 

ᠪᠢ ᠴᠢᠮ᠎ᠠ ᠳᠠᠭᠠᠨ ᠬᠠᠶᠢᠷᠠᠳᠠᠢ ᠳᠤᠮᠳᠠᠳᠤ ᠤᠯᠤᠰ ᠮᠢᠨᠢ︕

2019-10-02 17:26
  150
  0
  — ᠪᠦᠬᠦᠲᠡ ᠨᠠᠶᠢᠷᠠᠮᠳᠠᠬᠤ ᠲᠣᠮᠲᠠᠲᠣ ᠠᠷᠠᠳ ᠣᠯᠣᠰ ᠪᠠᠶᠢᠭᠤᠯᠣᠭᠳᠠᠭᠰᠠᠨ 70 ᠵᠢᠯ ᠤᠨ ᠣᠢ ᠶᠢ ᠪᠡᠯᠭᠡᠯᠡᠬᠦ ᠬᠠᠮᠲᠣᠷᠠᠭᠰᠠᠨ ᠦᠳᠡᠰᠢᠯᠡᠭᠡ ᠶᠢᠨ ᠲᠠᠲᠠᠯᠠᠭ᠎ᠠ
 ᠪᠠᠶᠠᠷ ᠪᠠᠶᠠᠰᠬᠤᠯᠠᠩᠲᠤ ᠴᠠᠭ ᠮᠥᠴᠡ᠂ ᠬᠦᠷ ᠨᠠᠶᠢᠷ ᠢᠶᠠᠷ ᠴᠠᠯᠬᠢᠯᠠᠨ᠎ᠠ᠃
  10 ᠰᠠᠷ᠎ᠠ ᠶᠢᠨ 1 ᠤ ᠣᠷᠣᠢ᠂ ᠲᠢᠶᠠᠨ ᠠᠨ ᠮᠧᠨ ᠠᠭᠤᠳᠠᠮ ᠳᠠᠯᠠᠪᠠᠢ ᠳᠤ ᠭᠠᠯ ᠮᠣᠳᠣ ᠮᠥᠩᠭᠦᠨ ᠴᠡᠴᠡᠭ ᠦᠩᠬᠡ ᠢᠯᠭᠠᠷᠠᠨ ᠮᠢᠷᠠᠯᠵᠠᠨ ᠳᠡᠯᠭᠡᠷᠡᠨ᠎ᠡ᠃ ᠰᠢ ᠶᠢᠨ ᠫᠢᠩ ᠵᠡᠷᠭᠡ ᠨᠠᠮ ᠪᠠ ᠲᠥᠷᠥ ᠶᠢᠨ ᠤᠳᠤᠷᠢᠳᠬᠤ ᠬᠥᠮᠦᠰ ᠲᠢᠶᠠᠨ ᠠᠨ ᠮᠧᠨ ᠠᠰᠠᠷ ᠲᠤ ᠭᠠᠷᠴᠦ᠂ ᠡᠯ᠎ᠡ ᠦᠨᠳᠦᠰᠦᠲᠡᠨ ᠡᠯ᠎ᠡ ᠡᠲᠡᠭᠡᠳ ᠤᠨ ᠣᠯᠠᠨ ᠲᠦᠮᠡᠨ ᠲᠠᠢ ᠬᠠᠮᠲᠤ ᠪᠠᠷ ᠨᠠᠶᠢᠷᠯᠠᠵᠤ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ ᠬᠠᠮᠲᠤ ᠪᠠᠷ ᠪᠡᠯᠭᠡᠯᠡᠪᠡ᠃
  ᠠᠭᠤᠳᠠᠮ ᠲᠠᠯᠠᠪᠠᠢ ᠳᠤ᠂ ᠣᠶᠠᠩᠭᠠᠳᠣ ᠳᠠᠭᠤᠣ᠂ ᠤᠷᠠᠨ ᠪᠥᠵᠢᠭ ᠂ ᠢᠨᠢᠶᠡᠳᠦ ᠪᠢᠯᠬᠠᠭᠰᠠᠨ ᠴᠤᠭᠯᠢᠬ ᠴᠢᠷᠠᠢ᠂ ᠣᠷᠭᠢᠯᠤᠮ᠎ᠠ ᠬᠠᠯᠠᠭᠤᠨ ᠤᠤᠬᠠᠢᠢᠯᠠᠯ᠂ ᠰᠡᠳᠬᠢᠯ ᠤᠨ ᠭᠦᠨ ᠠᠴᠠ ᠤᠨᠳᠤᠷᠤᠭᠰᠠᠨ ᠬᠦᠭᠰᠡᠯ ᠳᠤᠭᠳᠤᠯᠤᠯ ᠪᠦᠬᠦᠨ ᠨᠢᠬᠡ ᠯᠠ ᠦᠬᠡ ᠶᠢ ᠢᠯᠡᠳᠬᠡᠨ᠎ᠠ —
  ᠪᠢ ᠴᠢᠮ᠎ᠠ ᠳᠠᠭᠠᠨ ᠬᠠᠶᠢᠷᠠᠳᠠᠢ ᠳᠤᠮᠳᠠᠳᠤ ᠤᠯᠤᠰ ᠮᠢᠨᠢ︕
  20 ᠴᠠᠭ ᠤᠨ ᠦᠶ᠎ᠡ ᠪᠠᠷ᠂ ᠴᠠᠬᠢᠯᠭᠠᠨ ᠮᠡᠳᠡᠭᠡ ᠶᠢᠨ ᠲᠣᠮᠣ ᠠᠰᠠᠷ ᠠᠴᠠ ᠲᠠᠨᠢᠯ ᠲᠠᠰᠤᠯ ᠢᠷᠠᠭᠤᠬᠠᠨ ᠡᠬᠡᠰᠢᠭ ︽ᠳᠣᠷᠣᠨ᠎ᠠ ᠵᠦᠭ ᠠᠴᠠ ᠲᠤᠶᠠᠭᠠᠷᠠᠯ᠎ᠠ︾ ᠭᠡᠬᠦ ᠬᠥᠭᠵᠢᠮ ᠤᠨ ᠠᠶ᠎ᠠ ᠤᠶᠠᠩᠭᠠᠷᠠᠬᠤ ᠳᠤ᠂ ᠳᠠᠯᠠᠪᠠᠢ ᠳᠠᠶᠠᠭᠠᠷ ᠢᠶᠠᠨ ᠨᠠᠮ ᠵᠢᠮ ᠪᠤᠯᠵᠦ ᠰᠡᠳᠬᠢᠯ ᠳᠠᠯᠪᠢᠨ ᠰᠣᠨᠣᠰᠤᠨ᠎ᠠ᠃ ᠲᠡᠷᠡᠬᠡᠡ ᠭᠱᠠᠨ ᠳᠤ᠂ 70 ᠪᠠᠭᠴᠠ ᠬᠤᠸᠠᠷᠳᠤ ᠫᠤᠤᠵᠢᠩ ᠤᠨ ᠪᠠᠭᠠᠨ᠎ᠠ ᠲᠡᠰ ᠳᠠᠷᠠᠭᠠᠯᠠᠨ ᠣᠭᠲᠠᠷᠭᠤᠶ ᠳᠤ ᠳᠡᠭᠳᠡᠨ᠎ᠡ᠂ ᠡᠨᠡ ᠨᠢ ᠲᠣᠰ ᠲᠣᠰ ᠵᠢᠶᠠᠨ ᠭᠦᠸᠧ ᠮᠧᠨ ᠬᠠᠭᠠᠯᠭ᠎ᠠ᠂ ᠹᠦ᠋ ᠰᠢᠩ ᠮᠧᠨ ᠬᠠᠭᠠᠯᠭ᠎ᠠ ᠠᠴᠠ ᠳᠡᠭᠳᠡᠨ ᠭᠠᠷᠴᠤ ᠲᠢᠶᠠᠨ ᠠᠨ ᠮᠧᠨ ᠳᠠᠯᠠᠪᠠᠢ ᠳᠤ ᠨᠡᠶᠢᠯᠡᠵᠦ᠂ ᠪᠥᠬᠦᠳᠡ ᠨᠠᠶᠢᠷᠠᠮᠳᠠᠬᠤ ᠤᠯᠤᠰ ᠤᠨ ᠶᠠᠪᠤᠵᠤ ᠢᠷᠡᠭᠰᠡᠨ ᠭᠠᠶᠢᠬᠠᠮᠰᠢᠭᠲᠤ ᠣᠨ ᠰᠠᠷ᠎ᠠ ᠶᠢ ᠪᠡᠯᠭᠡᠳᠡᠭᠰᠡᠨ ᠪᠠᠶᠢᠯ᠎ᠠ᠃ ᠠᠭᠤᠳᠠᠮ ᠲᠠᠯᠠᠪᠠᠢ ᠶᠢᠨ ᠤᠭᠳᠠᠷᠭᠤᠢ ᠳᠤ᠂ ᠣᠨᠴᠠ ᠦᠶ᠋ᠯᠡᠳᠦᠯᠳᠦ ᠬᠤᠸᠠᠷ ᠫᠤᠤᠵᠢᠩ ᠢᠶᠠᠷ ᠬᠤᠤᠰ ᠱᠤᠭᠤᠮᠳᠤ ︽70︾ ᠭᠡᠬᠦ ᠦᠰᠦᠭ ᠢ ᠪᠦᠷᠢᠯᠳᠦᠬᠦᠯᠵᠦ᠂ ᠬᠦᠮᠦᠰ ᠤᠨ ᠬᠠᠷᠠᠭ᠎ᠠ ᠶᠢ ᠪᠠᠶᠠᠰᠬᠠᠵᠤ ᠰᠤᠨᠢᠷᠬᠠᠯ ᠢ ᠳᠠᠳᠠᠯ᠎ᠠ᠃
  ᠶᠣᠰᠣᠯᠠᠯ ᠤᠨ ᠫᠤᠤ ᠲᠤᠤᠭᠠᠷᠴᠦ᠂ ᠵᠢᠪᠬᠤᠯᠠᠩᠳᠤ ᠠᠶᠠᠰ ᠴᠤᠤᠷᠢᠶᠠᠳᠤᠨ᠎ᠠ᠃ ᠪᠠᠶᠠᠷ ᠳᠤᠷᠠᠰᠬᠠᠯ ᠤᠨ ᠠᠵᠢᠯᠯᠠᠭ᠎ᠠ ᠶᠢᠨ ᠬᠦᠰᠢᠬᠡ ᠢᠷᠠᠭᠳᠠᠵᠤ᠂ ᠳᠠᠭᠤᠯᠠᠨ ᠪᠦᠵᠢᠭᠯᠡᠵᠦ ᠪᠠᠶᠠᠷᠯᠠᠯᠳᠤᠨ ᠬᠦᠬᠡᠷᠦᠯᠳᠦᠬᠦ ᠤᠷᠮᠠᠰ ᠢ ᠬᠦᠭᠵᠢᠬᠡᠯ᠎ᠡ᠃
  ᠠᠭᠤᠳᠠᠮ ᠲᠠᠯᠠᠪᠠᠢ ᠶᠢᠨ ᠭᠤᠤᠯ ᠰᠡᠳᠦᠪᠲᠦ ᠲᠣᠭᠯᠠᠯᠲᠠ ᠶᠢᠨ ᠲᠣᠭᠤᠷᠢᠭ ᠲᠤ᠂ ᠦᠳᠡᠰᠢᠯᠡᠭᠡ ᠳᠤ ᠤᠷᠤᠯᠴᠠᠭᠰᠠᠨ 3290 ᠣᠯᠠᠨ ᠲᠦᠮᠡᠨ ᠭᠠᠷ ᠲᠠᠭᠠᠨ ︽ᠬᠡᠷᠡᠯᠳᠤ ᠳᠡᠯᠭᠡᠴᠡ︾ ᠠᠳᠬᠤᠵᠤ᠂ ᠥᠩᠭᠡ ᠢᠯᠭᠠᠷᠠᠭᠰᠠᠨ ᠪᠣᠰᠤᠭ᠎ᠠ ᠵᠢᠷᠤᠭ ᠳᠦᠷᠰᠦ ᠶᠢ ᠲᠠᠰᠤᠷᠠᠯᠲᠠ ᠦᠭᠡᠢ ᠪᠦᠷᠢᠯᠳᠦᠬᠦᠯᠦᠨ᠎ᠡ᠃ ᠭᠡᠷᠡᠯᠳᠤ ᠳᠡᠯᠬᠡᠴᠡ ᠳᠤ ᠲᠠᠪᠤᠨ ᠣᠳᠣᠲᠤ ᠤᠯᠠᠭᠠᠨ ᠲᠤᠭ ᠠᠯᠭᠤᠷᠬᠠᠨ ᠮᠠᠨᠳᠤᠵᠦ᠂ ᠴᠠᠰᠤᠲᠤ ᠠᠭᠤᠯᠠ ᠶᠢᠨ ᠣᠷᠭᠢᠯ ᠳᠡᠬᠡᠬᠦᠷ᠂ ᠨᠤᠮᠢᠨ ᠳᠠᠪᠠᠯᠭᠠᠨ ᠳᠤᠮᠳᠠᠬᠢ ᠠᠷᠠᠯ ᠪᠣᠱᠤᠭ᠎ᠠ ᠳᠡᠬᠡᠬᠦᠷ᠂ ᠤᠳᠤᠳ ᠳᠦᠬᠡᠭᠰᠡᠨ ᠣᠭᠲᠠᠷᠭᠤᠶ ᠶᠢᠨ ᠮᠠᠨᠳᠠᠯ ᠢᠶᠠᠷ ᠨᠠᠮᠢᠷᠠᠨ᠂ ᠠᠤᠭ᠎ᠠ ᠰᠦᠷᠯᠢᠭ ᠤᠷᠲᠤ ᠴᠠᠭᠠᠨ ᠬᠡᠷᠡᠮ᠂ ᠠᠷᠠᠳ ᠤᠨ ᠪᠠᠭᠠᠲᠤᠷᠴᠤᠳ ᠤᠨ ᠳᠤᠷᠠᠰᠬᠠᠯ ᠤᠨ ᠬᠦᠰᠢᠶ᠎ᠠ ᠶᠢ ᠢᠯᠡᠷᠡᠬᠦᠯᠦᠨ᠎ᠡ᠃
  ᠤᠯᠤᠰ ᠤᠨ ᠲᠤᠭ ᠢᠶᠠᠨ ᠬᠠᠷᠠᠬᠤᠶ᠎ᠠ ᠣᠯᠠᠨ ᠶᠠᠭᠤᠮ᠎ᠠ ᠪᠤᠳᠤᠭᠳᠠᠨ᠎ᠠ᠃ 70 ᠵᠢᠯ ᠤᠨ ᠡᠮᠦᠨ᠎ᠡ᠂ ᠲᠢᠶᠠᠨ ᠠᠨ ᠮᠧᠨ ᠠᠰᠠᠷ ᠳᠡᠭᠡᠷ᠎ᠡ᠂ ᠳᠤᠮᠳᠠᠳᠤ ᠶᠢᠨ ᠦᠨᠳᠦᠰᠦᠲᠡᠨ ᠤ ᠲᠦᠨᠡᠷ ᠬᠠᠷᠠᠩᠭᠤᠢ ᠶᠢ ᠡᠴᠦᠰᠯᠡᠬᠦᠯᠦᠭᠰᠡᠨ ᠳᠡᠷᠡ ᠨᠢᠬᠡᠨ ᠳᠠᠭᠤᠨ ᠴᠢᠬᠢᠨ᠎ᠠ ᠴᠤᠤᠷᠢᠶᠠᠳᠤᠨ᠎ᠠ᠃ ᠥᠨᠥᠳᠥᠷ᠂ ᠪᠣᠰᠴᠤ ᠵᠣᠭᠰᠣᠭᠰᠠᠨ ᠠᠴᠠ ᠪᠠᠶᠠᠵᠢᠭᠰᠠᠨ ᠬᠦ᠋ᠴᠦᠷᠬᠡᠭᠵᠢᠭᠰᠡᠨ ᠳᠤᠮᠳᠠᠳᠤ ᠤᠯᠤᠰ᠂ ᠬᠡᠷᠬᠢᠨ ᠬᠦᠮᠦᠰ ᠤᠨ ᠰᠡᠳᠬᠢᠯ ᠢ ᠳᠣᠭᠳᠣᠯᠤᠭᠤᠯᠬᠤ ᠦᠭᠡᠢ ᠪᠠᠶᠢᠵᠤ ᠴᠢᠳᠠᠬᠤ ᠪᠤᠢ⁈
  ᠪᠥᠬᠦᠳᠡ ᠨᠠᠶᠢᠷᠠᠮᠳᠠᠬᠤ ᠤᠯᠤᠰ ᠤᠨ ᠮᠡᠨᠳᠦᠯᠡᠭᠰᠡᠨ ᠡᠳᠦᠷ ᠪᠤᠯ ᠠᠷᠠᠳ ᠲᠦᠮᠡᠨ ᠤ ᠪᠠᠶᠠᠷ ᠤᠨ ᠡᠳᠦᠷ᠃
  70 ᠵᠢᠯ ᠤᠨ ᠰᠠᠯᠬᠢ ᠪᠣᠷᠣᠭᠠᠨ ᠢ ᠬᠠᠮᠳᠤ ᠪᠠᠷ ᠦᠩᠬᠡᠷᠡᠭᠰᠡᠨ ᠡᠬᠡ ᠤᠯᠤᠰ ᠮᠢᠨᠢ᠂ ᠪᠢᠳᠡ ᠴᠢᠮ᠎ᠠ ᠳᠠᠭᠠᠨ ᠬᠡᠯᠡᠬᠡᠳ ᠪᠠᠷᠠᠬᠤ ᠦᠬᠡᠢ ᠦᠬᠡ ᠪᠤᠢ ᠁
  ᠡᠬᠡ ᠤᠯᠤᠰ ᠮᠢᠨᠢ᠂ ᠳᠠᠨ ᠤ ᠪᠠᠨ ᠡᠮᠦᠨ᠎ᠡ ᠠᠴᠠ ᠣᠮᠣᠭᠰᠢᠨ᠎ᠠ —
  ᠡᠬᠡ ᠤᠯᠤᠰ ᠮᠢᠨᠢ᠂ ᠪᠢᠳᠡ ᠲᠠᠨ ᠳᠠᠭᠠᠨ ᠵᠦᠩᠨᠡᠯ ᠪᠡᠯᠭᠡᠳᠡᠯ ᠢᠶᠠᠨ ᠳᠡᠪᠰᠢᠬᠦᠯᠵᠦ ᠪᠠᠶᠢᠨ᠎ᠠ —
  ᠠᠮᠤᠭᠤᠯᠠᠩᠳᠤ ᠲᠦᠷᠦ ᠦᠪᠡᠳᠡᠭᠰᠢ ᠨᠠᠶᠢᠷ᠂ ᠤᠬᠳᠠᠷᠭᠤᠢ ᠶᠢ ᠴᠢᠮᠡᠭᠰᠡᠨ ᠬᠤᠸᠠᠷ ᠫᠤᠤᠵᠢᠩ᠃
  ᠤᠯᠤᠰ ᠳᠠᠶᠠᠭᠠᠷ ᠬᠦᠭᠵᠢᠯᠳᠦᠨ ᠨᠠᠶᠢᠷᠯᠠᠯᠳᠤᠬᠤ ᠳᠠᠭᠤᠨ ᠳᠡᠭᠷᠢ ᠶᠢᠨ ᠬᠠᠶᠠᠭᠠᠨ ᠳᠤ ᠴᠤᠤᠷᠢᠶᠠᠳᠤᠨ᠎ᠠ᠃
  ᠡᠨᠡ ᠤᠷᠤᠢ ᠮᠠᠷᠳᠠᠭᠳᠠᠰᠢ ᠦᠬᠡᠢ᠂ ᠡᠨᠡ ᠰᠦᠨᠢ ᠬᠦᠷ ᠨᠠᠶᠢᠷ ᠢᠶᠠᠷ ᠲᠦᠬᠦᠷᠡᠩ︕
  ᠤᠶᠠᠩᠭ᠎ᠠ ᠳᠠᠭᠤᠤ ᠬᠠᠩᠬᠢᠨᠠᠵᠤ᠂ ᠰᠢ ᠶᠢᠨ ᠫᠢᠩ ᠵᠡᠷᠭᠡ ᠤᠳᠤᠷᠢᠳᠬᠤ ᠨᠥᠬᠦᠳ ᠨᠠᠶᠢᠷᠯᠠᠨ ᠬᠦᠬᠡᠷᠦᠯᠳᠦᠭᠰᠡᠨ ᠣᠯᠠᠨ ᠲᠦᠮᠡᠨ ᠲᠠᠢ ᠬᠠᠮᠲᠤ ᠨᠢᠭᠡ ᠳᠠᠭᠤᠤ ᠳᠠᠭᠤᠯᠠᠯ᠎ᠠ —
  ︽ᠡᠬᠡ ᠤᠯᠤᠰ ᠢᠶᠠᠨ ᠮᠠᠭᠲᠠᠨ ᠳᠠᠭᠤᠯᠠᠵᠤ᠂ ᠥᠨᠥᠳᠦᠷ ᠠᠴᠠ ᠴᠡᠴᠡᠭᠯᠡᠨ ᠬᠥᠭᠵᠢᠵᠦ ᠪᠠᠶᠠᠵᠢᠨ ᠬᠦᠴᠦᠷᠬᠡᠭᠵᠢᠬᠦ ᠵᠦᠭ     ᠤᠷᠤᠭᠰᠢᠯᠠᠨ᠎ᠠ︕︾
  ᠡᠨᠡ ᠮᠦᠴᠡ ᠳᠤ᠂ ᠲᠦᠮᠡᠨ ᠴᠡᠴᠡᠭ ᠮᠢᠷᠠᠯᠵᠠᠨ ᠳᠡᠯᠭᠡᠷᠡᠵᠦ᠂ ︽ᠠᠷᠠᠳ ᠲᠦᠮᠡᠨ ᠮᠠᠨᠳᠤᠲᠤᠭᠠᠶ︾ ᠭᠡᠬᠦ ᠳᠦᠷᠰᠦ ᠪᠦᠲᠦᠭᠡᠯᠲᠡ ᠠᠭᠤᠳᠠᠮ ᠲᠠᠯᠠᠪᠠᠢ ᠶᠢ ᠭᠡᠶᠢᠭᠦᠯᠵᠦ᠂ ᠬᠥᠮᠦᠨ ᠪᠣᠯᠭᠠᠨ ᠤ ᠨᠢᠭᠤᠷ ᠢ ᠭᠡᠷᠡᠯᠲᠦᠭᠦᠯᠦᠨ᠎ᠡ᠃
  ᠠᠭᠤᠤ ᠶᠡᠭᠡ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠮᠠᠨᠳᠤᠲᠤᠭᠠᠶ︕
  ᠠᠭᠤᠤ ᠶᠡᠭᠡ ᠳᠤᠮᠳᠠᠳᠤ ᠤᠯᠤᠰ ᠤᠨ ᠡᠪ ᠬᠠᠮᠲᠤ ᠨᠠᠮ ᠮᠠᠨᠳᠤᠲᠤᠭᠠᠶ︕
  ᠠᠭᠤᠤ ᠶᠡᠭᠡ ᠳᠤᠮᠳᠠᠳᠤ ᠤᠯᠤᠰ ᠤᠨ ᠠᠷᠠᠳ ᠲᠦᠮᠡᠨ ᠮᠠᠨᠳᠤᠲᠤᠭᠠᠶ︕
 



  
     
     