 

ᠰᠢᠯᠥᠭ ᠦᠨ ᠰᠤᠷᠪᠤᠯᠵᠢ

2019-01-31 17:56
  148
  0
                  ᠡᠷᠡᠭᠡᠨ ᠂ ᠰᠠᠶᠢᠵᠢᠷᠠ 
     ᠡᠪᠥᠭᠡ ᠡᠮᠡᠭᠡ ᠳᠡᠭᠡᠳᠥᠰ ᠦᠨ ᠮᠠᠨᠢ 
     ᠦᠭᠡ ᠤᠭᠰᠠᠷᠠᠭᠠᠭᠤᠯᠳᠠᠭ ᠨᠢ ᠰᠢᠯᠥᠭᠯᠡᠯ ᠂ 
     ᠡᠴᠢᠭᠡ ᠡᠬᠡ ᠶᠢᠨ ᠳᠠᠭᠤᠤ ᠡᠭᠡᠰᠢᠭᠯᠡᠭᠥᠨ 
     ᠡᠪᠡᠢ ᠪᠥᠤᠪᠠᠢ ᠨᠢ ᠤᠶᠠᠩᠭ᠎ᠠ ᠨᠠᠶᠢᠷᠠᠭ ᠃ 
     ᠦᠯᠢᠭᠡᠷ ᠲᠡᠤᠬᠡ ᠳᠤᠮᠤᠭ 
     ᠦᠢᠯᠡᠳᠥᠯᠭᠡ ᠲᠤᠷᠰᠢᠯᠭ᠎ᠠ ᠰᠤᠷᠭᠠᠮᠵᠢ ᠂ 
     ᠬᠠᠭᠤᠴᠢᠯᠠᠯ ᠲᠤᠤᠯᠢ ᠬᠠᠶᠠᠯᠠᠯ 
     ᠬᠤᠰᠢᠷ ᠪᠠᠰᠢᠷ ᠶᠠᠷᠢᠶᠠᠨ ᠨᠢ ᠴᠤ ᠰᠢᠯᠥᠭ ᠃ 
     ᠪᠥᠭᠡ ᠲᠦᠷᠭᠡᠨ ᠵᠠᠶᠢᠷᠠᠩ   ᠤᠨ
     ᠪᠥᠭᠡᠯᠡᠯᠭᠡ ᠶᠢᠨ ᠰᠤᠳᠤᠷ ᠴᠤ ᠰᠢᠯᠥᠭᠯᠡᠯ ᠂ 
     ᠢᠳᠤᠭᠠᠨ ᠤᠯᠠᠭᠠᠴᠢᠳ ᠤᠨ ᠳᠠᠭᠤᠳᠠᠯᠭ᠎ᠠ 
     ᠢᠷᠠᠭᠤ ᠨᠠᠶᠢᠷᠠᠭ ᠤᠨ ᠡᠬᠢ ᠰᠤᠷᠪᠤᠯᠵᠢ ᠪᠢᠯᠨ ᠃ 
     ᠤᠪᠤᠭ᠎ᠠ ᠯᠤᠤᠰ ᠲᠠᠬᠢᠯᠭ᠎ᠠ ᠶᠢᠨ ᠥᠴᠢᠯ 
     ᠤᠩᠭᠤᠳ ᠲᠡᠭᠷᠢ ᠶᠢᠨ ᠤᠷᠢᠯᠭ᠎ᠠ ᠵᠠᠯᠠᠯᠭ᠎ᠠ ᠂ 
     ᠤᠩᠰᠢᠯᠭ᠎ᠠ ᠳᠠᠯᠠᠯᠭ᠎ᠠ ᠬᠤᠷᠤᠶᠢᠯᠠᠯ 
     ᠤᠯᠤᠰ ᠤᠯᠠᠨ ‍ᠣ ᠳᠠᠭᠠᠳᠬᠠᠯ ᠴᠦ ᠰᠢᠯᠥᠭ ᠃ 
     ᠠᠷᠠᠳ ᠤᠨ ᠳᠠᠭᠤᠤ ᠬᠤᠯᠪᠤᠭ᠎ᠠ 
     ᠠᠮᠠᠨ ᠤᠯᠠᠮᠵᠢᠯᠠᠯ ᠢᠵᠢᠭᠤᠷ ᠰᠤᠶᠤᠯ ᠂ 
     ᠮᠠᠭᠲᠠᠭᠠᠯ ᠢᠷᠥᠭᠡᠯ ᠵᠥᠩᠨᠡᠯ 
     ᠮᠠᠯᠴᠢᠳ ᠤᠨ ᠲᠤᠶᠢᠭ ᠤᠨ ᠳᠠᠭᠤᠤ ᠪᠥᠷ ᠰᠢᠯᠥᠭ ᠃ 
     ᠵᠥᠢᠷ ᠰᠡᠴᠢᠨ ᠦᠭᠡᠰ 
     ᠵᠥᠴᠢᠭᠯᠡᠯ ᠨᠠᠶᠢᠷᠠᠭᠤᠯᠤᠯ 
     ᠶᠥᠮᠡᠷᠯᠢᠭ ᠬᠤᠱᠤᠩ ᠱᠤᠭ 
     ᠶᠥᠭᠡᠲᠡᠭᠡᠬᠥ ᠶᠤᠭᠲᠠᠯᠠᠯ ᠶᠤᠵᠤᠯᠠᠬᠤᠢ ᠴᠦ ᠰᠢᠯᠥᠭ ᠃ 
     ᠤᠳᠬ᠎ᠠ ᠤᠶ᠋ᠩᠭ᠎ᠠ 
     ᠤᠷᠠᠨ ᠨᠠᠶᠢᠷᠠᠭᠯᠠᠯ ᠂ 
     ᠢᠷᠠᠭᠤ ᠨᠠᠶᠢᠷᠠᠭ 
     ᠷᠤᠮᠠᠨ ᠲᠤᠭᠤᠵᠢ ᠵᠤᠬᠢᠶᠠᠯ ᠂ ᠰᠢᠯᠥᠭ ᠦᠨ ᠬᠤᠷᠢᠶᠠᠩᠭᠤᠢ ᠃ 
     ᠤᠷᠠᠯᠢᠭ ᠬᠤᠯᠪᠤᠨ ᠦᠭᠥᠯᠡᠬᠥᠢ 
     ᠤᠬᠠᠭᠠᠯᠢᠭ ᠤᠷᠤᠰᠤᠮ᠎ᠠ ᠴᠤᠢᠷ ᠬᠠᠶᠠᠯᠴᠠᠬᠤᠢ ᠂ 
     ᠢᠷᠭᠤᠭᠤᠯᠠᠨ ᠢᠳᠬᠤᠭᠤᠯᠬᠤᠢ 
     ᠢᠯᠭᠤᠨ ᠬᠦᠦᠷᠨᠢᠯ ᠴᠦ ᠰᠢᠯᠥᠭ ᠶᠤᠮ ᠃ 
     ᠰᠡᠷᠡᠯᠲᠡ ᠰᠡᠭᠡᠭᠡᠷᠡᠯᠲᠡ ᠰᠡᠴᠡᠷᠬᠡᠯᠡᠯ 
     ᠰᠡᠩᠬᠡᠷᠡᠯ ᠰᠡᠳᠬᠢᠯᠲᠡ ᠪᠤᠳᠤᠯᠲᠠ᠂ 
     ᠰᠡᠳᠡᠯᠲᠡ ᠰᠡᠮᠡᠷᠡᠯᠲᠡ ᠤᠶᠢᠯᠠᠯ 
     ᠰᠡᠶᠢᠷᠡᠭᠥᠯᠥᠯ ᠤᠶᠠᠩᠭᠠᠯᠠᠯ ᠴᠦ ᠰᠢᠯᠥᠭ ᠃ 
     ᠤᠷᠴᠠᠯᠠᠩ ᠬᠣᠷᠸ᠎ᠠ ᠶᠢᠨ ᠭᠠᠶᠢᠬᠠᠮᠰᠢᠭ 
     ᠤᠩᠭᠤᠳ ᠪᠠᠭᠤᠭᠰᠠᠨ ᠰᠢᠯᠥᠭᠯᠡᠯ ᠂ 
     ᠤᠶᠤᠨ ‍ᠣ ᠤᠨᠳᠤᠷᠤᠯ ᠨᠠᠶᠢᠷᠠᠯ 
     ᠤᠬᠢ ᠰᠤᠳᠤᠨ ᠤᠢ ᠠᠴᠠ ᠨᠠᠶᠢᠷᠠᠭ ᠭᠠᠷᠤᠨ᠎ᠠ ᠃ 
     ᠪᠢᠯᠢᠭ ᠠᠪᠢᠶᠠᠰ ᠢᠶᠠᠷ ᠪᠢᠰᠢᠯᠭᠠᠭᠰᠠᠨ 
     ᠪᠢᠯᠬᠠᠮ ᠮᠡᠳᠡᠯᠭᠡ ᠶᠢᠨ ᠪᠢᠯᠢᠭᠥᠨ ᠤᠷᠤᠰᠬᠠᠯ ᠂ 
     ᠪᠢᠲᠡᠭᠥᠬᠡᠨ ᠤᠳᠬᠠᠯᠠᠭᠰᠠᠨ ᠤᠴᠢᠯᠠᠯ 
     ᠪᠢᠴᠢᠭᠲᠡᠨ ᠮᠡᠷᠭᠡᠳ ᠦᠨ ᠨᠤᠮᠯᠠᠬᠤᠢ ᠠᠨᠤ ᠰᠢᠯᠥᠭ ᠃ 
     ᠤᠬᠠᠭᠠᠨ ᠠᠴᠠ ᠤᠷᠭᠤᠬᠤᠢ ᠤᠷᠠᠯᠠᠯ 
     ᠤᠴᠢᠷᠯᠠᠨ ᠢᠯᠡᠳᠬᠡᠬᠥᠢ ᠦᠭᠥᠯᠡᠪᠦᠷᠢ ᠂ 
     ᠪᠤᠳᠤᠯ ᠢᠶᠠᠷ ᠪᠤᠯᠪᠠᠰᠤᠷᠠᠭᠤᠯᠤᠭᠰᠠᠨ ᠬᠥᠭ 
     ᠪᠣᠳᠠᠲᠠᠢ ᠠᠮᠢᠳᠤᠷᠠᠯ ᠤᠨ ᠳᠠᠭᠤᠯᠠᠯ ᠪᠤᠯ ᠰᠢᠯᠥᠭ ᠃ 
     ᠤᠭᠲᠤᠷᠭᠤᠢ ᠤᠳᠤᠳ ᠨᠠᠷᠠ ᠰᠠᠷᠠ 
     ᠤᠷᠢᠰᠢᠬᠤᠢ ᠠᠯᠢᠪᠠ ᠪᠦᠬᠥᠢ ᠪᠤᠳᠠᠰ ᠂ 
     ᠤᠨ ᠵᠢᠯ ᠤᠯᠠᠷᠢᠯ ᠬᠤᠪᠢᠷᠠᠯ 
     ᠤᠨᠴᠤᠭᠤᠢ ᠬᠠᠴᠢᠨ ᠰᠤᠨᠢᠨ ᠦᠵᠡᠭᠳᠡᠯ ᠴᠦ ᠰᠢᠯᠥᠭ ᠃ 
     ᠡᠭᠥᠯᠡ ᠮᠠᠨᠠᠨ ᠪᠤᠳᠠᠩ 
     ᠠᠶᠤᠩᠭ᠎ᠠ ᠴᠠᠬᠢᠯᠭᠠᠨ ᠪᠤᠷᠤᠭᠠᠨ ᠰᠤᠯᠤᠩᠭ᠎ᠠ ᠂ 
     ᠠᠭᠤᠷ ᠠᠮᠢᠰᠬᠤᠯ ᠰᠠᠯᠬᠢ ᠮᠥᠨᠳᠥᠷ 
     ᠴᠠᠰᠤ ᠰᠢᠭᠤᠷᠭ᠎ᠠ ᠬᠦᠢᠲᠡᠨ ᠬᠥᠯᠳᠡᠭᠦᠥ ᠴᠦ ᠰᠢᠯᠥᠭ ᠃ 
     ᠠᠭᠤᠯᠠ ᠤᠰᠤ ᠦᠩᠭᠡ ᠦᠵᠡᠮᠵᠢ 
     ᠠᠭᠤᠳᠠᠮ ᠲᠠᠯ᠎ᠠ ᠡᠯᠡᠰᠥ ᠨᠠᠮᠤᠭ ᠂ 
     ᠠᠯᠠᠭ ᠴᠡᠴᠡᠭ ᠤᠷᠭᠤᠮᠠᠯ ᠪᠦᠬᠥᠳᠡ 
     ᠠᠮᠢ ᠠᠬᠤᠢ ᠴᠥᠮ ᠰᠢᠯᠥᠭ ᠃ 
     ᠤᠯᠤᠰ ᠭᠥᠷᠥᠨ ‍ᠣ ᠤᠷᠤᠰᠢᠯ ᠲᠤᠭᠲᠠᠨᠢᠯ 
     ᠤᠭᠰᠠᠭᠠᠲᠠᠨ ᠦᠨᠳᠥᠰᠥᠲᠡᠨ ‍ᠣ ᠠᠵᠥ ᠤᠨᠳᠤᠷᠠᠯ ᠂ 
     ᠬᠠᠮᠲᠤᠷᠠᠯ ᠪᠦᠯᠬᠥᠮᠳᠡᠯ ᠨᠠᠶᠢᠷᠠᠮᠳᠠᠯ ᠨᠦᠬᠥᠷᠯᠡᠯ 
     ᠬᠠᠶᠢᠷ᠎ᠠ ᠬᠠᠯᠠᠮᠵᠢᠯᠠᠯ ᠬᠠᠯᠠᠭᠤᠨ ᠳᠡᠮᠵᠢᠯᠭᠡ ᠴᠦ ᠰᠢᠯᠥᠭ ᠃ 
     ᠡᠩᠬᠡ ᠲᠠᠶᠢᠪᠤᠩ ᠡᠷᠡᠭᠥᠯ ᠮᠡᠨᠳᠥ 
     ᠡᠷᠲᠡᠨ ᠡᠳᠥᠭᠡ ᠡᠷᠳᠡᠮ ᠰᠤᠶᠤᠯ ᠂ 
     ᠬᠤᠪᠢᠰᠬᠠᠯ ᠥᠭᠡᠷᠡᠴᠢᠯᠡᠯᠲᠡ ᠬᠤᠪᠢᠷᠠᠯᠲᠠ 
     ᠬᠤᠪᠢ ᠪᠡᠶ᠎ᠡ ᠬᠤᠶᠢᠴᠢ ᠦᠶ᠎ᠡ ᠴᠦᠮ ᠰᠢᠯᠥᠭ ᠃ 
     ᠬᠦᠰᠡᠯ ᠡᠷᠡᠮᠡᠯᠵᠢᠯᠡᠯ ᠬᠥᠭᠡᠴᠡᠯᠳᠥᠯ 
     ᠬᠦᠷᠬᠥ ᠢᠷᠥᠭᠡᠳᠥᠢ ᠬᠠᠷᠠᠯᠲᠠ ᠂ 
     ᠬᠦᠮᠥᠨ ‍ᠣ ᠰᠠᠶᠢᠨ ᠰᠠᠶᠢᠬᠠᠨ ᠦᠢᠯᠡᠰ 
     ᠬᠦᠭᠵᠢᠯᠲᠡ ᠡᠭᠦᠳᠡᠯᠲᠡ ᠪᠦᠲᠥᠭᠡᠯ ᠮᠦᠨ ᠰᠢᠯᠥᠭ ᠃ 
     ᠦᠴᠥᠬᠡᠨ ᠬᠦᠮᠥᠨ ‍ᠣ ᠦᠭᠡ ᠦᠭᠥᠯᠡᠯ ᠴᠦ 
     ᠦᠨᠡᠬᠡᠷ ᠢᠷᠠᠭᠤ ᠨᠠᠶᠢᠷᠠᠭ ᠪᠠᠶᠢᠵᠥ ᠮᠡᠳᠡᠨ᠎ᠡ ᠂ 
     ᠶᠠᠳᠠᠷᠬᠠᠨ ᠬᠥᠭᠰᠢᠨ  ᠦ ᠶᠠᠩᠰᠢᠶ᠎ᠠ ᠴᠦ 
     ᠶᠠᠭ ᠦᠭᠡᠢ ᠰᠠᠶᠢᠬᠠᠨ ᠰᠢᠯᠥᠭ ᠪᠠᠶᠢᠵᠥ ᠪᠤᠯᠤᠨ᠎ᠠ ᠃ 
     ᠳᠡᠭᠡᠳᠥ ᠬᠡᠮᠵᠢᠶᠡᠨ ‍ᠣ ᠲᠦᠪᠯᠡᠷᠡᠭᠥᠯᠥᠨ ᠬᠤᠷᠶᠶᠠᠩᠭᠤᠶᠢᠯᠠᠬᠤ 
     ᠳᠠᠩᠳ᠋ᠠ ᠤᠶᠠᠩᠭᠠᠯᠢᠭ ᠬᠦᠷᠨᠢᠬᠥᠢ ᠰᠡᠳᠬᠢᠯᠭᠡ ᠂ 
     ᠠᠮᠢᠳᠤᠯᠢᠭ ᠳᠦᠷᠰᠥᠯᠢᠭ ᠵᠢᠷᠤᠭᠯᠠᠯ 
     ᠢᠷᠠᠭᠤ ᠰᠠᠶᠢᠬᠠᠨ ᠬᠡᠯᠡ ᠬᠡᠯᠡᠯᠭᠡ ᠪᠤᠯ ᠰᠢᠯᠥᠭ ᠃ 
     ᠴᠢᠯᠥᠭᠡᠲᠥ ᠬᠡᠮᠵᠢᠶᠡᠲᠥ ᠵᠠᠳᠠᠭᠠᠢ 
     ᠬᠤᠷᠴᠠ ᠰᠤᠩᠭᠤᠳᠠᠭ ᠂ 
     ᠬᠥᠭᠵᠢᠮᠯᠢᠭ ᠠᠶᠢᠵᠢᠮᠯᠢᠭ 
     ᠬᠤᠯᠪᠤᠴᠠ ᠴᠤᠬᠢᠯᠠᠭ᠎ᠠ ᠡᠩ ᠵᠤᠬᠢᠴᠠᠪᠠᠯ ᠰᠢᠯᠥᠭ ᠃ 
     ᠬᠦᠮᠥᠨ ‍ᠣ ᠰᠡᠳᠬᠢᠯ ᠦᠨ ᠬᠦᠪᠴᠢ ᠶ᠋ᠢ ᠴᠢᠪᠬᠠᠳᠠᠬᠤᠢ 
     ᠬᠥᠭᠵᠢᠮ ᠳᠠᠭᠤᠤ ᠠᠶᠠᠯᠭᠤ ᠡᠭᠡᠰᠢᠭ ᠂ 
     ᠶᠢᠷᠲᠢᠨᠴᠥ ᠳᠡᠯᠡᠬᠡᠢ ᠶᠢᠨ ᠶᠠᠭᠤ ᠪᠦᠬᠥᠨ 
     ᠶᠢᠷᠥᠨᠢ ᠰᠢᠯᠥᠭᠴᠢ ᠳ᠋ᠥ ᠰᠢᠯᠥᠭ ᠪᠡᠯᠡᠭᠯᠡᠳᠡᠭ ᠪᠠᠶᠢᠨᠠᠮ ᠃ 
 
                ᠡᠷᠡᠭᠡᠨ ᠂ ᠪᠢᠯᠢᠭ᠍ᠪᠠᠰᠠᠩ ᠵᠤᠬᠢᠶᠠᠪᠠ ᠂ 
                 2019ᠤᠨ ‍ᠣ1 ᠰᠠᠷᠠᠶᠢᠨ31 ‍ᠣ ᠡᠳᠦᠷ ᠂ 
                ᠬᠠᠶᠢᠯᠠᠷ ᠲᠤᠭᠤᠷᠢᠭ ᠲᠣ ᠪᠢᠴᠢᠪᠡᠢ ᠃ 
      
     
      
     
 
    



  
     
     