 

ᠬᠠᠲᠤᠨ ᠭᠤᠤᠯ ᠤᠨ ᠰᠠᠪᠠ ᠭᠠᠵᠠᠷ ᠲᠠᠬᠢ ᠠᠮᠲᠠᠲᠦ ᠬᠡᠮᠬᠡ ᠶᠢᠨ ᠨᠤᠲᠤᠭ

2019-11-17 17:34
  183
  0

 
   11 ᠰᠠᠷ᠎ᠠ ᠶᠢᠨ 14 ᠤ ᠡᠳᠦᠷ᠂ ᠰᠤᠷᠪᠤᠯᠵᠢᠯᠠᠭᠴᠢ ᠦᠶᠦᠸᠠᠨ ᠰᠢᠶᠠᠨ ᠤ ᠲᠤᠭᠤᠷᠢᠬᠤ ᠪᠠᠯᠭᠠᠰᠤᠨ ᠤ ᠹᠧᠩ ᠬᠤᠸᠠ ᠲᠤᠰᠬᠤᠨ ᠳᠤ ᠬᠦᠷᠬᠦ ᠳᠤ᠂ ᠲᠦᠷᠪᠡᠨ ᠵᠦᠭ ᠨᠠᠢᠮᠠᠨ ᠵᠤᠪᠬᠢᠰ ᠲᠤ ᠨᠡᠪᠲᠡᠷᠡᠭᠰᠡᠨ ᠲᠡᠭᠰᠢ ᠲᠠᠷᠳᠠᠩ ᠱᠦᠢᠨᠢ ᠵᠠᠮ ᠰᠤᠨᠤᠯᠵᠠᠠ᠂ ᠵᠠᠮ ᠤᠨ ᠬᠤᠶᠠᠷ ᠬᠠᠵᠠᠭᠤ ᠪᠠᠷ ᠵᠢᠭᠲᠡ ᠰᠠᠶᠢᠬᠠᠨ ᠮᠤᠳᠤ ᠰᠢᠭᠤᠢᠢᠷᠠᠵᠥ᠂ ᠲᠤᠰᠬᠤᠨ ᠤ ᠠᠷᠠᠳ ᠤᠨ ᠭᠡᠷ ᠪᠠᠢᠰᠢᠩ ᠬᠦᠷᠢᠶ᠎ᠡ ᠬᠠᠰᠢᠶ᠎ᠠ ᠡᠮᠬᠢ ᠴᠡᠭᠴᠡ ᠲᠠᠢ ᠴᠡᠪᠡᠷ ᠴᠡᠮᠴᠡᠭᠡᠷ ᠬᠠᠷᠠᠭᠲᠠᠵᠤ ᠪᠠᠶᠢᠯ᠎ᠠ᠃ ᠡᠪᠦᠯ ᠤᠨ ᠠᠭᠤᠷ ᠤᠷᠤᠵᠥ ᠲᠡᠭᠷᠢ ᠬᠦᠢᠳᠡᠷᠡᠬᠦ ᠶᠢ ᠲᠡᠭᠠᠯᠳᠤᠠ ᠲᠠᠷᠢᠶ᠎ᠠ ᠪᠠᠨ ᠬᠤᠷᠢᠶᠠᠬᠰᠠᠠ ᠲᠤᠰᠬᠤᠨ ᠤ ᠠᠷᠠᠳ ᠤᠳ ᠲᠤᠰᠬᠤᠨ ᠤ ᠲᠦᠪ ᠤᠨ ᠠᠭᠤᠳᠠᠮ ᠲᠠᠯᠠᠪᠠᠢ ᠳᠤ ᠪᠡᠶ᠎ᠠ ᠪᠤᠯᠪᠠᠰᠤᠷᠠᠨ ᠵᠤᠭᠤᠭ ᠲᠡᠯᠭᠡᠵᠦ᠂ ᠴᠢᠷᠠᠢ ᠳᠤᠨᠢ ᠵᠢᠷᠭᠠᠯ ᠤᠨ ᠮᠦᠰᠢᠶᠡᠲᠦ ᠲᠤᠳᠤᠷᠠᠨ᠎ᠠ᠃
   ᠤᠢᠢᠷ᠎ᠠ ᠶᠢᠨ ᠵᠢᠯ ᠠᠴᠠ᠂ ᠹᠧᠩ ᠬᠤᠸᠠ ᠲᠤᠰᠬᠤᠨ ᠨᠠᠮ ᠤᠨ ᠪᠠᠶᠢᠭᠤᠯᠤᠯᠲᠠ ᠶᠢ ᠴᠢᠩᠭᠠᠳᠬᠠᠬᠤ ᠪᠠᠷ ᠲᠠᠮᠵᠢᠠ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠪᠠ ᠤᠯᠤᠰ ᠤᠨ ᠶᠠᠳᠠᠭᠤ ᠶᠢ ᠲᠡᠳᠭᠦᠬᠦ ᠲᠦᠷᠦ ᠶᠢᠨ ᠪᠤᠳᠤᠯᠭ᠎ᠠ ᠳᠤ ᠲᠦᠰᠢᠭᠯᠡᠨ᠂ ᠵᠠᠮ ᠵᠠᠰᠠᠵᠤ ᠠᠵᠤ ᠦᠢᠯᠡᠰ ᠢ ᠬᠦᠭᠵᠢᠭᠦᠯᠦᠭᠰᠡᠡ ᠢᠶᠠᠷ ᠲᠤᠰᠬᠤᠨ ᠤ ᠠᠷᠠᠳ ᠤᠨ ᠦᠢᠯᠡᠳᠪᠦᠷᠢᠯᠡᠯ ᠠᠮᠢᠳᠤᠷᠠᠯ ᠳᠤ ᠯᠤᠳᠤ ᠶᠡᠭᠡ ᠬᠤᠪᠢᠷᠠᠯᠲᠠ ᠭᠠᠷᠴᠤ᠂ ᠦᠩᠭᠡᠷᠡᠭᠰᠡᠨ ᠤ ᠶᠠᠳᠠᠭᠤ ᠬᠦᠴᠢᠷᠳᠡᠯᠲᠡᠢ ᠲᠤᠰᠬᠤᠨ ᠤᠳᠤ ᠠᠵᠤ ᠦᠢᠯᠡᠰ ᠢᠶᠠᠷ ᠪᠠᠶᠠᠵᠢᠨ ᠴᠢᠨᠡᠭᠡᠯᠢᠭᠵᠢᠭᠰᠡᠨ ᠲᠤᠰᠬᠤᠨ ᠪᠤᠯᠵᠤ ᠬᠤᠪᠢᠷᠠᠪᠠ᠃
   ᠲᠤᠰᠬᠤᠨ ᠤ ᠡᠷᠬᠢᠯᠡᠭᠴᠢ ᠯᠢᠦ ᠶᠦᠩ ᠵᠢᠢ᠄ ︽ᠦᠩᠭᠡᠷᠡᠭᠰᠡᠨ ᠳᠤ ᠮᠠᠨ ᠤ ᠲᠤᠰᠬᠤᠨ ᠨᠠᠷᠠᠨ ᠬᠤᠸᠠᠷ᠂ ᠡᠷᠲᠡᠨᠢ ᠰᠢᠰᠢ ᠲᠠᠷᠢᠬᠤ ᠪᠠᠷ ᠭᠤᠤᠯ ᠪᠤᠯᠭᠠᠵᠤ᠂ ᠲᠤᠰᠬᠤᠨ ᠤ ᠠᠷᠠᠳ ᠪᠦᠲᠦᠨ ᠵᠢᠯ ᠬᠦᠴᠦ ᠬᠦᠯᠦᠰᠦ ᠪᠠᠨ ᠤᠷᠤᠰᠬᠠᠭᠠᠳ ᠵᠠᠷᠤᠯᠭ᠎ᠠ ᠪᠠᠨ ᠭᠠᠷᠭᠠᠪᠠᠯ ᠲᠡᠮᠡᠢ ᠬᠡᠳᠦᠨ ᠵᠤᠭᠤᠰ ᠦᠯᠡᠳᠡᠳᠡᠭ ᠦᠭᠡᠢ ᠪᠠᠶᠢᠵᠠᠢ᠃ 2017 ᠤᠨ ᠠᠴᠠ ᠭᠤᠯᠳᠤᠩ ᠰᠠᠷᠠᠪᠴᠢ ᠪᠠᠶᠢᠭᠤᠯᠵᠤ ᠪᠠᠢ ᠯᠢ ᠼᠦᠢ ᠠᠮᠲᠠᠲᠤ ᠬᠡᠮᠬᠡ ᠲᠠᠷᠢᠭᠰᠠᠨ ᠠᠴᠠ ᠮᠠᠨ ᠤ ᠦᠢᠯᠡᠳᠪᠦᠷᠢᠯᠡᠯ ᠠᠮᠢᠳᠤᠷᠠᠯ ᠳᠤ ᠮᠠᠰᠢ ᠶᠡᠭᠡ ᠬᠤᠪᠢᠷᠠᠯᠲᠠ ᠭᠠᠷᠴᠤ᠂ ᠠᠰᠢᠭ ᠤᠷᠤᠯᠭ᠎ᠠ ᠤᠤᠯ ᠠᠴᠠ ᠪᠠᠨ ᠲᠠᠬᠢᠨ ᠢᠶᠠᠷ ᠨᠡᠮᠡᠭᠳᠡᠵᠡᠢ᠃ ᠮᠠᠨ ᠤ ᠠᠳᠡᠬᠢ ᠪᠠᠢ ᠯᠢ ᠼᠦᠢ ᠠᠮᠲᠠᠲᠤ ᠬᠡᠮᠬᠡ ᠤᠰᠤᠯᠢᠭ ᠮᠦᠷᠲᠡᠭᠡᠨ ᠤᠢᠢᠷᠠᠮᠡᠭ ᠪᠤᠯᠬᠤᠷ ᠵᠠᠬ᠎ᠠ ᠲᠡᠯᠭᠡᠭᠦᠷ ᠤᠨ ᠪᠤᠷᠤᠯᠠᠭᠤᠯᠭ᠎ᠠ ᠮᠠᠰᠢ ᠰᠠᠶᠢᠨ︾ ᠬᠡᠵᠦ ᠰᠤᠷᠪᠤᠯᠵᠢᠯᠠᠭᠴᠢ ᠳᠤ ᠶᠠᠷᠢᠨ᠎ᠠ᠃ ᠲᠤᠰ ᠲᠤᠰᠬᠤᠨ 2017 ᠤᠨ ᠠᠴᠠ ᠵᠠᠰᠠᠭ ᠤᠨ ᠤᠷᠳᠤᠨ ᠤ ᠲᠡᠮᠵᠢᠯᠭᠡ ᠪᠠᠷ ᠶᠠᠳᠠᠭᠤ ᠶᠢ ᠲᠡᠳᠭᠦᠬᠦ ᠠᠵᠤ ᠦᠢᠯᠡᠰ ᠤᠨ ᠬᠦᠷᠢᠶᠡᠯᠡᠩ ᠪᠠᠶᠢᠭᠤᠯᠵᠤ᠂ 107 ᠰᠠᠭᠤᠷᠢ ᠪᠤᠯᠤᠳ ᠬᠢᠴᠡᠲᠡᠢ ᠭᠤᠯᠳᠤᠩ ᠰᠠᠷᠠᠪᠴᠢ ᠪᠠᠶᠢᠭᠤᠯᠵᠤ᠂ ᠡᠳᠦᠭᠡ 361 ᠰᠠᠭᠤᠷᠢ ᠪᠤᠯᠵᠥ ᠬᠦᠭᠵᠢᠪᠡ᠃ ᠹᠧᠩ ᠬᠤᠸᠠ ᠲᠤᠰᠬᠤᠨ ᠬᠠᠲᠤᠨ ᠭᠤᠤᠯ ᠤᠨ ᠰᠠᠪᠠ ᠭᠠᠵᠠᠷ ᠲᠤ ᠤᠷᠤᠰᠢᠵᠤ᠂ ᠬᠠᠲᠤᠨ ᠭᠤᠤᠯ ᠠᠴᠠ 20 ᠺᠢᠯᠤᠮᠧᠲᠷ ᠵᠠᠶᠢᠲᠠᠢ᠃ ᠬᠠᠲᠤᠨ ᠭᠤᠤᠯ ᠤᠨ ᠤᠰᠤ ᠪᠠᠷ ᠬᠦᠯᠡᠮᠵᠢᠨ ᠤ ᠠᠮᠲᠠᠲᠤ ᠬᠡᠮᠬᠡ ᠪᠠᠨ ᠤᠰᠤᠯᠠᠵᠤ ᠪᠠᠶᠢᠬᠤ ᠪᠤᠯᠬᠤᠷ ᠠᠮᠲᠠᠲᠤ ᠬᠡᠮᠬᠡ ᠶᠢᠨ ᠠᠮᠲᠠ ᠨᠢ ᠰᠠᠶᠢᠨ ᠪᠠᠶᠢᠳᠠᠭ᠃ ᠨᠢᠳᠤᠨᠤᠠ ᠠᠩᠬᠠᠨ ᠤ ᠡᠭᠡᠯᠵᠢᠨ ᠳᠤ ᠲᠤᠰᠬᠤᠠ ᠤ ᠠᠷᠠᠳ ᠤᠳ ᠪᠦᠷ ᠪᠠᠢ ᠯᠢ ᠼᠦᠢ ᠠᠮᠲᠠᠲᠤ ᠬᠡᠮᠬᠡ ᠲᠠᠷᠢᠵᠤ᠂ ᠰᠠᠷᠠᠪᠴᠢ ᠪᠦᠷᠢ ᠶᠢᠨ ᠤᠷᠤᠯᠭ᠎ᠠ 1 ᠲᠦᠮᠡ ᠭᠠᠷᠤᠢ ᠲᠦᠭᠦᠷᠢᠭ ᠲᠤ ᠬᠦᠷᠦᠭᠰᠡᠨ ᠪᠠᠶᠢᠨ᠎ᠠ᠃ ᠡᠨᠡ ᠵᠢᠯ ᠪᠠᠰᠠ ᠡᠯᠪᠡᠭ ᠬᠤᠷᠢᠶᠠᠯᠲᠠ ᠤᠯᠵᠤ᠂ ᠪᠤᠷᠤᠯᠠᠭᠤᠯᠭ᠎ᠠ ᠨᠢ ᠨᠠᠩ ᠰᠠᠶᠢᠠ ᠪᠤᠯᠵᠡᠢ᠃ ᠪᠢᠶᠠᠨ ᠰᠧ ᠨᠢᠦᠢ ᠪᠤᠯ ᠹᠧᠩ ᠬᠤᠸᠠ ᠲᠤᠰᠬᠤᠨ ᠤ ᠶᠠᠳᠠᠭᠤ ᠬᠦᠴᠢᠷᠳᠡᠯᠲᠡᠢ ᠡᠷᠦᠬᠡ᠂ ᠲᠡᠳᠡᠨ ᠤ ᠬᠢ ᠶᠢ ᠠᠵᠥ ᠦᠢᠯᠡᠰ ᠢᠶᠠᠷ ᠲᠡᠮᠵᠢᠠ ᠲᠡᠳᠬᠦᠭᠡᠳ᠂ ᠲᠤᠰᠬᠤᠨ ᠠᠴᠠ ᠦᠨ᠎ᠡ ᠲᠦᠯᠦᠪᠦᠷᠢ ᠦᠭᠡᠢ ᠪᠠᠷ 2 ᠲᠤᠯᠠᠭᠠᠠ ᠬᠦᠯᠡᠮᠵᠢ ᠬᠠᠩᠭᠠᠵᠠᠢ᠃ ᠡᠨᠡ ᠵᠢᠯ ᠲᠡᠷᠠ 1200 ᠲᠦᠭᠦᠷᠢᠭ ᠤᠨ ᠭᠠᠵᠠᠷ ᠲᠦᠷᠢᠶᠡᠰᠦᠯᠡᠬᠦ ᠮᠦᠩᠬᠦ ᠪᠠᠨ ᠲᠤᠰᠢᠶᠠᠵᠤ᠂ ᠲᠤᠰᠬᠤᠨ ᠤ ᠬᠠᠮᠲᠤ ᠶᠢᠨ ᠲᠤᠰᠠᠯᠠᠮᠵᠢ ᠪᠠᠷ 2 ᠲᠤᠯᠠᠭᠠᠠ ᠬᠦᠯᠡᠮᠵᠢᠨ ᠳᠤ ᠪᠠᠢ ᠯᠢ ᠼᠦᠢ ᠠᠮᠲᠠᠲᠤ ᠬᠡᠮᠬᠡ ᠲᠠᠷᠢᠭᠠᠳ ᠨᠠᠮᠤᠷ 2 ᠲᠦᠮᠡ ᠭᠠᠷᠤᠢ ᠲᠦᠭᠦᠷᠢᠭ ᠤᠨ ᠤᠷᠤᠯᠭ᠎ᠠ ᠤᠯᠵᠤ᠂ ᠠᠮᠢᠳᠤᠷᠠᠯ ᠤᠨ ᠲᠦᠪᠰᠢᠨ ᠨᠢ ᠨᠢᠭᠡᠯᠡ ᠳᠡᠭᠡᠷ᠎ᠡ ᠲᠡᠭᠡᠭᠰᠢᠯᠡᠭᠰᠡᠨ ᠪᠠᠢᠨ᠎ᠠ᠃
   ᠲᠠᠷᠢᠶᠠᠴᠢᠳ ᠤᠨ ᠦᠢᠯᠡᠳᠪᠤᠷᠢᠯᠡᠯ ᠢᠶᠠᠨ ᠬᠦᠭᠵᠢᠬᠦᠯᠬᠦ ᠤᠷᠮ᠎ᠠ ᠵᠤᠷᠢᠭ ᠨᠢ ᠲᠡᠶᠢᠴᠢᠯᠠᠭᠳᠠᠭᠰᠠᠠ ᠢᠶᠠᠷ᠂ ᠹᠧᠩ ᠬᠤᠸᠠ ᠲᠤᠰᠬᠤᠨ ᠤ ᠠᠵᠤ ᠠᠬᠤᠢ ᠴᠤ ᠬᠦᠭᠵᠢᠯᠲᠡ ᠲᠠᠢ ᠪᠤᠯᠵᠤ᠂ ᠠᠷᠠᠳ ᠤᠨ ᠠᠮᠢᠳᠤᠷᠠᠯ ᠤᠨ ᠨᠦᠭᠦᠴᠡᠯ᠂ ᠤᠶᠤᠨ ᠰᠠᠨᠠᠭᠠᠨ ᠤ ᠲᠦᠷᠰᠦ ᠪᠠᠶᠢᠳᠠᠯ ᠬᠢᠬᠡᠳ ᠲᠦᠷᠢ ᠲᠦᠷᠬᠦ ᠡᠳᠦᠷ ᠠᠴᠠ ᠡᠳᠦᠷ ᠰᠠᠶᠢᠵᠢᠷᠠᠵᠥ ᠪᠠᠶᠢᠨ᠎ᠠ᠃ ᠤᠳᠤ ᠲᠤᠰ ᠲᠤᠰᠬᠤᠨ ᠤ 57 ᠡᠷᠦᠬᠡ ᠶᠠᠳᠠᠭᠤ ᠬᠦᠴᠢᠷᠳᠡᠯᠲᠡᠢ ᠡᠷᠦᠬᠡ ᠶᠢᠨ 116 ᠬᠦᠮᠦᠨ ᠪᠦᠷ ᠶᠠᠳᠠᠭᠤ ᠠᠴᠠ ᠠᠩᠬᠢᠵᠢᠷᠠᠵᠤ᠂ ᠰᠢᠨ᠎ᠡ ᠪᠠᠷ ᠬᠦᠭᠵᠢᠭᠦᠯᠦᠭᠰᠡᠨ ᠬᠡᠷᠡᠯ ᠢᠶᠠᠷ ᠴᠠᠬᠢᠯᠭᠠᠨ ᠭᠠᠷᠭᠠᠬᠤ ᠠᠵᠤ ᠦᠢᠯᠡᠰ ᠲᠤᠰᠬᠤᠨ ᠤ ᠬᠠᠮᠲᠤ ᠶᠢᠨ ᠠᠵᠤ ᠠᠬᠤᠢ ᠳᠤ ᠮᠠᠰᠢ ᠰᠠᠶᠢᠨ ᠦᠷ᠎ᠡ ᠠᠰᠢᠭ ᠠᠪᠴᠢᠷᠠᠵᠤ᠂ ᠲᠤᠰᠬᠤᠨ ᠤ ᠬᠠᠮᠲᠤ ᠶᠢᠨ ᠠᠵᠤ ᠠᠬᠤᠢ ᠶᠢᠨ ᠬᠤᠭᠤᠰᠤᠨ ᠢ ᠪᠦᠭᠯᠡᠪᠡ᠃ ᠹᠧᠩ ᠬᠤᠸᠠ ᠲᠤᠰᠬᠤᠨ ᠶᠠᠭ ᠴᠣ᠋ ᠰᠢᠨ᠎ᠡ ᠲᠦᠷᠢ ᠲᠦᠷᠬᠦ ᠪᠠᠷ ᠢᠶᠠᠨ ᠶᠠᠳᠠᠭᠤ ᠠᠴᠠ ᠠᠩᠬᠢᠵᠢᠷᠠᠵᠤ ᠪᠠᠶᠠᠵᠢᠨ ᠴᠢᠨᠡᠭᠡᠯᠢᠭᠵᠢᠬᠦ ᠵᠠᠮ ᠲᠡᠭᠡᠷ᠎ᠡ ᠶᠡᠭᠡ ᠠᠯᠬᠤᠮ ᠢᠶᠠᠷ ᠤᠷᠤᠭᠰᠢᠯᠠᠨ᠎ᠠ᠃ ᠵᠣᠬᠢᠶᠠᠭᠴᠢ᠄  ᠲᠡᠭᠦᠰᠪᠢᠯᠢᠭ



  
     
     