 

ᠬᠦᠢᠰᠦ ᠲᠣᠯᠣᠭᠠᠢ ᠪᠢᠴᠢᠭᠡᠰᠦ ᠶᠢᠨ ᠵᠠᠳᠠᠯᠤᠯᠲᠠ ᠪᠠ ᠲᠡᠥᠬᠡᠨ ᠣᠴᠢᠷ ᠶᠠᠪᠤᠳᠠᠯ2The Historical Background of Huis Tolgoi

2019-06-09 13:30
  262
  0
  ᠲᠡᠭᠡᠪᠡᠯ ᠡᠨᠳᠡ ᠪᠠᠰᠠ ᠨᠢᠭᠡᠨ ᠠᠰᠠᠭᠤᠯᠲᠠ ᠭᠠᠷᠴᠤ ᠢᠷᠡᠨ᠎ᠡ᠂ ᠶᠠᠭᠠᠬᠢᠭᠠᠳ ᠪᠠᠰᠠ ᠲᠦᠷᠦᠭ ᠬᠠᠭᠠᠨ ᠭᠡᠵᠦ ᠬᠡᠯᠡᠬᠦ ᠶᠤᠮ ᠪᠣᠢ᠃ ᠬᠢᠲᠠᠳ ᠤᠨ ᠲᠠᠩ ᠤᠯᠤᠰ ᠤᠨ ᠦᠶ᠎ᠡ ᠳᠦ ᠪᠢᠴᠢᠭᠰᠡᠨ ᠵᠧᠦ ᠤᠯᠤᠰ ᠤᠨ ᠪᠢᠴᠢᠭ ︵Zhou shu周書 卷50︶ ᠦᠨ ᠲᠠᠪᠢᠳᠤᠭᠠᠷ ᠪᠣᠳᠢ [7] ᠳᠤ ᠨᠢᠭᠡᠨ ᠣᠴᠢᠷ ᠢ ᠲᠡᠮᠳᠡᠭᠯᠡᠵᠡᠢ᠂ ᠳᠠᠷᠤᠢ ᠠᠨᠠᠭᠦᠢ ᠬᠠᠭᠠᠨ ᠤ ᠦᠶ᠎ᠡ ᠳᠦ ᠲᠦᠷᠦᠭᠴᠤᠳ  ᠤᠨ ᠬᠦᠴᠦᠨ ᠴᠢᠳᠠᠯ ᠤᠯᠠᠮ ᠠᠴᠠ ᠤᠯᠠᠮ ᠬᠦᠴᠦᠷᠬᠡᠭᠵᠢᠭᠡᠳ ᠪᠤᠵᠠᠭᠠᠢᠷᠠᠭᠠᠳ ᠲᠦᠷᠦᠭᠦᠦ ᠲᠦᠮᠡᠨ︵土門︶ ᠨᠢ ᠥᠢᠷ᠎ᠠ ᠬᠠᠪᠢ ᠶᠢᠨ ᠠᠢᠮᠠᠭ ᠲᠠᠢ ᠬᠦᠴᠦᠨ ᠬᠠᠮᠰᠠᠨ ᠨᠢᠷᠢ ᠭᠦᠷᠦᠨ ᠢ ᠰᠦᠷᠳᠡᠭᠦᠯᠵᠦ ᠪᠠᠢᠭᠰᠠᠨ᠂ ᠢᠯᠠᠩᠭᠤᠶ᠎ᠠ ᠳ᠋ᠠ ᠲᠤᠩ ᠤᠨ12 ᠣᠨ︵大統十二年︶ᠪᠤᠶᠤ ᠣᠨ ᠲᠣᠭᠠᠯᠠᠯ ᠤᠨ546 ᠣᠨ ᠳᠤ Tiele︵鐵勒︶ ᠠᠢᠮᠠᠭ ᠲᠠᠢ ᠬᠠᠮᠰᠠᠨ ᠨᠢᠷᠢ ᠭᠦᠷᠦᠨ ᠡᠰᠡᠷᠭᠦ ᠳᠠᠭᠠᠷᠢᠨ ᠴᠣᠬᠢᠵᠤ ᠲᠠᠪᠤᠨ ᠲᠦᠮᠡᠨ ᠢᠯᠡᠭᠦᠦ ᠬᠦᠮᠦᠰ ᠢ ᠣᠯᠵᠠᠯᠠᠨ ᠶᠡᠬᠡᠳᠡ ᠢᠯᠠᠯᠲᠠ ᠣᠯᠣᠭᠰᠠᠨ ᠡᠷᠬᠡᠨ ᠳᠡᠬᠡᠨ ᠠᠨᠠᠭᠦᠢ ᠬᠠᠭᠠᠨ ᠠᠴᠠ ᠣᠷᠣᠭ ᠪᠣᠯᠬᠤ ᠶᠢ ᠱᠠᠭᠠᠷᠳᠠᠭᠰᠠᠨ ᠳᠦ ᠠᠨᠠᠭᠦᠢ ᠬᠠᠭᠠᠨ ᠡᠯᠴᠢ ᠲᠣᠮᠢᠯᠠᠨ︽ ᠲᠡᠮᠦᠷ ᠦᠨ ᠪᠣᠭᠣᠯ ᠴᠢ ᠠᠶᠤᠮᠰᠢᠭ ᠦᠭᠡᠢ ᠪᠢᠲᠡᠭᠡᠢ ᠠᠭᠠᠰᠢᠯᠠᠭᠲᠤᠨ︾ ᠭᠡᠵᠦ ᠬᠡᠯᠡᠬᠦᠢ ᠳᠦ ᠲᠦᠮᠡᠨ ᠢᠴᠢᠩᠭᠦᠷᠡᠨ ᠠᠭᠤᠷᠯᠠᠨ ᠡᠯᠴᠢ ᠶᠢ ᠨᠢ ᠠᠯᠠᠭᠰᠠᠨ ᠪᠠᠢᠳᠠᠭ᠃ ᠣᠨ ᠲᠣᠭᠠᠯᠠᠯ ᠤᠨ552 ᠣᠨ  ᠤ ᠥᠭᠡᠯᠵᠢᠨ ᠰᠠᠷ᠎ᠠ ᠳᠤ ᠲᠦᠮᠡᠨ ᠳᠠᠬᠢᠨ ᠨᠢᠷᠢ ᠭᠥᠷᠥᠨ ᠢ ᠳᠠᠭᠠᠷᠢᠨ ᠴᠣᠬᠢᠭᠠᠳ ᠠᠨᠠᠭᠦᠢ ᠬᠠᠭᠠᠨ ᠶᠡᠬᠡᠳᠡ ᠢᠯᠠᠭᠳᠠᠨ ᠪᠡᠶ᠎ᠡ ᠪᠡᠨ ᠬᠣᠣᠷᠯᠠᠭᠰᠠᠨ ᠪᠠᠢᠳᠠᠭ᠃ ᠡᠨᠡᠬᠥ ᠣᠴᠢᠷ ᠠᠴᠠ ᠦᠵᠡᠪᠡᠯ ᠲᠦᠷᠦᠭᠴᠤᠳ ᠤᠤᠯ ᠳᠠᠭᠠᠨ ᠨᠢᠷᠢ ᠭᠦᠷᠦᠨ ᠦ ᠲᠡᠮᠦᠷ ᠦᠨ ᠪᠣᠭᠣᠯ ᠪᠠᠢᠭᠰᠠᠨ᠂ ᠲᠡᠳᠡᠨ ᠦ ᠬᠦᠴᠦᠨ ᠪᠤᠵᠠᠭᠠᠢᠷᠠᠬᠤ ᠶᠢ ᠳᠠᠭᠠᠯᠳᠤᠨ ᠨᠢᠷᠢ ᠭᠦᠷᠦᠨ ᠲᠠᠢ ᠡᠳᠦᠷ ᠢᠷᠡᠬᠦᠯ᠎ᠡ ᠵᠥᠷᠢᠴᠡᠯᠳᠦᠭᠡᠨ ᠮᠥᠷᠭᠥᠯᠳᠦᠭᠡᠨ ᠭᠠᠷᠴᠤ ᠪᠠᠢᠭᠰᠠᠨ᠂ ᠲᠡᠭᠡᠪᠡᠯ ᠠᠨᠠᠭᠦᠢ ᠬᠠᠭᠠᠨ ᠡᠨᠡᠬᠥ ᠬᠦᠰᠢᠶ᠎ᠡ ᠶᠢ ᠳᠡᠭᠦᠦ ᠳᠡᠬᠡᠨ ᠪᠣᠰᠬᠠᠬᠤ ᠳᠠᠭᠠᠨ ᠤᠯᠤᠰ ᠲᠥᠷᠥ ᠶᠢᠨ ᠬᠠᠷᠠᠯᠲᠠ ᠶᠢᠨ ᠡᠭᠦᠳᠡᠨ ᠡᠴᠡ ᠲᠦᠷᠦᠭ ᠪᠣᠭᠣᠯ ᠤᠨ ᠬᠠᠭᠠᠨ ᠪᠣᠯ ᠨᠢᠷᠢ ᠬᠠᠭᠠᠨ ᠲᠦᠷᠦᠭ ᠬᠠᠭᠠᠨ ᠭᠡᠵᠦ ᠪᠢᠴᠢᠭᠰᠡᠨ ᠪᠠᠢᠵᠤ ᠪᠣᠯᠬᠤ ᠶᠤᠮ᠃   
  ᠬᠠᠭᠠᠨ ᠤ ᠬᠠᠲᠤᠨ ᠨᠠᠷ ᠭᠡᠬᠥ ᠨᠢ ᠳᠠᠷᠦᠢ ᠳᠣᠯᠤ ᠬᠠᠭᠠᠨ ᠤ ᠳᠢᠸᠠᠨ ᠬᠠᠲᠤᠨ ᠪᠠ ᠡᠵᠢ ᠬᠠᠲᠤᠨ᠂ ᠳᠡᠭᠦᠦ ᠤᠳ ᠨᠠᠷ ᠭᠡᠬᠦ ᠨᠢ ᠳᠠᠷᠦᠢ ᠵᠠᠬ᠎ᠠ ᠪᠣᠳᠢ ᠪᠠ Yǐjufa︵乙居伐︶ ᠳᠡᠭᠥᠥ ᠪᠡᠨ ᠵᠢᠭᠠᠵᠤ ᠪᠠᠢᠭ᠎ᠠ ᠪᠥᠭᠡᠳ ᠨᠠᠢ᠌ᠮᠠᠳᠤᠭᠠᠷ ᠮᠦᠷ ᠦᠨ ᠲᠤᠲᠤᠭ᠎ᠠ ᠳᠡᠭᠥᠥ ᠴᠤ ᠪᠣᠯᠬᠤ ᠪᠣᠯᠣᠯᠴᠠᠭᠠᠲᠠᠢ᠂ ᠨᠢᠷᠢ ᠬᠠᠭᠠᠨ ᠪᠠ ᠲᠥᠷᠥᠭ ᠬᠠᠭᠠᠨ ᠨᠢ ᠳᠣᠯᠤ ᠬᠠᠭᠠᠨ ᠢ ᠵᠢᠭᠠᠵᠤ ᠪᠠᠢᠭ᠎ᠠ᠃   
  ᠡᠨᠡ ᠮᠦᠷ ᠦᠨ ᠨᠠᠷ᠎ᠡ ᠪᠠ ᠴᠣᠯᠠ ᠵᠡᠷᠭᠡ ᠡᠴᠡ ᠦᠵᠡᠪᠡᠯ ᠳᠠᠩ ᠥᠭᠦᠯᠡᠪᠦᠷᠢ ᠪᠢᠰᠢ ᠪᠠᠢᠨ᠎ᠠ᠂ ᠬᠠᠷᠢᠨ4 ᠪᠠ 5 ᠵᠢᠴᠢ 6 ᠳ᠋ᠤᠭᠠᠷ ᠮᠦᠷ ᠬᠠᠮᠲᠤᠷᠠᠨ ᠨᠢᠭᠡᠨ ᠥᠭᠦᠯᠡᠪᠦᠷᠢ ᠪᠣᠯᠣᠨ᠎ᠠ᠃   
   
   
  6 ᠵᠢᠷᠭᠤᠳᠤᠭᠠᠷ ᠮᠦᠷ ᠲᠦ   
  u-c | dro | ta ya ju| χšä rä | ha-r gä-n | ba-r go-×| pa-l χšä -r | + χša cä | hä-g bä-j   
  u-c ᠬᠡᠮᠡᠬᠦ ᠦᠰᠦᠭ  ᠤᠨ ᠪᠠᠰᠠ ᠨᠢᠭᠡᠨ ᠠᠪᠢᠶ᠎ᠠ ᠪᠣᠯ un ᠪᠣᠯᠥᠨ᠎ᠠ ᠭᠡᠵᠦ Dieter Maue [3] ᠡᠷᠳᠡᠮᠲᠡᠨ ᠦᠭᠦᠯᠡᠯ ᠳᠡᠬᠡᠨ ᠪᠢᠴᠢᠭᠰᠡᠨ ᠪᠠᠢᠳᠠᠭ᠂ ᠬᠡᠷᠪᠡ ᠡᠮᠦᠨ᠎ᠠ ᠮᠦᠷ ᠪᠠ ᠡᠨᠡ ᠮᠦᠷ ᠦᠨ ᠠᠭᠤᠯᠭ᠎ᠠ ᠶᠢ ᠬᠠᠷᠢᠴᠠᠭᠤᠯᠤᠭᠠᠳ ᠰᠤᠳᠤᠯᠪᠠᠯ  un ᠭᠡᠵᠦ ᠤᠩᠰᠢᠬᠤ ᠨᠢ ᠵᠥᠪ᠂ ᠳᠠᠷᠦᠢ ᠮᠣᠩᠭᠣᠯ ᠬᠡᠯᠡᠨ ᠦ ᠡᠭᠦᠨ ᠪᠤᠶᠤ᠃   
  dro ᠬᠡᠮᠡᠬᠦ ᠦᠰᠦᠭ ᠨᠢ ᠮᠣᠩᠭᠣᠯ ᠬᠡᠯᠡᠨ ᠦ ᠳᠣᠣᠷ᠎ᠠ ᠪᠤᠶᠤ ᠳ᠋ᠤᠷ ᠲᠣᠷ ᠭᠡᠬᠦ ᠥᠭᠬᠦ ᠣᠷᠣᠰᠢᠬᠤ ᠶᠢᠨ ᠲᠡᠢᠨ ᠢᠯᠭᠠᠯ ᠤᠨ ᠳᠠᠭᠠᠪᠤᠷᠢ ᠯᠤᠭ᠎ᠠ ᠮᠠᠰᠢ ᠰᠠᠢᠬᠠᠨ ᠲᠠᠭᠠᠷᠠᠨ᠎ᠠ᠃   
  tayaju ᠡᠨᠡᠬᠥ ᠦᠭᠡ ᠶᠢ Alexander Vovin ᠡᠷᠳᠡᠮᠲᠡᠨ ᠲᠠᠬᠢᠵᠤ ᠭᠡᠵᠦ ᠪᠠᠭᠤᠯᠭᠠᠪᠠ᠂ ᠭᠡᠪᠡᠴᠦ ᠪᠠᠰᠠ ᠲᠠᠶᠠᠵᠤ ᠬᠠᠶᠠᠬᠤ ᠶᠢᠨ ᠲᠠᠶᠠᠵᠤ ᠪᠠᠰᠠ ᠮᠠᠭᠠᠳ᠃ ᠪᠢ ᠡᠨᠳᠡ ᠪᠠᠰᠠ ᠲᠠᠬᠢᠵᠤ ᠭᠡᠵᠦ ᠪᠠᠭᠤᠯᠭᠠᠪᠠ᠂ ᠠᠭᠤᠯᠭ᠎ᠠ ᠨᠢ ᠪᠦᠷ ᠡᠨᠳᠡ ᠣᠷᠣᠰᠢᠭᠤᠯᠤᠭᠰᠠᠨ ᠬᠡᠮᠡᠬᠦ ᠰᠠᠨᠠᠭᠠᠲᠠᠢ᠃   
  XIRI hargin ᠭᠡᠵᠦ ᠪᠣᠢ᠂ ᠠᠷᠭᠢᠨ ᠬᠡᠮᠡᠬᠦ ᠬᠦᠮᠥᠨ ᠤ ᠨᠡᠷ᠎ᠡ ᠪᠤᠯᠠᠢ᠂ ᠤᠴᠢᠷ ᠨᠢ ᠡᠮᠦᠨ᠎ᠡ ᠨᠢXIRI ᠬᠡᠮᠡᠬᠦ ᠦᠰᠦᠭ ᠲᠠᠢ᠂ ᠠᠨᠠᠭᠦᠢ ᠲᠠᠢ ᠠᠳᠠᠯᠢ ᠷᠦᠷᠠᠨ ᠬᠦᠮᠦᠨ ᠪᠣᠯᠣᠨ᠎ᠠ᠂᠂ Étienne de la Vaissière ᠡᠷᠳᠡᠮᠲᠡᠨ ᠡᠨᠡ ᠬᠦᠮᠦᠨ ᠢ ᠠᠨᠠᠭᠦᠢ ᠶᠢᠨ ᠡᠵᠢ [14] ᠬᠡᠮᠡᠨ ᠲᠠᠭᠠᠮᠠᠭᠯᠠᠵᠠᠢ᠂ ᠪᠢ ᠥᠪᠡᠷᠲᠡᠭᠡᠨ ᠬᠠᠷᠢᠨ ᠠᠨᠠᠭᠦᠢ ᠶᠢᠨ ᠬᠦᠦ An luochen︵庵罗辰︶ ᠭᠡᠵᠦ ᠪᠣᠳᠣᠵᠤ ᠪᠠᠢᠨ᠎ᠠ᠂ ᠡᠨᠡ ᠬᠢᠲᠠᠳ ᠦᠰᠦᠭ  ᠦᠨ ᠡᠷᠲᠡᠨ ᠤ ᠠᠪᠢᠶ᠎ᠠ ᠶᠢ ᠰᠡᠷᠭᠦᠭᠡᠪᠡᠯ ᠳᠠᠷᠦᠢ ʔAm la jiən ᠪᠣᠯᠣᠨ᠎ᠠ (ᠬᠦᠰᠦᠨᠦᠭ H- 5)᠃ ᠡᠨᠡᠬᠥ ᠭᠡᠷᠡᠯᠲᠦ ᠬᠦᠰᠢᠶᠡᠨ ᠦ harigin ᠯᠤᠭ᠎ᠠ ᠢᠵᠢᠯᠢᠬᠡᠨ ᠤᠴᠢᠷ ᠠᠴᠠ ᠠᠨᠠᠭᠦᠢ  ᠬᠠᠭᠠᠨ ᠤ ᠬᠥᠪᠡᠭᠡᠨ ᠪᠣᠯᠣᠨ᠎ᠠ᠂ ᠣᠷᠴᠢᠨ ᠴᠠᠭ ᠤᠨ ᠮᠣᠩᠭᠣᠯ ᠬᠡᠯᠡᠨ ᠳᠦ ᠠᠷᠭᠢᠨ ᠭᠡᠵᠦ ᠪᠠᠭᠤᠯᠭᠠᠪᠠ᠃    
   
       
  ᠠᠨᠠᠭᠦᠢ ᠬᠠᠭᠠᠨ ᠤ ᠬᠦᠦ ᠠᠷᠭᠢᠨ ᠪᠣᠯᠪᠠᠰᠤ ᠷᠦᠷᠠᠨ ᠭᠥᠷᠥᠨ ᠦ ᠰᠡᠭᠦᠯᠴᠢ  ᠶᠢᠨ ᠦᠶ᠎ᠡ ᠶᠢᠨ ᠬᠠᠭᠠᠨ ᠪᠣᠯᠣᠨ᠎ᠠ᠂ ᠠᠨᠠᠭᠦᠢ ᠬᠠᠭᠠᠨ 552 ᠣᠨ ᠳᠤ ᠲᠦᠷᠦᠭ ᠬᠦᠮᠦᠰ ᠲᠦ ᠳᠡᠢᠯᠦᠭᠳᠡᠨ ᠪᠡᠶ᠎ᠡ ᠪᠡᠨ ᠬᠣᠷᠣᠭᠠᠵᠤ ᠨᠠᠰᠤᠨ ᠥᠭᠡᠳᠡ ᠪᠣᠯᠣᠭᠰᠠᠨ ᠦ ᠳᠠᠷᠠᠭ᠎ᠠ ᠠᠷᠭᠢᠨ ᠡᠮᠦᠨᠡᠰᠢ ᠴᠢ ᠤᠯᠤᠰ ᠲᠤ ᠬᠣᠷᠭᠣᠳᠠᠨ ᠰᠠᠭᠤᠭᠠᠳ 554 ᠣᠨ ᠳᠤ ᠨᠢᠷᠢ ᠤᠯᠤᠰ ᠲᠤ ᠪᠤᠴᠠᠵᠤ ᠳᠤᠲᠠᠭᠠᠵᠤ ᠬᠠᠷᠢᠬᠤ ᠵᠠᠮ ᠳᠠᠭᠠᠨ ᠴᠢ ᠤᠯᠤᠰ ᠴᠡᠷᠢᠭ ᠬᠥᠳᠡᠯᠭᠡᠭᠡᠨ ᠡᠬᠡᠨᠡᠷ ᠬᠡᠦᠬᠡᠳ ᠢ ᠨᠢ ᠣᠯᠵᠠᠯᠠᠨ ᠠᠪᠤᠭᠠᠳ ᠲᠦᠰᠢᠮᠡᠯ ᠠᠷᠠᠳ ᠢ ᠬᠣᠷᠢᠨ ᠭᠠᠵᠠᠷ ᠬᠢᠲᠤᠪᠠ ᠭᠡᠵᠡᠢ᠂ ᠠᠷᠭᠢᠨ ᠭᠠᠨᠴᠠ ᠮᠣᠷᠢ ᠲᠠᠢ Yan Gu︵巖谷︶ ᠠᠭᠤᠯᠠ ᠶᠢ ᠳᠠᠪᠠᠨ ᠵᠢᠭᠤᠳᠠᠪᠠᠢ ᠬᠡᠮᠡᠨ ᠬᠢᠲᠠᠳ ᠤᠨ ᠡᠷᠲᠡᠨ ᠦ ᠪᠢᠴᠢᠭ [15]  ᠲᠤ ᠲᠡᠮᠳᠡᠭᠯᠡᠪᠡ᠃   
  ᠳᠡᠭᠡᠷ᠎ᠡ ᠬᠣᠶᠠᠳᠤᠭᠠᠷ ᠮᠦᠷ ᠲᠦ ᠪᠠᠰᠠ XIRI ᠠᠨᠠᠭᠦᠢ ᠭᠡᠵᠡᠢ ᠡᠨᠡ ᠮᠦᠷ ᠲᠦ ᠪᠠᠰᠠXIRI ᠠᠷᠭᠢᠨ ᠭᠡᠰᠡᠨ᠂ ᠲᠡᠢᠮᠦ ᠡᠴᠡ ᠡᠨᠡ XIRI ᠦᠰᠦᠭ ᠪᠣᠯ ᠵᠥᠪᠬᠡᠨ ᠨᠢᠷᠢ ᠭᠥᠷᠥᠨ ᠦ ᠬᠠᠭᠠᠨ ᠤ ᠣᠪᠣᠭ ᠪᠣᠯᠬᠤ ᠶᠤᠮ᠃ ᠳᠠᠷᠦᠢ ᠬᠢᠲᠠᠳ ᠰᠤᠷᠪᠤᠯᠵᠢ ᠪᠢᠴᠢᠭ ᠦᠨ ᠨᠢᠷᠢ ᠬᠠᠭᠠᠨ ᠤ ᠣᠪᠣᠭ Yujiulu(郁久闾 )ᠯᠤᠭ᠎ᠠ ᠲᠣᠬᠢᠷᠠᠯᠴᠠᠮᠤᠢ᠃   
  ᠬᠢᠲᠠᠳ ᠤᠨ ᠲᠡᠣᠬᠡᠨ ᠰᠤᠷᠪᠤᠯᠵᠢ ᠪᠢᠴᠢᠭ ᠲᠤ [4] ᠨᠢᠷᠢ ᠭᠥᠷᠥᠨ ᠢ ᠡᠭᠦᠰᠬᠡᠨ ᠪᠠᠢᠭᠤᠯᠤᠭᠴᠢ ᠪᠣᠯ mugulu︵木骨閭︶ ᠪᠣᠯᠣᠨ᠎ᠠ᠂ ᠦᠰᠦ ᠨᠢ ᠬᠥᠮᠥᠰᠬᠡ ᠬᠦᠷᠴᠦᠬᠦᠢ ᠬᠡᠮᠡᠨ ᠮᠤᠬᠤᠷ ᠲᠣᠯᠣᠭᠠᠢᠲᠤ ᠭᠡᠵᠡᠢ᠂ ᠬᠡᠦᠬᠡᠳ ᠬᠣᠢᠴᠢᠰ ᠨᠢ Yujiulu︵郁久閭︶  ᠢ mugulu ᠲᠠᠢ ᠠᠪᠢᠶ᠎ᠠ ᠣᠢᠷᠠᠬᠠᠨ ᠬᠡᠮᠡᠨ ᠬᠠᠭᠠᠨ ᠤ ᠣᠪᠣᠭ ᠪᠣᠯᠭᠠᠵᠤᠬᠤᠢ ᠬᠡᠮᠡᠨ ᠲᠡᠮᠳᠡᠭᠯᠡᠭᠰᠡᠨ ᠪᠠᠢᠳᠠᠭ᠃ ᠡᠨᠳᠡᠬᠢ mugulu ᠨᠢ ᠮᠣᠩᠭᠣᠯ ᠬᠡᠯᠡᠨ ᠦ ᠮᠤᠬᠤᠷ ᠬᠡᠮᠡᠨ ᠠᠷᠪᠢᠨ ᠡᠷᠳᠡᠮᠲᠡᠳ ᠪᠠᠲᠤᠯᠠᠭᠰᠠᠨ ᠪᠠᠢᠳᠠᠭ᠂ ᠮᠢᠨᠢ ᠦᠵᠡᠬᠦ ᠪᠠᠷ ᠮᠠᠰᠢ ᠵᠥᠪ᠂ mugulu ᠶᠢᠨ ᠡᠷᠲᠡᠨ ᠦ ᠠᠪᠢᠶ᠎ᠠ ᠨᠢ muk ku«t l˜(Wo᠂ ᠮᠤᠬᠤᠷ ᠯᠤᠭ᠎ᠠ ᠮᠠᠰᠢ ᠢᠵᠢᠯ᠃  
   ᠲᠡᠭᠡᠪᠡᠯ ᠪᠢ ᠡᠨᠳᠡ ᠵᠣᠷᠢᠭᠲᠠᠢ ᠨᠢᠭᠡᠨ ᠲᠠᠭᠠᠮᠠᠭᠯᠠᠯ ᠬᠢᠭᠰᠡᠨ᠂ ᠳᠠᠷᠦᠢ ᠮᠤᠬᠤᠷ ᠬᠠᠭᠠᠨ ᠤ ᠬᠣᠢᠴᠢᠰ ᠮᠤᠬᠤᠷ ᠬᠡᠮᠡᠬᠦ ᠦᠭᠡ ᠢ ᠣᠪᠣᠭ ᠪᠣᠯᠭᠠᠬᠤ ᠳᠤ ᠲᠣᠬᠢᠷᠠᠮᠵᠢ ᠦᠭᠡᠢ ᠬᠡᠮᠡᠨ ᠮᠤᠬᠤᠷ ᠤᠨ ᠮ ᠭᠡᠢᠭᠦᠯᠦᠭᠴᠢ ᠪᠠ ᠣ ᠡᠭᠡᠰᠢᠭ ᠶᠢ ᠨᠢ ᠠᠪᠴᠤ ᠬᠠᠶᠠᠭᠠᠳ ᠦᠯᠡᠳᠡᠭᠰᠡᠨ ᠬᠢᠷᠢ ︵ᠢᠷ︶ᠪᠤᠶᠤ ᠬᠠᠷ ︵ᠠᠷ︶ ᠢᠶᠡᠷ ᠣᠪᠣᠭ ᠪᠣᠯᠭᠠᠪᠠ᠂ ᠳᠠᠷᠦᠢ ᠡᠨᠡᠬᠥ ᠭᠡᠷᠡᠯᠲᠦ ᠬᠦᠰᠢᠶᠡᠨ ᠦ XIRI ᠯᠦ᠋ᠭᠡ ᠮᠠᠰᠢ ᠰᠠᠢᠬᠠᠨ ᠲᠠᠭᠠᠷᠠᠨ᠎ᠠ᠂ ᠡᠢᠮᠦ ᠡᠴᠡ ᠡᠨᠡ ᠨᠢ ᠪᠠᠰᠠ ᠬᠢᠲᠠᠳ ᠤᠨ ᠲᠡᠦᠬᠡᠨ ᠰᠤᠷᠪᠤᠯᠵᠢ ᠪᠢᠴᠢᠭ ᠦᠨ ᠮᠤᠬᠤᠷ︵木骨閭︶ ᠪᠠ ᠬᠢᠷᠢ︵ᠪᠤᠶᠤ ᠬᠠᠷ郁久闾︶ ᠨᠢ ᠠᠳᠠᠯᠢᠪᠲᠤᠷ ᠠᠪᠢᠶ᠎ᠠ ᠲᠠᠢ ᠭᠡᠬᠦ ᠲᠡᠥᠬᠡᠨ ᠲᠡᠮᠳᠡᠭᠡᠯᠡᠯ ᠲᠠᠢ ᠶᠠᠪ ᠴᠠᠪ ᠲᠠᠭᠠᠷᠠᠨ᠎ᠠ᠃ ᠨᠠᠷᠢᠨ ᠠᠭᠤᠯᠭ᠎ᠠ ᠨᠢ ᠳᠣᠣᠷᠠᠬᠢ ᠬᠦᠰᠦᠨᠦᠭ H- 6 ᠮᠡᠲᠦ᠃  
  
     
  
  bargol ᠬᠡᠮᠡᠬᠦ ᠦᠭᠡ ᠪᠠᠷᠢᠯᠭ᠎ᠠ ᠶᠢᠨ ᠪᠠᠷᠢ ᠲᠠᠢ ᠢᠵᠠᠭᠤᠷ ᠨᠢᠭᠡ ᠭᠡᠵᠦ ᠦᠵᠡᠵᠦ ᠪᠣᠢ᠂ ᠭᠡᠪᠡᠴᠦ ᠬᠣᠢᠨᠠᠬᠢ ᠦᠭᠡ ᠨᠢ ᠨᠣᠶᠠᠳ ᠤᠨ ᠠᠯᠪᠠᠨ ᠲᠤᠰᠢᠶᠠᠯ ᠤᠨ ᠨᠡᠷ᠎ᠡ ᠪᠣᠯᠣᠯᠴᠠᠭᠠᠲᠠᠢ ᠪᠣᠯᠬᠣᠷ ᠡᠨᠡᠬᠥ ᠦᠭᠡ ᠨᠢ ᠬᠦᠮᠦᠨ ᠦ ᠨᠡᠷ᠎ᠡ ᠪᠣᠯᠬᠤ ᠨᠢ ᠵᠥᠪ ᠶᠤᠮ᠃  
  palxir ᠡᠳᠤᠭᠡ ᠲᠠᠢᠯᠪᠤᠷᠢᠯᠠᠵᠤ ᠳᠡᠢᠯᠬᠦ ᠦᠭᠡᠢ᠂ ᠡᠨᠡ ᠦᠭᠡ ᠳᠥᠷᠪᠡᠳᠦᠭᠡᠷ ᠮᠦᠷ ᠦᠨ prur ᠪᠠ putag ᠠᠳᠠᠯᠢ ᠫᠠ ᠬᠡᠮᠡᠬᠦ ᠭᠡᠢᠭᠦᠯᠦᠭᠴᠢ ᠪᠡᠷ ᠡᠬᠢᠯᠡᠭᠰᠡᠨ ᠣᠴᠢᠷ ᠠᠴᠠ ᠰᠣᠭᠳᠠ ᠭᠠᠷᠤᠯ ᠲᠠᠢ ᠦᠭᠡ ᠪᠥᠭᠡᠳ ᠨᠣᠶᠠᠨ ᠲᠤᠰᠢᠶᠠᠯᠲᠠᠨ ᠤ ᠠᠯᠪᠠᠨ ᠨᠡᠷ᠎ᠡ ᠪᠣᠯᠬᠤ ᠪᠣᠯᠥᠯᠴᠭ᠎ᠠ ᠶᠡᠬᠡ ᠶᠤᠮ᠃  
  xaci ᠪᠣᠯ haci ᠠᠴᠢ ᠬᠡᠮᠡᠬᠦ ᠦᠭᠡ ᠪᠣᠯᠠᠢ᠃   
  ᠠᠷᠪᠠᠨ ᠭᠤᠷᠪᠠᠳᠤᠭᠠᠷ  ᠵᠠᠭᠤᠨ ᠤ ᠮᠣᠩᠭᠣᠯ ᠤᠨ ᠨᠢᠭᠤᠴᠠ ᠲᠣᠪᠴᠢᠶᠠᠨ  ᠤ[12] ︵53 ᠪᠦᠯᠦᠭ P90︶  ᠬᠢᠲᠠᠳ ᠡᠬᠢ  ᠪᠢᠴᠢᠭ ᠳᠦ ᠠᠴᠢ ᠭᠡᠬᠦ ᠦᠭᠡ ᠶᠢ ᠬᠠᠴᠢ︵哈赤hachi︶ ᠭᠡᠵᠦ ᠲᠡᠮᠳᠡᠭᠯᠡᠵᠦ ᠪᠠᠢᠭᠰᠠᠨ ᠪᠠᠢᠳᠠᠭ ᠪᠥᠭᠡᠳ ᠠᠴᠢ ᠡᠨᠡᠷᠢᠯ ᠪᠠ ᠦᠰᠢᠶ᠎ᠡ ᠬᠣᠷᠣᠰᠤᠯ ᠭᠡᠵᠦ ᠬᠣᠶᠠᠷ ᠡᠰᠡᠷᠭᠦ ᠤᠤᠳᠬ᠎ᠠ ᠲᠠᠢ ᠪᠠᠢᠳᠠᠭ᠃ ᠠᠮᠪᠠᠭᠠᠢ ᠬᠠᠭᠠᠨ ᠲᠠᠲ᠋ᠠᠷ ᠢᠷᠭᠡᠨ ᠳᠦ ᠪᠠᠷᠢᠭᠳᠠᠨ ᠠᠯᠲᠠᠨ ᠤᠯᠤᠰ ᠲᠤ ᠬᠦᠷᠭᠡᠭᠳᠡᠨ ᠲᠠᠮᠤᠯᠠᠭᠳᠠᠨ ᠨᠠᠰᠤᠨ ᠥᠭᠡᠳᠡ ᠪᠣᠯᠬᠤ ᠠᠴᠠ ᠡᠮᠦᠨ᠎ᠡ ᠬᠠᠴᠢ︵ ᠦᠰᠢᠶ᠎ᠡ︶ ᠶᠢ ᠮᠢᠨᠢ ᠠᠪᠤᠭᠲᠤᠨ ᠭᠡᠵᠦ ᠭᠡᠷᠢᠶᠡᠰ ᠦᠯᠡᠳᠡᠭᠡᠭᠰᠡᠨ ᠪᠠᠢᠳᠠᠭ ᠶᠤᠮ᠃ ᠡᠢᠮᠦ ᠡᠴᠡ ᠵᠢᠷᠭᠤᠳᠤᠭᠠᠷ ᠵᠠᠭᠤᠨ ᠤ ᠨᠢᠷᠢ ᠬᠠᠭᠠᠨᠲᠤ ᠭᠥᠷᠥᠨ ᠦ ᠦᠶᠡᠰ ᠦᠨ ᠮᠣᠩᠭᠣᠯ ᠬᠡᠯᠡᠨ ᠦ ᠬᠠᠴᠢ ᠬᠡᠮᠡᠬᠦ ᠦᠭᠡ ᠠᠷᠪᠠᠨ ᠭᠤᠷᠪᠠᠳᠤᠭᠠᠷ ᠵᠠᠭᠤᠨ  ᠤ ᠶᠡᠬᠡ ᠮᠣᠩᠭᠣᠯ ᠤᠯᠤᠰ ᠬᠦᠷᠲᠡᠯ᠎ᠡ ᠬᠤᠪᠢᠷᠠᠭᠰᠠᠨ ᠦᠭᠡᠢ ᠪᠠᠢᠵᠠᠢ᠃  
   ᠪᠠᠰᠠ ᠠᠨᠠᠭᠦᠢ ᠬᠠᠭᠠᠨ ᠤ ᠬᠥᠪᠡᠭᠦᠨ ᠠᠷᠭᠢᠨ ᠪᠣᠯ ᠵᠠᠬ᠎ᠠ ᠶᠢᠨ ᠠᠴᠢ ᠬᠦᠦ ᠪᠣᠯᠣᠨ᠎ᠠ᠂ ᠮᠠᠰᠢ ᠰᠠᠢᠬᠠᠨ ᠲᠠᠭᠠᠷᠠᠵᠤ ᠪᠠᠢᠭ᠎ᠠ᠂ ᠭᠡᠪᠡᠴᠦ ᠬᠣᠢᠨᠠᠬᠢ ᠦᠭᠡ ᠲᠠᠢ ᠬᠣᠯᠪᠣᠪᠠᠯ ᠬᠠᠷᠢᠨ ᠠᠴᠢ ᠬᠦᠦ  ᠭᠡᠰᠡᠨ ᠰᠠᠨᠠᠭ᠎ᠠ ᠪᠢᠰᠢ ᠬᠠᠷᠢᠨ ᠠᠴᠢ ᠡᠨᠡᠷᠢᠯ ᠦᠨ ᠠᠴᠢ ᠪᠣᠯᠣᠨ᠎ᠠ᠃   
  hagabaj ᠬᠡᠷᠪᠡ ᠡᠨᠡ ᠦᠭᠡ ᠶᠢᠨ ᠬᠠ ᠶᠢ ᠠᠪᠴᠤ ᠬᠠᠶᠠᠪᠠᠯ ᠢᠪᠡᠭᠡᠵᠡᠢ ᠭᠡᠬᠦ ᠣᠷᠴᠢᠨ ᠴᠠᠭ ᠤᠨ ᠮᠣᠩᠭᠣᠯ ᠦᠭᠡ ᠲᠠᠢ ᠮᠠᠰᠢ ᠢᠵᠢᠯᠢᠬᠡᠨ ᠪᠠᠢᠨ᠎ᠠ᠃  
  ᠠᠷᠪᠠᠨ ᠭᠤᠷᠪᠠᠳᠤᠭᠠᠷ  ᠵᠠᠭᠤᠨ ᠤ ᠮᠣᠩᠭᠣᠯ ᠤᠨ ᠨᠢᠭᠤᠴᠠ ᠲᠣᠪᠴᠢᠶᠠᠨ [12] ︵125 ᠪᠦᠯᠦᠭ P226︶  ᠳᠤ ᠴᠢᠩᠭᠢᠰ ᠬᠠᠭᠠᠨ ᠲᠡᠭᠷᠢ ᠭᠠᠵᠠᠷ ᠬᠦᠴᠦ ᠨᠡᠮᠡᠵᠦ ᠢᠪᠡᠭᠡᠭᠳᠡᠰᠦ ᠭᠡᠵᠦ ᠪᠣᠬᠣᠷᠴᠣ ᠪᠠ ᠵᠠᠯᠮ᠎ᠠ ᠳᠤ ᠬᠡᠯᠡᠭᠰᠡᠨ ᠪᠠᠢᠳᠠᠭ᠂ ᠲᠡᠢᠮᠦ ᠡᠴᠡ ᠵᠢᠷᠭᠤᠳᠤᠭᠠᠷ ᠵᠠᠭᠤᠨ ᠤ ᠨᠢᠷᠢ ᠬᠠᠭᠠᠨᠲᠤ ᠲᠥᠷᠥ ᠡᠴᠡ ᠠᠷᠪᠠᠨ ᠭᠤᠷᠪᠠᠳᠤᠭᠠᠷ ᠵᠠᠭᠤᠨ ᠬᠦᠷᠬᠦ ᠳᠤ ᠡᠨᠡ ᠦᠭᠡ ᠶᠢᠨ ᠬᠠ ᠠᠪᠢᠶ᠎ᠠ ᠨᠢ ᠠ ᠪᠣᠯᠣᠨ ᠰᠡᠯᠭᠦᠴᠡᠵᠡᠢ᠃  
  ᠡᠨᠡ ᠮᠦᠷ ᠦᠨ ᠠᠭᠤᠯᠭ᠎ᠠ ᠳᠣᠣᠷᠠᠬᠢ ᠮᠡᠲᠦ᠄ ᠡᠭᠥᠨ ᠳ᠋ᠤᠷ ᠳᠠᠬᠢᠵᠤ ᠬᠢᠷᠢ ᠠᠷᠭᠢᠨ ᠪᠠᠷᠢᠭᠤᠯ ᠫᠠᠯᠬᠢᠷ ᠠᠴᠢ ᠢᠪᠡᠭᠡᠵᠡᠢ ᠭᠡᠵᠦ ᠪᠠᠭᠤᠯᠭᠠᠨ᠎ᠠ᠃  
  ᠳᠥᠷᠪᠡ ᠲᠠᠪᠤ ᠪᠠ ᠵᠢᠷᠭᠤᠳᠤᠭᠠᠷ ᠮᠦᠷ ᠨᠡᠢᠯᠡᠭᠡᠳ ᠨᠢᠭᠡᠨ ᠥᠭᠦᠯᠡᠪᠦᠷᠢ ᠪᠣᠯᠣᠨ᠎ᠠ᠂ ᠠᠭᠤᠯᠭ᠎ᠠ ᠶᠢ ᠳᠣᠣᠷᠠᠬᠢ ᠮᠡᠲᠦ ᠬᠤᠷᠢᠶᠠᠩᠭᠤᠢᠯᠠᠨ᠎ᠠ᠃ ᠪᠢᠳᠠ ᠵᠠᠯᠠᠭᠤ ᠨᠠᠷ ᠬᠠᠷᠠᠶᠦᠨ ᠲᠥᠪ ᠫᠦᠷᠥᠷ ᠴᠠᠴᠠᠷᠡ ᠫᠦᠭᠡᠲᠢᠭᠡ ᠨᠡᠢᠯᠡᠨ +ᠬᠠᠭᠠᠨ ‍ᠣ ᠬᠠᠲᠥᠨ ᠨᠠᠷ ᠳᠡᠭᠦᠦ ᠤᠳ ᠨᠢᠷᠢ ᠬᠠᠭᠠᠨ ᠲᠦᠷᠦᠭ ᠬᠠᠭᠠᠨ ᠡᠭᠥᠨ ᠳ᠋ᠤᠷ ᠳᠠᠬᠢᠵᠤ ᠬᠢᠷᠢ ᠠᠷᠭᠢᠨ ᠪᠠᠷᠢᠭᠤᠯ ᠫᠠᠯᠬᠢᠷ ᠠᠴᠢ ᠢᠪᠡᠭᠡᠵᠡᠢ᠃  
  
  7 ᠳᠣᠯᠣᠳᠤᠭᠠᠷ ᠮᠦᠷ ᠲᠦ  
  tu-g ju | u k"a ba -r | ña-r k"a ga-n | χša nä | ju la ba | tu nu | tu-g nya | tu va  
  tugju ᠳᠥᠬᠥᠵᠦ ᠣᠢᠷᠠᠲᠤᠭᠴᠢ ᠭᠡᠰᠡᠨ ᠰᠠᠨᠠᠭᠠᠲᠠᠢ᠂ ᠣᠷᠴᠢᠨ ᠴᠠᠭ ᠤᠨ ᠮᠣᠩᠭᠣᠯ ᠬᠡᠯᠡᠨ ᠦ ᠳᠥᠬᠥᠵᠦ ᠭᠡᠬᠦ ᠦᠰᠦᠭ ᠲᠠᠢ ᠳᠠᠭᠤᠳᠠᠯᠭ᠎ᠠ ᠮᠠᠰᠢ ᠢᠵᠢᠯᠢᠬᠡᠨ᠃  
  |u k"a ba -r | ña-r ᠤᠬᠠᠭᠠᠷᠠᠭᠴᠢ ᠨᠠᠷ ᠬᠡᠮᠡᠬᠦ ᠰᠠᠨᠠᠭᠠᠲᠠᠢ᠂ ᠤᠬᠠᠪᠠᠷ ᠨᠠᠷ ᠭᠡᠵᠦ ᠪᠠᠭᠤᠯᠭᠠᠨ᠎ᠠ᠃  
  ka ga-n | χša nä ᠬᠠᠭᠠᠨ ᠬᠠᠨ᠎ᠠ ᠭᠡᠵᠦ ᠪᠠᠭᠤᠯᠭᠠᠨ᠎ᠠ᠃ ᠬᠠᠭᠠᠨ ᠦᠰᠦᠭ ᠲᠠᠢ ᠬᠠᠮᠲᠤ ᠪᠠᠢᠬᠤ ᠤᠴᠢᠷ ᠠᠴᠠ Xana ᠨᠢ ᠬᠠᠭᠠᠨ ᠤ ᠨᠡᠷ᠎ᠡ ᠪᠣᠯᠣᠨ᠎ᠠ᠃ ᠬᠡᠷᠪᠡ ᠪᠢᠳᠠᠨ ᠬᠢᠲᠠᠳ ᠰᠤᠷᠪᠤᠯᠵᠢ ᠪᠢᠴᠢᠭ [4]  ᠲᠠᠬᠢ ᠠᠨᠠᠭᠦᠢ ᠶᠢᠨ ᠠᠬ᠎ᠠ ᠳᠣᠯᠤ ᠬᠠᠭᠠᠨ ᠤ chounu︵丑奴 ᠪᠤᠶᠤ醜奴︶ ᠬᠡᠮᠡᠬᠦ ᠨᠡᠷ᠎ᠡ  ᠶᠢᠨ ᠡᠷᠲᠡᠨ ᠦ ᠠᠪᠢᠶ᠎ᠠ ᠶᠢ ᠰᠡᠷᠭᠦᠭᠡᠪᠡᠯ hu nuo ᠭᠡᠨ᠎ᠡ ᠳᠣᠣᠷᠠᠬᠢ ᠬᠦᠰᠦᠨᠦᠭ H- 7 ᠮᠡᠲᠦ᠂ ᠡᠨᠡᠬᠥ ᠭᠡᠷᠡᠯᠲᠦ ᠬᠦᠰᠢᠶᠡᠨ  ᠤ Xana ᠯᠤᠭ᠎ᠠ ᠮᠠᠰᠢ ᠰᠠᠢᠬᠠᠨ ᠲᠠᠭᠠᠷᠠᠵᠤ ᠪᠠᠢᠭ᠎ᠠ᠃ ᠡᠢᠮᠦ ᠡᠴᠡ ᠡᠨᠡXana ᠪᠣᠯ ᠬᠠᠭᠠᠨ ᠳᠣᠯᠤ ᠶᠢᠨ ᠨᠡᠷ᠎ᠡ ᠪᠣᠯᠬᠤ ᠨᠢ ᠳᠠᠮᠵᠢᠭ ᠦᠭᠡᠢ ᠶᠤᠮ᠂  ᠣᠷᠴᠢᠨ ᠴᠠᠭ ᠤᠨ ᠮᠣᠩᠭᠣᠯ ᠬᠡᠯᠡᠨ ᠳᠦ ᠬᠠᠨ᠎ᠠ ᠬᠠᠭᠠᠨ ᠭᠡᠵᠦ ᠪᠠᠭᠤᠯᠭᠠᠪᠠ᠃  
  
     
  ᠠᠭᠤᠯᠭ᠎ᠠ ᠶᠢᠨ ᠲᠠᠯ᠎ᠠ ᠠᠴᠠ ᠦᠵᠡᠪᠡᠯ ᠳᠡᠭᠡᠷ᠎ᠡ ᠬᠡᠳᠦᠨ ᠮᠦᠷ ᠲᠡᠬᠢ ᠨᠢᠷᠢ ᠬᠠᠭᠠᠨ ᠪᠠ ᠲᠦᠷᠦᠭ ᠬᠠᠭᠠᠨ ᠵᠢᠴᠢ ᠬᠠᠭᠠᠨ ᠪᠣᠳᠢ ᠪᠣᠯ ᠠᠨᠠᠭᠦᠢ ᠶᠢᠨ ᠠᠬ᠎ᠠ ᠶᠢ ᠵᠢᠭᠠᠵᠤ ᠪᠠᠢᠭ᠎ᠠ ᠣᠴᠢᠷ ᠠᠴᠠ ᠡᠨᠡ ᠬᠠᠨ᠎ᠠ ᠪᠣᠯ ᠠᠨᠠᠭᠦᠢ ᠶᠢᠨ ᠠᠬ᠎ᠠ ᠬᠠᠭᠠᠨ ᠪᠣᠯᠬᠤ ᠨᠢ ᠳᠠᠮᠵᠢᠭ ᠦᠭᠡᠢ ᠶᠤᠮ᠃  
  julaba ᠬᠡᠮᠡᠬᠦ ᠦᠭᠡ ᠶᠢ ᠣᠳᠣ ᠲᠠᠢᠯᠪᠤᠷᠢᠯᠠᠵᠤ ᠳᠡᠢᠯᠬᠦ ᠦᠭᠡᠢ ᠪᠠᠢᠨ᠎ᠠ᠂ ᠡᠨᠡᠬᠥ ᠮᠦᠷ ᠲᠦ ᠬᠠᠭᠠᠨ ᠬᠠᠨ᠎ᠠ ᠶᠢᠨ ᠵᠣᠯᠠᠪᠠ ᠲᠦ᠋ᠨᠢ ᠲᠤᠩᠭᠠᠶ᠎ᠠ ᠭᠡᠵᠦ ᠪᠢᠴᠢᠵᠦ ᠪᠠᠢᠬᠤ ᠣᠴᠢᠷ ᠠᠴᠠ julaba ᠨᠢ ᠶᠠᠮᠠᠷ ᠨᠢᠭᠡᠨ ᠳᠠᠬᠢᠯᠭ᠎ᠠ ᠶᠢᠨ ᠪᠣᠳᠠᠰ ᠪᠤᠶᠤ ᠬᠠᠨ᠎ᠠ ᠬᠠᠭᠠᠨ ᠤ ᠳᠠᠬᠢᠯᠭ᠎ᠠ ᠶᠢᠨ ᠱᠤᠭᠤᠮᠠᠯ ᠪᠠᠢᠵᠤ ᠮᠠᠭᠠᠳ ᠦᠭᠡᠢ᠂ ᠡᠰᠡᠬᠦᠯ᠎ᠡ ᠡᠨᠡ ᠭᠡᠷᠡᠯᠲᠦ ᠬᠦᠰᠢᠶ᠎ᠡ ᠪᠡᠨ ᠵᠢᠭᠠᠵᠤ ᠪᠠᠢᠬᠤ ᠮᠠᠭᠠᠳ᠂ ᠡᠨᠳᠡ ᠵᠣᠯᠠᠪᠠ ᠭᠡᠵᠦ ᠮᠣᠩᠭᠣᠯ ᠬᠡᠯᠡᠨ ᠳᠦ ᠪᠠᠭᠤᠯᠭᠠᠪᠠ᠃  
  tu nu ᠰᠢᠭᠤᠳ ᠲᠤᠨᠢ ᠭᠡᠵᠦ ᠪᠠᠭᠤᠯᠭᠠᠨ᠎ᠠ᠃  
  tu-g nya ᠭᠡᠬᠦ ᠦᠰᠦᠭ ᠢ ᠲᠤᠩᠭᠠᠶ᠎ᠠ ᠭᠡᠵᠦ ᠪᠠᠭᠤᠯᠭᠠᠨ᠎ᠠ᠃  
  tu va ᠡᠨᠡᠬᠥ ᠦᠰᠦᠭ ᠨᠢ ᠳᠥᠬᠥᠵᠦ ᠤᠬᠠᠪᠠᠷ ᠨᠠᠷ ᠢ ᠪᠡᠨ ᠵᠢᠭᠠᠵᠤ ᠪᠠᠢᠭ᠎ᠠ ᠣᠴᠢᠷ ᠠᠴᠠ ᠯᠠᠪ ᠨᠢᠷᠢ ᠬᠠᠭᠠᠨᠲᠤ ᠤᠯᠤᠰ ᠤᠨ ᠠᠷᠠᠳ ᠲᠦᠮᠡᠨ ᠢ ᠵᠢᠭᠠᠵᠤ ᠪᠠᠢᠭ᠎ᠠ᠃ ᠲᠡᠷᠡ ᠦᠶᠡᠰ ᠮᠣᠩᠭᠣᠯᠴᠤᠳ ᠦᠪᠡᠷ ᠢ ᠪᠡᠨ ᠲᠣᠸ᠎ᠠ︵ ᠡᠰᠡᠬᠦᠯ᠎ᠡ ᠲᠥᠪ︶ ᠭᠡᠵᠦ ᠨᠡᠷᠡᠯᠡᠳᠡᠭ ᠪᠠᠢᠭᠰᠠᠨ ᠮᠠᠭᠠᠳ᠃  
  ᠡᠨᠡ ᠮᠦᠷ ᠦᠨ ᠠᠭᠤᠯᠭ᠎ᠠ ᠳᠣᠣᠷᠠᠬᠢ ᠮᠡᠲᠦ᠄ ᠳᠥᠬᠥᠵᠦ ᠤᠬᠠᠪᠠᠷ ᠨᠠᠷ ᠬᠠᠭᠠᠨ ᠬᠠᠨ᠎ᠠ ᠵᠤᠯᠠᠪᠠ ᠲᠤᠨᠢ ᠲᠤᠩᠭᠠᠶ᠎ᠠ ᠲᠣᠸ᠎ᠠ᠃ ᠳᠠᠷᠦᠢ ᠬᠠᠨ᠎ᠠ ᠬᠠᠭᠠᠨ ᠤ ᠵᠣᠯᠠᠪᠠ ᠳᠤ ᠣᠢᠷᠠᠲᠤᠨ ᠤᠬᠠᠭᠠᠷᠠᠭᠴᠢ ᠲᠤᠸ᠎ᠠ ᠨᠠᠷ ᠰᠠᠢᠨ ᠲᠤᠩᠭᠠᠭᠠᠵᠤ ᠪᠣᠳᠣᠭᠲᠤᠨ ᠭᠡᠵᠦ ᠣᠢᠯᠠᠭᠠᠵᠤ ᠪᠣᠯᠣᠨ᠎ᠠ᠃  
  
  8 ᠨᠠᠢ᠌ᠮᠠᠳᠤᠭᠠᠷ ᠮᠦᠷ ᠲᠦ  
  + χša-× tu-× to × gu-n | pu-g tä-g cä | śä ñä -n | bo dä sa-t va | toro-χš | ka ga-n  
  + χša ᠨᠢᠭᠡᠳᠦᠭᠡᠷ ᠦᠰᠦᠭ ᠨᠢ ᠲᠣᠳᠣ ᠦᠭᠡᠢ᠃  
  tutogo ᠲᠡᠭᠡᠪᠡᠯ ᠬᠥᠮᠥᠨ ᠨᠢ ᠬᠡᠨ ᠪᠣᠯᠠᠢ ᠬᠡᠮᠡᠪᠡᠰᠦ ᠬᠢᠲᠠᠳ ᠰᠤᠷᠪᠤᠯᠵᠢ ᠪᠢᠴᠢᠭ [5] ︵卷014︶ [6]  ᠲᠤ秃突佳︵Tu tujia︶ ᠬᠡᠮᠡᠬᠦ ᠠᠨᠠᠭᠦᠢ ᠶᠢᠨ ᠳᠡᠭᠦᠦ ᠶᠢᠨ ᠨᠠᠷ᠎ᠡ ᠮᠠᠰᠢ ᠲᠣᠬᠢᠷᠠᠵᠤ ᠪᠠᠢᠭ᠎ᠠ︵ᠬᠦᠰᠦᠨᠦᠭ H- 8︶᠂ ᠪᠠᠰᠠ ᠲᠠᠪᠤᠳᠤᠭᠠᠷ ᠮᠥᠷ ᠲᠦ ᠬᠠᠭᠠᠨ ᠤ ᠳᠡᠭᠦᠦ ᠬᠡᠮᠡᠬᠦ ᠨᠢ ᠠᠭᠤᠯᠭ᠎ᠠ ᠲᠠᠢ ᠬᠦᠵᠦᠭᠦᠦ ᠰᠡᠭᠡᠷ ᠲᠠᠭᠠᠷᠠᠵᠤ ᠪᠠᠢᠬᠤ ᠳᠠᠪᠬᠤᠷ ᠪᠠᠲᠤᠯᠠᠭᠠᠲᠠᠢ ᠪᠣᠯᠵᠠᠢ᠃ ᠣᠷᠴᠢᠨ ᠴᠠᠭ ᠤᠨ ᠮᠣᠩᠭᠣᠯ ᠬᠡᠯᠡᠨ ᠳᠦ ᠲᠤᠲᠤᠭ᠎ᠠ ᠭᠡᠵᠦ ᠪᠠᠭᠤᠯᠭᠠᠪᠠ᠃  
  
   
  ᠠᠨᠠᠭᠦᠢ ᠶᠢᠨ ᠳᠡᠭᠦᠦ ᠲᠤᠲᠤᠭ᠎ᠠ ᠶᠢᠨ ᠬᠠᠮᠢᠶᠠᠲᠠᠢ ᠰᠤᠷᠪᠤᠯᠵᠢ ᠮᠡᠳᠡᠭᠡ ᠬᠢᠲᠠᠳ ᠤᠨ ᠡᠷᠲᠡᠨ ᠦ ᠪᠢᠴᠢᠭ  ᠲᠦ ᠮᠠᠰᠢ ᠬᠣᠪᠣᠷ ᠪᠠᠢᠳᠠᠭ᠃ ᠤᠮᠠᠷᠠᠲᠤ ᠶᠢᠨ ᠲᠡᠦᠬᠡᠨ ︵北史/卷014︶ ᠤ ᠠᠷᠪᠠᠨ ᠳᠥᠷᠪᠡᠳᠦᠭᠡᠷ ᠪᠦᠯᠦᠭ [5]  ᠲᠦ ᠣᠨ ᠲᠣᠭᠠᠯᠠᠯ ᠤᠨ545 ᠣᠨ ᠳᠤ ᠠᠨᠠᠭᠦᠢ ᠶᠢᠨ ᠳᠡᠭᠦᠦ ᠲᠤᠲᠤᠭ᠎ᠠ ᠷᠦᠷᠠᠨ ᠤ ᠭᠥᠩᠵᠥ ᠶᠢ ᠸᠧᠢ ᠤᠯᠤᠰ ᠲᠣᠷ ᠬᠦᠷᠭᠡᠪᠡ ᠭᠡᠵᠦ ᠲᠡᠮᠳᠡᠭᠯᠡᠵᠡᠢ᠂ ᠲᠡᠭᠦᠨ ᠡᠴᠡ ᠰᠡᠭᠦᠯᠡᠷ ᠠᠨᠠᠭᠦᠢ ᠬᠠᠭᠠᠨ ᠨᠠᠰᠤᠨ ᠥᠭᠡᠳᠡ︵ 552 ᠣᠨ︶ ᠪᠣᠯᠲᠠᠯ᠎ᠠ ᠲᠤᠲᠤᠭ᠎ᠠ ᠶᠢᠨ ᠬᠠᠮᠢᠶᠠᠲᠠᠢ ᠲᠡᠮᠳᠡᠭᠯᠡᠯ ᠦᠭᠡᠢ ᠶᠢᠨ ᠣᠴᠢᠷ ᠠᠴᠠ ᠡᠨᠡᠬᠥ ᠬᠦᠰᠢᠶ᠎ᠡ ᠨᠢ ᠪᠠᠷᠤᠭᠯᠠᠪᠠᠯ 545-552 ᠣᠨ ᠤ ᠬᠣᠭᠣᠷᠣᠨᠳᠤ ᠪᠣᠰᠬᠠᠭᠰᠠᠨ ᠪᠠᠢᠬᠤ ᠯᠠ ᠪᠣᠯᠥᠨ᠎ᠠ᠃  
  pugtigci ᠬᠡᠮᠡᠬᠦ ᠦᠭᠡ ᠪᠣᠯᠪᠠᠰᠤ ᠮᠠᠰᠢ ᠴᠢᠬᠤᠯᠠ᠂ ᠳᠥᠷᠪᠡᠳᠦᠭᠡᠷ ᠮᠦᠷ ᠦᠨputiga ᠳᠡᠭᠡᠷ᠎ᠡ ᠴᠢ ᠬᠡᠮᠡᠨ ᠵᠠᠯᠭᠠᠭᠰᠠᠨ ᠪᠠᠢᠳᠠᠭ᠂ ᠳᠠᠷᠦᠢ ᠮᠣᠩᠭᠣᠯ ᠬᠡᠯᠡᠨ ᠦ ᠲᠤᠰᠢᠶᠠᠯ ᠤᠨ ᠨᠡᠷ᠎ᠡ ᠶᠢ ᠵᠢᠭᠠᠭᠰᠠᠨ ᠴᠢ ᠬᠡᠮᠡᠬᠦ ᠳᠠᠭᠠᠪᠤᠷᠢ ᠲᠠᠢ᠂ ᠮᠣᠩᠭᠣᠯ ᠬᠡᠯᠡᠨ ᠳᠦ ᠮᠠᠨᠠᠭᠠᠴᠢ ᠣᠶᠠᠭᠠᠴᠢ ᠵᠡᠷᠭᠡ ᠮᠡᠲᠦ᠂ ᠲᠡᠢᠮᠦ ᠡᠴᠡ ᠡᠨᠡ ᠨᠢ ᠪᠠᠰᠠ ᠠᠯᠪᠠᠨ ᠨᠡᠷ᠎ᠡ ᠪᠣᠯᠬᠤ ᠶᠤᠮ᠃ ᠳᠥᠷᠪᠡᠳᠦᠭᠡᠷ ᠮᠦᠷ ᠦᠨ ᠫᠦᠭᠡᠲᠢᠭᠡ︵putiga︶ ᠨᠣᠶᠠᠳ ᠤᠨ ᠵᠠᠬᠢᠷᠤᠭᠴᠢ ᠪᠣᠯᠬᠤ ᠲᠦᠯᠦᠪ ᠲᠠᠢ᠃  
  ᠡᠨᠡ ᠮᠦᠷ ᠦᠨ ᠪᠤᠰᠤᠳ ᠦᠭᠡᠰ ᠢ ᠰᠢᠭᠤᠳ ᠰᠢᠨ᠎ᠡ ᠪᠣᠳᠢᠰᠲᠢᠸ᠎ᠠ ᠲᠥᠷᠥᠬᠦ ᠬᠠᠭᠠᠨ ᠭᠡᠵᠦ ᠪᠠᠭᠤᠯᠭᠠᠨ᠎ᠠ᠃ ᠲᠡᠭᠡᠪᠡᠯ ᠪᠦᠬᠦ ᠮᠦᠷ ᠦᠨ ᠠᠭᠤᠯᠭ᠎ᠠ ᠶᠢ ᠳᠣᠣᠷᠠᠬᠢ ᠮᠡᠲᠦ ᠪᠠᠭᠤᠯᠭᠠᠨ᠎ᠠ᠄ +(ᠪᠣᠳᠢ?) ᠲᠤᠲᠤᠭ᠎ᠠ ᠫᠦᠭᠡᠲᠢᠭᠡᠴᠢ ᠰᠢᠨ᠎ᠡ ᠪᠤᠳᠢᠰᠲᠢᠸ᠎ᠠ ᠲᠥᠷᠥᠬᠦ ᠬᠠᠭᠠᠨ᠃  
  ᠡᠨᠡ ᠮᠦᠷ ᠦᠨ ++ ᠲᠤᠲᠤᠭ᠎ᠠ ᠫᠦᠭᠡᠲᠢᠭᠡᠴᠢ ᠪᠣᠯ ᠰᠢᠨ᠎ᠡ ᠪᠣᠳᠢᠰᠲᠢᠸ᠎ᠠ ᠲᠥᠷᠥᠬᠦ ᠬᠠᠭᠠᠨ  ᠪᠣᠯ ᠳᠠᠷᠤᠢ ᠨᠢᠭᠡᠳᠦᠭᠡᠷ ᠮᠦᠷ ᠦᠨᠪᠢᠳᠠ ᠨᠠᠷ ᠬᠠᠭᠠᠨ ᠲᠢᠭᠢᠨ ᠰᠢᠨ᠎ᠡ ᠪᠤᠳᠢᠰᠲᠢᠸ᠎ᠠ ᠲᠥᠷᠥᠬᠦ  ᠳᠡᠬᠢ ᠲᠢᠭᠢᠨ ᠤ ᠨᠢᠭᠡ᠂ ᠲᠡᠭᠡᠪᠡᠯ ᠡᠨᠡ ᠮᠦᠷ ᠦᠨ ᠬᠠᠮᠤᠭ ᠳᠡᠭᠡᠷᠡᠬᠢ ᠦᠰᠦᠭ ᠨᠢ ᠪᠣᠳᠢ ᠪᠤᠶᠤ ᠪᠣᠳᠢᠰᠲᠢᠸ᠎ᠠ ᠬᠡᠮᠡᠨ ᠲᠠᠭᠠᠮᠠᠭᠯᠠᠵᠤ ᠪᠠᠢᠭ᠎ᠠ᠂ ᠰᠡᠭᠦᠯ ᠦᠨ ᠰᠤᠳᠤᠯᠭ᠎ᠠ ᠱᠠᠭᠠᠷᠳᠠᠭᠳᠠᠨ᠎ᠠ᠃ᠬᠡᠷᠪᠡ ᠡᠨᠡᠬᠥ ᠲᠠᠭᠠᠮᠠᠭᠯᠠᠯ ᠦᠨᠡᠨ ᠪᠣᠯᠬᠤ ᠳᠤ ᠬᠦᠷᠪᠡᠯ ᠡᠨᠡᠬᠥ ᠭᠡᠷᠡᠯᠲᠦ ᠬᠦᠰᠢᠶ᠎ᠡ ᠪᠣᠯ ᠠᠨᠠᠭᠦᠢ ᠬᠠᠭᠠᠨ ᠰᠢᠨᠡᠬᠡᠨ ᠪᠤᠷᠬᠠᠨ ᠪᠣᠯᠣᠭᠰᠠᠨ ᠲᠤᠲᠤᠭ᠎ᠠ ᠲᠡᠭᠥᠥ ᠪᠠ 520 ᠣᠨ  ᠤ ᠬᠠᠭᠠᠨ ᠤᠭᠰᠠᠭᠠᠨ ᠤ ᠬᠠᠷᠠᠰᠠᠯᠲᠤ ᠬᠡᠷᠡᠭ ᠦᠨ ᠳᠤᠮᠳᠠ ᠠᠮᠢ ᠪᠠᠨ ᠠᠯᠳᠠᠭᠰᠠᠨ ᠪᠤᠰᠤᠳ ᠳᠡᠭᠦᠦ ᠪᠠ ᠬᠠᠭᠠᠨ ᠠᠬ᠎ᠠ  ᠵᠢᠴᠢ ᠡᠵᠢ ᠬᠠᠲᠤᠨ᠂ ᠪᠡᠷᠭᠡᠨ ᠬᠠᠲᠤᠨ ᠨᠠᠷ ᠳᠠᠭᠠᠨ ᠪᠣᠰᠬᠠᠵᠤ ᠥᠭᠭᠦᠭᠰᠡᠨ ᠬᠥᠰᠢᠶ᠎ᠡ ᠪᠠᠢᠬᠤ ᠯᠠ ᠶᠣᠰᠣᠲᠠᠢ᠃  
  
  9 10 ᠶᠢᠰᠦᠳᠦᠭᠡᠷ ᠠᠷᠪᠠᠳᠤᠭᠠᠷ ᠮᠦᠷ ᠲᠦ  
  9 [+] l[]+ | ×ä yu | u-c bä tä hä-ñ | + + gu-χš | tu va | pa-r | k"a ga-n | to ro-χš | k"a ga nu-n |  
  10 + pa da | na rä | k"a ga-n | tu-ru-g | + ga-[] ×ǟ jä[-]n | ubä-j | ja lo ba-j | da-r k"a-d | ja ya bä  
  ᠡᠨᠳᠡ ᠪᠢᠳᠠᠨ9 ᠪᠠ10 ᠳ᠋ᠤᠭᠠᠷ ᠮᠦᠷ ᠢ ᠬᠠᠮᠲᠤ ᠲᠠᠢᠯᠪᠤᠷᠢᠯᠠᠬᠤ ᠴᠢᠬᠤᠯᠠᠲᠠᠢ ᠪᠠᠢᠨ᠎ᠠ᠃  
  [+]l[] + []ı̣yṳ ᠡᠬᠢᠨ ᠦ ᠬᠣᠶᠠᠷ ᠦᠰᠦᠭ ᠨᠢ ᠲᠣᠳᠣ ᠦᠭᠡᠢ᠂ ᠡᠨᠳᠡ ᠲᠠᠢᠯᠪᠤᠷᠢᠯᠠᠵᠤ ᠳᠡᠢᠯᠬᠦ ᠦᠭᠡᠢ᠃  
  u-c bä tä hä-ñ | + + gu-χš | tu va | pa-r | ᠡᠨᠡ ᠳᠥᠷᠪᠡᠨ ᠦᠰᠦᠭ ᠢ ᠬᠠᠮᠲᠤ ᠰᠣᠳᠣᠯᠠᠬᠤ ᠬᠡᠷᠡᠭᠲᠡᠢ ᠪᠠᠢᠨ᠎ᠠ᠃ ᠳᠡᠭᠡᠷ᠎ᠡ ᠳᠥᠷᠪᠡᠳᠦᠭᠡᠷ ᠮᠦᠷ ᠲᠦ ᠶᠠᠷᠢᠭᠰᠠᠨ ᠲᠥᠪ ᠫᠥᠷᠥᠷ ︵tuwa puror︶ ᠪᠣᠯ ᠬᠠᠭᠠᠨ ᠬᠦᠮᠦᠨ ᠦ ᠴᠣᠯᠠ ᠪᠦᠯᠦᠭᠡ᠂ ᠡᠨᠳᠡ ᠪᠠᠰᠠ ᠨᠢᠭᠡᠨtuva par ᠮᠠᠰᠢ ᠢᠵᠢᠯᠢᠬᠡᠨ ᠪᠢᠴᠢᠯᠭᠡ ᠪᠠ ᠠᠪᠢᠶ᠎ᠠ ᠲᠠᠢ ᠣᠴᠢᠷ᠂ ᠬᠠᠭᠠᠨ ᠤ ᠴᠣᠯᠠ ᠬᠡᠮᠡᠨ ᠮᠠᠭᠠᠳᠯᠠᠵᠤ ᠪᠠᠢᠭ᠎ᠠ᠂ ᠬᠡᠷᠪᠡ ᠳᠡᠭᠡᠷᠡᠬᠢ u-c bä tä hä-ñ ᠬᠡᠮᠡᠬᠦ ᠦᠰᠦᠭ  ᠪᠠ ᠬᠣᠢᠨᠠᠬᠢ ᠬᠡᠳᠦᠨ ᠦᠰᠦᠭ  ᠤᠨ ᠨᠠᠷᠢᠨ ᠠᠭᠤᠯᠭ᠎ᠠ ᠶᠢ ᠮᠡᠳᠡᠬᠦ ᠳᠦ ᠬᠥᠷᠪᠡᠯ ᠡᠨᠡᠬᠥ ᠲᠠᠭᠠᠮᠠᠭᠯᠠᠯ ᠨᠢ ᠵᠥᠪ ᠪᠣᠯᠬᠤ ᠶᠤᠮ᠃ ᠲᠡᠭᠡᠪᠡᠯ ᠡᠨᠡᠬᠥ u-c bä tä hä-ñ ᠪᠣᠯ ᠳᠣᠯᠤ ᠬᠠᠨ᠎ᠠ ᠬᠠᠭᠠᠨ ᠪᠠ ᠠᠨᠠᠭᠦᠢ ᠬᠠᠭᠠᠨ ᠤ ᠡᠴᠢᠭᠡ Futu ᠬᠠᠭᠠᠨ ᠤ ᠴᠣᠯᠠ ᠪᠣᠯᠣᠨ᠎ᠠ᠃  
   ᠬᠢᠲᠠᠳ ᠤᠨ ᠡᠷᠲᠡᠨ ᠦ ᠰᠤᠷᠪᠤᠯᠵᠢ ᠪᠢᠴᠢᠭ [4]  ᠲᠤ ᠬᠠᠨ᠎ᠠ ᠬᠠᠭᠠᠨ ᠪᠠ ᠠᠨᠠᠭᠦᠢ ᠬᠠᠭᠠᠨ ᠤ ᠡᠴᠢᠭᠡ Futu︵伏圖︶ ᠬᠠᠭᠠᠨ ᠤ ᠴᠣᠯᠠ ᠪᠣᠯ tahan︵他汗︶ᠭᠡᠳᠡᠭ᠂ ᠬᠢᠲᠠᠳ ᠬᠡᠯᠡᠨ ᠳᠦ ᠤᠲᠠᠰᠤᠨ︵xu緒︶ ᠬᠡᠮᠡᠬᠦ ᠤᠳᠭ᠎ᠠ ᠲᠠᠢ ᠬᠡᠮᠡᠨ ᠲᠡᠮᠳᠡᠭᠯᠡᠵᠡᠢ᠃  
   ᠶᠠᠫᠤᠨ ᠤ ᠨᠡᠷᠡᠲᠦ ᠲᠡᠦᠬᠡᠴᠢᠨ Shiratori Kurakichi ᠡᠷᠳᠡᠮᠲᠡᠨ ᠡᠨᠡᠬᠥ ᠬᠠᠭᠠᠨ ᠤ ᠴᠣᠯᠠ tahan︵他汗︶ ᠪᠣᠯ ᠠᠯᠲᠠᠢ ᠬᠡᠯᠡᠨ ᠦ ᠤᠲᠠᠬᠠᠨ ᠪᠤᠶᠤ ᠤᠲᠠᠰᠤᠨ ᠮᠦᠨ ᠭᠡᠵᠦ ᠲᠠᠭᠠᠮᠠᠭᠯᠠᠭᠠᠳ [11] ︵P79-80︶ ᠪᠠᠰᠠ ᠬᠢᠲᠠᠳ ᠲᠡᠦᠬᠡᠴᠢᠳ ᠬᠢᠲᠠᠳ ᠪᠢᠴᠢᠭ ᠲᠦ ᠲᠡᠮᠳᠡᠭᠯᠡᠬᠦ ᠳᠡᠬᠡᠨ ᠡᠬᠢᠨ ᠦ ᠡᠭᠡᠰᠢᠭ ᠢ ᠶᠡᠷᠦᠳᠡᠭᠡᠨ ᠣᠷᠬᠢᠳᠠᠭ ᠤᠨ ᠣᠴᠢᠷ ᠠᠴᠠ tahan︵他汗︶ ᠭᠡᠵᠦ ᠲᠡᠮᠳᠡᠭᠯᠡᠪᠡ ᠭᠡᠰᠡᠨ ᠪᠠᠢᠳᠠᠭ᠃  
   | k"a ga nu-n |k"a ga-n | to ro-χš | k"a ga nu-n | ᠰᠢᠭᠤᠳ ᠬᠠᠭᠠᠨ ᠲᠥᠷᠥᠬᠦ ᠬᠠᠭᠠᠨ ᠤ ᠭᠡᠵᠦ ᠪᠠᠭᠤᠯᠭᠠᠨ᠎ᠠ᠂ ᠲᠡᠭᠡᠪᠡᠯ ᠡᠨᠳᠡᠬᠢ ᠬᠠᠭᠠᠨ ᠲᠥᠷᠥᠬᠦ ᠬᠠᠭᠠᠨ ᠪᠣᠯ ᠳᠠᠷᠦᠢ ᠡᠮᠦᠨᠡᠬᠢ u-c bä tä hä-ñ | + + gu-χš | tu va | pa-r | ᠬᠡᠮᠡᠬᠦ ᠲᠥᠪ ᠫᠠᠷ ᠬᠦᠮᠦᠨ ᠢ ᠯᠠ ᠵᠢᠭᠠᠵᠦ ᠪᠠᠢᠭ᠎ᠠ᠂ ᠳᠠᠬᠢᠭᠠᠳ ᠳᠣᠷᠣᠭᠰᠢ ᠠᠷᠪᠠᠳᠤᠭᠠᠷ ᠮᠦᠷ ᠦᠨ ᠡᠬᠢᠨ ᠦ ᠦᠰᠦᠭ ᠪᠣᠯᠪᠠᠰᠤ hubada ᠪᠣᠯᠬᠤ ᠪᠣᠯᠣᠯᠴᠠᠭᠠᠲᠠᠢ ᠭᠡᠵᠦ Dieter Maue ᠭᠤᠸᠠᠢ ᠦᠭᠦᠯᠡᠯ ᠳᠡᠬᠡᠨ ᠪᠢᠴᠢᠭᠰᠡᠨ[2]︵ P27︶ ᠪᠠᠢᠳᠠᠭ᠂ ᠪᠢ ᠡᠨᠡ ᠪᠣᠯᠥᠯᠴᠭ᠎ᠠ ᠶᠢ ᠮᠠᠰᠢ ᠢᠲᠡᠭᠡᠵᠦ ᠪᠠᠢᠭ᠎ᠠ᠂ ᠲᠡᠭᠡᠪᠡᠯ hubada ᠪᠣᠯ ᠰᠢᠭᠤᠳ ᠬᠥᠪᠡᠭᠦᠳ ᠭᠡᠵᠦ ᠪᠠᠭᠤᠯᠭᠠᠨ᠎ᠠ᠃  
   ᠳᠠᠬᠢᠨ ᠳᠣᠣᠷ᠎ᠠ ᠲᠠᠯ᠎ᠠ ᠶᠢᠨ ᠬᠡᠳᠦᠨ ᠦᠰᠦᠭ ᠪᠣᠯ ᠦᠵᠡᠶ᠎ᠡ᠃  
   | na rä | k"a ga-n ᠰᠢᠭᠤᠳ ᠨᠢᠷᠢ ᠬᠠᠭᠠᠨ ᠭᠡᠵᠦ ᠪᠠᠭᠤᠯᠭᠠᠨ᠎ᠠ᠃  
   | tu-ru-g | + ga-[] ×ǟ jä[-]n | ᠬᠠᠮᠤᠭ ᠳᠡᠭᠡᠷᠡᠬᠢ ᠦᠰᠦᠭ ᠢ ᠲᠦᠷᠦᠭ ᠭᠡᠵᠦ ᠪᠠᠭᠤᠯᠭᠠᠨ᠎ᠠ᠂ ᠳᠣᠣᠷᠠᠬᠢ ᠦᠰᠦᠭ ᠨᠢ ᠬᠠᠭᠠᠨ ᠪᠣᠯᠬᠤ ᠪᠣᠯᠥᠯᠴᠭ᠎ᠠ ᠲᠠᠢ᠂ ᠭᠡᠪᠡᠴᠦ+ljin ᠬᠡᠮᠡᠬᠦ ᠦᠭᠡ ᠢᠯᠡᠭᠦᠦ ᠭᠠᠷᠤᠨ᠎ᠠ᠃  
   ubä-j J ᠬᠡᠮᠡᠬᠦ ᠳᠠᠭᠠᠪᠤᠷᠢ ᠲᠠᠢ ᠣᠴᠢᠷ ᠠᠴᠠ ᠤᠢᠯᠡ ᠦᠭᠡ ᠶᠢᠨ ᠲᠡᠭᠦᠰᠬᠡᠯ ᠲᠠᠢ ᠪᠤᠶᠤ᠂ ᠰᠢᠭᠤᠳ ᠤᠷᠪᠠᠵᠤ ᠭᠡᠬᠦ ᠦᠭᠡᠨ ᠳᠦ ᠪᠠᠭᠤᠯᠭᠠᠪᠠᠯ ᠵᠣᠬᠢᠨ᠎ᠠ᠃  
   ja lo ba-j ᠳᠡᠭᠡᠷᠡᠬᠢ ᠦᠰᠦᠭ ᠲᠠᠢ ᠠᠳᠠᠯᠢ J ᠬᠡᠮᠡᠬᠦ ᠣᠢᠯᠠ ᠦᠭᠡ ᠶᠢᠨ ᠲᠡᠭᠦᠰᠬᠡᠯ ᠲᠠᠢ ᠣᠴᠢᠷ᠂ ᠵᠣᠯᠪᠠᠵᠤ ᠳᠤᠲᠠᠭᠠᠬᠤ ᠶᠢᠨ ᠵᠣᠯᠪᠠᠵᠤ ᠭᠡᠵᠦ ᠣᠢᠯᠭᠠᠨ᠎ᠠ᠃  
   da-r k"a-d ᠪᠠᠰᠠ ᠮᠣᠩᠭᠣᠯ ᠬᠡᠯᠡᠨ ᠦ ᠲᠠᠷᠬᠠᠭᠠᠳ ᠬᠡᠮᠡᠬᠦ ᠦᠭᠡ ᠲᠠᠢ ᠰᠢᠭᠤᠳ ᠲᠣᠬᠢᠷᠠᠯᠴᠠᠨ᠎ᠠ᠃  
   ja ya bä ᠰᠢᠭᠤᠳ ᠵᠠᠶᠠᠭᠠᠪᠠ ᠭᠡᠵᠦ ᠪᠠᠭᠤᠯᠭᠠᠨ᠎ᠠ᠃  
   ᠨᠡᠨ ᠬᠣᠶᠠᠷ ᠮᠦᠷ ᠦᠨ ᠠᠭᠤᠯᠭ᠎ᠠ ᠪᠣᠯ ᠪᠦᠬᠦ ᠬᠦᠢᠰᠦ ᠲᠣᠯᠣᠭᠠᠢ ᠶᠢᠨ ᠪᠢᠴᠢᠭ ᠦᠨ ᠬᠤᠷᠢᠶᠠᠩᠭᠤᠢᠯᠠᠯ ᠪᠣᠯᠣᠨ᠎ᠠ᠃ +l+ iyu ᠣᠲᠠᠬᠠᠨ ᠲᠥᠪ ᠫᠠᠷ ᠬᠠᠭᠠᠨ ᠲᠥᠷᠥᠬᠦ ᠬᠠᠭᠠᠨ ᠤ ᠬᠥᠪᠡᠭᠦᠳ ᠨᠢᠷᠢ ᠬᠠᠭᠠᠨ ᠲᠥᠷᠥᠭ ᠬᠠᠭᠠᠨ +ljin ᠤᠷᠪᠠᠵᠤ ᠵᠤᠯᠪᠠᠵᠤ ᠲᠠᠷᠬᠠᠭᠠᠳ ᠵᠠᠶᠠᠭᠠᠪᠠ ᠭᠡᠵᠦ ᠪᠠᠭᠤᠯᠭᠠᠨ᠎ᠠ᠃  
   ᠳᠡᠭᠡᠷ᠎ᠡ ᠶᠠᠷᠢᠭᠰᠠᠨ ᠨᠢᠷᠢ ᠬᠠᠭᠠᠨ ᠲᠥᠷᠥᠭ ᠬᠠᠭᠠᠨ ᠪᠣᠯ ᠬᠠᠨ᠎ᠠ ᠬᠠᠭᠠᠨ ᠢ ᠵᠢᠭᠠᠵᠤ ᠪᠠᠢᠭ᠎ᠠ᠂ ᠡᠨᠳᠡ ᠬᠥᠪᠡᠭᠦᠳ ᠭᠡᠵᠦ ᠬᠡᠯᠡᠭᠰᠡᠨ ᠤᠴᠢᠷ ᠠᠴᠠ ᠬᠠᠨ᠎ᠠ ᠬᠠᠭᠠᠨ ᠪᠠ ᠠᠨᠠᠭᠦᠢ ᠬᠠᠭᠠᠨ ᠪᠦᠭᠦᠳᠡ ᠶᠢ ᠨᠢ ᠵᠢᠭᠠᠵᠤ ᠪᠠᠢᠭ᠎ᠠ ᠶᠤᠮ᠂ ᠲᠡᠢᠮᠦ ᠡᠴᠡ ᠡᠳᠡᠭᠡᠷ ᠬᠠᠭᠠᠳ ᠬᠥᠪᠡᠭᠦᠳ ᠦᠨ ᠡᠴᠢᠭᠡ ᠵᠥᠪᠬᠡᠨ ᠯᠠ tahan︵他汗︶ ᠬᠠᠭᠠᠨ ᠪᠣᠯᠬᠤ ᠣᠴᠢᠷ ᠠᠴᠠ ucbatahan ᠪᠣᠯ ᠤᠲᠠᠬᠠᠨ ᠬᠠᠭᠠᠨ ᠪᠣᠯᠣᠨ᠎ᠠ᠃ ᠡᠨᠳᠡ ᠬᠡᠳᠦᠨ ᠦᠭᠡ ᠲᠣᠳᠣᠷᠬᠠᠢ ᠦᠭᠡᠢ ᠪᠣᠯᠪᠠᠴᠤ ᠪᠦᠬᠦ ᠥᠭᠦᠯᠡᠪᠦᠷᠢ ᠶᠢᠨ ᠠᠭᠤᠯᠭ᠎ᠠ  ᠰᠠᠢᠬᠠᠨ ᠲᠠᠢᠯᠪᠤᠷᠢᠯᠠᠵᠤ ᠳᠡᠢᠯᠦᠭᠰᠡᠨ ᠪᠠᠢᠨ᠎ᠠ᠃  
   ᠡᠨᠡᠬᠥ ᠬᠣᠶᠠᠷ ᠮᠦᠷ ᠦᠨ ᠠᠭᠤᠯᠭ᠎ᠠ ᠨᠢ ᠬᠢᠲᠠᠳ ᠰᠤᠷᠪᠤᠯᠵᠢ ᠪᠢᠴᠢᠭ ᠲᠡᠬᠢ ᠲᠡᠦᠬᠡᠨ ᠲᠡᠮᠳᠡᠭᠯᠡᠯ ᠲᠠᠢ ᠮᠠᠰᠢ ᠰᠠᠢᠬᠠᠨ ᠨᠡᠢᠴᠡᠬᠦ ᠶᠤᠮ᠂ ᠳᠠᠷᠦᠢ ᠨᠢᠷᠢ ᠬᠠᠭᠠᠨᠲᠤ ᠭᠥᠷᠥᠨ ᠦ ᠰᠡᠭᠦᠯᠴᠢ ᠶᠢᠨ ᠦᠶ᠎ᠡ  ᠪᠤᠶᠤ ᠠᠨᠠᠭᠦᠢ ᠬᠠᠭᠠᠨ ᠪᠠ ᠬᠠᠨ᠎ᠠ ᠬᠠᠭᠠᠨ  ᠤ ᠴᠠᠭ ᠲᠤ ᠤᠯᠤᠰ ᠤᠨ ᠳᠣᠲᠣᠭᠠᠳᠤ ᠭᠠᠳᠠᠭᠠᠳᠤ ᠶᠢᠨ ᠣᠴᠢᠷ ᠶᠠᠪᠤᠳᠠᠯ ᠠᠴᠠ ᠮᠠᠰᠢ ᠠᠷᠪᠢᠨ ᠬᠥᠮᠥᠰ ᠤᠷᠪᠠᠵᠤ᠂ ᠲᠡᠳᠡᠨ ᠦ ᠡᠰᠡᠷᠭᠦ ᠳᠠᠭᠠᠷᠢᠵᠤ ᠨᠠᠰᠢ ᠴᠠᠰᠢ ᠠᠷᠪᠢᠨ ᠭᠠᠵᠠᠷ ᠳᠤᠲᠠᠭᠠᠵᠤ ᠵᠣᠯᠪᠠᠵᠤ ᠶᠠᠪᠤᠭᠰᠠᠨ ᠲᠡᠦᠬᠡ ᠲᠠᠢ ᠪᠠᠢᠳᠠᠭ᠃ ᠡᠨᠡᠬᠥ ᠥᠭᠦᠯᠡᠪᠦᠷᠢ ᠨᠢ ᠶᠠᠭ ᠡᠨᠡᠬᠥ ᠣᠴᠢᠷ ᠶᠠᠪᠤᠳᠠᠯ ᠢ ᠵᠢᠭᠠᠵᠤ ᠪᠠᠢᠭ᠎ᠠ᠃  
   ᠡᠨᠳᠡ ᠪᠠᠰᠠ ᠨᠢᠭᠡᠨ ᠣᠴᠢᠷ ᠶᠠᠪᠤᠳᠠᠯ ᠢ ᠬᠡᠯᠡᠮᠡᠷ ᠪᠠᠢᠨ᠎ᠠ᠂ ᠳᠠᠷᠦᠢ ᠤᠲᠠᠬᠠᠨ ᠬᠠᠭᠠᠨ ᠤ ᠨᠡᠷ᠎ᠡ ᠶᠢ ucbatahan ᠭᠡᠵᠦ ᠲᠡᠮᠳᠡᠭᠯᠡᠭᠰᠡᠨ ᠣᠴᠢᠷ ᠠᠴᠠ ᠪᠠᠷᠠᠾᠮᠢ ᠭᠠᠯᠢᠭ ᠲᠡᠷᠡ ᠦᠶ᠎ᠡ ᠶᠢᠨ ᠮᠣᠩᠭᠣᠯ ᠬᠡᠯᠡ ᠶᠢ ᠮᠠᠰᠢ ᠲᠣᠳᠣᠷᠬᠠᠢ ᠲᠡᠮᠳᠡᠭᠯᠡᠵᠦ ᠳᠡᠢᠯᠬᠦ ᠦᠭᠡᠢ ᠪᠠᠢᠬᠤ ᠪᠣᠯᠣᠯᠴᠠᠭ᠎ᠠ ᠶᠡᠬᠡ ᠪᠠᠢᠨ᠎ᠠ᠃  
  
  11 ᠠᠷᠪᠠᠨ ᠨᠢᠭᠡᠳᠦᠭᠡᠷ ᠮᠦᠷ ᠲᠦ  
  11[ ?] ru-n bä tä-g |+sa-g| pa-g [ + + ] j[] [ ? ]da-r ka-n ba | tä ba ka  
  [ ?] ru-n ᠵᠢᠷᠭᠤᠳᠤᠭᠠᠷ ᠮᠦᠷ ᠲᠦ ᠲᠠᠢᠯᠪᠤᠷᠢᠯᠠᠭᠰᠠᠨ᠂ ᠡᠨᠡ ᠪᠣᠯ ᠮᠣᠩᠭᠣᠯ ᠬᠡᠯᠡᠨ ᠦ ᠡᠭᠦᠨ ᠪᠣᠯᠥᠨ᠎ᠠ᠃  
  bä tä-g ᠪᠢᠴᠢᠭ ᠭᠡᠵᠦ ᠪᠠᠭᠤᠯᠭᠠᠨ᠎ᠠ᠃  
  |+sa-g| pa-g [ + + ]ᠡᠨᠡ ᠬᠣᠶᠠᠢ ᠦᠭᠡᠰ ᠢ ᠬᠠᠮᠲᠤ ᠦᠵᠡᠨ᠎ᠡ᠂pa-g ᠭᠡᠭᠴᠢ ᠦᠭᠡ ᠫᠠ ᠭᠡᠢᠭᠦᠯᠦᠭᠴᠢ ᠪᠡᠷ ᠡᠬᠢᠯᠡᠭᠰᠡᠨ ᠣᠴᠢᠷ ᠠᠴᠠ ᠳᠥᠷᠪᠡᠳᠦᠭᠡᠷ ᠮᠦᠷ ᠦᠨpugtag ᠪᠤᠶᠤ ᠨᠠᠢ᠌ᠮᠠᠳᠤᠭᠠᠷ ᠮᠦᠷ ᠦᠨpügtigci ᠵᠡᠷᠭᠡ ᠨᠣᠶᠠᠳ  ᠤᠨ ᠠᠯᠪᠠᠨ ᠲᠤᠰᠢᠶᠠᠯ ᠤᠨ ᠨᠡᠷ᠎ᠡ ᠪᠠᠢᠬᠤ ᠲᠥᠯᠥᠪᠲᠡᠢ᠃ ᠲᠡᠢᠮᠦ ᠡᠴᠡ|+sa-g| ᠨᠢ ᠡᠨᠡ ᠨᠣᠶᠠᠨ ‍ᠣ ᠨᠡᠷ᠎ᠡ ᠪᠣᠯᠬᠤ ᠶᠤᠮ᠃  
   j[] [ ? ]da-r ka-n ᠬᠣᠢᠨᠠᠬᠢ ᠳᠠᠨᠷᠬᠠᠨ ᠬᠡᠮᠡᠬᠦ ᠦᠭᠡ ᠨᠢ ᠮᠠᠰᠢ ᠲᠣᠳᠣᠷᠬᠠᠢ ᠣᠴᠢᠷ ᠠᠴᠠ ᠡᠮᠦᠨᠡᠬᠢ ᠦᠭᠡ ᠨᠢ ᠪᠠᠰᠠ ᠯᠠ ᠬᠦᠮᠦᠨ ᠦ ᠨᠡᠷ᠎ᠡ ᠪᠠᠢᠬᠤ ᠲᠥᠯᠥᠪᠲᠡᠢ᠂ ᠡᠰᠡᠬᠦᠯ᠎ᠡ ᠴᠢᠯᠠᠭᠤᠨ ᠳᠠᠷᠬᠠᠨ ᠤ ᠴᠢᠯᠠᠭᠤᠨ ᠭᠡᠬᠦ ᠦᠰᠦᠭ ᠪᠠᠢᠬᠤ ᠴᠤ ᠪᠣᠯᠣᠯᠴᠠᠭᠠᠲᠠᠢ᠃  
   ba | tä ba ka ᠪᠢᠴᠢᠪᠡ ᠭᠡᠵᠦ ᠪᠠᠭᠤᠯᠭᠠᠨ᠎ᠠ᠂ ᠭᠡᠪᠡᠴᠦ ᠢᠯᠡᠭᠦᠦ ᠨᠢᠭᠡ ka ᠭᠠᠷᠴᠤ ᠢᠷᠡᠭᠰᠡᠨ ᠣᠴᠢᠷ ᠠᠴᠠ ᠡᠨᠡ ka ᠦᠰᠦᠭ ᠨᠢ ᠥᠭᠦᠯᠡᠪᠦᠷᠢ ᠶᠢᠨ ᠲᠡᠭᠦᠰᠬᠡᠯ ᠳᠦ ᠬᠡᠷᠡᠭᠯᠡᠳᠡᠭ ᠲᠤᠰᠬᠠᠢ ᠦᠭᠡ ᠪᠤᠶᠤ ᠭᠡᠵᠦ ᠪᠣᠳᠣᠵᠤ ᠪᠠᠢᠨ᠎ᠠ᠃  
  
   ᠳᠡᠭᠡᠷᠡᠬᠢ ᠠᠷᠪᠠᠨ ᠨᠢᠭᠡᠨ ᠮᠦᠷ ᠦᠨ ᠠᠭᠤᠯᠭ᠎ᠠ ᠶᠢ ᠬᠤᠷᠢᠶᠠᠩᠭᠤᠢᠯᠠᠨ ᠣᠷᠴᠢᠨ ᠴᠠᠭ ᠤᠨ ᠮᠣᠩᠭᠣᠯ ᠬᠡᠯᠡᠨ ᠳᠦ ᠪᠠᠭᠤᠯᠭᠠᠭᠰᠠᠨ ᠨᠢ ᠳᠣᠣᠷᠠᠬᠢ ᠮᠡᠲᠦ᠄  
  
1. ᠪᠢᠳᠠ ᠨᠠᠷ ᠬᠠᠭᠠᠨ ᠲᠢᠭᠢᠨ ᠰᠢᠨ᠎ᠡ ᠪᠤᠳᠢᠰᠲᠢᠸ᠎ᠠ ᠲᠥᠷᠥᠬᠦ  
2. ᠬᠠᠭᠠᠨ ᠪᠤᠳᠢ ᠬᠠᠭᠠᠨ ᠤ ᠤᠬᠠᠬᠤ ᠤᠬᠠᠵᠤ ᠬᠢᠷᠢ ᠠᠨᠠᠭᠥᠢ  
3. (ᠬᠠᠲᠥᠨ?) ᠵᠠᠬ᠎ᠠ ᠪᠣᠳᠢ ᠪᠡᠬᠢ ᠨᠠᠷ ᠪᠠᠢᠶ᠎ᠠ ᠳᠤᠯᠤ ᠵᠢᠭᠠᠵᠤ ᠦᠭᠪᠡ  
4. ᠪᠢᠳᠠ ᠵᠠᠯᠠᠭᠤ ᠨᠠᠷ ᠬᠠᠷᠠᠶᠦᠨ ᠲᠥᠪ ᠫᠦᠷᠥᠷ ᠴᠠᠴᠠᠷᠡ ᠫᠦᠭᠡᠲᠢᠭᠡ ᠨᠡᠢᠯᠡᠨ  
5. +ᠬᠠᠭᠠᠨ ‍ᠣ ᠬᠠᠲᠥᠨ ᠨᠠᠷ ᠳᠡᠭᠦᠦ ᠤᠳ ᠨᠢᠷᠢ ᠬᠠᠭᠠᠨ ᠲᠦᠷᠦᠭ ᠬᠠᠭᠠᠨ  
6. ᠡᠭᠥᠨ ᠳ᠋ᠤᠷ ᠳᠠᠬᠢᠵᠤ ᠬᠢᠷᠢ ᠠᠷᠭᠢᠨ ᠪᠠᠷᠢᠭᠤᠯ ᠫᠠᠯᠬᠢᠷ ᠠᠴᠢ ᠢᠪᠡᠭᠡᠵᠡᠢ  
7. ᠲᠥᠬᠥᠵᠥ ᠤᠬᠠᠪᠠᠷ ᠨᠠᠷ ᠬᠠᠭᠠᠨ ᠬᠠᠨ᠎ᠠ ᠵᠣᠯᠠᠪᠠ ᠲᠤᠨᠢ ᠲᠤᠩᠭᠠᠶ᠎ᠠ ᠲᠤᠸ᠎ᠠ  
8. +(ᠪᠣᠳᠢ ?) ᠲᠤᠲᠤᠭ᠎ᠠ ᠫᠦᠭᠡᠲᠢᠭᠡᠴᠢ ᠰᠢᠨ᠎ᠡ ᠪᠤᠳᠢᠰᠲᠢᠸ᠎ᠠ ᠲᠥᠷᠥᠬᠦ ᠬᠠᠭᠠᠨ  
9. +l+ iyu ᠣᠲᠠᠬᠠᠨ ᠲᠥᠪ ᠫᠠᠷ ᠬᠠᠭᠠᠨ ᠲᠥᠷᠥᠬᠦ ᠬᠠᠭᠠᠨ ᠤ  
10. ᠬᠥᠪᠡᠭᠦᠳ ᠨᠢᠷᠢ ᠬᠠᠭᠠᠨ ᠲᠥᠷᠥᠭ ᠬᠠᠭᠠᠨ ljin ᠤᠷᠪᠠᠵᠤ ᠵᠤᠯᠪᠠᠵᠤ ᠲᠠᠷᠬᠠᠭᠠᠳ ᠵᠠᠶᠠᠭᠠᠪᠠ 
11. ᠡᠭᠦᠨ ᠪᠢᠴᠢᠭ +sag pag +j+ ᠲᠠᠷᠬᠠᠨ ᠪᠢᠴᠢᠪᠡ ka︖  
  
ᠡᠨᠡ ᠠᠷᠪᠠᠨ ᠨᠢᠭᠡᠨ ᠮᠦᠷ ᠦᠨ ᠦᠰᠦᠭ ᠨᠢ ᠳᠣᠣᠷᠠᠬᠢ ᠳᠣᠯᠣᠭᠠ ᠥᠭᠦᠯᠡᠪᠦᠷᠢ ᠳᠦ ᠪᠠᠭᠤᠯᠭᠠᠨ᠎ᠠ᠃  
1. ᠪᠢᠳᠠ ᠨᠠᠷ ᠬᠠᠭᠠᠨ ᠲᠢᠭᠢᠨ ᠰᠢᠨ᠎ᠡ ᠪᠤᠳᠢᠰᠲᠢᠸ᠎ᠠ ᠲᠥᠷᠥᠬᠦ᠃  
2. ᠬᠠᠭᠠᠨ ᠪᠤᠳᠢ ᠬᠠᠭᠠᠨ ᠤ ᠤᠬᠠᠬᠤ ᠤᠬᠠᠵᠤ ᠬᠢᠷᠢ ᠠᠨᠠᠭᠥᠢ᠃  
3. (ᠬᠠᠲᠥᠨ?) ᠵᠠᠬ᠎ᠠ ᠪᠣᠳᠢ ᠪᠡᠬᠢ ᠨᠠᠷ ᠪᠠᠢᠶ᠎ᠠ ᠳᠤᠯᠤ ᠵᠢᠭᠠᠵᠤ ᠦᠭᠪᠡ᠃  
4. ᠪᠢᠳᠠ ᠵᠠᠯᠠᠭᠤ ᠨᠠᠷ ᠬᠠᠷᠠᠶᠦᠨ ᠲᠥᠪ ᠫᠦᠷᠥᠷ ᠴᠠᠴᠠᠷᠡ ᠫᠦᠭᠡᠲᠢᠭᠡ ᠨᠡᠢᠯᠡᠨ+ᠬᠠᠭᠠᠨ ‍ᠣ ᠬᠠᠲᠥᠨ ᠨᠠᠷ ᠳᠡᠭᠦᠦ ᠤᠳ ᠨᠢᠷᠢ ᠬᠠᠭᠠᠨ ᠲᠦᠷᠦᠭ ᠬᠠᠭᠠᠨ ᠡᠭᠥᠨ ᠳ᠋ᠤᠷ ᠳᠠᠬᠢᠵᠤ ᠬᠢᠷᠢ ᠠᠷᠭᠢᠨ ᠪᠠᠷᠢᠭᠤᠯ ᠫᠠᠯᠬᠢᠷ ᠠᠴᠢ ᠢᠪᠡᠭᠡᠵᠡᠢ᠂ ᠲᠥᠬᠥᠵᠥ ᠤᠬᠠᠪᠠᠷ ᠨᠠᠷ ᠬᠠᠭᠠᠨ ᠬᠠᠨ᠎ᠠ ᠵᠣᠯᠠᠪᠠ ᠲᠤᠨᠢ ᠲᠤᠩᠭᠠᠶ᠎ᠠ ᠲᠤᠸ᠎ᠠ᠃  
5. +(ᠪᠣᠳᠢ ?) ᠲᠤᠲᠤᠭ᠎ᠠ ᠫᠦᠭᠡᠲᠢᠭᠡᠴᠢ ᠰᠢᠨ᠎ᠡ ᠪᠤᠳᠢᠰᠲᠢᠸ᠎ᠠ ᠲᠥᠷᠥᠬᠦ ᠬᠠᠭᠠᠨ᠃  
6. +l+ iyu ᠣᠲᠠᠬᠠᠨ ᠲᠥᠪ ᠫᠠᠷ ᠬᠠᠭᠠᠨ ᠲᠥᠷᠥᠬᠦ ᠬᠠᠭᠠᠨ ᠤ ᠬᠥᠪᠡᠭᠦᠳ ᠨᠢᠷᠢ ᠬᠠᠭᠠᠨ ᠲᠥᠷᠥᠭ ᠬᠠᠭᠠᠨ ljin ᠤᠷᠪᠠᠵᠤ ᠵᠤᠯᠪᠠᠵᠤ ᠲᠠᠷᠬᠠᠭᠠᠳ ᠵᠠᠶᠠᠭᠠᠪᠠ᠃  
7.ᠡᠭᠦᠨ ᠪᠢᠴᠢᠭ +sag pag +j+ ᠲᠠᠷᠬᠠᠨ ᠪᠢᠴᠢᠪᠡ ka︖᠃  
  ᠬᠦᠢᠰᠦ ᠲᠣᠯᠣᠭᠠᠢ  ᠶᠢᠨ ᠪᠢᠴᠢᠭ ᠬᠡᠳᠦᠢᠪᠡᠷ ᠠᠷᠪᠠᠨ ᠨᠢᠭᠡᠨ ᠮᠦᠷ ᠵᠠᠭᠤ ᠬᠦᠷᠬᠦ ᠦᠭᠡᠢ ᠦᠰᠦᠭ ᠲᠠᠢ ᠪᠣᠯᠪᠠᠴᠤ᠂ ᠮᠠᠰᠢ ᠠᠷᠪᠢᠨ ᠣᠴᠢᠷ ᠢ ᠢᠯᠡ ᠳᠠᠯᠳᠠ ᠪᠡᠷ ᠬᠣᠢᠴᠢᠰ ᠲᠠᠭᠠᠨ ᠪᠢᠴᠢᠵᠦ ᠦᠯᠡᠳᠡᠭᠡᠭᠰᠡᠨ ᠪᠠᠢᠳᠠᠭ᠃  
  ᠬᠠᠭᠠᠨ ᠠᠬ᠎ᠠ ᠪᠠ ᠵᠠᠬ᠎ᠠ ᠳᠡᠭᠦᠦ ᠵᠢᠴᠢ ᠬᠠᠲᠤᠨ ᠡᠵᠢ ᠲᠦᠰᠢᠮᠡᠳ ᠨᠢ ᠥᠯᠥ ᠲᠠᠭᠠᠷᠠᠯᠴᠠᠨ ᠤᠳᠠᠭ᠎ᠠ ᠳᠠᠷᠠᠭᠠᠯᠠᠨ ᠪᠣᠳᠢᠰᠲᠢᠸ᠎ᠠ ᠪᠣᠯᠣᠨ ᠲᠡᠭᠷᠢ ᠳᠦ ᠬᠠᠯᠢᠨ ᠣᠳᠬᠤ ᠳᠤ ᠠᠨᠠᠭᠦᠢ ᠬᠠᠭᠠᠨ ᠪᠣᠳᠣᠯ ᠰᠠᠨᠠᠯ ᠨᠢ ᠬᠠᠭᠠᠨ ᠪᠣᠳᠢᠰᠲᠢᠸ᠎ᠠ ᠠᠬ᠎ᠠ ᠲᠠᠢ ᠠᠳᠠᠯᠢ ᠪᠠᠢᠭᠰᠠᠨ ᠭᠡᠵᠦ ᠪᠢᠴᠢᠭᠡᠳ ᠬᠠᠭᠠᠨ ᠠᠬ᠎ᠠ ᠶᠢᠨ ᠨᠠᠰᠤᠨ ᠥᠭᠡᠳᠡ ᠪᠣᠯᠣᠭᠰᠠᠨ ᠨᠢ ᠲᠡᠭᠦᠨ ᠲᠠᠢ ᠬᠠᠮᠢᠶ᠎ᠠ ᠦᠭᠡᠢ ᠭᠡᠵᠦ ᠦᠪᠡᠷ ᠦᠨ ᠪᠠᠢᠷᠢ ᠰᠠᠭᠤᠷᠢ ᠪᠠᠨ ᠢᠯᠡᠷᠬᠡᠢᠯᠡᠪᠡ᠃  
  ᠲᠤᠲᠤᠭ᠎ᠠ ᠳᠡᠭᠦᠦ ᠨᠢ ᠲᠡᠭᠷᠢ ᠳᠦ ᠬᠠᠯᠢᠭᠰᠠᠨ ᠤ ᠳᠠᠷᠠᠭ᠎ᠠ ᠵᠥᠪᠬᠡᠨ ᠭᠠᠭᠴᠠᠭᠠᠷ ᠢᠶᠡᠨ ᠦᠯᠡᠳᠡᠨ ᠬᠣᠴᠣᠷᠤᠭᠠᠳ ᠬᠦᠦ ᠬᠢᠷᠢ ᠠᠷᠭᠢᠨ ᠵᠢᠴᠢ ᠴᠠᠴᠠᠷᠠ ᠫᠦᠭᠡᠳᠢᠭᠡ ᠪᠠᠷᠢᠭᠤᠯ ᠫᠠᠯᠬᠢᠷ ᠵᠡᠷᠭᠡ ᠨᠣᠶᠠᠳ ᠲᠦᠰᠢᠮᠡᠳ ᠵᠢᠴᠢ ᠵᠠᠯᠠᠭᠤᠰ ᠨᠠᠷ ᠲᠠᠢ ᠬᠠᠮᠲᠤᠷᠠᠨ ᠨᠠᠰᠤᠨ ᠥᠭᠡᠳᠡ ᠪᠣᠯᠣᠭᠰᠠᠨ ᠬᠠᠨ᠎ᠠ ᠬᠠᠭᠠᠨ᠂ ᠳᠡᠭᠥᠥ ᠵᠠᠬ᠎ᠠ ᠪᠠ ᠲᠤᠲᠤᠭ᠎ᠠ ᠤᠳ ᠵᠢᠴᠢ ᠬᠠᠲᠤᠨ ᠨᠠᠷ ᠢ ᠬᠠᠮᠲᠤ ᠳ᠋ᠤᠨᠢ ᠣᠷᠣᠰᠢᠭᠤᠯᠤᠨ ᠬᠦᠢᠰᠦ ᠲᠣᠯᠣᠭᠠᠢ ᠶᠢᠨ ᠬᠦᠰᠢᠶ᠎ᠡ ᠶᠢ ᠪᠣᠰᠬᠠᠨ᠂ ᠣᠢᠷᠠᠲᠤᠨ ᠬᠦᠷᠦᠯᠴᠡᠭᠴᠢ ᠲᠣᠸ᠎ᠠ ᠬᠦᠮᠦᠰ ᠨᠠᠷ ᠢᠷᠡᠭᠡᠳᠦᠢ ᠳᠦ ᠡᠪ ᠨᠠᠢᠷᠲᠠᠢ ᠶᠠᠪᠤᠭᠠᠷᠠᠢ ᠭᠡᠰᠡᠨ ᠰᠠᠨᠠᠭ᠎ᠠ ᠶᠢ ᠪᠠᠰᠠ ᠢᠯᠡᠳᠬᠡᠪᠡ᠃  
  ᠪᠠᠰᠠ ᠬᠠᠮᠤᠭ ᠰᠡᠭᠦᠯ ᠦᠨ ᠪᠠᠳᠠᠭ ᠲᠤ ᠡᠴᠢᠭᠡ ᠤᠲᠠᠬᠠᠨ ᠬᠠᠭᠠᠨ ᠤ ᠬᠥᠪᠡᠭᠦᠳ ᠨᠠᠷ ᠤᠯᠤᠰ ᠭᠦᠷᠦᠨ ᠦ ᠲᠥᠯᠥᠭᠡ ᠤᠷᠪᠠᠯᠲᠠ ᠬᠥᠨᠥᠭᠡᠯᠲᠡᠨ ᠳᠤ ᠤᠴᠠᠷᠠᠨ ᠵᠤᠯᠪᠠᠨ ᠳᠤᠲᠠᠭᠠᠯ᠎ᠠ ᠭᠡᠵᠦ ᠬᠤᠪᠢ ᠵᠠᠶᠠᠭ᠎ᠠ ᠪᠠᠨ ᠲᠣᠭᠠᠴᠢᠭᠰᠠᠨ ᠨᠢ ᠦᠨᠡᠨᠬᠦ ᠡᠬᠡ ᠣᠷᠣᠨ ᠤ ᠢᠶᠡᠨ ᠲᠥᠯᠥᠭᠡ ᠬᠤᠪᠢ ᠵᠠᠶᠠᠭ᠎ᠠ ᠪᠠᠨ ᠨᠢᠭᠡᠳᠬᠡᠨ ᠠᠭᠤᠤ ᠶᠡᠬᠡ ᠤᠢᠯᠡᠰ ᠢ ᠪᠦᠲᠦᠭᠡᠨ᠎ᠡ ᠭᠡᠬᠦ ᠳᠤ ᠪᠢᠷ᠎ᠠ ᠴᠢᠳᠠᠯ ᠨᠢ ᠦᠯᠦ ᠬᠦᠷᠦᠯ᠎ᠡ ᠭᠡᠳᠡᠭ ᠢ ᠳᠠᠯᠳᠠ ᠪᠠᠷ ᠢᠯᠡᠳᠬᠡᠭᠰᠡᠨ ᠪᠢᠯᠡ᠃  
  ᠡᠨᠡᠬᠥ ᠬᠦᠰᠢᠶᠡᠨ ᠳᠡᠭᠡᠷᠡᠬᠢ ᠲᠣᠳᠣᠷᠬᠠᠢ ᠦᠭᠡᠢ᠂ ᠤᠳᠬ᠎ᠠ ᠶᠢ ᠨᠢ ᠮᠡᠳᠡᠬᠦ ᠦᠭᠡᠢ ᠦᠭᠡᠰ ᠪᠠ ᠰᠣᠭᠳᠠ ᠦᠭᠡᠰ ᠢ ᠭᠠᠷᠭᠠᠪᠠᠯ ᠪᠤᠰᠤᠳ ᠦᠭᠡᠰ ᠨᠢ ᠣᠷᠴᠢᠨ ᠴᠠᠭ ᠤᠨ ᠮᠣᠩᠭᠣᠯ ᠬᠡᠯᠡᠨ ᠲᠠᠢ ᠪᠦᠷᠢᠮᠦᠰᠦᠨ ᠠᠳᠠᠯᠢ ᠪᠤᠶᠤ ᠠᠳᠠᠯᠢᠪᠲᠤᠷ︵ᠬᠦᠰᠦᠨᠦᠭ H- 9︶ ᠪᠦᠭᠡᠳ ᠥᠭᠦᠯᠡᠪᠦᠷᠢ ᠶᠢᠨ ᠪᠦᠲᠦᠴᠡ ᠪᠠ ᠲᠡᠢᠨ ᠢᠯᠭᠠᠯ ᠤᠨ ᠳᠠᠭᠠᠪᠤᠷᠢ ᠵᠡᠷᠭᠡ ᠨᠢ ᠣᠷᠴᠢᠨ ᠴᠠᠭ ᠤᠨ ᠮᠣᠩᠭᠣᠯ ᠬᠡᠯᠡᠨ ᠲᠠᠢ ᠮᠠᠰᠢ ᠲᠠᠭᠠᠷᠠᠵᠤ ᠪᠠᠢᠭ᠎ᠠ ᠣᠴᠢᠷ ᠠᠴᠠ ᠡᠨᠡ ᠪᠣᠯ ᠨᠢᠷᠢ ᠭᠥᠷᠥᠨ ᠦ ᠦᠶᠡᠰ ᠦᠨ ᠮᠣᠩᠭᠣᠯᠴᠤᠳ ᠪᠢᠴᠢᠭᠰᠡᠨ ᠨᠢ ᠲᠣᠳᠣᠷᠬᠠᠢ ᠪᠠᠢᠨ᠎ᠠ᠃  
  
   
   
  ᠬᠢᠲᠠᠳ ᠰᠤᠷᠪᠤᠯᠵᠢ ᠪᠢᠴᠢᠭ ᠦᠨ ᠦᠰᠦᠭ ᠦᠨ ᠡᠷᠲᠡᠨ  ᠤ ᠠᠪᠢᠶ᠎ᠠ ᠶᠢᠨ ᠰᠡᠷᠭᠦᠭᠡᠯᠲᠡ ᠨᠢ ᠬᠦᠢᠰᠦ ᠲᠣᠯᠣᠭᠠᠢ ᠶᠢᠨ ᠪᠢᠴᠢᠭ ᠦᠨ ᠠᠪᠢᠶ᠎ᠠ  ᠲᠠᠢ ᠠᠳᠠᠯᠢ ᠪᠤᠶᠤ ᠠᠳᠠᠯᠢᠪᠲᠤᠷ︵ᠬᠦᠰᠦᠨᠦᠭ H- 10︶ ᠣᠴᠢᠷ ᠠᠴᠠ ᠬᠢᠲᠠᠳ ᠰᠤᠷᠪᠤᠯᠵᠢ ᠪᠢᠴᠢᠭ ᠦᠨ ᠲᠡᠣᠬᠡᠨ ᠣᠴᠢᠷ ᠶᠠᠪᠤᠳᠠᠯ ᠲᠠᠢ ᠬᠣᠯᠪᠣᠨ ᠰᠤᠳᠤᠯᠬᠤ ᠨᠢ ᠮᠠᠰᠢ ᠪᠠᠲᠤᠯᠠᠭᠠᠲᠠᠢ ᠪᠣᠯᠵᠠᠢ᠃ 
 
   
  ᠬᠦᠢᠰᠦ ᠲᠣᠯᠣᠭᠠᠢ ᠶᠢᠨ ᠪᠢᠴᠢᠭᠡᠰᠦᠨ ᠳᠡᠭᠡᠷᠡᠬᠢ ᠤᠲᠠᠬᠠᠨ ᠡᠴᠢᠭᠡ ᠬᠠᠭᠠᠨ ᠤ ᠴᠣᠯᠠ᠂ ᠠᠨᠠᠭᠦᠢ ᠬᠠᠭᠠᠨ ᠤ ᠣᠪᠣᠭ ᠪᠠ ᠨᠡᠷ᠎ᠡ᠂ ᠬᠦᠦ ᠠᠷᠭᠢᠨ ᠤ ᠣᠪᠣᠭ ᠪᠠ ᠴᠣᠯᠠ᠂ ᠬᠠᠨ᠎ᠠ ᠬᠠᠭᠠᠨ ᠤ ᠨᠡᠷ᠎ᠡ ᠪᠠ ᠴᠣᠯᠠ ᠵᠢᠴᠢ ᠳᠡᠭᠥᠥ ᠵᠠᠬ᠎ᠠ ᠪᠠ ᠲᠤᠲᠤᠭ᠎ᠠ ᠨᠠᠷ ᠤᠨ ᠨᠡᠷ᠎ᠡ ᠨᠢ ᠬᠢᠲᠠᠳ ᠤᠨ ᠰᠤᠷᠪᠤᠯᠵᠢ ᠪᠢᠴᠢᠭ ᠲᠡᠬᠢ ᠤᠲᠠᠬᠠᠨ ᠬᠠᠭᠠᠨ ᠤ ᠭᠡᠷ ᠪᠦᠯᠢ ᠶᠢᠨ ᠨᠡᠷ᠎ᠡ ᠪᠠ ᠴᠣᠯᠠ ᠨᠢ ᠲᠠᠢ ᠰᠠᠢᠬᠠᠨ ᠲᠠᠭᠠᠷᠠᠵᠤ ᠪᠠᠢᠭ᠎ᠠ︵ᠬᠦᠰᠦᠨᠦᠭ H- 11︶᠂ ᠡᠢᠮᠦ ᠡᠴᠡ ᠡᠨᠡᠬᠥ ᠬᠦᠰᠢᠶ᠎ᠡ ᠪᠣᠯ ᠨᠢᠷᠢ ᠬᠠᠭᠠᠨᠲᠤ ᠤᠯᠤᠰ ᠤᠨ ᠦᠶᠡᠰ ᠠᠨᠠᠭᠦᠢ ᠬᠠᠭᠠᠨ ᠤ ᠵᠠᠷᠯᠢᠭ ᠢᠶᠠᠷ ᠪᠣᠰᠬᠠᠭᠰᠠᠨ ᠨᠢ ᠳᠠᠮᠵᠢᠭ ᠦᠭᠡᠢ ᠶᠤᠮ᠃  
 
   
  ᠭᠡᠷᠡᠯᠲᠦ ᠬᠥᠰᠢᠶᠡᠨ ᠦ ᠪᠣᠰᠬᠠᠭᠰᠠᠨ ᠣᠨ ᠴᠠᠭ 
  ᠬᠢᠲᠠᠳ ᠰᠤᠷᠪᠤᠯᠵᠢ ᠪᠢᠴᠢᠭ ᠲᠠᠬᠢ ᠲᠡᠦᠬᠡᠨ ᠣᠴᠢᠷ ᠶᠠᠪᠤᠳᠠᠯ ᠢ ᠬᠠᠷᠢᠴᠭᠤᠯᠠᠨ ᠬᠦᠰᠢᠶᠡᠨ ᠦ ᠪᠠᠢᠭᠤᠯᠤᠭᠰᠠᠨ ᠣᠨ ᠴᠠᠭ ᠨᠢ ᠳᠣᠣᠷᠠᠬᠢ ᠮᠡᠲᠦ᠄ 
508 ᠣᠨ ᠳᠤ ᠤᠲᠠᠬᠠᠨ ᠲᠥᠪ ᠫᠠᠷ ᠬᠠᠭᠠᠨ ᠥᠨᠳᠥᠷ ᠲᠡᠷᠭᠡᠲᠡᠨ ᠤ ᠡᠰᠡᠷᠭᠦ ᠪᠠᠢᠯᠳᠤᠭᠠᠨ ᠳᠤ ᠣᠯᠵᠠᠯᠠᠭᠳᠠᠨ ᠨᠠᠰᠤᠨ ᠥᠭᠡᠳᠡ ᠪᠣᠯᠪᠠ᠃ 
508 ᠣᠨ ᠳᠤ ᠤᠲᠠᠬᠠᠨ ᠲᠥᠪ ᠫᠠᠷ ᠬᠠᠭᠠᠨ ᠤ ᠬᠦᠪᠡᠭᠥᠨ ᠬᠠᠨ᠎ᠠ ᠬᠠᠭᠠᠨ ᠰᠢᠷᠡᠭᠡᠨ ᠳᠦ ᠵᠠᠯᠠᠷᠠᠭᠠᠳ ᠳᠣᠯᠤ ᠬᠡᠮᠡᠬᠦ ᠴᠣᠯᠠ ᠡᠷᠭᠦᠮᠵᠢᠯᠡᠪᠡ᠃ 
520 ᠣᠨ ᠳᠤ ᠳᠢᠸᠠᠨ ᠬᠠᠲᠤᠨ ᠠᠬ᠎ᠠ ᠳᠡᠭᠦᠦ ᠶᠢᠨ ᠬᠠᠷᠢᠴᠠᠭ᠎ᠠ ᠶᠢ ᠬᠤᠳᠬᠤᠨ ᠪᠠᠢᠭᠠᠳ ᠬᠠᠨ᠎ᠠ ᠬᠠᠭᠠᠨ ᠳᠡᠭᠦᠦ ᠵᠠᠬ᠎ᠠ ᠪᠠᠨ ᠬᠥᠨᠥᠭᠡᠪᠡ᠃ 
520 ᠣᠨ ᠳᠤ ᠬᠠᠨ᠎ᠠ ᠬᠠᠭᠠᠨ ᠤ ᠡᠵᠢ ᠬᠠᠲᠤᠨ ᠲᠦᠰᠢᠮᠡᠳ ᠢ ᠲᠣᠮᠢᠯᠠᠨ ᠬᠠᠨ᠎ᠠ ᠬᠠᠭᠠᠨ ᠤ ᠬᠠᠲᠤᠨ ᠳᠢᠸᠠᠨ ᠢ ᠠᠯᠠᠪᠠ᠃ 
520 ᠣᠨ ᠳᠤ ᠬᠠᠨ᠎ᠠ ᠬᠠᠭᠠᠨ ᠪᠠᠢᠯᠳᠤᠭᠠᠨ ᠳᠤ ᠢᠯᠠᠭᠳᠠᠨ ᠪᠤᠴᠠᠨ ᠢᠷᠡᠭᠡᠳ ᠡᠵᠢ ᠬᠠᠲᠤᠨ ᠪᠠ ᠲᠦᠰᠢᠮᠡᠳ ᠨᠠᠷ ᠲᠤ ᠬᠥᠨᠥᠭᠡᠭᠳᠡᠪᠡ᠃ 
520 ᠣᠨ ᠳᠤ ᠡᠵᠢ ᠬᠠᠲᠤᠨ ᠤ ᠰᠠᠨᠠᠭ᠎ᠠ ᠢᠶᠠᠷ ᠠᠨᠠᠭᠦᠢ ᠬᠠᠭᠠᠨ ᠰᠢᠷᠡᠭᠡᠨ ᠳᠦ ᠵᠠᠯᠠᠷᠠᠪᠠ᠃ 
520 ᠣᠨ ᠳᠤ ᠠᠨᠠᠭᠦᠢ ᠬᠠᠭᠠᠨ ᠰᠢᠷᠡᠭᠡᠨ ᠳᠦ ᠵᠠᠯᠠᠷᠠᠭᠠᠳ ᠠᠷᠪᠠᠨ ᠡᠳᠦᠷ ᠦᠨ ᠳᠠᠷᠠᠭ᠎ᠠ ᠡᠴᠢᠭᠡ ᠨᠢᠭᠡ ᠡᠬᠡ ᠥᠭᠡᠷ᠎ᠡ ᠠᠬ᠎ᠠ ᠨᠢ ᠤᠷᠪᠠᠵᠤ ᠡᠵᠢ ᠬᠠᠲᠤᠨ ᠪᠠ ᠳᠡᠭᠦᠦ ᠶᠢ ᠨᠢ ᠠᠯᠠᠪᠠ᠂ ᠠᠨᠠᠭᠦᠢ ᠲᠣᠪᠠ ᠸᠧᠢ ᠤᠯᠤᠰ ᠲᠤ ᠵᠢᠭᠤᠲᠠᠨ ᠣᠴᠢᠪᠠ᠃ 
525 ᠣᠨ ᠳᠤ ᠠᠨᠠᠭᠦᠢ ᠬᠠᠭᠠᠨ ᠲᠣᠪᠠ ᠸᠧᠢ ᠤᠯᠤᠰ ᠤᠨ ᠵᠢᠷᠭᠤᠭᠠᠨ ᠪᠠᠯᠭᠠᠰᠤᠨ ᠤ ᠪᠣᠰᠣᠯᠭ᠎ᠠ ᠶᠢ ᠳᠠᠷᠤᠭᠠᠳ ᠬᠠᠷᠠᠶᠣᠨ ᠲᠥᠪ ᠫᠦᠷᠦᠷ ᠬᠡᠮᠡᠬᠦ ᠴᠣᠯᠠ ᠡᠷᠭᠦᠮᠵᠢᠯᠡᠪᠡ᠃ 
545 ᠣᠨ ᠳᠤ ᠠᠨᠠᠭᠦᠢ ᠬᠠᠭᠠᠨ ᠤ ᠵᠠᠷᠯᠢᠭ ᠢᠶᠠᠷ ᠲᠤᠲᠤᠭ᠎ᠠ ᠳᠡᠭᠦᠦ ᠨᠢ ᠠᠨᠠᠭᠦᠢ ᠶᠢᠨ ᠥᠬᠢᠨ ᠢ ᠬᠠᠮᠠᠭᠠᠯᠠᠨ ᠸᠧᠢ ᠤᠯᠤᠰ ᠤᠨ ᠬᠠᠭᠠᠨ ᠳᠤ ᠮᠣᠷᠳᠠᠭᠤᠯᠤᠨ ᠬᠦᠷᠭᠡᠪᠡ᠃ 
552 ᠣᠨ ᠳᠤ ᠠᠨᠠᠭᠦᠢ ᠬᠠᠭᠠᠨ  ᠲᠥᠷᠥᠭ ᠦᠨ ᠡᠰᠡᠷᠭᠦ ᠪᠠᠢᠯᠳᠤᠭᠠᠨ ᠳᠤ ᠢᠯᠠᠭᠳᠠᠨ ᠪᠡᠶ᠎ᠡ ᠢᠶᠡᠨ ᠬᠣᠣᠷᠯᠠᠪᠠ᠃ 
553 ᠣᠨ ᠳᠤ ᠠᠨᠠᠭᠦᠢ ᠶᠢᠨ ᠬᠥᠪᠡᠭᠦᠨ ᠠᠷᠭᠢᠨ ᠬᠠᠭᠠᠨ ᠰᠢᠷᠡᠭᠡᠨ ᠳᠦ ᠵᠠᠯᠠᠷᠠᠪᠠ᠃ 
554 ᠣᠨ ᠳᠤ ᠠᠷᠭᠢᠨ ᠬᠠᠭᠠᠨ ᠳᠠᠢᠨ ᠳᠤ ᠢᠯᠠᠭᠳᠠᠨ ᠵᠢᠭᠤᠳᠠᠪᠠᠢ᠃ 
  ᠡᠨᠡᠬᠥ ᠭᠡᠷᠡᠯᠲᠦ ᠬᠦᠰᠢᠶᠡᠨ ᠦ ᠳᠥᠷᠪᠡᠳᠦᠭᠡᠷ ᠮᠦᠷ ᠲᠦ ᠬᠠᠷᠠᠶᠣᠨ ᠲᠥᠪ ᠫᠦᠷᠦᠷ ᠬᠡᠮᠡᠨ ᠠᠨᠠᠭᠦᠢ ᠬᠠᠭᠠᠨ ᠤ ᠴᠣᠯᠠ ᠨᠢ ᠢᠯᠡᠷᠡᠭᠰᠡᠨ ᠤᠴᠢᠷ ᠠᠴᠠ ᠯᠠᠪᠲᠠᠢᠶ᠎ᠠ 525 ᠣᠨ ᠠᠴᠠ ᠰᠡᠭᠦᠯᠡᠷ ᠪᠣᠰᠬᠠᠭᠰᠠᠨ᠃ ᠳᠠᠬᠢᠨ ᠨᠠᠢ᠌ᠮᠠᠳᠤᠭᠠᠷ ᠮᠦᠷ ᠲᠦ ᠲᠤᠲᠤᠭ᠎ᠠ ᠫᠦᠭᠳᠢᠭᠴᠢ ᠪᠣᠳᠢᠰᠲᠢᠸ᠎ᠠ ᠪᠣᠯᠣᠭᠰᠠᠨ ᠭᠡᠵᠦ ᠬᠡᠯᠡᠭᠰᠡᠨ ᠣᠴᠢᠷ ᠠᠴᠠ 545 ᠣᠨ ᠤ ᠰᠡᠭᠦᠯᠡᠷ ᠪᠣᠰᠬᠠᠭᠰᠠᠨ᠂ ᠭᠡᠪᠡᠴᠦ ᠨᠠᠢ᠌ᠮᠠᠳᠤᠭᠠᠷ ᠮᠦᠷ ᠦᠨ ᠵᠠᠷᠢᠮ ᠦᠰᠦᠭ ᠨᠢ ᠲᠣᠳᠣ ᠦᠭᠡᠢ ᠣᠴᠢᠷ ᠠᠴᠠ545 ᠣᠨ ᠤ ᠰᠡᠭᠦᠯᠡᠷ ᠪᠣᠰᠬᠠᠯ᠎ᠠ ᠭᠡᠬᠦ ᠨᠢ ᠨᠡᠯᠢᠶᠡᠳ ᠮᠠᠳᠠᠭ ᠲᠠᠢ᠂ ᠰᠡᠭᠦᠯ ᠦᠨ ᠰᠣᠳᠣᠯᠠᠭ᠎ᠠ ᠱᠠᠭᠠᠷᠳᠠᠭᠳᠠᠨ᠎ᠠ᠃ ᠳᠠᠬᠢᠨ ᠳᠥᠷᠪᠡᠳᠦᠭᠡᠷ ᠮᠦᠷ ᠳᠡᠬᠢ ᠬᠠᠷᠠᠶᠣᠨ ᠲᠥᠪ ᠫᠦᠷᠦᠷ ᠬᠠᠭᠠᠨ ᠲᠦᠰᠢᠮᠡᠳ ᠨᠠᠷ ᠲᠠᠢ ᠨᠡᠢᠯᠡᠨ ᠬᠦᠰᠢᠶ᠎ᠡ ᠪᠣᠰᠬᠠᠭᠰᠠᠨ ᠣᠴᠢᠷ ᠠᠴᠠ ᠯᠠᠪ 552 ᠣᠨ ᠤ ᠡᠮᠦᠨ᠎ᠡ ᠪᠣᠰᠬᠠᠭᠰᠠᠨ ᠪᠠᠢᠨ᠎ᠠ᠃ ᠡᠢᠮᠦ ᠡᠴᠡ ᠡᠨᠡᠬᠥ ᠬᠦᠰᠢᠶ᠎ᠡ ᠨᠢ ᠣᠨ ᠲᠣᠭᠠᠯᠠᠯ ᠤᠨ 525 ᠡᠴᠡ552 ᠣᠨ ᠤ ᠬᠣᠭᠣᠷᠣᠨᠳᠤ ᠪᠣᠰᠬᠠᠭᠰᠠᠨ ᠭᠡᠬᠦ ᠨᠢ ᠯᠠᠪ ᠪᠠᠲᠤᠯᠠᠭᠠᠲᠠᠢ ᠣᠴᠢᠷ ᠪᠣᠯᠵᠠᠢ᠃ 
 
ᠳ᠋ᠦᠩᠨᠡᠯᠲᠡ 
1, ᠳᠥᠷᠪᠡ ᠲᠠᠪᠤ ᠪᠠ ᠵᠢᠷᠭᠤᠳᠤᠭᠠᠷ ᠮᠦᠷ ᠦᠨ ᠠᠭᠤᠯᠭ᠎ᠠ ᠠᠴᠠ ᠦᠨᠳᠦᠰᠦᠯᠡᠪᠡᠯ ᠬᠦᠢᠰᠦ ᠲᠣᠯᠣᠭᠠᠢ ᠶᠢᠨ ᠪᠢᠴᠢᠭᠡᠰᠦ ᠪᠣᠯ ᠠᠨᠠᠭᠦᠢ ᠬᠠᠭᠠᠨ ᠤ ᠵᠠᠷᠯᠢᠭ ᠢᠶᠠᠷ ᠬᠠᠭᠠᠨ ᠠᠬ᠎ᠠ᠂ ᠳᠡᠭᠦᠦ ᠵᠢᠴᠢ ᠬᠠᠲᠤᠨ ᠡᠵᠢ ᠪᠠ ᠬᠠᠲᠤᠨ ᠪᠡᠷᠭᠡᠨ ᠨᠠᠷ ᠲᠠᠭᠠᠨ ᠪᠣᠰᠬᠠᠭᠰᠠᠨ ᠪᠠᠢᠨ᠎ᠠ᠃ 
2, ᠬᠦᠢᠰᠦ ᠲᠣᠯᠣᠭᠠᠢ ᠶᠢᠨ ᠪᠢᠴᠢᠭᠡᠰᠦ ᠪᠣᠯ ᠨᠡᠢᠲᠡ ᠶᠢᠨ ᠣᠨ ᠲᠣᠭᠠᠯᠠᠯ ᠤᠨ525 ᠣᠨ ᠠᠴᠠ552 ᠣᠨ ᠦ ᠬᠣᠭᠣᠷᠣᠨᠳᠤ ᠪᠢᠴᠢᠭᠰᠡᠨ ᠶᠢ ᠯᠠᠪᠲᠠᠢ ᠪᠠᠲᠤᠯᠠᠵᠤ ᠳᠡᠢᠯᠦᠨ᠎ᠡ᠂  ᠪᠠᠰᠠ 545 ᠣᠨ ᠠᠴᠠ552 ᠣᠨ ᠤ ᠬᠣᠭᠣᠷᠣᠨᠳᠤ ᠪᠢᠴᠢᠭᠰᠡᠨ ᠪᠠᠢᠵᠤ ᠪᠣᠯᠬᠤ ᠶᠤᠮ᠂ ᠰᠡᠭᠦᠯᠴᠢ ᠶᠢᠨ ᠰᠣᠳᠣᠯᠠᠯ ᠬᠡᠷᠡᠭᠲᠡᠢ ᠪᠠᠢᠨ᠎ᠠ᠃ 
3, ᠡᠨᠡᠬᠥ ᠬᠦᠰᠢᠶᠡᠨ ᠳᠡᠭᠡᠷᠡᠬᠢ ᠢᠯᠡᠷᠡᠭᠰᠡᠨ ᠨᠣᠶᠠᠳ ᠲᠦᠰᠢᠮᠡᠳ ᠦᠨ ᠠᠯᠪᠠᠨ ᠨᠡᠷ᠎ᠡ ᠨᠢ ᠰᠡᠭᠦᠯᠴᠢ ᠶᠢᠨ ᠦᠶ᠎ᠡ ᠶᠢᠨ ᠮᠣᠩᠭᠣᠯ ᠤᠨ ᠥᠨᠳᠥᠷᠯᠢᠭ ᠳᠡᠬᠢ ᠲᠦᠷᠦᠭ ᠪᠠ ᠤᠢᠭᠤᠷ ᠬᠠᠭᠠᠨᠲᠤ ᠤᠯᠤᠰ ᠤᠨ ᠨᠣᠶᠠᠳ ᠲᠦᠰᠢᠮᠡᠳ ᠦᠨ ᠠᠯᠪᠠᠨ ᠨᠡᠷ᠎ᠡ ᠶᠢ ᠨᠥᠯᠥᠭᠡᠯᠡᠭᠰᠡᠨ ᠪᠠᠢᠬᠤ ᠶᠤᠮ᠃ 
4, ᠨᠢᠷᠢ ᠬᠠᠭᠠᠨᠲᠤ ᠤᠯᠤᠰ ᠨᠢ ᠲᠡᠷᠡ ᠦᠶ᠎ᠡ ᠶᠢᠨ ᠣᠢᠷ᠎ᠠ ᠬᠠᠪᠢ ᠶᠢᠨ ᠤᠯᠤᠰ ᠭᠦᠷᠦᠨ ᠪᠠ ᠨᠡᠩ ᠡᠷᠲᠡᠨ ᠦ ᠰᠢᠶᠠᠨᠪᠢ ᠬᠠᠭᠠᠨᠲᠤ ᠭᠦᠷᠦᠨ ᠨᠡᠩ ᠴᠢᠨᠠᠭᠰᠢᠯᠠᠨ ᠾᠦᠩᠨᠦ ᠭᠥᠷᠥᠨ ᠯᠦ᠋ᠭᠡ ᠨᠢᠭᠲᠠ ᠬᠠᠷᠢᠴᠠᠭ᠎ᠠ ᠲᠠᠢ ᠪᠠᠢᠭᠰᠠᠨ  ᠪᠥᠭᠡᠳ ᠵᠠᠷᠢᠮ ᠠᠯᠲᠠᠢ ᠪᠤᠰᠤ ᠦᠭᠡᠰ ᠪᠠ ᠥᠯᠥ ᠣᠢᠯᠠᠭᠠᠭᠳᠠᠬᠤ ᠦᠭᠡᠰ ᠨᠢ ᠡᠳᠡᠭᠡᠷ ᠤᠯᠤᠰ ᠭᠥᠷᠥᠨ ᠡᠴᠡ ᠢᠷᠡᠯᠲᠡ ᠲᠠᠢ ᠪᠠᠢᠬᠤ ᠶᠤᠮ᠃ 
5, ᠨᠢᠷᠢ ᠬᠠᠭᠠᠨᠲᠤ ᠭᠦᠷᠦᠨ ᠦ ᠨᠥᠯᠥᠭᠡᠯᠡᠯ ᠳᠣᠣᠷ᠎ᠠ ᠲᠥᠷᠥᠭ ᠬᠠᠭᠠᠨᠲᠤ ᠤᠯᠤᠰ ᠤᠨ ᠡᠬᠢᠨ ᠦ ᠦᠶ᠎ᠡ ᠳᠦ ᠪᠠᠰᠠ ᠪᠠᠷᠠᠾᠮᠢ ᠦᠰᠦᠭ ᠬᠡᠷᠡᠭᠯᠡᠵᠦ ᠪᠠᠢᠭᠰᠠᠨ᠂ ᠣᠨ ᠲᠣᠭᠠᠯᠠᠯ ᠤᠨ581 ᠣᠨ ᠤ ᠣᠷᠴᠢᠮ ᠪᠣᠰᠬᠠᠭᠰᠠᠨ ᠲᠦᠷᠦᠭ ᠦᠨ ᠪᠤᠭᠤᠲᠤ ᠶᠢᠨ ᠬᠦᠰᠢᠶ᠎ᠡ ( ᠵᠢᠷᠤᠭ J-7) [16] (P3 P5) ᠪᠣᠯ ᠬᠠᠮᠤᠭ ᠤᠨ ᠰᠠᠢᠨ ᠪᠠᠷᠢᠮᠲᠠ ᠪᠣᠯᠣᠨ᠎ᠠ᠂ ᠡᠨᠳᠡ ᠰᠡᠭᠦᠯᠴᠢ ᠶᠢᠨ ᠰᠣᠳᠣᠯᠠᠭ᠎ᠠ ᠬᠡᠷᠡᠭᠲᠡᠢ ᠪᠠᠢᠨ᠎ᠠ᠃
 
 
6, ᠨᠥᠭᠥᠭᠡ ᠨᠢᠭᠡᠨ ᠬᠦᠢᠰᠦ ᠲᠣᠯᠣᠭᠠᠢ ᠶᠢᠨ ᠪᠢᠴᠢᠭᠡᠰᠦ ᠪᠣᠯ ᠤᠲᠠᠬᠠᠨ ᠬᠠᠭᠠᠨ ᠪᠤᠶᠤ ᠨᠡᠩ ᠡᠷᠲᠡᠨ ᠦ ᠨᠢᠷᠢ ᠬᠠᠭᠠᠨ ᠤ ᠬᠦᠰᠢᠶ᠎ᠡ ᠪᠣᠯᠣᠨ᠎ᠠ ᠭᠡᠵᠦ ᠲᠠᠭᠠᠮᠠᠭᠯᠠᠵᠤ ᠪᠠᠢᠭ᠎ᠠ᠂ ᠪᠥᠭᠡᠳ ᠬᠢᠲᠠᠳ ᠰᠤᠷᠪᠤᠯᠵᠢ ᠪᠢᠴᠢᠭ ᠸᠧᠢ ᠤᠯᠤᠰ ᠪᠢᠴᠢᠭ  ᠦᠨ103 ᠪᠣᠳᠢ ᠳᠤ[4] ᠷᠦᠷᠠᠨ ᠤ Shelun︵社崘 402-410 ᠬᠠᠭᠠᠨ ᠪᠠᠢᠭᠰᠠᠨ︶ ᠬᠠᠭᠠᠨ ᠠᠴᠠ ᠡᠬᠢᠯᠡᠨ ᠬᠢᠲᠠᠳ ᠤᠨ ᠴᠣᠯᠠ ᠶᠢᠨ ᠰᠢᠰᠲ᠋ᠧᠮ ᠢ ᠳᠠᠭᠠᠨ ᠰᠤᠷᠤᠯᠴᠠᠭᠠᠳ᠂ ᠮᠣᠳᠣ ᠵᠢᠷᠤᠨ ᠪᠢᠴᠢᠭ ᠪᠢᠴᠢᠵᠦ ᠪᠠᠢᠭᠰᠠᠨ ᠭᠡᠳᠡᠭ ᠲᠡᠮᠳᠡᠭᠯᠡᠯ ᠪᠠᠢᠳᠠᠭ ᠣᠴᠢᠷ ᠠᠴᠠ ᠨᠢᠷᠢ ᠭᠦᠷᠦᠨ ᠠᠯᠢ ᠡᠷᠲᠡ ᠲᠠᠪᠤᠳᠤᠭᠠᠷ ᠵᠠᠭᠤᠨ ᠤ ᠡᠬᠢᠨ ᠦ ᠦᠶᠡᠰ ᠪᠠᠷᠠᠾᠮᠢ ᠪᠢᠴᠢᠭ ᠬᠡᠷᠡᠭᠯᠡᠵᠦ ᠪᠠᠢᠭᠰᠠᠨ ᠪᠠᠢᠬᠤ ᠶᠤᠮ᠃
7, ᠪᠠᠷᠠᠾᠮᠢ ᠭᠠᠯᠢᠭ ᠲᠡᠷᠡ ᠦᠶᠡᠰ ᠦᠨ ᠮᠣᠩᠭᠣᠯ ᠬᠡᠯᠡ ᠶᠢ ᠨᠠᠷᠢᠨ ᠲᠣᠳᠣ ᠲᠡᠮᠳᠡᠭᠯᠡᠵᠦ ᠳᠡᠢᠯᠬᠦ ᠦᠭᠡᠢ ᠳᠤᠲᠠᠭᠲᠠᠯ ᠲᠠᠢ ᠪᠠᠢᠬᠤ ᠪᠣᠯᠣᠯᠴᠠᠭ᠎ᠠ ᠶᠡᠬᠡ ᠪᠠᠢᠨ᠎ᠠ᠃ ᠬᠦᠢᠰᠦ ᠲᠣᠯᠣᠭᠠᠢ ᠳᠠᠬᠢ ucbatahan ᠬᠠᠭᠠᠨ ᠬᠡᠷᠪᠡ ᠴ ᠪᠠ ᠪ ᠭᠡᠢᠭᠦᠯᠦᠭᠴᠢ ᠦᠭᠡᠢ ᠪᠣᠯ ᠠᠯᠲᠠᠢ ᠦᠭᠡᠨ ᠦ ᠤᠲᠠᠬᠠᠨ ᠪᠠ ᠤᠲᠠᠰᠤᠨ ᠯᠤᠭ᠎ᠠ ᠮᠠᠰᠢ ᠰᠠᠢᠬᠠᠨ ᠲᠠᠭᠠᠷᠠᠬᠤ ᠶᠤᠮ᠃ ᠪᠠᠰᠠ ᠡᠨᠡᠬᠥ ᠬᠦᠰᠢᠶᠡᠨ ᠳᠦ ᠮ ᠭᠡᠢᠭᠦᠯᠦᠭᠴᠢ ᠦᠭᠡᠢ ᠨᠢ ᠪᠠᠰᠠ ᠰᠣᠨᠢᠨ ᠣᠴᠢᠷ ᠪᠠᠢᠨ᠎ᠠ᠂ ᠰᠡᠭᠦᠯᠴᠢ ᠶᠢᠨ ᠰᠣᠳᠣᠯᠠᠭ᠎ᠠ ᠱᠠᠭᠠᠷᠳᠠᠭᠳᠠᠨ᠎ᠠ᠃
8, ᠬᠥᠰᠢᠶᠡᠨ ᠳᠡᠭᠡᠷᠡᠬᠢ ᠣᠯᠠᠩᠬᠢ ᠦᠰᠦᠭ ᠤᠨ ᠠᠪᠢᠶ᠎ᠠ ᠨᠢ 13 ᠳ᠋ᠤᠭᠠᠷ ᠵᠠᠭᠤᠨ ᠤ ᠮᠣᠩᠭᠣᠯ ᠤᠨ ᠨᠢᠭᠤᠴᠠ ᠲᠣᠪᠴᠢᠶᠠᠨ ‍ᠣ ᠦᠭᠡᠰ ᠤᠨ ᠠᠪᠢᠶ᠎ᠠ ᠪᠠ ᠣᠷᠴᠢᠨ ᠴᠠᠭ ᠤᠨ ᠮᠣᠩᠭᠣᠯ ᠬᠡᠯᠡᠨ ᠦ ᠠᠪᠢᠶ᠎ᠠ ᠯᠤᠭ᠎ᠠ ᠠᠳᠠᠯᠢ ᠪᠤᠶᠤ ᠠᠳᠠᠯᠢᠪᠲᠤᠷ ᠣᠴᠢᠷ ᠠᠴᠠ ᠨᠢᠷᠢ ᠬᠠᠭᠠᠨᠲᠤ ᠤᠯᠤᠰ ᠪᠣᠯ ᠮᠣᠩᠭᠣᠯᠴᠤᠳ ᠤᠨ ᠡᠪᠦᠭᠡ ᠳᠡᠭᠡᠳᠦᠰ ᠦᠨ ᠬᠠᠭᠠᠨᠲᠤ ᠭᠥᠷᠥᠨ ᠪᠣᠯᠣᠨ᠎ᠠ᠃
9, ᠬᠥᠰᠢᠶᠡᠨ ᠳᠡᠭᠡᠷᠡᠬᠢ ᠨᠢᠷᠢ ᠭᠡᠬᠦ ᠦᠰᠦᠭ ᠪᠣᠯ ᠮᠠᠰᠢ ᠴᠢᠬᠤᠯᠠ ᠦᠰᠦᠭ ᠪᠣᠯᠣᠨ᠎ᠠ᠂ ᠮᠠᠨ ᠤ ᠲᠡᠦᠬᠡᠴᠢᠳ ᠦᠨ ᠨᠢᠷᠤᠭᠤᠨ ᠭᠡᠬᠦ ᠲᠠᠭᠠᠮᠠᠭᠯᠠᠯ ᠲᠠᠢ ᠮᠠᠰᠢ ᠠᠳᠠᠯᠢ ᠪᠥᠭᠡᠳ ᠮᠣᠩᠭᠣᠯ ᠤᠨ ᠲᠡᠦᠬᠡ ᠶᠢ ᠤᠷᠤᠭᠰᠢ ᠲᠦᠯᠬᠢᠭᠡᠳ ᠨᠡᠩ ᠴᠢᠨᠠᠭᠰᠢ ᠾᠦᠩᠨᠦ ᠭ



  
     
     