 

蹛林 ᠪᠤᠶᠤ ᠾᠦᠩᠨᠦ ᠶᠢᠨ ᠲᠠᠬᠢᠯᠭ᠎ᠠ

2020-03-22 18:56
  210
  0
  
   蹛林 ᠬᠡᠳᠡᠭ ᠨᠢ ᠡᠷᠲᠡᠨ ‍ᠣ ᠬᠢᠲᠠᠳ ᠬᠡᠯᠡᠨ ᠳᠡᠭᠡᠷ᠎ᠠ ᠭᠠᠯᠢᠭᠴᠢᠯᠠᠨ ᠪᠠᠭᠤᠯᠭᠠᠭᠰᠠᠨ ᠾᠦᠩᠨᠦ ᠦᠬᠡ ᠪᠤᠯᠤᠨ᠎ᠠ᠂ ᠤᠳᠤᠬᠠᠨ ᠳᠠᠭᠠᠨ ᠲᠡᠬᠦᠨ ‍ᠣ ᠭᠠᠯᠢᠭᠴᠢᠯᠠᠨ ᠲᠡᠮᠳᠡᠭᠯᠡᠭᠰᠡᠨ ᠲᠠᠭᠤᠳᠠᠯᠭ᠎ᠠ ᠠᠴᠠ ᠶᠠᠮᠠᠷ ᠤᠳᠬ᠎ᠠ ᠲᠠᠢ ᠶᠠᠭᠤ ᠭᠡᠰᠡᠨ ᠦᠬᠡ ᠪᠤᠯᠬᠤ ᠶᠢ ᠲᠤᠳᠤᠷᠬᠠᠢᠯᠠᠭᠠᠳ ᠦᠬᠡᠢ᠂ ᠡᠷᠲᠡᠨ ‍ᠣ ᠬᠢᠲᠠᠳ ᠲᠡᠥᠬᠡᠨ ᠰᠤᠷᠪᠤᠯᠵᠢ ᠳᠤ ᠡᠨᠡ ᠾᠦᠩᠨᠦ ᠦᠬᠡᠨ ‍ᠣ ᠲᠤᠬᠠᠢ ᠦᠰᠦᠭ ᠪᠢᠴᠢᠭ ᠦᠨ ᠲᠡᠮᠳᠡᠭᠯᠡᠯ ᠲᠠᠢ ᠲᠠᠨᠢᠯᠴᠠᠪᠠᠯ᠄     
    ᠨᠢᠬᠡ᠂ ᠾᠦᠩᠨᠦ ᠨᠠᠷ ᠤᠨ ᠬᠦᠮᠦᠨ ᠠᠮᠨ᠂ ᠮᠠᠯ ᠠᠭᠤᠷᠠᠰᠤᠨ ‍ᠣ ᠲᠤᠭᠠᠯᠠᠯᠭ᠎ᠠ᠃ ᠵᠢᠱᠢᠶᠡᠯᠡᠪᠡᠯ᠄ ᠰᠧ ᠮᠠ ᠴᠢᠶᠠᠨ ‍ᠣ ︽ᠲᠡᠥᠬᠡᠨ ᠲᠡᠮᠳᠡᠭᠯᠡᠯ᠂ ᠾᠦᠩᠨᠦ ᠶᠢᠨ ᠱᠠᠰᠲᠢᠷ︾ᠲᠤ᠄︽ᠨᠠᠮᠤᠷ᠂ ᠠᠳᠤᠭᠤ ᠲᠠᠷᠭᠤᠯᠠᠬᠤ ᠳᠤ᠂ 蹛林ᠳᠦ ᠶᠡᠬᠡ ᠴᠤᠭᠯᠠᠨ᠎ᠠ᠂ ᠬᠦᠮᠦᠨ ᠮᠠᠯ ᠢ ᠪᠡᠨ ᠲᠤᠭᠠᠯᠠᠵᠤ ᠪᠦᠷᠢᠳᠬᠡᠨ᠎ᠡ︾ᠭᠡᠵᠡᠢ᠂ ᠠᠳᠤᠭᠤ ᠲᠠᠷᠭᠤᠯᠠᠨ᠎ᠠ ᠬᠡᠳᠡᠭ ᠨᠢ ᠨᠠᠮᠤᠷ ᠤᠨ ᠳᠤᠯᠤᠭ᠎ᠠ- ᠨᠠᠢ᠌ᠮᠠᠨ ᠰᠠᠷ᠎ᠠ ᠶᠢᠨ ᠤᠷᠴᠢᠮ᠂ ᠡᠨᠡ ᠦᠶ᠎ᠡ ᠪᠡᠷ蹛林 ᠭᠡᠳᠡᠭ ᠲᠦ ᠾᠦᠩᠨᠦ ᠬᠦᠮᠦᠰ ᠴᠤᠭᠯᠠᠷᠠᠴᠤ᠂ ᠬᠦᠮᠦᠨ ᠠᠮᠨ᠂ ᠮᠠᠯ ᠠᠭᠤᠷᠠᠰᠤᠨ ‍ᠣ ᠲᠤᠭᠠᠯᠠᠯᠭ᠎ᠠ ᠬᠢᠳᠡᠭ ᠪᠠᠢᠨ᠎ᠠ᠂ ᠮᠡᠳᠡᠭᠡᠵᠢ ᠪᠡᠷ ᠬᠦᠮᠦᠨ ᠠᠮᠨ᠂ ᠮᠠᠯ ᠠᠭᠤᠷᠠᠰᠤᠨ ‍ᠣ ᠲᠤᠭᠠᠯᠠᠯᠭ᠎ᠠ ᠬᠢᠳᠡᠭ ᠭᠤᠤᠯ ᠵᠤᠷᠢᠯᠭ᠎ᠠ ᠨᠢ ᠲᠠᠲᠠᠪᠤᠷ ᠠᠪᠬᠤ᠂ ᠬᠦᠴᠦᠨ ‍ᠣ ᠠᠯᠪᠠ᠂ ᠴᠡᠷᠢᠭ ᠦᠨ ᠠᠯᠪᠠ ᠵᠡᠷᠭᠡ ᠶᠢ ᠲᠤᠳᠤᠷᠬᠠᠢᠯᠠᠬᠤ ᠳᠤ ᠵᠤᠷᠢᠭᠤᠯᠤᠭᠳᠠᠭᠰᠠᠨ ᠤᠴᠢᠷ᠂ ᠡᠨᠡ ᠨᠢ ᠲᠦᠷᠦ ᠵᠠᠰᠠᠭ ᠡᠴᠡ ᠵᠤᠬᠢᠶᠠᠨ ᠪᠠᠢᠭᠤᠯᠤᠭᠰᠠᠨ᠂ ᠵᠠᠰᠠᠭ ᠵᠠᠬᠢᠷᠭᠠᠨ ‍ᠣ ᠠᠵᠢᠯ ᠪᠤᠯᠵᠤ ᠲᠠᠭᠠᠷᠤᠨ᠎ᠠ᠂ ᠲᠡᠢᠮᠦ ᠡᠴᠡ ᠡᠨᠡ ᠨᠢ ᠨᠠᠮᠤᠷ ᠤᠨ ᠨᠢᠬᠡᠨ ᠲᠤᠭᠲᠠᠭᠰᠠᠨ ᠡᠳᠦᠷ᠂蹛林 ᠭᠡᠳᠡᠭ ᠭᠠᠵᠠᠷ᠂ ᠾᠦᠩᠨᠦ ᠤᠯᠤᠰ ᠤᠨ ᠬᠦᠮᠦᠨ ᠬᠠᠷ᠎ᠠ᠂ ᠮᠠᠯ ᠠᠭᠤᠷᠠᠰᠤᠨ ‍ᠣ ᠠᠵᠢᠯ ᠢ ᠬᠠᠷᠢᠭᠤᠴᠠᠭᠰᠠᠨ ᠨᠤᠶᠠᠳ ᠴᠤᠭᠯᠠᠷᠠᠴᠤ᠂ ᠪᠦᠬᠦ ᠤᠯᠤᠰ ᠤᠨ ᠬᠦᠮᠦᠨ ᠠᠮᠨ᠂ ᠮᠠᠯ ᠬᠠᠷ᠎ᠠ ᠶᠢᠨ ᠬᠢ ᠪᠡᠨ ᠲᠤᠭ᠎ᠠ ᠪᠦᠷᠢᠳᠬᠡᠯ ᠢ ᠡᠴᠦᠰ ᠦᠨ ᠪᠠᠢᠳᠠᠯ ᠢᠶᠠᠷ ᠨᠢᠬᠡᠳᠬᠡᠨ ᠪᠦᠷᠢᠳᠬᠡᠨ᠎ᠡ ᠭᠡᠰᠡᠨ ᠦᠬᠡ᠂ ᠬᠡᠯᠡᠯᠭᠡᠨ ᠦᠬᠡᠢ᠂ ᠡᠨᠡ ᠠᠵᠢᠯ ᠢ ᠵᠤᠬᠢᠶᠠᠨ ᠪᠠᠢᠭᠤᠯᠬᠤ᠂ ᠦᠷ᠎ᠠ ᠳ᠋ᠦᠩ ᠢ ᠨᠢ ᠬᠢᠨᠠᠬᠤ᠂ ᠳᠠᠷᠠᠭ᠎ᠠ ᠵᠢᠯ ᠦᠨ ᠠᠵᠢᠯ ᠢ ᠪᠠᠢᠷᠢᠰᠢᠭᠤᠯᠬᠤ ᠵᠡᠷᠭᠡ ᠲᠠᠯ᠎ᠠ ᠠᠴᠠ ᠨᠢ ᠬᠠᠷᠠᠪᠠᠯ᠂ ᠾᠦᠩᠨᠦ ᠶᠢᠨ ᠱᠠᠨ ᠢᠥᠢ ᠶᠢᠨ ᠦᠷᠬᠦᠭᠡᠨ ᠪᠠᠢᠭᠰᠠᠨ ᠭᠠᠵᠠᠷ ᠤᠨ ᠤᠢᠷᠠᠯᠴᠠᠭ᠎ᠠ ᠬᠦᠢᠴᠡᠳᠬᠡᠬᠦ ᠶᠤᠰᠤᠲᠠᠢ᠃    
    ᠬᠤᠶᠠᠷ᠂ ᠲᠠᠬᠢᠯᠭ᠎ᠠ ᠶᠢᠨ ᠭᠠᠵᠠᠷ᠂ 蹛林ᠬᠡᠳᠡᠭ ᠦᠰᠦᠭ ᠦᠨ ᠲᠤᠬᠠᠢ᠂ ᠲᠠᠩ ᠰᠦᠩ ᠤᠯᠤᠰ ᠤᠨ ᠦᠶ᠎ᠡ ᠶᠢᠨ ᠬᠢᠲᠠᠳ ᠡᠷᠳᠡᠮᠲᠡᠳ ᠦᠨ ᠬᠢᠭᠰᠡᠨ ᠲᠠᠢᠯᠪᠤᠷᠢ ᠠᠴᠠ ᠬᠠᠷᠠᠪᠠᠯ᠂ ᠾᠦᠩᠨᠦ ᠨᠠᠷ ᠤᠨ ᠬᠦᠮᠦᠨ ᠠᠮᠨ᠂ ᠮᠠᠯ ᠠᠭᠤᠷᠠᠰᠤᠨ ‍ᠣ ᠲᠤᠭᠠᠯᠠᠯᠭ᠎ᠠ ᠶᠢᠨ ᠠᠵᠢᠯ ᠲᠠᠭᠤᠰᠠᠭᠰᠠᠨ ‍ᠣ ᠳᠠᠷᠠᠭ᠎ᠠ᠂ ᠲᠠᠬᠢᠯᠭ᠎ᠠ ᠤᠢᠯᠡᠳᠦᠳᠠᠭ ᠪᠠᠢᠨ᠎ᠠ᠃ ᠵᠢᠱᠢᠶᠡᠯᠡᠪᠡᠯ᠄ ᠰᠧ ᠮᠠ ᠵᠧᠨ ᠡᠴᠡ︽ᠵᠡᠬᠦᠯᠳ᠋ᠨ ᠬᠠᠢᠯᠳ᠋ᠨ︾ ᠳᠤ ᠪᠠᠨ ᠹᠦ᠋ ᠶᠦᠨ ᠬᠡᠮᠡᠭᠴᠢ ᠶᠢᠨ ᠦᠬᠡᠨ ᠡᠴᠡ ᠡᠰᠢᠯᠡᠵᠤ᠂︽ᠾᠦᠩᠨᠦ ᠨᠠᠷ ᠨᠠᠮᠤᠷ ᠤᠨ ᠲᠠᠬᠢᠯᠭ᠎ᠠ  ᠶᠢᠨ ᠨᠠᠢ᠌ᠮᠠᠨ ᠰᠠᠷ᠎ᠠ ᠶᠢᠨ ᠲᠤᠮᠳᠠᠴᠢ ᠪᠠᠷ ᠪᠦᠬᠦᠳ᠋ᠨ ᠲᠠᠬᠢᠯᠭ᠎ᠠ ᠶᠢᠨ ᠭᠠᠵᠠᠷ ᠤᠴᠢᠨ᠎ᠠ᠂︾ ᠭᠡᠵᠡᠢ᠃ ᠵᠠᠩ ᠱᠡᠤ ᠵᠢᠶᠧ ᠨᠢ ︽ᠲᠦᠪ ᠤᠳᠬ᠎ᠠ︾ᠳᠤ᠂ ᠶᠠᠨ ᠰᠧ ᠭᠦ᠋ ᠶᠢᠨ ᠦᠬᠡᠨ ᠡᠴᠡ ᠡᠰᠢᠯᠡᠵᠦ᠂ ︽蹛ᠬᠡᠮᠡᠭᠴᠢ︵ᠲᠤᠭᠤᠷᠢᠬᠤ ᠪᠤᠯᠠᠢ︶ᠤᠢ ᠮᠤᠳᠤ ᠶᠢ ᠲᠤᠭᠤᠷᠢᠨ ᠲᠠᠬᠢᠯᠭ᠎ᠠ ᠤᠢᠯᠡᠳᠦᠨ᠎ᠠ᠂ ᠰᠢᠶᠠᠨᠪᠢ ᠶᠢᠨ ᠵᠠᠩᠰᠢᠯ᠂ ᠡᠷᠲᠡᠨ ᠡᠴᠡ ᠤᠯᠠᠮᠵᠢᠯᠠᠭᠳᠠᠵᠠᠢ᠂ ᠨᠠᠮᠤᠷ ᠤᠨ ᠲᠠᠬᠢᠯᠭ᠎ᠠ ᠳᠤ ᠮᠤᠳᠤ ᠦᠬᠡᠢ ᠪᠤᠯᠪᠠᠰᠤ᠂ ᠪᠤᠷᠭᠠᠰᠤ ᠪᠤᠰᠬᠠᠭᠠᠳ᠂ ᠤᠯᠠᠨ ᠮᠤᠷᠢᠲᠠᠨ ᠨᠤᠭᠤᠳ ᠭᠤᠷᠪᠠ ᠲᠤᠭᠤᠷᠢᠭᠠᠳ ᠵᠤᠭᠰᠤᠨ᠎ᠠ᠂ ᠡᠨᠡ ᠨᠢ ᠡᠷᠲᠡ ᠳᠡᠭᠡᠷ᠎ᠠ ᠦᠶ᠎ᠡ ᠡᠴᠡ ᠤᠯᠠᠮᠵᠢᠯᠠᠭᠳᠠᠭᠰᠠ ᠶᠤᠰᠤ ᠠᠵᠠᠢ᠃︾ ᠭᠡᠵᠡᠢ᠃ ᠡᠨᠳ᠋ᠨ᠂︽ᠾᠦᠩᠨᠦ ᠨᠠᠷ᠁ᠪᠦᠬᠦᠳ᠋ᠨ ᠲᠠᠬᠢᠯᠭ᠎ᠠ ᠶᠢᠨ ᠭᠠᠵᠠᠷ ᠤᠴᠢᠨ᠎ᠠ︾ᠭᠡᠵᠡᠢ᠂ ᠡᠨᠡ ᠨᠢ ᠨᠠᠮᠤᠷ ᠤᠨ ᠨᠠᠢ᠌ᠮᠠᠨ ᠰᠠᠷ᠎ᠠ ᠶᠢᠨ ᠦᠶ᠎ᠡ ᠪᠡᠷ᠂ ᠾᠦᠩᠨᠦ ᠨᠠᠷ ᠲᠠᠬᠢᠯᠭ᠎ᠠ ᠤᠢᠯᠡᠳᠦᠳᠡᠭ ᠪᠦᠬᠡᠳ ᠾᠦᠩᠨᠦ ᠨᠠᠷ ᠦᠨ ᠲᠦᠬᠡᠮᠡᠯ ᠲᠡᠮᠳᠡᠭᠯᠡᠳᠡᠭ ᠵᠠᠩ ᠤᠢᠯᠨ ᠭᠡᠰᠡᠨ ᠦᠬᠡ᠂ ᠲᠡᠭᠡᠬᠦ ᠳᠡᠬᠡᠨ ᠡᠨᠡᠬᠦ ᠲᠠᠬᠢᠯᠭ᠎ᠠ ᠨᠢ ᠱᠠᠨ ᠢᠥᠢ ᠶᠢᠨ ᠦᠷᠬᠦᠭᠡᠨ ‍ᠣ ᠤᠷᠴᠢᠮ ᠶᠠᠪᠤᠭᠳᠠᠬᠤ ᠲᠦᠷᠦ ᠶᠢᠨ᠂ ᠤᠷᠤᠨ ᠨᠤᠲᠤᠭ ᠤᠨ ᠭᠡᠬᠦ ᠮᠡᠲᠤ ᠶᠢᠨ ᠢᠯᠭᠠᠭ᠎ᠠ ᠪᠠᠢᠬᠤ ᠶᠤᠰᠤᠲᠠᠢ᠃ ᠡᠨᠳ᠋ᠨ︽ᠰᠢᠶᠠᠨᠪᠢ ᠶᠢᠨ ᠵᠠᠩᠰᠢᠯ︾ᠬᠡᠮᠡᠭᠰᠡᠨ ᠢ ᠵᠦᠪᠬᠡᠨ ᠰᠢᠶᠠᠨᠪᠢ ᠳᠤ ᠪᠠᠢᠭᠰᠠᠨ ᠵᠠᠩ ᠤᠢᠯᠨ ᠬᠡᠮᠡᠨ ᠤᠢᠯᠠᠭᠠᠵᠤ ᠦᠯᠦ ᠪᠤᠯᠤᠨ᠎ᠠ᠂ ᠬᠢᠲᠠᠳ ᠲᠡᠥᠭᠡᠴᠢᠳ  ᠳᠤ ᠠᠪᠴᠤ ᠬᠡᠯᠡᠪᠡᠯ᠂ ᠡᠢᠮᠦᠷᠬᠦ ᠵᠠᠩ ᠤᠢᠯᠨ ᠨᠢ ᠠᠩᠬ᠎ᠠ ᠾᠦᠩᠨᠦ ᠡᠴᠡ ᠠᠩᠬᠠᠷᠤᠭᠳᠤᠵᠤ ᠪᠠᠢᠭᠰᠠᠨ᠂ ᠰᠢᠶᠠᠨᠪᠢ ᠶᠢᠨ ᠦᠶ᠎ᠡ ᠬᠦᠷᠦᠭᠡᠳ᠂ ᠰᠢᠶᠠᠨᠪᠢ ᠨᠠᠷ ᠪᠠᠰᠨ ᠡᠢᠮᠦ ᠵᠠᠩ ᠤᠢᠯᠨ ᠲᠠᠢ ᠪᠠᠢᠵᠠᠢ ᠭᠡᠰᠡᠨ ᠤᠢᠯᠠᠭᠠᠯᠳ᠋ᠨ ᠲᠠᠢ ᠪᠤᠯᠤᠭᠰᠠᠨ ᠠᠴᠠ ᠡᠢᠮᠦᠷᠬᠦ ᠮᠠᠶ᠋ᠢᠭ ᠲᠠᠢ ᠦᠬᠡ ᠶᠢ ᠪᠢᠴᠢᠵᠦ ᠦᠯᠡᠳᠡᠭᠰᠡᠨ ᠪᠠᠢᠨ᠎ᠠ᠂ ᠦᠬᠡᠷ᠎ᠠ ᠪᠠᠷ ᠬᠡᠯᠡᠪᠡᠯ᠂ ᠾᠦᠩᠨᠦ ᠡᠴᠡ ᠰᠢᠶᠠᠨᠪᠢ ᠬᠦᠷᠲᠡᠯ᠎ᠠ ᠲᠠᠬᠢᠯᠭ᠎ᠠ ᠶᠢᠨ ᠵᠠᠩ ᠤᠢᠯᠨ ᠨᠢ ᠠᠳᠠᠯᠢ ᠪᠠᠢᠨ᠎ᠠ ᠭᠡᠰᠡᠨ ᠦᠬᠡ᠃    
    ᠬᠤᠯᠪᠤᠭᠳᠠᠯᠲᠠᠢ ᠲᠡᠥᠬᠡᠨ ᠪᠠᠷᠢᠮᠳ᠋ᠨ ᠠᠴᠠ ᠬᠠᠷᠠᠪᠠᠯ᠂ ᠾᠦᠩᠨᠦ᠂ ᠰᠢᠶᠠᠨᠪᠢ ᠨᠠᠷ ᠲᠠᠬᠢᠯᠭ᠎ᠠ ᠶᠢᠨ ᠳᠠᠷᠠᠭ᠎ᠠ ᠪᠠᠷ ᠮᠤᠷᠢ ᠲᠡᠮᠡᠭᠡ ᠤᠷᠤᠯᠳᠤᠭᠤᠯᠵᠤ ᠨᠠᠭᠠᠳᠤᠮ ᠴᠡᠩᠬᠡᠯ ᠬᠢᠳᠡᠭ ᠪᠠᠢᠨ᠎ᠠ᠃ ᠡᠨᠡ ᠨᠢ ᠮᠤᠩᠭᠤᠯᠴᠤᠳ ᠤᠨ ᠰᠤᠷ ᠬᠠᠷᠪᠤᠵᠤ᠂ ᠮᠤᠷᠢ ᠤᠷᠤᠯᠳᠤᠭᠤᠯᠤᠨ᠂ ᠪᠦᠬᠡ ᠪᠠᠷᠢᠯᠳᠤᠬᠤ ᠨᠠᠭᠠᠳᠤᠮ ᠲᠠᠢ ᠠᠳᠠᠯᠢ ᠪᠠᠢᠨ᠎ᠠ᠃   
    ︽᠁ᠤᠢ ᠮᠤᠳᠤ ᠲᠤᠭᠤᠷᠢᠨ᠎ᠠ᠁︾ ᠬᠡᠳᠡᠭ ᠬᠡᠯᠡᠯᠬᠡ ᠨᠢ ᠬᠢᠲᠠᠳ ᠲᠡᠥᠬᠡᠴᠢ ᠨᠠᠷ ᠤᠨ ᠪᠠᠷᠤᠭᠯᠠᠭᠰᠠᠨ ᠦᠬᠡ ᠭᠡᠵᠤ ᠤᠢᠯᠠᠭᠠᠵᠤ ᠪᠤᠯᠤᠨ᠎ᠠ᠂ ᠬᠠᠷᠢᠨ ᠳᠠᠷᠠᠭ᠎ᠠ ᠨᠢ︽᠁ᠪᠤᠷᠭᠠᠰᠤ ᠪᠤᠰᠬᠠᠭᠠᠳ᠂ ᠤᠯᠠᠨ ᠮᠤᠷᠢᠲᠠᠨ ᠨᠤᠭᠤᠳ ᠭᠤᠷᠪᠠ ᠲᠤᠭᠤᠷᠢᠭᠠᠳ ᠵᠤᠭᠰᠤᠨ᠎ᠠ︾ᠭᠡᠰᠡᠨ ᠨᠢ ᠨᠡᠯᠢᠶᠠᠳ ᠲᠤᠳᠤᠷᠬᠠᠢ ᠲᠡᠮᠳᠡᠭᠯᠡᠯ ᠪᠤᠯᠬᠤ ᠶᠤᠮ᠃ ᠾᠦᠩᠨᠦ ᠨᠠᠷ ᠤᠨ ᠤᠢ ᠮᠤᠳᠤ᠂ ᠡᠰᠡᠬᠦᠯ᠎ᠠ ᠪᠤᠷᠭᠠᠰᠤ︽ᠲᠤᠭᠤᠷᠢᠬᠤ︾ᠬᠡᠳᠡᠭ ᠨᠢ ᠦᠨᠦᠳᠦᠷ ᠦᠨ ᠮᠤᠩᠭᠤᠯᠴᠤᠳ ᠤᠨ ᠤᠪᠤᠭ᠎ᠠ ᠲᠤᠭᠤᠷᠢᠬᠤ ᠵᠠᠩ ᠤᠢᠯᠨ ᠲᠠᠢ ᠠᠳᠠᠯᠢ᠂ ᠤᠴᠢᠷ ᠨᠢ ᠤᠪᠤᠭᠠᠨ ᠳᠡᠭᠡᠷ᠎ᠠ ᠪᠤᠷᠭᠠᠰᠤ ᠪᠤᠰᠬᠠᠨ᠎ᠠ᠂︽ᠤᠪᠤᠭ᠎ᠠ ᠪᠠᠨ ᠲᠤᠭᠤᠷᠢᠬᠤ︾ᠨᠢ ᠳᠠᠷᠤᠢ ︽ᠪᠤᠷᠭᠠᠰᠤ ᠶᠢ ᠲᠤᠭᠤᠷᠢᠬᠤ︾ ᠭᠡᠳᠡᠭ ᠨᠢᠬᠡᠨ ᠰᠠᠨᠠᠭ᠎ᠠ᠃ ᠪᠠᠰᠨ︽ᠭᠤᠷᠪᠠ ᠲᠤᠭᠤᠷᠢᠭᠠᠳ ᠵᠤᠭᠰᠤᠨ᠎ᠠ︾ᠭᠡᠰᠡᠨ ᠨᠢ ᠮᠤᠩᠭᠤᠯᠴᠤᠳ ᠤᠨ ᠤᠪᠤᠭ᠎ᠠ ᠪᠠᠨ ᠭᠤᠷᠪᠠ ᠲᠤᠭᠤᠷᠢᠬᠤ ᠲᠠᠢ ᠶᠠᠭ ᠲᠠᠭᠠᠷᠤᠨ᠎ᠠ᠃    
  ᠭᠤᠷᠪᠠ᠂ ᠭᠠᠵᠠᠷ ᠤᠨ ᠨᠡᠷ᠎ᠠ᠂ ᠶᠠᠭᠠᠬᠢᠭᠠᠳ ᠬᠢᠪᠠᠰᠤ᠄ ᠡᠷᠲᠡᠨ ‍ᠣ ᠬᠢᠲᠠᠳ ᠲᠡᠥᠬᠡᠴᠢᠳ ᠡᠴᠡ ᠬᠠᠷᠢ ᠬᠡᠯᠡᠨ ‍ᠣ ᠦᠬᠡ ᠶᠢ ᠬᠢᠲᠠᠳ ᠦᠰᠦᠭ ᠢᠶᠡᠷ ᠲᠡᠮᠳᠡᠭᠯᠡᠬᠦ ᠳᠡᠬᠡᠨ ᠲᠤᠳᠤᠷᠬᠠᠢ ᠰᠢᠨᠵᠢ ᠲᠡᠮᠳᠡᠭ ᠪᠦᠬᠦᠢ ᠬᠢᠲᠠᠳ ᠦᠰᠦᠭ ᠢ ᠰᠤᠩᠭᠤᠵᠤ ᠬᠡᠷᠡᠭᠡᠯᠡᠳᠡᠭ᠂ ᠡᠢᠮᠦᠷᠬᠦ ᠬᠢᠲᠠᠳ ᠦᠰᠦᠭ ᠨᠢ ᠤᠭ ᠦᠬᠡ ᠶᠢᠨ ᠬᠠᠷᠢ ᠬᠡᠯᠡᠨ ᠳᠡᠬᠢ ᠲᠠᠭᠤᠳᠠᠯᠭ᠎ᠠ᠂ ᠠᠭᠤᠯᠠᠭᠰᠠᠨ ᠰᠠᠨᠠᠭ᠎ᠠ ᠶᠢ ᠵᠤᠬᠢᠬᠤ ᠬᠡᠮᠵᠢᠶ᠎ᠡ ᠪᠡᠷ ᠲᠤᠰᠬᠠᠭᠰᠠᠨ ᠪᠠᠢᠳᠠᠭ ᠲᠠᠯ᠎ᠠ ᠲᠠᠢ᠂ ᠬᠢᠲᠠᠳ ᠦᠰᠦᠭ ᠦᠨ ᠳᠦᠷᠢᠮ ᠡᠴᠡ ᠦᠵᠡᠪᠡᠯ᠂蹛ᠦᠰᠦᠭ  ᠨᠢ足 ᠤᠳᠬ᠎ᠠ ᠶᠢ ᠢᠯᠡᠷᠬᠡᠢᠯᠡᠭᠰᠡᠨ ᠦᠰᠦᠭ ᠦᠨ ᠠᠢᠮᠠᠭ ᠪᠤᠶᠤ ᠬᠦᠯ ᠲᠠᠢ ᠬᠤᠯᠪᠤᠭ᠎ᠠ ᠲᠠᠢ ᠠᠯᠬᠤᠬᠤ᠂ ᠲᠤᠭᠤᠷᠢᠬᠤ ᠭᠡᠰᠡᠨ ᠤᠢᠯᠨ ᠢ ᠵᠢᠭᠠᠵᠤ ᠪᠠᠢᠨ᠎ᠠ᠃ ᠡᠨᠡ ᠨᠢ ᠡᠮᠦᠨ᠎ᠠ ᠵᠢᠱᠢᠶᠠᠨ ᠳᠤ ᠭᠠᠷᠬᠤ ᠲᠡᠥᠬᠡᠨ ᠰᠤᠷᠪᠤᠯᠵᠢ ᠠᠴᠠ ᠦᠵᠡᠪᠡᠯ᠂ ᠾᠦᠩᠨᠦ ᠨᠠᠷ ᠤᠨ ᠪᠤᠷᠭᠠᠰᠤ︽ ᠲᠤᠭᠤᠷᠢᠬᠤ︾᠂︽ᠭᠤᠷᠪᠠ ᠲᠤᠭᠤᠷᠢᠭᠠᠳ ᠵᠤᠭᠰᠤᠨ᠎ᠠ︾ᠬᠡᠳᠡᠭ ᠲᠠᠢ ᠰᠠᠨᠠᠭ᠎ᠠ ᠨᠢᠬᠡ ᠪᠠᠢᠨ᠎ᠠ᠃   
  ᠲᠠᠭᠤᠳᠠᠯᠭ᠎ᠠ ᠶᠢᠨ ᠬᠤᠪᠢ ᠳᠤ᠂ 蹛ᠦᠰᠦᠭ ᠶᠢ ᠵᠡᠬᠦᠨ ᠬᠠᠨ ᠤᠯᠤᠰ ᠤᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾(说文解字︶ᠳᠦ dai᠂ ᠮᠢᠨ ᠨᠠᠨ ᠠᠶᠠᠯᠭᠤᠨ ᠳᠤ dai᠂ ᠭᠤᠸᠠᠩᠵᠸᠤ ᠠᠶᠠᠯᠭᠤᠨ ᠳᠤ daai(zai) ᠂ ᠺᠧ ᠵᠢᠶ᠋ᠨ ᠠᠶᠠᠯᠭᠤᠨ ᠳᠤ︖ ᠭᠡᠵᠤ ᠤᠩᠰᠢᠳᠠᠭ ᠪᠠᠢᠨ᠎ᠠ᠃   
  ᠡᠨᠡ ᠦᠰᠦᠭ ᠦᠨ ᠬᠢᠲᠠᠳ ᠬᠡᠯᠡᠨ ‍ᠣ ᠳᠡᠭᠡᠳᠦ ᠡᠷᠲᠡᠨ ‍ᠣ ᠠᠶᠠᠯᠭᠤᠨ ‍ᠣ ᠲᠠᠭᠤᠳᠠᠯᠭ᠎ᠠ ᠶᠢᠨ ᠰᠡᠷᠬᠦᠭᠡᠯᠳ᠋ᠨ ᠢ ᠠᠪᠴᠤ ᠦᠵᠡᠶ᠎ᠡ᠂ ᠰᠧᠧᠳᠧᠨ ‍ᠣ ᠰᠤᠳᠤᠯᠤᠭᠠᠴᠢ Klas Bernhard Johannes Karlgren ᠡᠴᠡ ȡʱi̯ɛi᠂ tɑi᠂ ᠲᠤᠮᠳᠠᠳᠤ ᠤᠯᠤᠰ ᠤᠨ ᠰᠤᠳᠤᠯᠤᠭᠠᠴᠢ ᠸᠠᠩ ᠯᠢ ᠡᠴᠡ ȡĭɛi᠂ tɑi᠂ ᠯᠢ ᠷᠦᠩ ᠡᠴᠡ ȡjɛi᠂ tɑi᠂ ᠱᠤᠤ ᠷᠦᠩ ᠹᠠᠩ  ᠠᠴᠠ ȡiæi᠂ tɑi᠂ ᠵᠧᠨ ᠭᠤᠸᠠᠩ ᠱᠠᠩ ᠹᠠᠩ ᠠᠴᠠ ɖɣiᴇi᠂ tɑi᠂ ᠫᠠᠨ ᠦ᠋ ᠶᠤᠸᠠᠨ ᠡᠴᠡ ɖɯiɛi᠂ tɑi᠂ ᠺᠠᠨᠠᠳ᠋ᠨ ᠶᠢᠨ ᠰᠤᠳᠤᠯᠤᠭᠠᠴᠢ Edwin George Pulleyblank ᠠᠴᠠ ɖjiaj᠂ taj ᠭᠡᠵᠤ ᠲᠤᠰ ᠲᠤᠰ ᠰᠡᠷᠬᠦᠭᠡᠨ ᠤᠩᠰᠢᠭᠰᠠᠨ ᠢ taːds᠂ dads ᠬᠡᠮᠡᠨ ᠨᠢᠬᠡᠳᠬᠡᠨ ᠳ᠋ᠦᠩᠨᠡᠵᠡᠢ᠃   
   
  林 ᠦᠰᠦᠭ ᠨᠢ ᠵᠡᠬᠦᠨ ᠬᠠᠨ ᠤᠯᠤᠰ ᠤᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠳᠦ lín᠂ ᠮᠢᠨ ᠨᠠᠨ ᠠᠶᠠᠯᠭᠤᠨ ᠳᠤ la︵lim︶᠂ ᠭᠤᠸᠠᠩᠵᠸᠤ ᠠᠶᠠᠯᠭᠤᠨ ᠳᠤ lam᠂ ᠺᠧ ᠵᠢᠶ᠋ᠨ ᠠᠶᠠᠯᠭᠤᠨ ᠳᠤ︖ ᠬᠡᠮᠡᠨ ᠤᠩᠰᠢᠳᠠᠭ ᠪᠠᠢᠨ᠎ᠠ᠃ ᠬᠢᠲᠠᠳ ᠬᠡᠯᠡᠨ ‍ᠣ ᠳᠡᠭᠡᠳᠦ ᠡᠷᠲᠡᠨ ‍ᠣ ᠠᠶᠠᠯᠭᠤᠨ ‍ᠣ ᠲᠠᠭᠤᠳᠠᠯᠭ᠎ᠠ ᠶᠢᠨ ᠰᠡᠷᠬᠦᠭᠡᠯᠳ᠋ᠨ ᠢᠶᠡᠷ ᠪᠤᠯ ɡ•rɯm ᠪᠤᠯᠬᠤ ᠶᠤᠮ ᠪᠠᠢᠨ᠎ᠠ᠃   
  ᠡᠨᠡ ᠦᠰᠦᠭ ᠦᠨ ᠬᠢᠲᠠᠳ ᠬᠡᠯᠡᠨ ‍ᠣ ᠳᠡᠭᠡᠳᠦ ᠡᠷᠲᠡᠨ ‍ᠣ ᠠᠶᠠᠯᠭᠤᠨ ‍ᠣ ᠲᠠᠭᠤᠳᠠᠯᠭ᠎ᠠ ᠶᠢᠨ ᠰᠡᠷᠬᠦᠭᠡᠯᠳ᠋ᠨ ᠢ ᠠᠪᠴᠤ ᠦᠵᠡᠶ᠎ᠡ᠂ ᠰᠧᠧᠳᠧᠨ ‍ᠣ ᠰᠤᠳᠤᠯᠤᠭᠠᠴᠢ Klas Bernhard Johannes Karlgren ᠡᠴᠡ li̯əm᠂ ᠲᠤᠮᠳᠠᠳᠤ ᠤᠯᠤᠰ ᠤᠨ ᠰᠤᠳᠤᠯᠤᠭᠠᠴᠢ ᠸᠠᠩ ᠯᠢ ᠡᠴᠡ lĭĕm᠂ ᠯᠢ ᠷᠦᠩ ᠡᠴᠡ liəm᠂ ᠱᠤᠤ ᠷᠦᠩ ᠹᠠᠩ  ᠠᠴᠠ ljem᠂ ᠵᠧᠨ ᠭᠤᠸᠠᠩ ᠱᠠᠩ ᠹᠠᠩ ᠠᠴᠠ liɪm᠂ ᠫᠠᠨ ᠦ᠋ ᠶᠤᠸᠠᠨ ᠡᠴᠡ lim᠂ ᠺᠠᠨᠠᠳ᠋ᠨ ᠶᠢᠨ ᠰᠤᠳᠤᠯᠤᠭᠠᠴᠢ Edwin George Pulleyblank ᠠᠴᠠ lim ᠭᠡᠵᠤ ᠲᠤᠰ ᠲᠤᠰ ᠰᠡᠷᠬᠦᠭᠡᠨ ᠤᠩᠰᠢᠭᠰᠠᠨ ᠢ ɡ•rɯm ᠬᠡᠮᠡᠨ ᠨᠢᠬᠡᠳᠬᠡᠨ ᠳ᠋ᠦᠩᠨᠡᠵᠡᠢ᠃   
     ᠳᠡᠭᠡᠷᠡᠬᠢ ᠰᠡᠷᠬᠦᠭᠡᠯᠳ᠋ᠨ ᠶᠢᠨ ᠦᠷ᠎ᠠ ᠳ᠋ᠦᠩ ᠢ ᠲᠠᠯ᠎ᠠ ᠲᠠᠯ᠎ᠠ ᠠᠴᠠ ᠨᠢ ᠪᠤᠳᠤᠯᠬᠢᠯᠠᠵᠤ ᠦᠵᠡᠭᠡᠳ᠂蹛林 ᠭᠡᠳᠡᠭ ᠬᠢᠲᠠᠳ ᠦᠰᠦᠭ ᠢᠶᠡᠷ ᠲᠡᠮᠳᠡᠭᠯᠡᠭᠰᠡᠨ ᠾᠦᠩᠨᠦ ᠦᠬᠡ ᠶᠢ ᠮᠤᠩᠭᠤᠯ ᠬᠡᠯᠡᠨ ‍ᠣ ᠳᠡᠭᠡᠷ᠎ᠠ ᠬᠡᠮᠡᠭᠰᠡᠨ ᠦᠬᠡ ᠪᠤᠯᠪᠠ ᠦᠦ ᠬᠡᠮᠡᠨ ᠪᠢᠳᠡᠨ ᠦᠵᠡᠵᠤ ᠪᠠᠢᠨ᠎ᠠ᠃ 
    1.ᠮᠤᠩᠭᠤᠯ ᠬᠡᠯᠡᠨ ᠳᠦ ᠳᠡᠭᠡᠷ᠎ᠠ᠂ ᠳᠡᠭᠡᠳᠦ᠂ ᠳᠡᠭᠡᠳᠦᠰ᠂ ᠳᠡᠭᠡᠵᠢ᠂ ᠳᠡᠭᠡᠪᠤᠷᠢ ᠭᠡᠬᠦ ᠮᠡᠲᠤ ᠦᠭᠡᠰ ᠪᠤᠢ᠂ ᠡᠳᠡᠭᠡᠷ ᠦᠬᠡᠨ ‍ᠣ ᠢᠵᠠᠭᠤᠷ ᠪᠦᠬᠦᠳ᠋ᠨ ᠠᠳᠠᠯᠢᠬᠠᠨ ᠢᠶᠠᠷ ᠲᠡᠭᠡ ᠪᠠᠢᠨ᠎ᠠ᠃
    2.ᠡᠷᠲᠡᠨ ‍ᠣ ᠬᠢᠲᠠᠳ ᠬᠡᠯᠡᠨ ‍ᠣ ᠨᠢᠭᠡᠨ ᠲᠦᠭᠡᠮᠡᠯ ᠤᠨᠴᠠᠯᠢᠭ ᠬᠢᠪᠡᠰᠤ᠂ ᠡᠷᠲᠡᠨ ‍ᠣ ᠬᠢᠲᠠᠳ ᠬᠡᠯᠡᠨ ᠳᠦ r ᠭᠡᠢᠬᠦᠯᠡᠭᠴᠢ ᠪᠠᠢᠳᠠᠭ ᠦᠬᠡᠢ᠂ ᠬᠠᠷᠢ ᠬᠡᠯᠡᠨ ‍ᠣ r ᠠᠪᠢᠶ᠎ᠠ ᠲᠤᠬᠢᠶᠠᠯᠳᠤᠭᠰᠠᠨ ᠦᠶ᠎ᠡ᠂ l ᠠᠪᠢᠶ᠎ᠠ ᠪᠠᠷ ᠤᠷᠤᠯᠠᠭᠤᠯᠤᠨ ᠲᠡᠮᠳᠡᠭᠯᠡᠬᠦ ᠪᠤᠶᠤ ᠲᠡᠮᠳᠡᠭᠯᠡᠬᠦ ᠦᠬᠡᠢ ᠬᠠᠰᠤᠳᠠᠭ ᠪᠠᠢᠨ᠎ᠠ᠂ ᠡᠨᠡ ᠦᠬᠡᠨ ᠡᠴᠡ ᠡᠢᠮᠦ ᠤᠨᠴᠠᠯᠢᠭ ᠮᠠᠰᠢ ᠲᠤᠳᠤᠷᠬᠠᠢ ᠬᠠᠷᠠᠭᠳᠠᠵᠤ ᠪᠤᠢ᠃   
     ᠳᠡᠭᠡᠷ᠎ᠠ ᠭᠡᠳᠡᠭ ᠦᠬᠡᠨ ᠳᠦ᠄ 1.ᠳᠡᠭᠡᠳᠦ ᠵᠦᠭ ᠲᠦ᠂ ᠳᠡᠭᠡᠳᠦ ᠲᠠᠯ᠎ᠠ ᠳᠤ᠂ ᠭᠠᠳᠠᠷᠭᠤ ᠲᠠᠯ᠎ᠠ ᠳᠤ᠄ ᠳᠡᠭᠡᠷ᠎ᠡ ᠨᠢ ᠲᠠᠯᠪᠢᠬᠤ ᠃ 2.ᠲᠦᠷᠦᠭᠦᠨ᠂ ᠡᠷᠲᠡ᠂ ᠤᠷᠢᠳᠤ᠂ ᠬᠠᠭᠤᠴᠢᠨ᠂ ᠡᠮᠦᠨ᠎ᠡ᠄ ᠳᠡᠭᠡᠷ᠎ᠡ ᠦᠶ᠎ᠡ ᠃ 3.ᠭᠠᠳᠠᠨ᠎ᠠ᠂ ᠲᠤᠰᠬᠠᠢ᠄ ᠦᠨᠳᠦᠰᠦᠨ ᠴᠠᠯᠢᠩ ᠤᠨ ᠳᠡᠭᠡᠷ᠎ᠡ ᠃ 4.ᠴᠢᠨᠠᠷ ᠢᠶᠠᠷ ᠳᠣᠣᠷ᠎ᠠ ᠪᠢᠰᠢ᠂ ᠢᠯᠡᠭᠦᠦ ᠳᠠᠪᠠᠭᠤ᠂ ᠰᠠᠶᠢᠨ᠄ ᠳᠡᠭᠡᠷ᠎ᠡ ᠳᠠᠪᠬᠢᠭᠰᠠᠨ ᠮᠣᠷᠢ᠃ 5.ᠳᠡᠭᠡᠭᠰᠢ᠂ ᠥᠭᠡᠳᠡ᠄ ᠠᠭᠤᠯᠠᠨ ᠳᠡᠭᠡᠷ᠎ᠡ ᠭᠠᠷᠬᠤ ᠃ ᠳᠠᠷᠤᠢ ᠳᠤ ᠨᠢ᠂ ᠲᠡᠷᠡ ᠳᠣᠣᠷ᠎ᠠ ᠨᠢ - ᠲᠡᠮᠦᠷ ᠢ ᠬᠠᠯᠠᠭᠤᠨ ᠳᠡᠭᠡᠷ᠎ᠡ ᠨᠢ ᠳᠠᠪᠲᠠᠬᠤ ᠬᠡᠷᠡᠭᠲᠡᠢ᠃ 6.ᠶᠠᠷᠢᠶ᠎ᠠ.᠂ ᠰᠠᠨᠠᠭᠰᠠᠨ ᠳᠡᠭᠡᠷ᠎ᠡ ᠃ 7.ᠨᠡᠷ᠎ᠡ ᠶᠢᠨ ᠳᠣᠣᠷ᠎ᠠ᠄ ᠠᠪᠤ ᠶᠢᠨ ᠨᠡᠷ᠎ᠡ ᠳᠡᠭᠡᠷ᠎ᠡ᠃ 8.ᠤᠯᠠᠮ ᠠᠬᠢᠬᠤ᠂ ᠴᠠᠰᠢᠯᠠᠬᠤ᠄ ᠠᠪᠤᠭᠰᠠᠨ ᠳᠡᠭᠡᠷ᠎ᠡ ᠪᠡᠨ ᠠᠪᠬᠤ ᠃ 9.ᠣᠷᠣᠨ ᠵᠢᠭᠠᠬᠤ ᠤᠳᠬ᠎ᠠ᠄ ᠠᠶᠢᠮᠠᠭ ᠳᠡᠭᠡᠷ᠎ᠡ ᠣᠴᠢᠬᠤ᠃ 10.ᠪᠤᠰᠤᠳ ᠦᠭᠡ ᠲᠡᠢ ᠨᠡᠶᠢᠯᠡᠵᠦ ᠶᠠᠩᠵᠤ ᠪᠦᠷᠢ ᠶᠢᠨ ᠤᠳᠬ᠎ᠠ ᠰᠠᠨᠠᠭ᠎ᠠ ᠶᠢ ᠢᠯᠡᠷᠬᠡᠶᠢᠯᠡᠨ᠎ᠡ᠄ ᠳᠠᠪ ᠳᠡᠭᠡᠷ᠎ᠡ ᠭᠡᠬᠦ ᠮᠡᠲᠤ ᠦᠨᠳᠦᠰᠦᠨ ᠤᠳᠬ᠎ᠠ ᠪᠤᠢ᠃   
     ᠳᠡᠭᠡᠳᠦ ᠭᠡᠳᠡᠭ ᠦᠬᠡᠨ ᠳᠦ᠄ 1.ᠳᠤᠤᠷᠠᠳᠤ ᠶᠢᠨ ᠡᠰᠡᠷᠡᠭ ᠤᠳᠬ᠎ᠠ᠂ ᠶᠠᠭᠤᠮᠠᠨ ᠤ ᠲᠣᠯᠣᠭᠠᠢ᠂ ᠴᠡᠭᠡᠵᠢ ᠡᠲᠡᠭᠡᠳ᠄ ᠬᠦᠮᠦᠨ ᠦ ᠳᠡᠭᠡᠳᠦ ᠪᠡᠶ᠎ᠡ ᠃ 2. ᠶᠠᠭᠤᠮᠠᠨ ᠤ ᠡᠬᠢ᠂ ᠠᠬ᠎ᠠ ᠵᠠᠬ᠎ᠠ ᠲᠠᠯ᠎ᠠ᠄ ᠳᠡᠭᠡᠳᠦ ᠡᠩᠨᠡᠭᠡ ᠃3. ᠴᠢᠨᠠᠷ ᠢᠶᠠᠷ ᠡᠷᠬᠢᠮ ᠰᠠᠶᠢᠨ᠄ ᠳᠡᠭᠡᠳᠦ ᠨᠣᠮ᠃ 4. ᠡᠮᠦᠨᠡᠬᠢ ᠥᠩᠭᠡᠷᠡᠭᠰᠡᠨ ᠦᠶ᠎ᠡ᠄ ᠳᠡᠭᠡᠳᠦ ᠡᠪᠦᠭᠡ᠃ 5. ᠡᠷᠬᠡ ᠡᠭᠦᠷᠭᠡ᠂ ᠵᠡᠷᠭᠡ ᠳᠡᠪ ᠢᠶᠡᠷ ᠳᠡᠭᠡᠭᠦᠷ᠄ ᠳᠡᠭᠡᠳᠦ ᠪᠠᠶᠢᠭᠤᠯᠤᠯᠭ᠎ᠠ᠃ 6. ᠪᠣᠯᠪᠠᠰᠤᠷᠠᠯ ᠤᠨ ᠵᠡᠷᠭᠡ ᠪᠡᠷ ᠥᠨᠳᠥᠷ ᠶᠡᠬᠡ᠄ ᠳᠡᠭᠡᠳᠦ ᠪᠣᠯᠪᠠᠰᠤᠷᠠᠯ᠃ 7. ᠶᠠᠭᠤᠮᠠᠨ ᠤ ᠳᠡᠭᠡᠷ᠎ᠡ ᠪᠠᠶᠢᠭ᠎ᠠ᠂ ᠨᠢᠭᠤᠷ᠂ ᠥᠩᠭᠡᠨ ᠳᠦ ᠪᠠᠶᠢᠭ᠎ᠠ ᠨᠢ᠄ ᠳᠡᠭᠡᠳᠦ ᠳᠠᠪᠬᠤᠷ᠃ 8. ᠬᠡᠮᠵᠢᠶ᠎ᠡ᠂ ᠴᠢᠨᠠᠷ ᠤᠨ ᠡᠴᠦᠰ ᠲᠤᠶᠢᠯ᠄ ᠳᠡᠭᠡᠳᠦ ᠵᠠᠬ᠎ᠠ᠃ 9. ᠲᠡᠷᠢᠭᠦᠨ᠂ ᠨᠢᠭᠡᠳᠦᠭᠡᠷ᠂ ᠤᠷᠢᠳᠤᠬᠢ᠄ ᠳᠡᠭᠡᠳᠦ ᠴᠢᠭᠤᠯᠭᠠᠨ ᠭᠡᠬᠦ ᠮᠡᠲᠤ ᠦᠨᠳᠦᠰᠦᠨ ᠤᠳᠬ᠎ᠠ ᠪᠤᠢ᠃   
    ᠳᠡᠭᠡᠳᠦᠰ ᠭᠡᠳᠡᠭ ᠦᠬᠡᠨ ᠳᠦ᠄ 1. ᠳᠡᠭᠡᠳᠦ ᠦᠶ᠎ᠡ᠄ ᠳᠡᠭᠡᠳᠦᠰ ᠦᠨ ᠥᠪ ᠰᠤᠶᠤᠯ᠃ 2. ᠳᠡᠭᠡᠳᠦ ᠵᠡᠷᠭᠡᠲᠡᠨ᠄ ᠳᠡᠭᠡᠳᠦᠰ ᠦᠨ ᠵᠠᠷᠯᠢᠭ ᠃3.〔ᠱᠠᠰᠢᠨ〕ᠪᠤᠷᠬᠠᠨ᠂ ᠲᠩᠷᠢ ᠶᠢᠨ ᠣᠷᠣᠨ ᠤ ᠬᠢᠨ᠄ ᠪᠤᠷᠬᠠᠨ ᠳᠡᠭᠡᠳᠦᠰ ᠭᠡᠬᠦ ᠮᠡᠲᠤ ᠦᠨᠳᠦᠰᠦᠨ ᠤᠳᠬ᠎ᠠ ᠪᠤᠢ᠃   
     ᠳᠡᠭᠡᠵᠢ ᠭᠡᠳᠡᠭ ᠦᠬᠡᠨ ᠳᠦ᠄ 1.ᠰᠢᠨ᠎ᠡ ᠢᠳᠡᠭᠡ᠂ ᠤᠮᠳᠠᠭᠠᠨ ᠤ ᠡᠷᠭᠦᠯ ᠰᠠᠴᠤᠯᠢ ᠳᠤ ᠬᠡᠷᠡᠭᠯᠡᠬᠦ ᠶᠤᠮ ᠤᠤ᠂ ᠡᠰᠡᠪᠡᠯ ᠬᠦᠨᠳᠦᠳᠬᠡᠯ ᠲᠠᠢ ᠬᠦᠮᠦᠨ  ᠳᠤ ᠡᠬᠢᠯᠡᠨ ᠪᠠᠷᠢᠬᠤ ᠬᠤᠪᠢ᠄ ᠠᠷᠢᠬᠢᠨ ᠤ ᠳᠡᠭᠡᠵᠢ᠃ 2.ᠤᠯᠤᠰ ᠲᠤ ᠲᠤᠰᠢᠶᠠᠬᠤ᠂ ᠬᠤᠳᠠᠯᠳᠤᠭᠠᠨ ᠳᠤ ᠭᠠᠷᠭᠠᠬᠤ ᠵᠦᠢᠯ ᠦᠨ ᠰᠣᠷᠢᠴᠠ᠂ ᠴᠢᠨᠠᠷ ᠢ ᠰᠢᠯᠭᠠᠬᠤ ᠪᠠᠷ ᠠᠪᠬᠤ ᠬᠤᠪᠢ᠄ ᠠᠯᠲᠠᠨ ᠤ ᠳᠡᠭᠡᠵᠢ᠃ 3.ᠡᠳ᠋ ᠶᠠᠭᠤᠮᠠᠰ᠂ ᠡᠷᠳᠡᠮ ᠰᠣᠶᠣᠯ᠂ ᠵᠣᠬᠢᠶᠠᠯ ᠪᠦᠲᠦᠭᠡᠯ ᠦᠨ ᠣᠬᠢ ᠰᠣᠷ᠄ ᠠᠮᠠᠨ ᠵᠣᠬᠢᠶᠠᠯ ᠤᠨ ᠳᠡᠭᠡᠵᠢ ᠪᠢᠴᠢᠭ᠃ 4. ᠶᠠᠭᠤᠮᠠᠨ ᠤ ᠰᠠᠶᠢᠨ ᠨᠢ᠂ ᠢᠯᠡᠭᠦᠦ ᠨᠢ᠄ ᠳᠡᠭᠡᠵᠢ ᠮᠣᠷᠢ᠃ ᠡᠬᠦᠨ ᠳᠦ a.ᠬᠤᠷᠳᠤᠨ ᠮᠣᠷᠢᠨ ᠤ ᠤᠷᠤᠯᠳᠤᠭᠠᠨ ᠳᠤ ᠲᠦᠷᠦᠭᠦᠯᠡᠭᠰᠡᠨ ᠮᠣᠷᠢ᠃ b. ᠬᠦᠯᠦᠭ ᠰᠠᠶᠢᠨ ᠮᠣᠷᠢ᠂ ᠬᠦᠮᠦᠨ ᠦ ᠳᠡᠭᠡᠵᠢ ᠭᠡᠬᠦ ᠮᠡᠲᠤ ᠦᠨᠳᠦᠰᠦᠨ ᠤᠳᠬ᠎ᠠ ᠪᠤᠢ᠃   
     ᠮᠤᠩᠭᠤᠯᠴᠤᠳ ᠲᠤ ᠮᠦᠨ ᠳᠡᠭᠡᠷ᠎ᠠ ᠪᠤᠶᠤ ᠳᠡᠭᠡᠷ᠎ᠠ ᠮᠦᠷᠬᠦᠬᠦ ᠭᠡᠵᠤ ᠨᠡᠷᠡᠯᠡᠭᠰᠡᠨ ᠶᠤᠰᠤ ᠪᠤᠢ᠂ ᠡᠨᠡ ᠶᠤᠰᠤ ᠵᠠᠩᠰᠢᠯ ᠶᠡᠬᠡᠪᠴᠢᠯᠡᠨ ᠬᠠᠯᠬ᠎ᠠ᠂ ᠤᠢᠷᠠᠳ ᠳᠤᠲᠤᠷ᠎ᠠ ᠬᠠᠳᠠᠭᠠᠯᠠᠭᠳᠠᠭᠰᠠᠨ ᠪᠠᠢᠨ᠎ᠠ᠂ ᠬᠠᠯᠬ᠎ᠠ ᠳᠤ ᠴᠠᠭᠠᠨ ᠰᠠᠷ᠎ᠠ ᠶᠢᠨ ᠰᠢᠨ᠎ᠠ ᠶᠢᠨ ᠨᠢᠬᠡᠨ ᠦᠷᠯᠦᠭᠡ᠂ ᠬᠦᠳᠡᠭᠡ ᠶᠢᠨ ᠮᠠᠯᠴᠢᠳ᠂ ᠭᠡᠷ ᠦᠨ ᠬᠢ ᠪᠡᠨ ᠡᠮᠦᠨᠠᠬᠢ ᠵᠢᠭᠠᠬᠠᠨ ᠦᠨᠳᠦᠷᠯᠢᠭ ᠭᠠᠵᠠᠷ ᠰᠢᠷᠡᠬᠡ ᠲᠠᠪᠠᠭ ᠵᠠᠰᠠᠵᠤ᠂ ᠭᠡᠷ ᠪᠦᠯᠢ ᠪᠡᠷ ᠢᠶᠡᠨ ᠴᠠᠢᠯᠠᠵᠤ ᠶᠤᠰᠤᠯᠠᠳᠠᠭ ᠪᠠᠢᠨ᠎ᠠ᠂ ᠡᠬᠦᠨ ᠢ ᠳᠡᠭᠡᠷ᠎ᠠ ᠬᠡᠮᠡᠳᠡᠭ ᠪᠠᠢᠨ᠎ᠠ᠃ ᠤᠢᠷᠠᠳ ᠲᠤ ᠳᠡᠭᠡᠷ᠎ᠠ ᠪᠤᠶᠤ ᠳᠡᠭᠡᠷ᠎ᠠ ᠮᠦᠷᠬᠦᠬᠦ ᠭᠡᠵᠤ ᠨᠡᠷᠡᠯᠡᠵᠤ ᠪᠠᠢᠭ᠎ᠠ ᠵᠠᠩᠰᠢᠯ ᠨᠢ ᠦᠨᠡᠨᠳᠡᠭᠡᠨ ᠪᠤᠰᠤᠳ ᠮᠤᠩᠭᠤᠯᠴᠤᠳ ᠤᠨ ᠬᠡᠯᠡᠳᠡᠭ ᠤᠪᠤᠭ᠎ᠠ ᠪᠤᠶᠤ ᠤᠪᠤᠭᠠᠨ ‍ᠣ ᠲᠠᠬᠢᠯᠭ᠎ᠠ ᠪᠤᠯᠤᠨ᠎ᠠ᠂ ᠳᠡᠭᠡᠷ᠎ᠠ ᠪᠤᠶᠤ ᠳᠡᠭᠡᠷ᠎ᠠ ᠮᠦᠷᠬᠦᠬᠦ ᠭᠡᠳᠡᠭ ᠨᠡᠷᠡᠰᠢᠯ ᠦᠨ ᠬᠤᠪᠢ ᠳᠤ ᠪᠤᠰᠤᠳ ᠮᠤᠩᠭᠤᠯᠴᠤᠳ ᠢᠶᠠᠷ ᠪᠤᠳᠤᠪᠠᠯ᠂ ᠪᠦᠷ ᠤᠵᠤᠭᠤᠷ ᠡᠷᠲᠡᠨ ‍ᠣ ᠤᠨᠴᠠᠯᠢᠭ ᠰᠢᠨᠵᠢ ᠲᠠᠢ ᠪᠠᠢᠨ᠎ᠠ᠃
     ᠶᠡᠷᠦᠩᠬᠡᠢᠯᠡᠨ ᠳ᠋ᠦᠩᠨᠡᠵᠤ ᠦᠵᠡᠪᠡᠯ᠂ ᠬᠢᠲᠠᠳ ᠤᠨ ᠡᠷᠲᠡᠨ ‍ᠣ ᠲᠡᠥᠬᠡᠨ ᠰᠤᠷᠪᠤᠯᠵᠢ ᠳᠤ ᠲᠤᠬᠢᠶᠠᠯᠳᠤᠬᠤ 蹛林 ᠭᠡᠬᠦ ᠭᠠᠯᠢᠭᠴᠢᠯᠠᠨ ᠲᠡᠮᠳᠡᠭᠯᠡᠭᠰᠡᠨ ᠾᠦᠩᠨᠦ ᠦᠬᠡ ᠨᠢ ᠮᠤᠩᠭᠤᠯ ᠬᠡᠯᠡᠨ ‍ᠣ ᠳᠡᠭᠡᠷ᠎ᠠ ᠬᠡᠮᠡᠭᠰᠡᠨ ᠦᠬᠡ ᠪᠠᠢᠨ᠎ᠠ᠃
 



  
     
     