠭ ᠤᠨ ᠢᠵᠠᠭᠤᠷ ᠤᠨ ᠡᠪᠡᠰᠤᠨ ᠤ ᠦᠷ᠎ᠠ ᠶᠢᠨ ᠦᠨᠳᠤᠰᠤᠨ ᠪᠡᠳᠡᠭᠢ ᠶᠢᠨ ᠮᠦᠭᠦ ᠶᠢ ᠵᠠᠯᠭᠠᠨ ᠲᠠᠷᠢᠵᠤ ᠪᠤᠯᠤᠨ᠎ᠠ
ᠤᠤ︖
ᠪᠤᠷᠴᠠᠭ ᠤᠨ ᠢᠵᠠᠭᠤᠷᠳᠤ ᠡᠪᠡᠰᠤ ᠨᠢ ᠦᠨᠳᠤᠰᠤᠨ ᠪᠡᠳᠡᠭᠢ ᠶᠢᠨ ᠮᠦᠭᠦ ᠯᠤᠭ᠎ᠠ ᠬᠠᠮᠳᠤᠷᠠᠨ ᠠᠮᠢᠳᠤᠷᠠᠵᠤ ᠠᠽᠤᠲ
ᠲᠤᠠᠠᠳᠠᠭᠠᠳᠠᠭ᠃ ᠪᠤᠷᠴᠠᠭ ᠤᠨ ᠢᠵᠠᠭᠤᠷᠳᠤ ᠡᠪᠡᠰᠤ ᠨᠢ ᠤᠤᠯ ᠤᠨ ᠤᠷᠭᠤᠯᠳᠠ ᠶᠢᠨ ᠤᠷᠤᠨ ᠵᠢᠴᠢ ᠭᠦᠷᠦᠰᠤ ᠰᠢᠷᠤᠢ ᠶᠢᠨ ᠨᠦᠭᠦᠴᠡᠯ ᠰᠠᠶᠢᠳᠠᠢ ᠭᠠᠵᠠᠷ ᠤᠷᠭᠤᠬᠤ ᠳᠠᠭᠠᠨ ᠲᠡᠭᠦᠨ ᠤ ᠦᠨᠳᠤᠰᠤᠨ ᠲᠡᠭᠡᠷ᠎ᠡ ᠨᠢ ᠨᠢᠭᠡᠨ ᠵᠤᠶᠢᠯ ᠤᠨ ᠪᠡᠳᠡᠭᠢ ᠶᠢᠨ ᠭᠡᠯᠪᠡᠷᠢ ᠲᠠᠢ ᠶᠠᠭᠤᠮ᠎ᠠ ᠤᠷᠭᠤᠳᠠᠭ᠃ ᠡᠭᠦᠨ ᠢ ᠦᠨᠳᠦᠰᠤᠨ ᠪᠡᠳᠡᠭᠢ ᠭᠡᠨ᠎ᠡ᠃ ᠭᠠᠭᠴᠠᠭᠦ ᠭᠦᠷᠤᠰᠤ ᠰᠢᠷᠤᠢ ᠳᠤ ᠶᠠᠮᠠᠷ ᠨᠢᠭᠡᠨ ᠪᠤᠷᠴᠠᠭ ᠤᠨ ᠢᠵᠠᠭᠤᠷᠳᠤ ᠡᠪᠡᠰᠤᠨ ᠳᠤ ᠲᠤᠰᠬᠠᠢ ᠪᠠᠶᠢᠳᠠᠭ ᠪᠠᠺᠲ᠋ᠧᠷᠢ ᠤᠷᠤᠰᠢᠬᠤ ᠪᠠ ᠵᠤᠭᠢᠬᠤ ᠲᠤᠭ᠎ᠠ ᠭᠡᠮᠵᠢᠶᠠᠨ ᠳᠤ ᠭᠦᠷᠪᠡᠯ ᠰᠠᠶ᠋ᠢ ᠦᠨᠳᠤᠰᠤᠨ ᠪᠡᠳᠡᠭᠢ ᠪᠤᠢ ᠪᠤᠯᠳᠠᠭ᠃ ᠪᠤᠷᠴᠠᠭ ᠤᠨ ᠢᠵᠠᠭᠤᠷᠳᠤ ᠡᠪᠡᠰᠤᠨ ᠤ ᠦᠨᠳᠤᠰᠤᠨ ᠲᠡᠭᠡᠷ᠎ᠡ ᠪᠤᠢ ᠪᠤᠯᠤᠠᠠᠰᠠᠨ ᠦᠨᠳᠤᠰᠤᠨ ᠪᠡᠳᠡᠭᠢ ᠶᠢᠨ ᠮᠦᠭᠦ ᠶᠢ ᠦᠨᠳᠤᠰᠤᠨ ᠪᠠᠳᠡᠭᠢ ᠶᠢᠨ ᠮᠦᠭᠦ ᠭᠡᠨ᠎ᠡ᠃
ᠦᠨᠳᠤᠰᠤᠨ ᠪᠡᠳᠡᠭᠢ ᠶᠢᠨ ᠮᠦᠭᠦ ᠶᠢᠨ ᠲᠠᠷᠢᠯᠭ᠎ᠠ ᠭᠢᠭᠦ ᠳᠤ ᠦᠨᠳᠤᠰᠤᠨ ᠪᠡᠳᠡᠭᠢ ᠶᠢᠨ ᠮᠦᠭᠦ ᠶᠢᠨ ᠲᠦᠷᠦᠯ ᠢ ᠵᠦᠪ ᠰᠤᠩᠭᠤᠨ᠎ᠠ᠃ ᠪᠤᠷᠴᠠᠭ ᠤᠨ ᠢᠵᠠᠭᠤᠷᠳᠤ ᠡᠪᠡᠰᠤᠨ ᠤ ᠦᠨᠳᠤᠰᠤᠨ ᠪᠡᠳᠡᠭᠢ ᠶᠢᠨ ᠮᠦᠭᠦ ᠶᠢ ᠬᠠᠷᠢᠯᠴᠠᠨ ᠲᠠᠷᠢᠵᠤ ᠪᠤᠯᠬᠤ ᠶᠢ ᠨᠢ ᠨᠡᠢᠮᠡᠨ ᠪᠦᠯᠦᠭ ᠬᠤᠪᠢᠶᠠᠵᠤ ᠪᠤᠯᠤᠨ᠎ᠠ᠃ ᠠᠳᠠᠯᠢ ᠲᠦᠷᠦᠯ ᠤᠨ ᠪᠤᠷᠴᠠᠭ ᠤᠨ ᠢᠵᠠᠭᠤᠷᠳᠤ ᠡᠪᠡᠰᠤ ᠪᠤᠯᠤᠨ ᠪᠤᠷᠳᠤᠭ᠎ᠠ ᠶᠢᠨ ᠲᠠᠷᠢᠮᠠᠯ ᠢ ᠬᠠᠷᠢᠯᠴᠠᠨ ᠲᠠᠷᠢᠵᠤ ᠪᠤᠯᠤᠨ᠎ᠠ᠂ ᠠᠳᠠᠯᠢ ᠪᠤᠰᠤ ᠲᠦᠷᠦᠯ ᠤᠨ ᠬᠢ ᠶᠢ ᠬᠠᠷᠢᠯᠴᠠᠨ ᠲᠠᠷᠢᠵᠤ ᠪᠤᠯᠬᠤ ᠦᠭᠡᠢ᠃
9. ᠦᠨᠳᠤᠰᠤᠨ ᠪᠡᠳᠡᠭᠢ ᠶᠢᠨ ᠮᠦᠭᠦ ᠶᠢᠨ ᠬᠠᠷᠢᠯᠴᠠᠨ ᠵᠠᠯᠭᠠᠨ ᠲᠠᠷᠢᠵᠤ ᠪᠤᠯᠬᠤ ᠨᠡᠢᠮᠡᠨ ᠪᠦᠯᠦᠭ ᠨᠢ ᠶᠠᠭᠤ ᠶᠠᠭᠤ ᠶᠢ ᠵᠢᠭᠠᠵᠤ ᠪᠠᠶᠢᠬᠤ ᠪᠤᠢ︖
ᠦᠨᠳᠦᠰᠦᠨ ᠪᠡᠳᠡᠭᠢ ᠶᠢᠨ ᠮᠦᠭᠦ ᠶᠢᠨ ᠬᠠᠷᠢᠯᠴᠠᠨ ᠲᠠᠷᠢᠵᠤ ᠪᠤᠯᠬᠤ ᠨᠡᠢᠮᠡᠨ ᠪᠦᠯᠦᠭ ᠭᠡᠪᠡᠯ᠄
︵1︶ ᠴᠠᠷᠭᠠᠰᠤᠨ ᠤ ᠪᠦᠯᠦᠭ᠄ ᠡᠭᠦᠨ ᠳᠤ ᠴᠠᠷᠭᠠᠰᠤᠨ ᠤ ᠲᠦᠷᠦᠯ᠂ ᠭᠦᠴᠢᠩᠭᠢ ᠶᠢᠨ ᠲᠦᠷᠦᠯ᠂ ᠬᠤᠯᠤᠪᠠ ᠪᠤᠷᠴᠠᠭ
ᠤᠨ ᠲᠦᠷᠦᠯ ᠢ ᠲᠠᠷᠢᠵᠤ ᠪᠤᠯᠤᠨ᠎ᠠ᠃
︵2︶ ᠬᠤᠰᠢᠶᠠᠩᠭᠤᠷ ᠤᠨ ᠪᠦᠯᠦᠭ᠄ ᠡᠭᠦᠨ ᠳᠤ ᠬᠤᠰᠢᠶᠠᠩᠭᠤᠷ ᠤᠨ ᠲᠦᠷᠦᠯ ᠢ ᠲᠠᠷᠢᠵᠤ ᠪᠤᠯᠤᠨ᠎ᠠ᠃
︵3︶ ᠸᠠᠠᠳ᠋ᠸᠤ ᠶᠢᠨ ᠪᠦᠯᠦᠭ᠄ ᠡᠭᠦᠨ ᠳᠤ ᠸᠠᠠᠳ᠋ᠸᠤ ᠶᠢᠨ ᠲᠦᠷᠦᠯ᠂ ᠭᠡᠭᠡᠷ᠎ᠡ ᠶᠢᠨ ᠭᠢᠰᠢ ᠶᠢᠨ ᠲᠦᠷᠦᠯ᠂ ᠵᠢᠭᠠᠷ
ᠸᠠᠠᠳ᠋ᠸᠤ ᠶᠢᠨ ᠲᠦᠷᠦᠯ᠂ ᠰᠠᠪᠡᠭ ᠪᠤᠷᠴᠠᠭ ᠤᠨ ᠲᠦᠷᠦᠯ ᠢ ᠲᠠᠷᠢᠵᠤ ᠪᠤᠯᠤᠨ᠎ᠠ᠃
︵4︶ ᠲᠠᠪᠢᠭᠦᠷ ᠪᠤᠷᠴᠠᠭ ᠤᠨ ᠪᠦᠯᠦᠭ᠄ ᠡᠭᠦᠨ ᠳᠤ ᠲᠠᠪᠢᠭᠦᠷ ᠪᠤᠷᠴᠠᠭ ᠤᠨ ᠲᠦᠷᠦᠯ᠂ ᠰᠠᠪᠡᠷ ᠪᠤᠷᠴᠠᠭ ᠤᠨ ᠲᠦᠷᠦᠯ ᠢ ᠲᠠᠷᠢᠵᠤ ᠪᠤᠯᠤᠨ᠎ᠠ᠃
︵5︶ ᠰᠢᠷ᠎ᠠ ᠪᠤᠷᠴᠠᠭ ᠤᠨ ᠪᠦᠯᠦᠭ᠄ ᠡᠭᠦᠨ ᠳᠤ ᠰᠢᠷ᠎ᠡ ᠪᠤᠷᠴᠠᠭ ᠤᠨ ᠲᠦᠷᠦᠯ ᠢ ᠲᠠᠷᠢᠵᠤ ᠪᠤᠯᠤᠨ᠎ᠠ᠃
︵6︶ ᠤᠷᠳᠤ ᠤᠯᠠᠭᠠᠨ ᠪᠤᠷᠴᠠᠭ ᠤᠨ ᠪᠦᠯᠦᠭ᠄ ᠡᠭᠦᠨ ᠳᠤ ᠤᠯᠠᠭᠠᠨ ᠪᠤᠷᠴᠠᠭ ᠤᠨ ᠲᠦᠷᠦᠯ᠂ ᠤᠷᠳᠤ ᠪᠤᠷᠴᠠᠭ ᠤᠨ
ᠲᠦᠷᠦᠯ᠂ ᠬᠤᠵᠢᠰᠤ ᠶᠢᠨ ᠲᠦᠷᠦᠯ᠂ ᠴᠠᠷᠴᠠᠭᠠᠨ᠎ᠠ ᠶᠢᠨ ᠲᠦᠷᠦᠯ᠂ ᠪᠤᠷᠴᠬᠠᠳᠤ ᠤᠯᠤᠰᠤ ᠶᠢᠨ ᠲᠦᠷᠦᠯ᠂ ᠰᠠᠮᠤᠷᠢ ᠶᠢᠨ ᠲᠦᠷᠦᠯ᠂ ᠠᠯᠳᠠᠨ ᠬᠤᠸᠠᠶᠢᠰᠠ ᠶᠢᠨ ᠲᠦᠷᠦᠯ᠂ ᠮᠤᠪᠢ ᠴᠡᠴᠡᠭ ᠤᠨ ᠲᠦᠷᠤᠯ ᠢ ᠲᠠᠷᠢᠵᠤ ᠪᠤᠯᠤᠨ᠎ᠠ᠃
︵7︶ ᠱᠤᠰᠢ ᠶᠢᠨ ᠪᠦᠯᠦᠭ᠄ ᠡᠭᠦᠨ ᠳᠤ ᠱᠤᠰᠢ ᠶᠢᠨ ᠲᠦᠷᠦᠯ ᠤᠨ ᠭᠡᠰᠡᠭ ᠦᠷ᠎ᠡ ᠶᠢ ᠲᠠᠷᠢᠵᠤ ᠪᠤᠯᠤᠨ᠎ᠠ᠃
︵8︶ ᠪᠤᠰᠤᠳ ᠵᠤᠶᠢᠯ᠄ ᠡᠭᠦᠨ ᠳᠤ ᠬᠤᠰᠢᠶᠠᠩᠴᠤᠷ ᠤᠨ ᠲᠦᠷᠦᠯ᠂ ᠦᠷᠦᠭᠡᠰᠤᠳᠤ ᠬᠤᠸᠠᠶᠢᠰᠠ ᠶᠢᠨ ᠲᠦᠷᠦᠯ᠂
ᠬᠤᠰᠢᠭᠤᠳᠤ ᠪᠤᠷᠴᠠᠭ ᠤᠨ ᠲᠦᠷᠦᠯ᠂ ᠰᠧᠰᠪᠠᠨ ᠤ ᠲᠦᠷᠦᠯ᠂ ᠤᠯᠠᠭᠠᠨ ᠪᠤᠷᠴᠬᠠᠳᠤ ᠡᠪᠡᠰᠤᠨ ᠤ ᠲᠦᠷᠦᠯ᠂ ᠬᠠᠷᠠᠭᠠᠨ᠎ᠠ ᠶᠢᠨ ᠲᠦᠷᠦᠯ᠂ ᠪᠤᠷᠤ ᠲᠦᠷᠦᠭᠦᠳᠤ ᠬᠤᠸᠠᠶᠢᠰᠠ ᠶᠢᠨ ᠲᠦᠷᠦᠯ ᠢ ᠪᠤᠯ ᠦᠪᠡᠷ ᠲᠤᠨᠢ ᠲᠤᠭᠢᠷᠠᠬᠤ ᠰᠠᠭᠤᠷᠢ ᠪᠠᠺᠲ᠋ᠧᠷᠢ ᠳᠤ ᠯᠡ ᠲᠠᠷᠢᠵᠤ ᠪᠤᠯᠤᠨ᠎ᠠ᠃
10. ᠦᠨᠳᠤᠰᠤᠨ ᠪᠡᠳᠡᠭᠢ ᠶᠢᠨ ᠮᠦᠭᠦ ᠶᠢ ᠶᠠᠮᠠᠷ ᠠᠷᠭ᠎ᠠ ᠪᠠᠷ ᠵᠠᠯᠭᠠᠨ ᠲᠠᠷᠢᠬᠤ ᠪᠤᠢ︖
ᠦᠨᠳᠤᠰᠤᠨ ᠪᠡᠳᠡᠭᠢ ᠶᠢᠨ ᠮᠦᠭᠦ ᠶᠢ ᠲᠠᠷᠢᠬᠤ ᠳᠤ ᠲᠤᠤᠷᠠᠭᠢ ᠮᠡᠳᠤ ᠭᠡᠳᠦᠨ ᠵᠤᠶᠢᠯ ᠤᠨ ᠠᠷᠭ᠎ᠠ ᠶᠢ ᠭᠡᠷᠡᠭᠯᠡᠵᠤ ᠪᠤᠯᠤᠨ᠎ᠠ᠃
︵1︶ ᠪᠡᠳᠡᠭᠢ ᠶᠢ ᠬᠠᠭᠤᠷᠠᠶᠢᠯᠠᠬᠤ ᠠᠷᠭ᠎ᠠ᠄ ᠡᠨᠡ ᠨᠢ ᠪᠤᠷᠴᠠᠭ ᠤᠨ ᠢᠵᠠᠭᠤᠷ ᠤᠨ ᠤᠷᠭᠤᠮᠠᠯ ᠶᠠᠭ ᠴᠡᠴᠡᠭ ᠲᠡᠯᠭᠡᠷᠡᠭᠦ
ᠬᠤᠭᠤᠴᠠᠭᠠᠨ ᠳᠤ ᠢᠳᠡᠷᠡᠭᠦᠨ ᠡᠰᠢ ᠶᠢᠨ ᠦᠨᠳᠤᠰᠤ ᠶᠢ ᠭᠦᠨᠳᠡᠶᠢᠭᠡᠨ ᠮᠠᠯᠳᠠᠨ ᠠᠪᠴᠤ᠂ ᠤᠰᠤ ᠪᠠᠷ ᠴᠡᠪᠡᠷᠭᠡᠨ ᠤᠭᠢᠶᠠᠵᠤ᠂ ᠭᠦᠷᠦᠰᠤᠨ ᠲᠡᠭᠡᠷᠡᠭᠢ ᠭᠡᠰᠡᠭ ᠢ ᠨᠢ ᠤᠠᠠᠳᠤᠯᠤᠨ ᠬᠠᠶᠠᠵᠤ᠂ ᠭᠦᠷᠦᠰᠤᠨ ᠲᠤᠤᠷᠠᠭᠢ ᠭᠡᠰᠡᠭ ᠢ ᠨᠢ ᠦᠯᠡᠳᠡᠭᠡᠵᠤ᠂ ᠰᠠᠯᠭᠢ ᠨᠡᠪᠳᠡᠷᠡᠭᠦ ᠰᠡᠭᠦᠳᠡᠷ ᠭᠠᠵᠠᠷ ᠲᠠᠯᠪᠢᠨ ᠠᠭᠠᠵᠢᠮ ᠢᠶᠠᠷ ᠬᠠᠳᠠᠭᠠᠨ᠎ᠠ᠃ ᠲᠠᠷᠢᠬᠤ ᠠᠴᠠ ᠪᠠᠨ ᠡᠮᠦᠨ᠎ᠠ ᠬᠠᠳᠠᠭᠠᠠᠠᠰᠠᠨ ᠦᠨᠳᠤᠰᠤᠨ ᠭᠡᠰᠡᠭ ᠢ ᠲᠠᠯᠬᠠᠳᠠᠵᠤ᠂ ᠬᠠᠮᠤᠭ ᠰᠠᠶᠢᠨ ᠨᠢ ᠢᠭᠠᠬᠠᠨ ᠨᠠᠭᠠᠯᠳᠤᠮᠠᠬᠠᠢ ᠡᠳ᠋ ᠨᠡᠮᠡᠭᠡᠳ᠂ ᠦᠷ᠎ᠡ ᠲᠠᠢ ᠪᠠᠨ ᠬᠤᠯᠢᠨ᠎ᠠ᠃ ᠭᠡᠷᠡᠭᠯᠡᠭᠦ ᠭᠡᠮᠵᠢᠶ᠎ᠠ ᠨᠢ ᠭᠡᠪᠡᠯ ᠶᠠᠷᠦᠩᠭᠡᠢ ᠳᠡᠭᠡᠨ ᠮᠤ᠋ ᠪᠦᠷᠢ ᠳᠤ 5 ~10 ᠬᠠᠳ᠋ᠬᠠᠰᠠᠨ ᠦᠨᠳᠤᠰᠦᠨ ᠤ ᠨᠤᠠᠳᠠᠭ ᠲᠠᠯᠬ᠎ᠠ ᠶᠢ ᠭᠡᠷᠡᠭᠯᠡᠭᠦ ᠪᠦᠭᠡᠳ ᠬᠠᠳ᠋ᠬᠠᠰᠠᠨ ᠦᠨᠳᠤᠰᠤᠨ ᠤ ᠭᠦᠨᠳᠤ ᠶᠢᠨ 1.5 ~3 ᠲᠠᠭᠢᠨ ᠤᠰᠤ ᠭᠢᠵᠤ ᠵᠢᠭᠤᠷᠠᠭᠠᠳ᠂ 20 ~30 ᠭᠷᠡᠳᠦ᠋ᠰ ᠤᠨ ᠬᠠᠯᠭᠤᠨ ᠳᠤ ᠲᠤᠭᠢᠳᠡᠢ ᠭᠠᠵᠠᠷ ᠲᠠᠯᠤ ᠢᠨ ᠦᠷᠡᠵᠢᠭᠦᠯᠵᠤ᠂ 10 ~15 ᠬᠤᠨᠤᠭ ᠤᠨ
ᠲᠠᠷᠠᠭ᠎ᠠ ᠦᠷ᠎ᠠ ᠲᠠᠢ ᠪᠠᠨ ᠬᠤᠯᠢᠵᠤ ᠲᠠᠷᠢᠨ᠎ᠠ᠃
︵2︶ ᠬᠠᠭᠠᠰ ᠵᠢᠩ ᠨᠤᠭᠤᠭᠠᠨ ᠬᠠᠰᠢᠶᠠᠨ ᠤ ᠰᠢᠷᠤᠢ ᠪᠤᠶᠤ ᠭᠤᠤᠯ ᠤᠨ ᠲᠠᠩ ᠤᠨ ᠰᠢᠪᠠᠷ ᠲᠡᠭᠡᠷ᠎ᠡ ᠨᠢᠭᠡ ᠴᠤᠮᠤ
ᠡᠪᠡᠰᠤ ᠮᠤᠳᠤᠨ ᠤ ᠦᠨᠡᠰᠤ ᠭᠢᠵᠤ ᠪᠠᠭᠰᠡᠷᠡᠨ ᠵᠢᠭᠤᠷᠠᠵᠤ᠂ ᠲᠤᠮᠤ ᠠᠶᠠᠭᠠᠨ ᠳᠤ ᠭᠢᠵᠤ ᠠᠮᠠᠰᠠᠷ ᠢ ᠨᠢ ᠲᠠᠷᠤᠭᠠᠳ ᠬᠠᠭᠠᠰ ᠴᠠᠭ ᠠᠴᠠ ᠨᠢᠭᠡ ᠴᠠᠭ ᠵᠢᠩᠨᠡᠵᠤ ᠭᠠᠷᠭᠠᠵᠤ ᠠᠪᠴᠤ ᠭᠦᠷᠦᠭᠡᠭᠰᠡᠨ ᠤᠨ ᠰᠡᠭᠦᠯᠡᠷ ᠰᠢᠯᠢᠵᠤ ᠰᠤᠩᠭᠤᠠᠠᠰᠠᠨ 30 ᠦᠨᠳᠤᠰᠦᠨ ᠪᠡᠳᠡᠭᠢ ᠪᠤᠶᠤ ᠰᠡᠭᠦᠳᠡᠷ ᠲᠤ ᠬᠠᠳᠠᠭᠠᠬᠠᠰᠠᠨ ᠪᠤᠷᠴᠠᠭ ᠤᠨ ᠢᠵᠠᠭᠤᠷ ᠤᠨ ᠤᠷᠭᠤᠮᠠᠯ ᠤᠨ 5~10 ᠦᠨᠳᠤᠰᠤ ᠶᠢ ᠲᠠᠯᠬᠠᠳᠠᠭᠠᠳ᠂ ᠪᠠᠭ᠎ᠠ ᠭᠡᠮᠵᠢᠶᠡᠨ ᠤ ᠭᠦᠢᠳᠡᠨ ᠤᠰᠤ ᠪᠤᠶᠤ ᠪᠤᠳᠠᠭᠠᠨ ᠤ ᠰᠦᠮᠦᠰᠤ ᠭᠢᠵᠤ ᠪᠠᠺᠲ᠋ᠧᠷᠢ ᠶᠢᠨ ᠰᠢᠩᠭᠡᠨ ᠪᠤᠯᠭᠠᠭᠠᠳ᠂ ᠵᠢᠩᠨᠡᠭᠰᠡᠨ ᠰᠢᠷᠤᠢ ᠲᠠᠢ ᠪᠠᠨ ᠵᠢᠭᠤᠷᠠᠵᠤ᠂ 20 ~25 ᠭᠷᠡᠳᠦ᠋ᠰ ᠤᠨ ᠬᠠᠯᠠᠭᠤᠨ ᠳᠤ 3~5 ᠡᠳᠤᠷ ᠪᠤᠯᠪᠠᠰᠤᠷᠠᠭᠤᠯᠵᠤ᠂ ᠡᠳᠤᠷ ᠪᠦᠷᠢ ᠵᠢᠭᠠᠬᠠᠨ ᠤᠰᠤ ᠨᠡᠮᠡᠵᠤ ᠡᠷᠭᠢᠭᠦᠯᠵᠤ ᠭᠦᠷᠪᠡᠭᠦᠯᠦᠭᠡᠳ ᠪᠠᠺᠲ᠋ᠧᠷᠢᠳᠤ ᠡᠮ ᠪᠤᠯᠭᠠᠨ᠎ᠠ᠃ ᠭᠡᠷᠡᠭᠯᠡᠭᠦ ᠦᠶ᠎ᠠ ᠳᠤ ᠮᠤ᠋ ᠪᠦᠷᠢ 50 ᠭᠷᠡᠮ ᠤᠷᠴᠢᠮ ᠭᠡᠷᠡᠭᠯᠡᠨ᠎ᠡ᠃
︵3︶ ᠦᠨᠳᠤᠰᠤᠨ ᠪᠡᠳᠡᠭᠢ ᠶᠢᠨ ᠮᠦᠭᠦᠳᠤ ᠡᠮ ᠪᠤᠯᠭᠠᠨ᠎ᠠ᠃ ᠡᠨᠡ ᠨᠢ ᠠᠷᠪᠢᠳᠡᠢ ᠮᠦᠷᠳᠡᠭᠡᠨ ᠭᠡᠷᠡᠭᠯᠡᠭᠦ ᠳᠤ ᠲᠦᠭᠦᠮ᠃
ᠲᠠᠷᠢᠬᠤ ᠠᠴᠠ ᠪᠠᠨ ᠡᠮᠦᠨ᠎ᠠ ᠲᠤᠳᠤᠷᠬᠠᠶᠢᠯᠠᠯᠳᠠ ᠶᠢᠨ ᠪᠢᠴᠢᠭ ᠲᠤ ᠲᠤᠠᠠᠳᠠᠭᠠᠠᠠᠰᠠᠨ ᠭᠡᠷᠡᠭᠯᠡᠭᠦ ᠭᠡᠮᠵᠢᠶ᠎ᠠ ᠪᠠᠷ ᠪᠠᠺᠲ᠋ᠧᠷᠢᠳᠤ ᠡᠮ ᠪᠤᠯᠭᠠᠵᠤ᠂ ᠦᠷ᠎ᠠ ᠶᠢᠨ ᠲᠡᠭᠡᠷ᠎ᠡ ᠰᠠᠴᠤᠨ ᠰᠠᠶᠢᠳᠤᠷ ᠬᠤᠯᠢᠨ ᠵᠢᠭᠤᠷᠠᠭᠠᠳ ᠲᠠᠷᠢᠨ᠎ᠠ᠃ ᠦᠨᠳᠦᠰᠦᠨ ᠪᠡᠳᠡᠭᠢ ᠶᠢᠨ ᠮᠦᠭᠦᠳᠤ ᠡᠮ ᠤᠨ ᠲᠠᠷᠢᠬᠤ ᠪᠠᠷᠢᠮᠵᠢᠶᠠᠨ ᠤ ᠬᠠᠷᠢᠴᠠᠯ ᠨᠢ ᠭᠡᠪᠡᠯ 1 ᠺᠢᠯᠦᠭᠷᠡᠮ ᠦᠷ᠎ᠠ ᠳᠤ 5 ᠭᠷᠡᠮ ᠮᠦᠭᠦᠳᠤ ᠡᠮ ᠬᠤᠯᠢᠨ᠎ᠠ᠃
11. ᠦᠨᠳᠤᠰᠤᠨ ᠪᠡᠳᠡᠭᠢ ᠶᠢᠨ ᠮᠦᠭᠦ ᠶᠢ ᠵᠠᠯᠭᠠᠨ ᠲᠠᠷᠢᠬᠤ ᠳᠤ ᠪᠠᠰᠠ ᠶᠠᠮᠠᠷ ᠠᠩᠬᠠᠷᠬᠤ ᠴᠢᠬᠤᠯᠠ ᠲᠠᠢ ᠠᠰᠠᠭᠤᠳᠠᠯ ᠪᠠᠶᠢᠬᠤ ᠪᠤᠢ︖
ᠦᠨᠳᠦᠰᠦᠨ ᠪᠡᠳᠡᠭᠢ ᠶᠢᠨ ᠮᠦᠭᠦ ᠶᠢ ᠲᠠᠷᠢᠬᠤ ᠳᠤ ᠲᠤᠤᠷᠠᠭᠢ ᠭᠡᠳᠦᠨ ᠵᠤᠶᠢᠯ ᠢ ᠡᠷᠭᠡᠪᠰᠢ ᠠᠩᠬᠠᠷᠤᠭᠠᠷᠠᠢ᠃
︵1︶ ᠦᠨᠳᠤᠰᠤᠨ ᠪᠡᠳᠡᠭᠢ ᠶᠢᠨ ᠮᠦᠭᠦ ᠶᠢ ᠨᠠᠷᠠ ᠦᠵᠡᠭᠦᠯᠵᠤ ᠪᠤᠯᠬᠤ ᠦᠭᠡᠢ᠂ ᠦᠷ᠎ᠡ ᠲᠠᠢ ᠬᠤᠯᠢᠬᠤ ᠳᠠᠭᠠᠨ ᠰᠡᠭᠦᠳᠡᠷ ᠬᠠᠷᠠᠩᠭᠤᠢ ᠪᠤᠶᠤ ᠴᠢᠭᠢᠭ ᠨᠤᠶᠢᠳᠡᠨ ᠭᠠᠵᠠᠷ ᠢ ᠰᠤᠩᠭᠤᠵᠤ᠂ ᠬᠤᠯᠢᠵᠤ ᠪᠠᠷᠠᠮᠬᠠᠴᠠ ᠪᠠᠨ ᠲᠠᠷᠢᠪᠠᠯ ᠰᠠᠶᠢᠨ᠃
︵2︶ ᠦᠭᠡᠷ᠎ᠠ ᠡᠮ ᠬᠤᠯᠢᠠᠠᠰᠠᠨ ᠦᠷ᠎ᠠ ᠳᠤ ᠦᠨᠳᠤᠰᠤᠨ ᠪᠡᠳᠡᠭᠢ ᠶᠢᠨ ᠮᠦᠭᠦ ᠶᠢ ᠲᠠᠭᠢᠨ ᠬᠤᠯᠢᠵᠤ ᠪᠤᠯᠬᠤ ᠦᠭᠡᠢ᠃
︵3︶ ᠦᠨᠳᠦᠰᠦᠨ ᠪᠡᠳᠡᠭᠢ ᠶᠢᠨ ᠮᠦᠭᠦ ᠶᠢ ᠨᠢᠭᠡᠨᠳᠡ ᠬᠤᠯᠢᠬᠠᠰᠨᠨ ᠦᠷ᠎ᠠ ᠶᠢ ᠲᠦᠭᠦᠭᠡᠢ ᠴᠤᠬᠤᠢ ᠪᠤᠯᠤᠨ ᠶᠡᠭᠡ
ᠭᠡᠮᠵᠢᠶᠠᠨ ᠤ ᠪᠤᠷᠳᠤᠭᠤᠷ ᠲᠠᠢ ᠤᠶᠢᠷᠠᠳᠤᠭᠤᠯᠵᠤ ᠪᠤᠯᠬᠤ ᠦᠭᠡᠢ᠃
︵4︶ ᠭᠦᠴᠢᠯᠯᠢᠭ ᠴᠢᠨᠠᠷᠳᠡᠢ ᠭᠦᠷᠤᠰᠤ ᠰᠢᠷᠤᠢ ᠨᠢ ᠦᠨᠳᠤᠰᠤᠨ ᠪᠡᠳᠡᠭᠢ ᠶᠢᠨ ᠮᠦᠭᠦ ᠳᠤ ᠠᠰᠢᠭ ᠦᠭᠡᠢ ᠲᠤᠯᠠ ᠲᠠᠷᠢᠬᠤ ᠠᠴᠠ ᠪᠠᠨ ᠡᠮᠦᠨ᠎ᠠ ᠭᠦᠷᠤᠰᠤ ᠰᠢᠷᠤᠢ ᠳᠠᠬᠢ ᠭᠦᠴᠢᠯᠯᠢᠭ ᠴᠢᠨᠠᠷ ᠢ ᠴᠤᠬᠤᠢ ᠪᠠᠷ ᠰᠠᠭᠠᠷᠮᠬᠠᠵᠢᠭᠤᠯᠬᠤ ᠭᠡᠷᠡᠭᠳᠡᠢ᠃
︵5︶ ᠦᠨᠳᠤᠰᠤᠨ ᠪᠡᠳᠡᠭᠢ ᠶᠢᠨ ᠮᠦᠭᠦ ᠲᠠᠷᠢᠠᠠᠰᠠᠨ ᠦᠷ᠎ᠡ ᠶᠢ ᠴᠢᠭᠢᠭ ᠰᠠᠶᠢᠳᠠᠢ᠂ ᠤᠰᠤ ᠵᠠᠯᠠᠬᠤ ᠨᠦᠭᠦᠴᠡᠯ ᠲᠠᠢ ᠪᠠ
ᠰᠠᠯᠭᠢ ᠰᠠᠶᠢᠨ ᠨᠡᠪᠳᠡᠷᠡᠭᠦ ᠭᠦᠷᠤᠰᠤᠨ ᠳᠤ ᠲᠠᠷᠢᠨ᠎ᠠ᠃
12. ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠦᠷ᠎ᠡ ᠶᠢᠨ ᠰᠤᠷ ᠢ ᠭᠡᠷᠭᠢᠨ ᠠᠷᠢᠯᠭᠠᠬᠤ ᠪᠤᠢ︖
ᠦᠶᠡᠳᠤ ᠤᠷᠭᠤᠮᠠᠯ ᠤᠨ ᠡᠪᠡᠰᠤᠨ ᠤ ᠦᠷ᠎ᠠ ᠶᠢᠨ ᠭᠦᠳᠡᠯᠦᠩᠭᠦᠢ ᠴᠢᠨᠠᠷ ᠢ ᠨᠡᠮᠡᠭᠳᠡᠭᠦᠯᠭᠦ ᠶᠢᠨ ᠲᠤᠰᠠᠳᠠ᠂ ᠡᠷᠭᠡᠪᠰᠢ ᠬᠠᠯᠢᠰᠤ ᠶᠢ ᠨᠢ ᠰᠠᠯᠭᠠᠵᠤ᠂ ᠰᠤᠷ ᠢ ᠨᠢ ᠠᠷᠢᠯᠭᠠᠵᠤ᠂ ᠲᠠᠷᠢᠬᠤ ᠶᠠᠰᠤ ᠴᠢᠨᠠᠷ ᠢ ᠪᠠᠳᠤᠯᠠᠨ᠎ᠠ᠂ ᠦᠷ᠎ᠡ ᠶᠢᠨ ᠰᠤᠷ ᠢ ᠠᠷᠢᠯᠭᠠᠬᠤ ᠳᠠᠭᠠᠨ ᠨᠢᠭᠡ ᠳᠤ ᠢᠡᠭᠳᠡᠨ ᠲᠠᠷᠤᠵᠤ ᠠᠷᠢᠯᠭᠠᠨ᠎ᠠ᠃ ᠬᠤᠶᠠᠷ ᠲᠤ᠂ ᠰᠤᠷ ᠠᠷᠢᠯᠭᠠᠬᠤ ᠮᠠᠰᠢᠨ ᠢᠶᠠᠷ ᠠᠷᠢᠯᠭᠠᠨ᠎ᠠ᠃
13. ᠦᠷ᠎ᠠ ᠶᠢ ᠪᠤᠭᠤᠬᠤ ᠪᠠ ᠦᠷᠡᠵᠢᠭᠦᠯᠭᠦ ᠭᠡᠳᠡᠭ ᠨᠢ ᠶᠠᠭᠤ ᠶᠢ ᠭᠡᠯᠡᠵᠤ ᠪᠠᠶᠢᠬᠤ ᠪᠤᠢ︖
ᠦᠷ᠎ᠠ ᠪᠤᠭᠤᠬᠤ ᠭᠡᠳᠡᠭ ᠪᠤᠯ ᠨᠠᠭᠠᠯᠳᠤᠮᠠᠬᠠᠢ ᠡᠳ᠋᠂ ᠬᠠᠭᠤᠷᠠᠢ ᠡᠳ᠋᠂ ᠲᠠᠷᠢᠯᠭ᠎ᠠ ᠶᠢᠨ ᠡᠳ᠋ ᠪᠤᠯᠤᠨ ᠪᠤᠷᠳᠤᠭᠤᠷ ᠵᠢᠴᠢ ᠪᠠᠺᠲ᠋ᠧᠷᠢ᠂ ᠬᠤᠷᠤᠬᠠᠢ ᠤᠰᠠᠳᠬᠠᠬᠤ ᠡᠮ ᠢ ᠨᠢᠭᠡ ᠵᠤᠶᠢᠯ ᠪᠤᠶᠤ ᠬᠠᠷᠢᠯᠴᠠᠨ ᠦᠯᠤ ᠨᠦᠯᠦᠭᠡᠯᠡᠭᠦ ᠭᠡᠳᠦᠨ ᠵᠤᠶᠢᠯ ᠤᠨ ᠡᠳ᠋ ᠢ ᠦᠷ᠎ᠠ ᠶᠢᠨ ᠲᠡᠭᠡᠷ᠎ᠡ ᠵᠢᠭᠳᠡᠭᠡᠨ ᠪᠦᠷᠢᠵᠤ ᠨᠠᠭᠠᠬᠤ ᠶᠢ ᠭᠡᠯᠡᠵᠤ ᠪᠤᠢ᠃ ᠢᠡᠭᠭᠢᠪᠡᠯ ᠦᠷ᠎ᠡ ᠶᠢᠨ ᠭᠦᠨᠳᠤ ᠶᠢ ᠨᠡᠮᠡᠭᠳᠡᠭᠦᠯᠭᠦ ᠪᠦᠭᠡᠳ ᠲᠠᠷᠢᠬᠤ ᠴᠢᠨᠠᠷ ᠢ ᠲᠡᠭᠡᠭᠰᠢᠯᠡᠭᠦᠯᠭᠦ ᠪᠡ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠭᠦ ᠳᠤ ᠠᠰᠢᠠᠠᠳᠠᠢ ᠮᠦᠷᠳᠡᠭᠡᠨ ᠪᠠᠰᠠ ᠪᠤᠷᠳᠤᠭᠤᠷ ᠤᠨ ᠭᠦᠴᠤᠨ ᠢ ᠨᠡᠮᠡᠭᠳᠡᠭᠦᠯᠵᠤ᠂ ᠪᠠᠺᠲ᠋ᠧᠷᠢ ᠶᠢ ᠰᠡᠷᠭᠡᠶᠢᠯᠡᠨ᠂ ᠬᠤᠷᠤᠬᠠᠢ ᠶᠢ ᠤᠰᠠᠳᠬᠠᠵᠤ᠂ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠦᠨ᠎ᠠ᠃
14. ᠦᠷ᠎ᠠ ᠪᠠᠨ ᠶᠠᠭᠠᠭᠢᠵᠤ ᠲᠠᠷᠢᠬᠤ ᠪᠤᠢ︖
ᠲᠠᠷᠢᠬᠤ ᠪᠤᠯ ᠡᠪᠡᠰᠤ ᠪᠤᠷᠳᠤᠭ᠎ᠠ ᠲᠠᠷᠢᠬᠤ ᠶᠢᠨ ᠵᠠᠩᠭᠢᠯᠠᠭ᠎ᠠ ᠶᠢᠨ ᠨᠢᠭᠡᠨ ᠭᠤᠨ᠋ᠠᠴᠤᠭ᠎ᠠ ᠪᠤᠯᠬᠤ ᠪᠦᠭᠡᠳ ᠮᠡᠷᠭᠡᠵᠢᠯ ᠤᠨ
ᠴᠢᠨᠠᠷ ᠢᠶᠠᠷ ᠮᠠᠰᠢ ᠴᠢᠩᠭ᠎ᠠ ᠶᠤᠮ᠃ ᠡᠪᠡᠰᠤᠨ ᠤ ᠦᠷ᠎ᠡ ᠶᠢ ᠵᠦᠪ ᠰᠤᠩᠭᠤᠬᠤ ᠠᠴᠠ ᠭᠠᠳᠠᠨ᠎ᠠ ᠪᠠᠰᠠ ᠭᠠᠵᠠᠷ ᠤᠷᠤᠨ ᠤ ᠪᠠᠨ ᠪᠠᠶᠢᠳᠠᠯ ᠳᠤ ᠲᠤᠭᠢᠷᠠᠭᠤᠯᠤᠨ ᠲᠠᠷᠢᠬᠤ ᠴᠠᠭ᠂ ᠲᠠᠷᠢᠬᠤ ᠭᠡᠮᠵᠢᠶ᠎ᠠ᠂ ᠲᠠᠷᠢᠬᠤ ᠭᠦᠨ ᠤ ᠭᠡᠮᠵᠢᠶ᠎ᠠ ᠵᠡᠷᠭᠡ ᠶᠢ ᠪᠠᠭᠳᠠᠭᠠᠠᠠᠰᠠᠨ ᠵᠦᠪ ᠲᠠᠷᠢᠬᠤ ᠮᠡᠷᠭᠡᠵᠢᠯ ᠢ ᠭᠡᠷᠡᠭᠯᠡᠭᠦ ᠭᠡᠷᠡᠭ ᠲᠠᠢ ᠶᠤᠮ᠃ ᠲᠠᠷᠠᠴᠢᠯᠡᠨ ᠡᠪᠡᠰᠤᠨ ᠤ ᠦᠷ᠎ᠡ ᠨᠢ ᠵᠢᠵᠢᠭ᠂ ᠢᠯᠠᠩᠭᠤᠶ᠎ᠠ ᠪᠤᠷᠴᠠᠭ ᠤᠨ ᠢᠵᠠᠭᠤᠷ ᠤᠨ ᠡᠪᠡᠰᠤ ᠨᠢ ᠪᠠᠰᠠ ᠬᠤᠤᠰ ᠦᠷ᠎ᠡ ᠢᠨ ᠲᠠᠯᠠᠳᠤ ᠤᠷᠭᠤᠮᠠᠯ ᠪᠠᠶᠢᠵᠤ᠂ ᠭᠦᠷᠤᠰᠤ ᠶᠢ ᠲᠦᠯᠭᠢᠭᠦ ᠭᠦᠴᠤᠨ ᠪᠠᠷ ᠪᠠᠷᠤᠠᠠᠳᠠᠢ ᠪᠠᠶᠢᠳᠠᠭ ᠪᠤᠯᠬᠤᠷ ᠲᠠᠷᠢᠬᠤ ᠳᠤ ᠨᠡᠩ ᠭᠦᠴᠢᠷ ᠲᠠᠢ ᠪᠤᠯᠭᠠᠵᠠᠢ᠃ ᠡᠶᠢᠮᠤ ᠠᠴᠠ ᠡᠪᠡᠰᠤ ᠲᠠᠷᠢᠬᠤ ᠳᠠᠭᠠᠨ ᠲᠦᠷᠢᠮ ᠤᠨ ᠱᠠᠭᠠᠷᠳᠠᠯᠭ᠎ᠠ ᠶᠢ ᠴᠢᠩᠭ᠎ᠠ ᠵᠢᠷᠤᠮᠯᠡᠨ᠎ᠠ᠃ ᠡᠨᠡ ᠪᠤᠯ ᠠᠮᠵᠢᠯᠳᠡ ᠤᠯᠬᠤ ᠶᠢᠨ ᠠᠩᠭᠢᠯᠠᠭᠠ ᠪᠤᠯᠤᠨ᠎ᠠ᠃
15. ᠲᠠᠷᠢᠬᠤ ᠴᠠᠭ ᠢ ᠭᠡᠷᠭᠢᠨ ᠰᠤᠩᠭᠤᠬᠤ ᠪᠤᠢ︖
ᠲᠠᠷᠢᠬᠤ ᠴᠠᠭ ᠢ ᠲᠤᠠᠠᠳᠠᠭᠠᠬᠤ ᠳᠠᠭᠠᠨ ᠭᠤᠤᠯ ᠨᠢ ᠪᠠᠶᠢᠭᠠᠯᠢ ᠶᠢᠨ ᠨᠦᠭᠦᠴᠡᠯ᠂ ᠵᠢᠱᠢᠶᠡᠯᠡᠪᠡᠯ ᠴᠢᠭᠢᠭ ᠤᠨ ᠭᠡᠮᠵᠢᠶ᠎ᠠ ᠪᠤᠯᠤᠨ ᠲᠤᠯᠠᠭᠠᠨ ᠤ ᠭᠡᠮᠵᠢᠶ᠎ᠠ ᠵᠡᠷᠭᠡ ᠶᠢ ᠦᠨᠳᠤᠰᠦᠯᠡᠨ ᠲᠤᠠᠠᠳᠠᠭᠠᠨ᠎ᠠ᠂ ᠭᠡᠪᠡᠴᠤ ᠪᠠᠰᠠ ᠲᠠᠷᠢᠬᠤ ᠲᠦᠷᠢᠮ᠂ ᠲᠦᠷᠦᠯ ᠵᠤᠶᠢᠯ᠂ ᠭᠦᠳᠡᠯᠮᠤᠷᠢ ᠭᠦᠴᠤ᠂ ᠮᠠᠰᠢᠨ ᠪᠠᠭᠠᠵᠢ ᠵᠡᠷᠭᠡ ᠪᠠᠶᠢᠳᠠᠯ ᠢ ᠪᠤᠳᠤᠯᠭᠢᠯᠠᠬᠤ ᠭᠡᠷᠡᠭᠳᠡᠢ᠃ ᠶᠡᠷᠦᠩᠭᠡᠢ ᠳᠡᠭᠡᠨ ᠬᠠᠪᠤᠷ ᠭᠦᠷᠤᠰᠤ ᠰᠢᠷᠤᠢ ᠶᠢᠨ ᠴᠢᠭᠢᠭ ᠤᠨ ᠪᠠᠶᠢᠳᠠᠯ ᠲᠤᠭᠢᠷᠠᠮᠵᠢᠳᠡᠢ᠂ ᠲᠤᠯᠠᠭᠠᠨ ᠤ ᠭᠡᠮᠵᠢᠶ᠎ᠠ ᠨᠢ ᠴᠤ ᠦᠷ᠎ᠠ ᠰᠤᠶᠤᠭᠠᠯᠠᠬᠤ ᠶᠢᠨ ᠭᠡᠷᠡᠭᠴᠡᠭᠡ ᠪᠦᠭᠦᠢ ᠬᠠᠮᠤᠭ ᠤᠨ ᠲᠤᠤᠷ᠎ᠠ ᠭᠡᠮᠵᠢᠶ᠎ᠠ ᠳᠤ ᠭᠦᠷᠦᠭᠰᠡᠨ ᠦᠶᠡᠰ ᠲᠠᠷᠤᠶᠢᠬᠠᠨ ᠲᠠᠷᠢᠨ᠎ᠠ᠃ ᠡᠪᠡᠰᠤ ᠪᠤᠷᠳᠤᠭ᠎ᠠ ᠲᠠᠷᠢᠬᠤ ᠴᠠᠭ ᠢ ᠲᠤᠠᠠᠳᠠᠭᠠᠬᠤ ᠳᠠᠭᠠᠨ ᠲᠤᠤᠷᠠᠭᠢ ᠭᠡᠳᠦᠨ ᠵᠠᠷᠴᠢᠮ ᠢ ᠵᠢᠷᠤᠮᠯᠠᠭᠠᠷᠠᠢ᠃
︵1︶ ᠠᠳᠠᠯᠢ ᠪᠤᠰᠤ ᠲᠦᠷᠦᠯ ᠤᠨ ᠤᠷᠭᠤᠮᠠᠯ ᠤᠨ ᠦᠷ᠎ᠠ ᠶᠢᠨ ᠰᠤᠶᠤᠭᠠᠯᠠᠯᠳᠠ ᠶᠢᠨ ᠲᠤᠯᠠᠭᠠᠨ ᠤ ᠱᠠᠭᠠᠷᠳᠠᠯᠭ᠎ᠠ ᠨᠢ ᠠᠳᠠᠯᠢ ᠦᠭᠡᠢ ᠲᠤᠯᠠ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠶᠢ ᠰᠤᠩᠭᠤᠵᠤ᠂ ᠲᠠᠷᠢᠬᠤ ᠴᠠᠭ ᠢᠶᠠᠨ ᠲᠤᠠᠠᠳᠠᠭᠠᠨ᠎ᠠ᠃
︵2︶ ᠭᠦᠷᠤᠰᠤ ᠰᠢᠷᠤᠢ ᠶᠢᠨ ᠴᠢᠭᠢᠭ ᠤᠨ ᠪᠠᠶᠢᠳᠠᠯ ᠨᠡᠯᠢᠶᠡᠳ ᠰᠠᠶᠢᠨ ᠪᠠᠶᠢᠵᠤ᠂ ᠦᠷ᠎ᠠ ᠶᠢᠨ ᠰᠤᠶᠤᠭᠠᠯᠠᠯᠳᠠ ᠶᠢᠨ
ᠤᠰᠤᠨ ᠤ ᠭᠡᠷᠡᠭᠴᠡᠭᠡ ᠶᠢ ᠭᠦᠢᠴᠡᠳ ᠬᠠᠨᠭ᠍ᠭᠠᠬᠠᠰᠠᠨ ᠪᠠᠶᠢᠬᠤ ᠭᠡᠷᠡᠭᠳᠡᠢ᠃
︵3︶ ᠰᠠᠯᠭᠢᠨ ᠳᠤ ᠦᠯᠢᠶᠡᠭᠳᠡᠭᠦ ᠠᠴᠠ ᠵᠡᠶᠢᠯᠠᠰᠭᠢᠭᠦ ᠭᠡᠷᠡᠭᠳᠡᠢ᠂ ᠶᠠᠭᠠᠭᠢᠭᠠᠳ ᠭᠡᠪᠡᠯ ᠨᠢᠭᠡ ᠳᠤ ᠰᠠᠯᠭᠢ᠂ ᠭᠦᠷᠤᠰᠤ ᠰᠢᠷᠤᠢ
ᠶᠢ ᠦᠯᠢᠶᠠᠨ ᠬᠠᠳᠠᠭᠠᠵᠤ᠂ ᠦᠷ᠎ᠠ ᠶᠢ ᠰᠤᠶᠤᠭᠠᠯᠠᠵᠤ ᠲᠡᠶᠢᠯᠭᠦ ᠦᠭᠡᠢ ᠪᠤᠯᠭᠠᠳᠠᠭ᠃ ᠬᠤᠶᠠᠷ ᠲᠤ᠂ ᠲᠠᠷᠢᠠᠠᠰᠠᠨ ᠦᠷ᠎ᠡ ᠶᠢ ᠴᠦᠮ ᠭᠡᠶᠢᠰᠭᠡᠭᠡᠳ ᠭᠠᠷᠭᠠᠴᠢᠬᠠᠳᠠᠭ᠃
︵4︶ ᠲᠤᠯᠠᠭᠠᠨ ᠤ ᠭᠡᠮᠵᠢᠶ᠎ᠠ ᠭᠡᠳᠦᠷᠭᠡᠢ ᠦᠨᠳᠤᠷ ᠪᠠᠶᠢᠵᠤ ᠪᠤᠯᠬᠤ ᠦᠭᠡᠢ᠂ ᠲᠠᠶᠢᠮᠤ ᠪᠢᠰᠢ ᠪᠤᠯ ᠦᠷ᠎ᠠ ᠨᠢ ᠰᠤᠶᠤᠭᠠᠯᠠᠵᠤ
ᠨᠠᠭᠢᠶᠠᠯᠠᠮᠬᠠᠴᠠ ᠪᠠᠨ ᠨᠠᠷᠠᠨ ᠳᠤ ᠰᠢᠷᠬᠠᠳᠠᠨ ᠭᠡᠮᠳᠦᠭᠦ ᠪᠤᠯᠤᠨ᠎ᠠ᠃ ᠡᠶᠢᠮᠤ ᠠᠴᠠ ᠭᠦᠷᠦᠰᠤ ᠰᠢᠷᠤᠢ ᠶᠢᠨ ᠲᠤᠯᠠᠭᠠᠨ ᠤ ᠭᠡᠮᠵᠢᠶ᠎ᠠ ᠨᠢ 5 ᠭᠷᠡᠳᠦ᠋ᠰ ᠠᠴᠠ ᠲᠡᠭᠡᠭᠰᠢ ᠪᠠᠶᠢᠬᠤ ᠦᠶ᠎ᠠ ᠳᠤ ᠴᠢᠭᠢᠭ ᠰᠠᠶᠢᠳᠡᠢ ᠪᠤᠯ ᠲᠠᠷᠤᠶᠢᠬᠠᠨ ᠲᠠᠷᠢᠵᠤ ᠪᠤᠯᠤᠨ᠎ᠠ᠃
16. ᠲᠠᠷᠢᠬᠤ ᠭᠡᠮᠵᠢᠶ᠎ᠠ ᠶᠢ ᠶᠠᠭᠠᠭᠢᠨ ᠪᠤᠳᠤᠨ ᠲᠤᠠᠠᠳᠠᠭᠠᠬᠤ ᠪᠤᠢ︖
ᠡᠪᠡᠰᠤ ᠶᠢ ᠴᠤᠬᠤᠮ ᠭᠡᠳᠦᠢ ᠲᠠᠷᠢᠬᠤ ᠨᠢ ᠡᠪᠡᠰᠤᠨ ᠤ ᠪᠢᠤᠯᠤᠭᠢ ᠶᠢᠨ ᠦᠪᠡᠷᠮᠢᠴᠡ ᠴᠢᠨᠠᠷ᠂ ᠦᠷ᠎ᠠ ᠶᠢᠨ ᠶᠠᠰᠤ ᠴᠢᠨᠠᠷ ᠵᠢᠴᠢ ᠭᠦᠷᠦᠰᠤ ᠰᠢᠷᠤᠢ ᠶᠢᠨ ᠰᠢᠮᠡᠯᠢᠭ ᠭᠦᠴᠤ᠂ ᠭᠠᠵᠠᠷ ᠲᠡᠭᠰᠢᠯᠡᠭᠰᠡᠨ ᠴᠢᠨᠠᠷ ᠪᠠ ᠠᠰᠢᠠᠠᠯᠠᠬᠤ ᠠᠷᠭ᠎ᠠ ᠮᠠᠶ᠋ᠢᠭ ᠠᠴᠠ ᠪᠤᠯᠤᠭᠠᠳ ᠠᠳᠠᠯᠢ ᠦᠭᠡᠢ᠃ ᠨᠠᠷᠢᠯᠢᠭ ᠲᠡᠭᠰᠢᠯᠡᠭᠰᠡᠨ᠂ ᠤᠰᠤ ᠪᠤᠷᠳᠤᠭᠤᠷ ᠰᠠᠶᠢᠳᠠᠢ ᠦᠶᠡᠰ ᠲᠠᠷᠢᠬᠤ ᠭᠡᠮᠵᠢᠶ᠎ᠠ ᠨᠢ ᠪᠦᠳᠦᠭᠦᠯᠢᠭ ᠲᠡᠭᠰᠢᠯᠡᠭᠰᠡᠨ ᠪᠠ ᠤᠰᠤ ᠪᠤᠷᠳᠤᠭᠤᠷ ᠪᠠᠷᠤᠠᠠᠳᠠᠢ ᠠᠴᠠ ᠪᠠᠭ᠎ᠠ ᠪᠠᠶᠢᠬᠤ ᠶᠤᠰᠤᠳᠠᠢ᠃ ᠪᠤᠳᠠᠯᠠᠬᠤ᠂ ᠰᠠᠯᠠᠭᠠᠯᠠᠬᠤ ᠭᠦᠴᠤᠨ ᠢᠶᠠᠷ ᠴᠢᠩᠭ᠎ᠠ ᠪᠦᠭᠦᠢ ᠡᠪᠡᠰᠤ ᠪᠤᠯ ᠭᠦᠷᠤᠰᠤ ᠰᠢᠷᠤᠢ ᠶᠢᠨ ᠨᠦᠭᠦᠴᠡᠯ ᠨᠢ ᠲᠤᠭᠢᠷᠠᠮᠵᠢᠳᠡᠢ ᠦᠶᠡᠰ᠂ ᠲᠡᠭᠦᠨ ᠢ ᠲᠠᠷᠢᠬᠤ ᠭᠡᠮᠵᠢᠶ᠎ᠠ ᠶᠢ ᠪᠠᠭᠠᠰᠬᠠᠠᠵᠤ ᠪᠤᠯᠤᠨ᠎ᠠ᠃
17. ᠭᠡᠳᠦᠢ ᠭᠦᠨ ᠲᠠᠷᠢᠪᠠᠯ ᠵᠤᠭᠢᠬᠤ ᠪᠤᠢ︖
ᠲᠠᠷᠢᠬᠤ ᠭᠦᠨ ᠤ ᠭᠡᠮᠵᠢᠶ᠎ᠠ ᠶᠢ ᠨᠦᠯᠦᠭᠡᠯᠡᠭᠦ ᠭᠦᠴᠤᠨ ᠵᠤᠶᠢᠯ ᠪᠤᠯ ᠭᠤᠤᠯ ᠨᠢ ᠡᠪᠡᠰᠤᠨ ᠤ ᠲᠦᠷᠦᠯ᠂ ᠦᠷ᠎ᠠ ᠶᠢᠨ ᠵᠢᠵᠢᠭ ᠪᠦᠳᠦᠭᠦᠨ᠂ ᠭᠦᠷᠤᠰᠤ ᠰᠢᠷᠤᠢ ᠶᠢᠨ ᠤᠰᠤᠨ ᠤ ᠠᠭᠤᠯᠤᠠᠠᠳᠠᠴᠠ᠂ ᠭᠦᠷᠤᠰᠤ ᠰᠢᠷᠤᠢ ᠶᠢᠨ ᠲᠦᠷᠦᠯ ᠭᠡᠯᠪᠡᠷᠢ ᠵᠡᠷᠭᠡ ᠪᠤᠯᠤᠨ᠎ᠠ᠃ ᠶᠠᠷᠦᠳᠡ ᠳᠡᠭᠡᠨ ᠤᠯ ᠪᠤᠷᠴᠠᠭ ᠤᠨ ᠢᠵᠠᠭᠤᠷ ᠤᠨ ᠡᠪᠡᠰᠤᠨ ᠤ ᠲᠠᠷᠢᠬᠤ ᠭᠦᠨᠴᠡ ᠨᠢ ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠬᠢ ᠠᠴᠠ ᠭᠦᠶᠦᠭᠡᠨ ᠪᠠᠶᠢᠳᠠᠭ᠃ ᠡᠪᠡᠰᠤᠨ ᠤ ᠦᠷ᠎ᠡ ᠨᠢ ᠵᠢᠵᠢᠭ ᠪᠦᠭᠡᠳ ᠡᠯᠡᠰᠦᠷᠭᠡᠭ ᠭᠦᠷᠤᠰᠤᠨ ᠳᠤ ᠪᠤᠯ 2 ᠰᠠᠠᠲ᠋ᠢᠮᠧᠲᠷ ᠭᠦᠨ︔ ᠦᠷ᠎ᠠ ᠨᠢ ᠲᠤᠮᠤ ᠪᠤᠯ 3 ~ 4 ᠰᠠᠠᠲ᠋ᠢᠮᠧᠲᠷ ᠭᠦᠨ︔ ᠲᠤᠮᠳᠠ ᠲᠡᠰ ᠤᠨ ᠨᠠᠩᠭᠢᠳᠤ ᠭᠦᠷᠦᠰᠤᠨ ᠳᠤ ᠪᠤᠯ 1.5 ~ 2 ᠰᠠᠠᠲ᠋ᠢᠮᠧᠲᠷ ᠭᠦᠨ ᠲᠠᠷᠢᠪᠠᠯ ᠲᠤᠭᠢᠷᠠᠮᠵᠢᠳᠡᠢ ᠃ ᠨᠡᠯᠢᠶᠡᠳ ᠨᠠᠩᠭᠢ ᠲᠠᠢ ᠭᠦᠷᠦᠰᠤᠨ ᠳᠤ ᠪᠤᠯ ᠨᠡᠩ ᠭᠦᠶᠦᠭᠡᠨ ᠰᠢᠭ ᠲᠠᠷᠢᠨ᠎ᠠ᠃ ᠢᠯᠠᠩᠭᠤᠶ᠎ᠠ ᠪᠤᠷᠴᠠᠭ ᠤᠨ ᠢᠵᠠᠭᠤᠷ ᠤᠨ ᠡᠪᠡᠰᠤ ᠶᠢ ᠭᠦᠨ
ᠲᠠᠷᠢᠵᠤ ᠪᠤᠯᠬᠤ ᠦᠭᠡᠢ᠂ ᠲᠠᠶᠢᠮᠤ ᠪᠢᠰᠢ ᠪᠤᠯ ᠰᠤᠶᠤᠭᠠᠯᠠᠠᠵᠤ ᠲᠡᠶᠢᠯᠭᠦ ᠦᠭᠡᠢ ᠪᠤᠯᠤᠨ᠎ᠠ᠃ ᠡᠪᠡᠰᠤ ᠶᠢ ᠭᠦᠷᠦᠰᠤ ᠰᠢᠷᠤᠢ ᠠᠴᠠ ᠭᠦᠢᠴᠡᠳ ᠤᠰᠤ ᠭᠦᠷᠳᠡᠵᠤ ᠰᠤᠶᠤᠭᠠᠯᠠᠬᠤ ᠶᠢ ᠨᠢ ᠪᠠᠳᠤᠯᠠᠬᠤ ᠶᠢᠨ ᠲᠤᠰᠠᠳᠠ᠂ ᠤᠳᠤᠬᠠᠨ᠎ᠠ ᠪᠠᠰᠠ ᠤᠰᠤ ᠪᠠᠳᠤᠯᠠᠬᠤ ᠠᠷᠭ᠎ᠠ ᠭᠡᠮᠵᠢᠶ᠎ᠠ ᠠᠪᠤᠭᠠᠳ ᠮᠠᠰᠢ ᠰᠠᠶᠢᠨ ᠦᠷ᠎ᠠ ᠪᠦᠳᠦᠮᠵᠢ ᠤᠯᠵᠤ ᠪᠠᠶᠢᠨ᠎ᠠ᠃ ᠡᠭᠦᠨ ᠢ ᠭᠠᠨᠭ᠌ ᠬᠠᠭᠤᠷᠠᠢ ᠤᠷᠤᠨ ᠳᠤ ᠶᠡᠭᠡ ᠪᠠᠷ ᠲᠡᠯᠭᠡᠷᠡᠭᠦᠯᠪᠡᠯ ᠵᠤᠭᠢᠨ᠎ᠠ᠃