-
30872
ᠵᠠᠪᠰᠠᠷ ᠤᠨ ᠬᠤᠷᠠᠯ
2016-03-15 15:33
310
1
ᠵᠠᠪᠰᠠᠷ ᠤᠨ ᠬᠤᠷᠠᠯ
ᠡᠨᠡ ᠡᠳᠦᠷ ᠦᠨ ᠬᠤᠷᠠᠯ
ᠡᠳᠡᠭᠡᠳ ᠤᠨᠳᠤᠤ
ᠡᠷᠡᠭᠡᠢ ᠮᠡᠷᠭᠡᠨ ᠳᠠᠷᠤᠭ᠎ᠠ ᠤᠳ
ᠡᠮᠦᠰᠦᠭᠡᠳ ᠤᠷᠤᠵᠤ ᠢᠷᠡᠯ᠎ᠡ
ᠡᠨᠳᠡ ᠲᠡᠨᠳᠡ ᠭᠡᠳ
ᠡᠨᠳᠡᠭᠦᠷᠡᠵᠤ ᠰᠠᠭᠤᠬᠤ ᠠᠴᠠ ᠠᠶᠤᠯ᠎ᠠ
ᠪᠤᠶᠠᠨᠵᠠᠶᠠᠭ᠎ᠠ ᠬᠤᠷᠠᠯ ᠡᠷᠬᠢᠯᠡᠵᠤ
ᠪᠤᠶᠠᠨᠳᠠᠯᠠᠢ ᠪᠤᠰᠴᠤ ᠶᠤᠰᠤᠯᠠᠯᠠ
ᠵᠠᠩ ᠳᠠᠷᠤᠭ᠎ᠠ ᠲᠠᠯᠪᠢᠵᠤ
ᠴᠢᠩ ᠵᠠᠬᠢᠷᠤᠯ ᠲᠠᠯᠠᠷᠬᠠᠯ ᠲᠡᠪᠰᠢᠭᠦᠯᠦᠯᠡ
ᠴᠢᠩ ᠵᠠᠬᠢᠷᠤᠯ ᠮᠢᠨᠢ
ᠪᠡᠶ᠎ᠡ ᠨᠢ ᠰᠠᠯᠤᠭᠰᠠᠨ ᠴᠤ
ᠰᠡᠳᠬᠢᠯ ᠨᠢ ᠬᠡᠵᠢᠶᠡᠳᠡ ᠰᠠᠯᠠᠬᠤ ᠦᠭᠡᠢ ᠭᠡᠵᠤ
ᠴᠡᠴᠡᠷᠡᠩᠬᠡᠨ ᠬᠤᠭᠤᠯᠠᠢ ᠪᠠᠷ ᠶᠠᠷᠢᠵᠤ ᠭᠠᠷᠤᠯ᠎ᠠ
ᠲᠤᠯᠤᠭᠠᠨ ᠵᠢᠯ ᠭᠠᠷᠤᠢ ᠶᠢᠨ
ᠲᠤᠮᠤᠭ ᠰᠢᠭ ᠡᠳᠦᠷ ᠦᠳ ᠢ
ᠰᠤᠶᠤᠯ ᠤᠨ ᠲᠦᠯᠦᠭᠡ
ᠮᠤᠩᠭᠠᠨᠢᠵᠤ ᠶᠠᠪᠤᠭᠰᠠᠨ ᠡᠳᠦᠷ ᠦᠳ ᠢ
ᠦᠨᠦᠭᠡᠨ ᠪᠢᠳᠡ ᠮᠠᠷᠲᠠᠵᠤ ᠴᠢᠳᠠᠬᠤ ᠦᠭᠡᠢ
ᠦᠨᠢ ᠡᠭᠦᠷᠢᠲᠡ ᠴᠡᠭᠡᠵᠢᠯᠡᠵᠤ ᠶᠠᠪᠤᠨ᠎ᠠ
ᠠᠮᠤᠷ ᠲᠦᠪᠰᠢᠨ ᠢᠶᠡᠷ ᠡᠬᠢᠯᠡᠭᠦᠯᠦᠨ
ᠪᠠᠭᠰᠢ ᠶᠢᠨ ᠡᠩᠨᠡᠭᠡ ᠪᠠᠷ ᠳᠡᠳᠡᠯᠡᠭᠦᠯᠦᠨ
ᠰᠤᠶᠤᠯ ᠤᠨ ᠪᠠᠶᠢᠭᠤᠯᠤᠯᠲᠠ ᠪᠠᠷ ᠭᠤᠳᠠᠭᠠᠷᠯᠠᠨ
ᠭᠠᠷᠤᠭᠰᠠᠨ ᠳᠠᠷᠤᠭ᠎ᠠ ᠠᠴᠠ
ᠵᠤᠷᠢᠭ ᠶᠤᠭᠠᠨ ᠢᠯᠡᠳᠭᠡᠨ
ᠵᠤᠷᠢᠵᠤ ᠢᠷᠡᠭᠰᠡᠨ ᠨᠢ ᠡᠨᠡ ᠪᠢᠯᠡ
ᠤᠯᠠᠨ ᠤᠯᠠᠨ ᠪᠠᠭᠰᠢ
ᠤᠨᠴᠠ ᠤᠨᠴᠠ ᠶᠢᠨ ᠢᠯᠡᠷᠡᠯ ᠲᠠᠢ
ᠡᠳᠦᠷ ᠡᠳᠦᠷ ᠠᠭᠤᠯᠵᠠᠬᠤ ᠪᠠᠷ
ᠦᠰᠢᠶᠡᠲᠡᠨ ᠳᠠᠶᠢᠰᠤᠨ ᠴᠦ ᠶᠤᠮ ᠰᠢᠭ
ᠦᠨᠵᠢᠭᠡᠳ ᠨᠢᠭᠡ ᠠᠭᠤᠯᠵᠠᠬᠤᠯᠠᠷ
ᠦᠨᠡᠨ ᠬᠠᠯᠠᠭᠤᠨ ᠰᠠᠨᠠᠭᠳᠠᠨ᠎ᠠ
ᠦᠨᠦ ᠮᠠᠷᠭᠠᠰᠢ ᠰᠠᠯᠤᠯᠴᠠᠨᠠ ᠬᠡᠬᠦ ᠪᠠᠷ
ᠦᠨᠦᠰᠦᠭᠡᠳ ᠠᠪᠤᠮᠠᠷ ᠴᠦ ᠶᠤᠮ ᠰᠢᠭ
ᠪᠠᠶᠠᠷᠲᠠᠢ ᠭᠡᠵᠤ ᠬᠡᠯᠡᠬᠦ ᠪᠠᠷ
ᠪᠠᠬᠠᠬᠠᠨ ᠤᠳᠠᠵᠤ ᠲᠦᠳᠡᠭᠡᠯᠵᠡᠭᠡᠳ
ᠬᠠᠰᠢᠯᠠ ᠮᠠᠨ ᠤ ᠴᠢᠩ ᠵᠠᠬᠢᠷᠤᠯ ᠰᠢᠤ ᠭᠡᠳ
ᠬᠠᠮᠤᠭ ᠰᠠᠶᠢᠨ ᠢ ᠨᠢ ᠲᠤᠭᠠᠴᠢᠨ᠎ᠠ
ᠴᠢᠩ ᠵᠠᠬᠢᠷᠤᠯ ᠮᠢᠨᠢ
ᠴᠡᠪᠡᠷ ᠴᠠᠶᠢᠯᠭᠠᠨ ᠰᠡᠳᠭᠢᠯ ᠲᠠᠢ
ᠴᠢᠩ ᠦᠨᠡᠨᠴᠢ ᠵᠢᠳᠭᠦᠯ ᠲᠠᠢ
ᠴᠢ ᠪᠢᠳᠡᠨ ᠦ ᠰᠠᠶᠢᠨ ᠵᠠᠬᠢᠷᠤᠯ ᠰᠢᠤ
ᠴᠢᠨᠦ ᠮᠢᠨᠦ ᠭᠡᠵᠤ ᠢᠯᠭᠠᠲᠠᠭ ᠦᠭᠡᠢ
ᠴᠢᠭᠴᠢ ᠠᠷᠢᠭᠤᠨ ᠵᠠᠩ ᠲᠠᠢ
ᠮᠠᠨ ᠤ ᠲᠠᠨ ᠤ ᠭᠡᠵᠤ ᠬᠤᠪᠢᠶᠠᠳᠠᠭ ᠦᠭᠡᠢ
ᠮᠠᠭᠲᠠᠭᠤᠰᠢᠲᠠᠢ ᠰᠠᠶᠢᠨ ᠳᠠᠷᠤᠭ᠎ᠠ ᠰᠢᠤ
2016.3.14 【83ᠪᠦᠯᠦᠭ ᠦᠨ ᠤᠷᠤᠢ ᠶᠢᠨ ᠳᠠᠪᠲᠠᠯᠭ᠎ᠠ ᠳᠤ 】
ᠵᠠᠬᠢᠷᠤᠯ ᠲᠠᠨ ᠤ ᠠᠰ ᠤᠨ ᠪᠡᠶ᠎ᠡ ᠶᠢᠨ ᠴᠢᠨᠢ ᠡᠷᠡᠭᠦᠯ ᠲᠡᠩᠭᠡᠯᠡᠭᠦᠨ ᠂
ᠠᠵᠢᠯ ᠠᠮᠢᠳᠤᠷᠠᠯ ᠤᠨ ᠨᠡᠩ ᠰᠠᠶᠢᠨ ᠰᠠᠶᠢᠬᠠᠨ ᠢ ᠵᠦᠩᠨᠡᠶ᠎ᠡ ︕