-
91265
ᠵᠦᠭᠡᠷ ᠴᠢᠮ᠎ᠠ ᠪᠠᠨ ᠬᠠᠶᠢᠷᠠᠯᠠᠵᠤ ᠶᠠᠪᠤᠨ᠎ᠠ
2023-05-01 23:12
102
2
ᠰᠠᠨᠠᠭᠰᠠᠨ ᠦᠭᠡᠢ ᠤᠴᠠᠷᠠᠯ ᠵᠡᠭᠦᠳᠤᠨ ᠳᠤ ᠢᠷᠡᠳᠡᠭ ᠰᠢᠭ᠋
ᠰᠠᠶᠢᠬᠠᠨ ᠴᠢᠨᠤᠭᠢ ᠪᠠᠨ ᠨᠡᠷ᠎ᠡ ᠶᠢ ᠪᠢ ᠰᠢᠪᠡᠨᠡᠨ ᠰᠢᠪᠡᠨᠡᠵᠤ
ᠰᠦᠨᠢ ᠶᠢᠨ ᠠᠨᠢᠷ ᠠᠨᠢᠷᠳᠤᠬᠤ ᠨᠠᠮ ᠭᠦᠮ ᠳᠦ
ᠰᠠᠷᠠᠨ ᠳᠤ ᠰᠢᠪᠡᠨᠡᠳᠡᠭ ᠤᠳᠤᠳ ᠤᠨ ᠭᠤᠶᠤᠬᠠᠨ ᠭᠦᠰᠡᠯ ᠪᠤᠯᠤᠨ
ᠵᠦᠭᠡᠷ ᠯᠠ ᠴᠢᠮ᠎ᠠ ᠪᠠᠨ ᠬᠠᠶᠢᠷᠠᠯᠠᠵᠤ ᠶᠠᠪᠤᠨ᠎ᠠ
ᠰᠡᠳᠭᠢᠯ ᠳᠦ ᠪᠡᠨ ᠴᠢᠮᠠᠶᠢ ᠵᠢᠷᠤᠴᠢᠬᠠᠭᠠᠳ ᠶᠠᠪᠤᠳᠠᠭ ᠰᠢᠭ᠋
ᠵᠦᠪᠭᠡᠨ ᠦᠨᠡᠨ ᠬᠠᠶᠢᠷ᠎ᠠ ᠰᠡᠳᠭᠢᠯ ᠦᠨ ᠴᠢᠨᠢ ᠲᠦᠯᠤᠭᠡ
ᠰᠠᠨᠠᠮᠰᠠᠷ ᠦᠭᠡᠢ ᠦᠭᠡᠶᠢᠯᠡᠳᠡᠭ ᠤᠷᠤᠨ ᠵᠠᠢ ᠳᠤ
ᠰᠢᠳᠡᠭᠦᠷᠢ ᠶᠢᠨ ᠲᠤᠰᠤᠯ ᠪᠠᠷ ᠡᠪᠡᠰᠤ ᠴᠡᠴᠡᠭᠡᠰ ᠤᠷᠭᠤᠭᠤᠯᠤᠨ
ᠵᠦᠭᠡᠷ ᠴᠢᠮ᠎ᠠ ᠪᠠᠨ ᠬᠠᠶᠢᠷᠠᠯᠠᠵᠤ ᠶᠠᠪᠤᠨ᠎ᠠ
ᠬᠠᠶᠢᠷᠠᠯᠠᠵᠤ ᠰᠤᠷᠤᠭᠰᠠᠨ ᠡᠳᠤᠷ ᠬᠤᠨᠤᠭ ᠤᠳ ᠢᠶᠠᠨ
ᠬᠠᠷᠠᠮᠨᠠᠬᠤ ᠦᠭᠡᠢ ᠪᠢ ᠡᠨᠡ ᠪᠦᠭᠦᠨ ᠡᠴᠡ ᠪᠡᠨ ᠭᠡᠵᠤ
ᠰᠡᠷᠡᠵᠤ ᠮᠡᠳᠡᠭᠡ ᠦᠭᠡᠢ ᠰᠡᠳᠭᠢᠯ ᠦᠨ ᠴᠢᠨᠢ ᠨᠦᠭᠦᠭᠡ ᠲᠠᠯ᠎ᠠ ᠳᠤ
ᠰᠡᠳᠭᠢᠵᠤ ᠤᠯᠳᠠᠰᠢ ᠦᠭᠡᠢ ᠦᠭᠡᠷ᠎ᠡ ᠨᠢᠭᠡ ᠶᠡᠷᠳᠢᠨᠴᠤ ᠪᠤᠯᠤᠨ
ᠵᠦᠭᠡᠷ ᠯᠠ ᠴᠢᠮ᠎ᠠ ᠪᠠᠨ ᠬᠠᠶᠢᠷᠠᠯᠠᠵᠤ ᠶᠠᠪᠦᠨᠠ
2023᠂3᠂26
-
2024-01-22