-
2144378
ᠤᠷ᠎ᠠ ᠴᠢᠳᠠᠯ · ᠤᠷᠮ᠎ᠠ ᠵᠤᠷᠢᠭ · ᠢᠳᠡᠭᠡᠯ ᠬᠥᠰᠡᠯ
2019-08-21 08:19
440
0
ᠤᠷ᠎ᠠ ᠴᠢᠳᠠᠯ · ᠤᠷᠮ᠎ᠠ ᠵᠤᠷᠢᠭ · ᠢᠳᠡᠭᠡᠯ ᠬᠥᠰᠡᠯ — ᠠᠷᠪᠠᠨ ᠲᠥᠷᠪᠡᠳᠤᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠠᠩᠬᠠᠨ ᠤ ᠤᠷᠤᠯᠳᠤᠭᠠᠨ ᠶᠠᠪᠤᠬᠳᠠᠬᠰᠠᠨ ᠲᠠᠰᠢᠷᠠᠮ ᠳᠤ
7 ᠰᠠᠷ᠎ᠠ ᠶᠢᠨ 27 — 29 ᠤ ᠡᠳᠤᠷ᠂ 8 ᠰᠠᠷ᠎ᠠ ᠶᠢᠨ 1 — 3 ᠤ ᠡᠳᠤᠷ ᠪᠤᠯᠲᠠᠯ᠎ᠠ ᠠᠷᠪᠠᠨ ᠲᠥᠷᠪᠡᠳᠤᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠵᠤᠨ ᠤ ᠤᠯᠠᠷᠢᠯ ᠤᠨ ᠲᠠᠮᠢᠷ ᠤᠨ ᠤᠷᠤᠯᠳᠤᠭᠠᠨ ᠤ ᠲᠥᠷᠥᠯ ᠪᠤᠯᠬᠤ ᠭᠤᠯᠭᠤᠭᠤᠷ ᠬᠥᠷᠳᠤ + ᠫᠤᠤᠳᠠᠯᠭ᠎ᠠ᠂ ᠭᠤᠯᠭᠤᠭᠤᠷ ᠬᠥᠷᠳᠤ ᠶᠢᠨ ᠤᠷᠤᠯᠳᠤᠭᠠᠨ ᠶᠠᠬᠰᠢ ᠬᠤᠳᠠ ᠶᠢᠨ ᠭᠠᠷᠤᠳᠢ ᠠᠭᠤᠯᠠ ᠶᠢᠨ ᠴᠠᠨᠠᠯᠠᠯᠳᠠ ᠶᠢᠨ ᠤᠷᠤᠯᠳᠤᠭᠠᠨ ᠤ ᠲᠠᠯᠠᠪᠠᠢ ᠳᠤ ᠢᠳᠡ ᠬᠥᠭ ᠲᠠᠢ ᠶᠠᠪᠤᠬᠳᠠᠵᠥ᠂ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠪᠠᠭ᠋ᠠᠳᠠᠳ ᠲᠠᠮᠢᠷ ᠤᠨ ᠵᠤᠭ᠎ᠠ ᠴᠡᠩᠭᠡᠯ ᠢᠶᠠᠨ ᠡᠳ᠋ᠯᠡᠵᠦ ᠪᠢᠯᠠ︕
ᠤᠷ᠎ᠠ ᠴᠢᠳᠠᠯ ᠢᠶᠠᠨ ᠭᠠᠶᠢᠬᠠᠭᠤᠯᠤᠬᠰᠠᠨ ᠲᠠᠮᠢᠷᠴᠢᠳ
7 ᠰᠠᠷ᠎ᠠ ᠶᠢᠨ 27 ᠤ ᠡᠳᠤᠷ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠠᠩᠬᠠᠨ ᠤ ᠲᠠᠯᠠᠪᠠᠢ ᠤᠷᠤᠯᠳᠤᠭᠠᠨ ᠪᠤᠯᠬᠤ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠬᠦ᠋ᠯᠥᠨ ᠪᠤᠶᠢᠷ ᠬᠤᠳᠠ ᠶᠢᠨ ᠶᠠᠬᠰᠢ ᠬᠤᠳᠠ ᠶᠢᠨ ᠭᠠᠷᠤᠳᠢ ᠠᠭᠤᠯᠠ ᠶᠢᠨ ᠴᠠᠨᠠᠯᠠᠯᠳᠠ ᠶᠢᠨ ᠤᠷᠤᠯᠳᠤᠭᠠᠨ ᠤ ᠲᠠᠯᠠᠪᠠᠢ ᠳᠤ ᠶᠠᠪᠤᠬᠳᠡᠵᠥ ᠲᠤᠰ ᠬᠤᠭᠤᠴᠠᠭᠠᠨ ᠤ ᠴᠤᠬᠯᠠᠭᠠᠨ ᠤ ᠲᠥᠷᠥᠬᠦᠥ ᠠᠯᠳᠠᠨ ᠮᠧᠳᠠᠯ ᠢ ᠲᠤᠳᠤᠷᠠᠭᠤᠯᠪᠠ᠃ ᠡᠬᠦᠨ ᠳᠤ ᠮᠠᠨ ᠤ ᠤᠷᠤᠨ ᠤ ᠲᠠᠮᠢᠷᠴᠢᠨ ᠴᠥ᠋ ᠶᠤᠸᠠᠨ ᠮᠸᠡᠭ ᠥᠪᠥᠷ ᠮᠤᠩᠭᠤᠯ ᠢᠶᠠᠷ ᠲᠦᠷᠦᠭᠦᠯᠡᠭᠦᠯᠦᠭᠰᠡᠨ ᠮᠤᠵᠢ ᠠᠯᠤᠰᠯᠠᠬᠰᠠᠨ ᠲᠤᠭᠤᠢᠢᠯᠠᠩ ᠤᠨ ᠲᠠᠮᠢᠷᠴᠢᠨ ᠢᠶᠠᠷ ᠤᠷᠤᠯᠳᠤᠭᠠᠨ ᠳᠤ ᠤᠷᠤᠯᠴᠠᠭᠠᠳ ᠲᠥᠷᠥᠬᠦᠥ ᠠᠯᠳᠠᠨ ᠮᠧᠳᠠᠯ ᠢ ᠡᠩᠭᠡᠷ ᠲᠡᠭᠡᠨ ᠬᠢᠯᠠᠯᠵᠠᠭᠤᠯᠵᠠᠢ᠃
︽ᠭᠤᠯᠭᠤᠭᠤᠷ ᠬᠥᠷᠳᠤ ᠶᠢᠨ ᠤᠷᠤᠯᠳᠤᠭᠠᠨ ᠤ ᠲᠥᠷᠥᠯ ᠤᠨ ᠲᠠᠮᠢᠷ ᠤᠨ ᠰᠤᠷᠢᠭ᠎ᠠ ᠪᠤᠯᠪᠠᠰᠤᠷᠠᠯ ᠳᠤ ᠤᠷᠤᠯᠴᠠᠭᠠᠳ ᠨᠢᠬᠡᠨᠳᠠ 8 ᠵᠢᠯ ᠪᠤᠯᠵᠥ ᠪᠤᠢ᠃ ᠡᠨᠡ ᠡᠳᠤᠷ ᠡᠵᠡᠨ ᠲᠠᠯᠠᠪᠠᠢ ᠤᠷᠤᠯᠳᠤᠭᠠᠨ ᠤ ᠲᠠᠮᠢᠷᠴᠢᠨ ᠤ ᠬᠤᠪᠢ ᠪᠠᠷ ᠤᠷᠤᠯᠳᠤᠭᠠᠨ ᠳᠤ ᠤᠷᠤᠯᠴᠠᠬᠰᠠᠨ ᠳᠠᠭᠠᠨ ᠬᠥᠴᠥᠨ ᠴᠢᠳᠠᠯ ᠢᠶᠠᠨ ᠪᠥᠷᠢᠨ ᠪᠠᠳᠠᠷᠠᠭᠤᠯᠤᠬᠰᠠᠨ ᠪᠠᠶᠢᠨ᠎ᠠ︾ ᠬᠡᠵᠥ ᠲᠠᠮᠢᠷᠴᠢᠨ ᠴᠥ᠋ ᠶᠤᠸᠠᠨ ᠮᠸᠡᠭ ᠪᠠᠶᠠᠷ ᠲᠠᠢ ᠬᠡᠯᠡᠨ᠎ᠡ᠃ ᠲᠠᠮᠢᠷᠴᠢᠨ ᠴᠥ᠋ ᠶᠤᠸᠠᠨ ᠮᠸᠡᠭ ᠥᠡᠭᠭᠡᠷᠡᠭᠰᠡᠨ ᠳᠤ ᠲᠡᠯᠡᠬᠡᠢ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠪᠠ ᠲᠡᠯᠡᠬᠡᠢ ᠶᠢᠨ ᠬᠤᠨᠳᠠᠭᠠᠳᠤ ᠤᠷᠤᠯᠳᠤᠭᠠᠨ ᠳᠤ ᠤᠷᠤᠯᠴᠠᠨ ᠡᠮᠡᠭᠳᠠᠢ ᠶᠢᠨ ᠪᠤᠤᠬᠢᠶ᠎ᠠ ᠤᠷᠤᠯᠳᠤᠭᠠᠨ ᠤ ᠡᠮᠥᠨ᠎ᠠ ᠠᠷᠪᠠᠨ ᠬᠤᠶᠠᠳᠤᠭᠠᠷ ᠲᠤ ᠤᠷᠤᠬᠰᠠᠨ ᠤᠳᠠᠭ᠎ᠠ ᠲᠠᠢ᠃ ᠡᠨᠡ ᠤᠳᠠᠭ᠎ᠠ ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠲᠥᠷᠥᠬᠦᠥ ᠠᠯᠳᠠᠨ ᠮᠧᠳᠠᠯ ᠢ ᠭᠠᠷᠳᠠᠬᠰᠠᠨ ᠨᠢ ᠲᠡᠭᠦᠨ ᠳᠤ ᠲᠠᠷᠠᠭᠠᠴᠢ ᠪᠠᠷ ᠶᠠᠪᠤᠬᠳᠠᠬᠤ ᠤᠷᠤᠯᠳᠤᠭᠠᠨ ᠳᠤ ᠤᠷᠤᠯᠴᠠᠬᠤ ᠨᠠᠩ ᠶᠡᠭᠡ ᠢᠳᠡᠭᠡᠯ ᠵᠤᠷᠢᠬ ᠢ ᠤᠯᠭᠤᠬᠰᠠᠨ ᠨᠢ ᠯᠠᠪᠳᠠᠢ᠃
ᠡᠮᠡᠭᠳᠠᠢ ᠶᠢᠨ 4 × 6 ᠺᠢᠯᠤᠮᠧᠲᠷ ᠤᠨ ᠪᠤᠤᠬᠢᠶ᠎ᠠ ᠤᠷᠤᠯᠳᠤᠭᠠᠨ ᠤ ᠲᠥᠷᠢᠮ ᠳᠤ ᠡᠯ᠎ᠠ ᠲᠥᠯᠥᠭᠡᠯᠡᠭᠴᠢ ᠶᠢᠨ ᠠᠩᠭᠢ ᠨᠢ 4 ᠲᠠᠮᠢᠷᠴᠢᠨ ᠢᠶᠠᠷ ᠪᠥᠷᠢᠯᠳᠥᠵᠥ᠂ ᠤᠷᠤᠯᠳᠤᠭᠠᠨ ᠤ ᠡᠬᠢᠨ ᠳᠤ ᠡᠯ᠎ᠠ ᠠᠩᠭᠢ ᠶᠢᠨ ᠲᠠᠮᠢᠷᠴᠢᠳ ᠵᠡᠷᠭᠡ ᠪᠠᠷ ᠭᠤᠯᠭᠤᠭᠤᠷ ᠬᠥᠷᠳᠤ ᠶᠢᠨ ᠤᠷᠤᠯᠳᠤᠭᠠᠨ ᠢᠶᠠᠨ ᠡᠬᠢᠯᠡᠬᠦᠯᠵᠥ᠂ ᠲᠤᠰ ᠲᠥᠯᠥᠭᠡᠯᠡᠭᠴᠢ ᠶᠢᠨ ᠠᠩᠭᠢ ᠶᠢᠨ ᠪᠤᠰᠤᠳ 3 ᠲᠠᠮᠢᠷᠴᠢᠨ ᠪᠤᠤᠬᠢᠶ᠎ᠠ ᠶᠢᠨ ᠲᠤᠰᠬᠠᠢ ᠲᠤᠭᠤᠷᠢᠬ ᠲᠤ ᠲᠡᠭᠡᠷ᠎ᠠ ᠡᠬᠡᠯᠵᠢ ᠶᠢᠨ ᠲᠠᠮᠢᠷᠴᠢᠨ ᠤ ᠪᠥᠬᠦ ᠤᠷᠤᠯᠳᠤᠭᠠᠨ ᠢ ᠤᠷᠤᠯᠳᠤᠨ ᠲᠠᠭᠤᠰᠬᠤ ᠵᠠᠭᠤᠷ᠎ᠠ ᠪᠤᠤᠭᠢᠶ᠎ᠠ ᠶᠢ ᠲᠤᠰᠤᠨ ᠠᠪᠴᠤ᠂ ᠬᠤᠶᠡᠷ ᠲᠠᠮᠢᠷᠴᠢᠨ ᠪᠡᠶ᠎ᠠ ᠮᠠᠬᠠᠪᠤᠳ ᠤᠨ ᠵᠤᠯᠭᠠᠯᠴᠠᠭ᠎ᠠ ᠪᠠᠷ ᠪᠤᠤᠬᠢᠶ᠎ᠠ ᠤᠷᠤᠯᠳᠤᠭᠠᠨ ᠢᠶᠠᠨ ᠥᠷᠬᠦᠯᠵᠢᠯᠡᠨ ᠶᠠᠪᠤᠭᠤᠯᠳᠠᠬ᠃ ᠲᠠᠮᠢᠷᠴᠢᠳ ᠨᠢᠭᠡᠪᠦᠷᠢ ᠭᠤᠷᠪᠠᠨ ᠴᠠᠭᠠᠷᠢᠭ ᠤᠷᠤᠯᠳᠤᠭᠠᠨ ᠤ ᠵᠠᠮ ᠱᠤᠭᠤᠮ ᠢ ᠬᠥᠢᠴᠡᠳᠭᠡᠵᠥ᠂ ᠠᠩᠬᠠᠨ ᠤ ᠤᠷᠤᠯᠳᠤᠭᠠᠨ ᠤ ᠴᠠᠭᠠᠷᠢᠭ ᠢ ᠬᠥᠢᠴᠡᠳᠭᠡᠭᠰᠡᠨ ᠤ ᠲᠠᠷᠠᠭ᠎ᠠ ᠭᠠᠵᠠᠷ ᠡᠯᠢᠭᠡᠳᠠᠨ ᠫᠤᠤᠳᠠᠯᠭ᠎ᠠ ᠬᠢᠵᠥ᠂ ᠬᠤᠶᠠᠳᠤᠭᠠᠷ ᠤᠷᠤᠯᠳᠤᠭᠠᠨ ᠤ ᠴᠠᠭᠠᠷᠢᠭ ᠢ ᠬᠥᠢᠴᠡᠳᠭᠡᠭᠰᠡᠨ ᠤ ᠲᠠᠷᠠᠭ᠎ᠠ ᠲᠥᠪ ᠵᠤᠬᠰᠤᠨ ᠫᠤᠤᠳᠠᠯᠭ᠎ᠠ ᠬᠢᠵᠥ᠂ ᠭᠤᠷᠪᠠᠳᠤᠭᠠᠷ ᠤᠷᠤᠯᠳᠤᠭᠠᠨ ᠤ ᠴᠠᠭᠠᠷᠢᠭ ᠢ ᠬᠥᠢᠴᠡᠳᠭᠡᠭᠰᠡᠨ ᠤ ᠲᠠᠷᠠᠭ᠎ᠠ ᠲᠠᠷᠠᠭᠠᠴᠢ ᠶᠢᠨ ᠲᠠᠮᠢᠷᠴᠢᠨ ᠵᠠᠯᠭᠠᠭᠠᠳ ᠬᠥᠶᠥᠳᠡᠭ᠃ ᠲᠠᠮᠢᠷᠴᠢᠨ ᠪᠤᠯᠭᠠᠨ ᠠᠳᠠᠯᠢ ᠪᠤᠰᠤ ᠫᠤᠤᠳᠠᠯᠭ᠎ᠠ ᠳᠤ 5 ᠰᠤᠮᠤ ᠭᠡᠷᠡᠭᠯᠡᠵᠥ᠂ 3 ᠰᠤᠮᠤ ᠪᠡᠶ᠎ᠠ ᠳᠡᠭᠡᠨ ᠪᠡᠯᠡᠳᠭᠡᠨ 5 ᠤᠳᠠᠭ᠎ᠠ ᠶᠢᠨ ᠫᠤᠤᠳᠠᠯᠭ᠎ᠠ ᠳᠤ 5 ᠫᠠᠢ ᠶᠢ ᠤᠨᠤᠭᠠᠬᠰᠠᠨ ᠥᠬᠡᠢ ᠪᠤᠯ ᠪᠡᠯᠡᠳᠭᠡᠯ 3 ᠰᠤᠮᠤ ᠪᠠᠨ ᠭᠡᠷᠡᠭᠯᠡᠨ ᠥᠷᠬᠦᠯᠵᠢᠯᠡᠨ ᠫᠤᠤᠳᠠᠯᠭ᠎ᠠ ᠬᠢᠵᠥ ᠤᠷᠤᠯᠳᠤᠭᠠᠨ ᠳᠤ ᠲᠤᠬᠳᠠᠭᠠᠬᠰᠠᠨ 5 ᠤᠨᠤᠭ᠎ᠠ ᠶᠢ ᠪᠥᠷᠢᠨ ᠤᠨᠤᠭᠠᠵᠥ ᠪᠠᠷᠠᠭᠠᠬᠰᠠᠨ ᠪᠠᠶᠢᠬᠤ ᠭᠡᠷᠡᠭᠳᠠᠢ᠃ 8 ᠰᠤᠮᠤ ᠶᠢᠨ ᠫᠤᠤᠳᠠᠯᠭ᠎ᠠ ᠳᠤ ᠲᠥᠷᠢᠮ ᠳᠤ ᠲᠤᠬᠳᠠᠭᠠᠬᠰᠠᠨ ᠤᠨᠤᠭ᠎ᠠ ᠶᠢ ᠬᠠᠷᠪᠤᠵᠥ ᠪᠠᠷᠠᠭᠠᠬᠰᠠᠨ ᠥᠬᠡᠢ ᠪᠤᠯ ᠲᠤᠷᠭᠠᠭᠤᠯᠢ ᠶᠢᠨ ᠲᠤᠭᠤᠷᠢᠬ ᠲᠤ ᠤᠷᠤᠨ ︵150 ᠮᠧᠲᠷ ᠤᠨ ᠲᠤᠭᠤᠷᠢᠬ᠂ ᠬᠡᠳᠤ ᠶᠢ ᠤᠨᠤᠭᠠᠵᠥ ᠳᠡᠶᠢᠯᠦᠭᠰᠡᠨ ᠥᠬᠡᠢ ᠬᠤᠭᠤᠰᠤᠨ ᠪᠠᠶᠢᠪᠠᠯ ᠲᠠᠳᠤᠢ ᠴᠠᠭᠠᠷᠢᠭ ᠬᠥᠶᠥᠳᠡᠭ︶ ᠭᠤᠯᠭᠤᠭᠤᠷ ᠬᠥᠷᠳᠤ ᠶᠢᠨ ᠤᠷᠤᠯᠳᠤᠭᠠᠨ ᠢ ᠬᠥᠢᠴᠡᠳᠭᠡᠵᠥ᠂ ᠲᠠᠬᠢᠨ ᠵᠢᠩᠭᠢᠨᠢ ᠤᠷᠤᠯᠳᠤᠭᠠᠨ ᠤ ᠵᠠᠮ ᠱᠤᠭᠤᠮ ᠳᠠᠭᠠᠨ ᠤᠷᠤᠵᠦ ᠤᠷᠤᠯᠳᠤᠭᠠᠨ ᠢᠶᠠᠨ ᠥᠷᠬᠦᠯᠵᠢᠯᠡᠭᠦᠯᠳᠡᠭ᠃ ᠤᠷᠤᠯᠳᠤᠭᠠᠨ ᠤ ᠡᠴᠤᠰ ᠲᠤ ᠠᠯᠢ ᠠᠩᠭᠢ ᠶᠢᠨ ᠲᠠᠮᠢᠷᠴᠢᠳ ᠤᠨ ᠭᠡᠷᠡᠭᠯᠡᠭᠰᠡᠨ ᠴᠠᠬ ᠨᠢ ᠤᠬᠤᠷ ᠪᠤᠯ ᠲᠡᠷᠡ ᠠᠩᠭᠢ ᠶᠢ ᠢᠯᠠᠬᠰᠠᠨ ᠢᠶᠠᠷ ᠪᠤᠳᠤᠳᠠᠬ᠃
ᠠᠮᠵᠢᠯᠳᠠ ᠪᠤᠯ ᠠᠯᠮᠠᠰ ᠵᠤᠷᠢᠬᠳᠠᠨ ᠤ ᠬᠢ᠃ 7 ᠰᠠᠷ᠎ᠠ ᠶᠢᠨ 28 ᠤ ᠥᠳᠡ ᠶᠢᠨ ᠡᠮᠥᠨ᠎ᠠ᠂ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠤ ᠡᠮᠡᠭᠳᠠᠢ ᠶᠢᠨ 12.5 ᠺᠢᠯᠥᠮᠧᠲᠷ ᠤᠨ ᠤᠢᠢᠷ᠎ᠠ ᠵᠠᠢ ᠶᠢᠨ ᠤᠷᠤᠯᠳᠤᠭᠠᠨ ᠢᠳᠡ ᠬᠥᠭ ᠲᠠᠢ ᠶᠠᠪᠤᠬᠳᠠᠵᠥ ᠬᠤᠷᠴᠠ ᠰᠢᠷᠤᠬᠦᠨ ᠥᠷᠢᠰᠥᠯᠳᠥᠭᠡᠨ ᠢᠶᠠᠷ ᠲᠠᠮᠵᠢᠨ ᠮᠠᠨ ᠤ ᠤᠷᠤᠨ ᠤ ᠲᠠᠮᠢᠷᠴᠢᠨ ᠴᠥ᠋ ᠶᠤᠸᠠᠨ ᠮᠸᠡᠭ ᠤᠷᠤᠯᠳᠤᠭᠠᠨ ᠳᠤ ᠲᠡᠳ᠋ᠯᠡᠵᠥ᠂ ᠮᠥᠡᠭᠭᠦᠨ ᠮᠧᠳᠠᠯ ᠭᠠᠷᠳᠠᠬᠰᠠᠨ ᠪᠠᠶᠢᠨ᠎ᠠ᠃
ᠤᠷᠤᠯᠳᠤᠭᠠᠨ ᠳᠤ ᠲᠠᠮᠢᠷᠴᠢᠨ ᠴᠥ᠋ ᠶᠤᠸᠠᠨ ᠮᠸᠡᠭ 14 ᠳ᠋ᠤᠭᠡᠷ ᠨᠤᠮᠧᠷᠳᠤ ᠲᠠᠮᠢᠷᠴᠢᠨ ᠢᠶᠠᠷ 9 ᠴᠠᠬ ᠬᠠᠭᠠᠰ ᠤᠨ ᠥᠶᠡᠰ ᠤᠷᠤᠯᠳᠤᠭᠠᠨ ᠢᠶᠠᠨ ᠡᠬᠢᠯᠡᠬᠦᠯᠵᠥ᠂ ᠤᠷᠤᠯᠳᠤᠭᠠᠨ ᠤ ᠶᠠᠪᠤᠴᠠ ᠳᠤ ᠭᠤᠷᠪᠠᠳᠤᠭᠠᠷ ᠴᠠᠭᠠᠷᠢᠭ ᠢᠶᠠᠨ ᠤᠷᠤᠯᠳᠤᠨ ᠲᠠᠭᠤᠰᠤᠭᠠᠳ ᠭᠠᠵᠠᠷ ᠡᠯᠢᠭᠡᠳᠠᠨ ᠫᠤᠤᠳᠠᠯᠭ᠎ᠠ ᠶᠢᠨ ᠶᠠᠪᠤᠴᠠ ᠳᠤ ᠨᠢᠬᠡ ᠫᠠᠢ ᠶᠢ ᠴᠦ ᠤᠨᠤᠭᠠᠵᠥ ᠲᠡᠶᠢᠯᠥᠭᠰᠡᠨ ᠥᠬᠡᠢ 45 ᠰᠧᠺᠦ᠋ᠨ᠋ᠳ᠋ ᠤᠨ ᠬᠤᠪᠢ ᠪᠠᠨ ᠬᠠᠰᠤᠭᠤᠯᠵᠥ᠂ 38 ᠮᠢᠨᠦ᠋ᠲ 54 ᠰᠧᠺᠥ᠋ᠨ᠋ᠳ᠋ ᠤᠨ ᠬᠢᠷᠢ ᠪᠥᠳᠥᠮᠵᠢ ᠪᠠᠷ ᠲᠡᠳ᠋ᠯᠠᠵᠥ᠂ ᠴᠢᠯᠥᠭᠡᠯᠡᠬᠦ ᠴᠡᠷᠢᠭ ᠤᠨ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ ᠵᠠᠩ ᠶᠠᠨ 36 ᠮᠢᠨᠦ᠋ᠲ 3 ᠰᠧᠺᠦ᠋ᠨ᠋ᠳ᠋ ᠤᠨ ᠰᠢᠯᠢᠳᠡᠭ ᠬᠢᠷᠢ ᠪᠥᠳᠥᠮᠵᠢ ᠪᠠᠷ ᠲᠤᠰ ᠤᠷᠤᠯᠳᠤᠭᠠᠨ ᠤ ᠲᠥᠷᠥᠬᠦᠨ ᠳᠤ ᠲᠤᠳᠤᠷᠠᠵᠵᠠᠢ᠃
ᠤᠷᠮ ᠠ ᠵᠤᠷᠢᠭ ᠢᠶᠠᠷ ᠪᠢᠯᠬᠠᠬᠰᠠᠨ ᠬᠥᠯᠥᠨ ᠪᠤᠶᠢᠷᠴᠤᠳ
7 ᠰᠠᠷ᠎ᠠ ᠶᠢᠨ 31 ᠤ ᠥᠳᠡ ᠶᠢᠨ ᠡᠮᠥᠨ᠎ᠠ᠂ ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠡᠬᠢᠯᠡᠲᠡᠯᠡᠬᠢ 200 ᠡᠳᠤᠷ ᠤᠨ ᠪᠥᠬᠦ ᠠᠷᠠᠳ ᠤᠨ ᠪᠡᠶ᠎ᠠ ᠴᠢᠬᠢᠷᠠᠬᠵᠢᠭᠤᠯᠬᠤ ᠠᠵᠢᠯᠯᠠᠭ᠎ᠠ ᠶᠢᠨ ᠡᠬᠢᠯᠠᠯᠳᠠ ᠶᠢᠨ ᠶᠤᠰᠤᠯᠠᠯ ᠬᠥᠯᠥᠨ ᠪᠤᠶᠢᠷ ᠬᠤᠳᠠ ᠶᠢᠨ ᠬᠠᠶᠢᠯᠠᠷ ᠲᠤᠭᠤᠷᠢᠬ ᠤᠨ ᠴᠢᠩᠭᠢᠰ ᠬᠠᠭᠠᠨ ᠠᠭᠤᠳᠠᠮ ᠲᠠᠯᠠᠪᠠᠢ ᠳᠤ ᠶᠠᠪᠤᠬᠳᠠᠪᠠ᠃
ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ 2020 ᠤᠨ ᠤ 2 ᠰᠠᠷ᠎ᠠ ᠶᠢᠨ 16 ᠤ ᠡᠳᠤᠷ ᠬᠥᠯᠥᠨ ᠪᠤᠶᠢᠷ ᠬᠤᠳᠠ ᠳᠤ ᠥᠪᠡᠳᠡᠭᠰᠢ ᠶᠡᠭᠡ ᠪᠠᠷ ᠶᠠᠪᠤᠬᠳᠠᠬᠤ ᠪᠤᠯᠤᠨ᠎ᠠ᠃ ᠬᠥᠮᠥᠨ ᠪᠥᠬᠦᠨ ᠠᠷᠪᠠᠨ ᠲᠥᠷᠪᠡᠳᠥᠭᠡᠷ ᠬᠤᠭᠤᠴᠠᠭᠠᠨ ᠤ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠠᠵᠢᠯᠯᠠᠭ᠎ᠠ ᠳᠤ ᠤᠷᠤᠯᠴᠠᠬᠤ ᠠᠭᠤᠷ ᠠᠮᠢᠰᠬᠤᠯ ᠢ ᠦᠳᠭᠡᠷᠡᠭᠦᠯᠬᠦ ᠡᠬᠦᠳᠡᠨ ᠠᠴᠠ 3000 ᠭᠠᠷᠤᠢ ᠬᠥᠮᠥᠨ ᠡᠬᠢᠯᠡᠯᠳᠠ ᠶᠢᠨ ᠶᠤᠰᠤᠯᠠᠯ ᠤᠨ ᠠᠵᠢᠯᠯᠠᠭ᠎ᠠ ᠳᠤ ᠤᠷᠤᠯᠴᠠᠬᠤ ᠪᠤᠯᠤᠬᠰᠠᠨ ᠨᠢ ᠬᠥᠯᠥᠨ ᠪᠤᠶᠢᠷᠴᠤᠳ ᠤᠨ ᠡᠪᠤᠯ ᠤᠨ ᠤᠯᠠᠷᠢᠯ ᠤᠨ ᠲᠠᠮᠢᠷ ᠤᠨ ᠴᠤᠭᠯᠠᠭᠠᠨ ᠳᠤ ᠤᠷᠤᠯᠴᠠᠬᠤ᠂ ᠡᠪᠤᠯ ᠤᠨ ᠤᠯᠠᠷᠢᠯ ᠤᠨ ᠲᠠᠮᠢᠷᠴᠢᠨ ᠪᠤᠯᠬᠤ᠂ ᠪᠡᠶ᠎ᠡ ᠪᠠᠨ ᠴᠢᠬᠢᠷᠠᠬᠵᠢᠭᠤᠯᠬᠤ᠂ ᠲᠠᠭᠠᠭᠠᠴᠢᠯᠠᠨ ᠡᠷᠬᠢᠯᠡᠬᠦ ᠠᠵᠢᠯ ᠢᠶᠠᠨ ᠰᠠᠶᠢᠳᠤᠷ ᠬᠢᠬᠦ᠂ ᠠᠷᠪᠠᠨ ᠲᠥᠷᠪᠡᠳᠤᠭᠡᠷ ᠬᠤᠭᠤᠴᠠᠭᠠᠨ ᠤ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠢᠶᠠᠨ ᠪᠡᠶᠡᠷᠯᠡᠨ ᠤᠬᠳᠤᠬᠤ ᠪᠠᠶᠡᠷ ᠪᠠᠶᠠᠰᠤᠯᠳᠤ ᠲᠥᠷᠢ ᠲᠥᠷᠬᠦ ᠶᠢ ᠲᠡᠯᠬᠡᠨ ᠥᠵᠡᠬᠦᠯᠬᠦ ᠪᠤᠯᠤᠨ᠎ᠠ᠃
ᠰᠤᠷᠪᠤᠯᠵᠢᠯᠠᠬᠴᠢ ᠬᠠᠶᠢᠯᠡᠷ ᠲᠤᠭᠤᠷᠢᠬ ᠲᠤ ᠪᠠᠶᠢᠷᠢᠯᠠᠭ᠎ᠠ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠭᠤᠤᠯ ᠲᠠᠯᠠᠪᠤᠷ ᠤᠷᠳᠤᠨ ᠳᠤ ᠬᠥᠷᠬᠦ ᠳᠤ ᠪᠠᠷᠢᠯᠭ᠎ᠠ ᠶᠢᠨ ᠠᠵᠢᠯᠳᠠᠳ ᠠᠰᠠᠷ ᠤᠨ ᠭᠠᠳᠠᠨᠠᠬᠢ ᠥᠡᠭᠭᠡᠯᠡᠨ ᠲᠠᠪᠢᠰᠥᠭᠰᠡᠨ ᠭᠠᠵᠠᠷ ᠤᠨ ᠭᠠᠳᠠᠷᠭᠤ ᠪᠠᠨ ᠴᠡᠪᠡᠷᠯᠡᠭᠡᠳ ᠶᠠᠭᠠᠷᠠᠯᠳᠤᠵᠥ ᠪᠠᠶᠢᠯ᠎ᠠ᠃ ᠲᠤᠰ ᠭᠤᠤᠯ ᠲᠠᠯᠠᠪᠤᠷ ᠤᠨ ᠨᠢᠬᠡᠳᠤᠭᠡᠷ ᠬᠤᠭᠤᠴᠠᠭᠠᠨ ᠤ ᠪᠠᠷᠢᠯᠭ᠎ᠠ ᠶᠢᠨ ᠠᠵᠢᠯ ᠢ ᠲᠠᠭᠠᠭᠠᠴᠢᠯᠠᠨ ᠬᠥᠢᠴᠡᠳᠭᠡᠭᠰᠡᠨ ᠬᠠᠷᠢᠭᠤᠴᠠᠯᠭᠠᠳᠠᠨ ᠾᠸᠤ ᠡᠸ᠋ᠨ ᠯᠦ ᠶᠢᠨ ᠲᠠᠨᠢᠯᠴᠠᠭᠤᠯᠤᠬᠰᠠᠨ ᠢᠶᠠᠷ᠂ ᠭᠤᠤᠯ ᠲᠠᠯᠠᠪᠤᠷ ᠤᠨ ᠪᠠᠷᠢᠯᠭ᠎ᠠ ᠶᠢᠨ ᠨᠢᠬᠡᠳᠤᠭᠡᠷ ᠬᠤᠭᠤᠴᠠᠭᠠᠨ ᠤ ᠪᠠᠷᠢᠯᠭ᠎ᠠ 6 ᠰᠠᠷ᠎ᠠ ᠶᠢᠨ ᠰᠡᠬᠦᠯᠴᠢ ᠪᠠᠷ ᠨᠢᠬᠡᠨᠳᠠ ᠲᠠᠭᠤᠰᠴᠤ᠂ ᠭᠤᠤᠯ ᠲᠠᠯᠠᠪᠤᠷ ᠤᠷᠳᠤᠨ ᠤ ᠪᠡᠷᠢᠯᠭ᠎ᠠ ᠰᠢᠪᠳᠤᠷᠠᠭᠠᠨ ᠳᠠᠭᠠᠨ ᠤᠷᠤᠬᠰᠠᠨ ᠪᠠᠶᠢᠨ᠎ᠠ ᠬᠡᠵᠡᠢ᠃
ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠭᠤᠤᠯ ᠲᠠᠯᠠᠪᠤᠷ ᠪᠤᠯ ᠬᠥᠯᠥᠨ ᠪᠤᠶᠢᠷ ᠬᠤᠳᠠ ᠶᠢᠨ ᠥᠨᠳᠤᠰᠤᠳᠠᠨ ᠤ ᠰᠤᠶᠤᠯ ᠤᠷᠠᠯᠢᠬ ᠤᠨ ᠤᠨᠴᠠᠯᠢᠬ ᠰᠢᠨᠵᠢ ᠶᠢ ᠬᠠᠳᠠᠭᠠᠯᠠᠬᠰᠠᠨ ᠪᠠᠷᠢᠯᠭ᠎ᠠ ᠨᠤᠭᠤᠳ ᠤᠨ ᠨᠢᠬᠡ ᠨᠢ ᠪᠤᠯᠬᠤ ᠶᠤᠮ᠃ ᠡᠬᠦᠨ ᠳᠤ ᠵᠠᠷᠢᠮ ᠪᠡᠷᠢᠯᠭ᠎ᠠ ᠨᠢ ︽ᠡᠪᠭᠡᠮᠡᠯ ᠡᠬᠦᠯᠡ︾ ᠶᠢᠨ ᠬᠡᠯᠪᠡᠷᠢ ᠶᠢᠨ ᠭᠠᠳᠠᠷ ᠲᠥᠷᠬᠦ ᠪᠠᠷ ᠢᠶᠠᠨ ᠥᠯᠵᠡᠢ ᠪᠡᠯᠭᠡ ᠥ ᠬᠡᠳᠠ ᠡᠰᠡᠷᠡᠭ ᠢ ᠪᠡᠯᠭᠡᠳᠠᠵᠤ᠂ ᠵᠠᠷᠢᠮ ᠨᠢ ︽ᠲᠡᠯᠭᠡᠭᠰᠡᠨ ᠬᠠᠳᠠᠬ︾ ᠤᠨ ᠬᠡᠯᠪᠡᠷᠢ ᠪᠠᠷ ᠲᠥᠷᠪᠡᠨ ᠵᠥᠭ ᠨᠠᠢᠮᠠᠨ ᠵᠤᠪᠬᠢᠰ ᠤᠨ ᠵᠤᠴᠢᠳ ᠢᠶᠠᠨ ᠪᠠᠶᠠᠷᠯᠠᠨ ᠤᠬᠳᠤᠬᠤ ᠰᠡᠳᠬᠢᠯᠭᠡ ᠶᠢ ᠢᠯᠡᠳᠭᠡᠨ᠎ᠠ᠃ ︽ᠡᠪᠬᠡᠮᠡᠯ ᠡᠬᠦᠯᠡ︾᠂ ︽ᠲᠡᠯᠭᠡᠭᠰᠡᠨ ᠬᠠᠳᠠᠬ︾ ᠤᠨ ᠬᠡᠯᠪᠡᠷᠢ ᠲᠠᠢ ᠪᠠᠷᠢᠯᠭ᠎ᠠ ᠨᠤᠭᠤᠳ ᠨᠢ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠭᠤᠣᠯ ᠲᠠᠯᠠᠪᠤᠷ ᠤᠷᠤᠯᠳᠤᠭᠠᠨ ᠤ ᠡᠬᠦᠷᠭᠡ ᠶᠢ ᠠᠴᠢᠶᠠᠯᠠᠵᠦ᠂ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠡᠬᠢᠯᠡᠯᠳᠠ ᠶᠢᠨ ᠶᠤᠰᠤᠯᠠᠯ᠂ ᠲᠠᠬᠦᠰᠬᠦ ᠶᠤᠰᠤᠯᠠᠯ᠂ ᠲᠥᠷᠭᠡᠨ ᠲᠠᠰᠢᠯᠳᠠ᠂ ᠤᠢᠢᠷ᠎ᠠ ᠵᠠᠢ ᠶᠢᠨ ᠲᠥᠷᠭᠡᠨ ᠲᠠᠰᠢᠯᠳᠠ᠂ ᠮᠥᠰᠤᠨ ᠪᠥᠮᠪᠦᠭᠡ ᠵᠡᠷᠭᠡ ᠠᠵᠢᠯᠯᠠᠭ᠎ᠠ ᠶᠢ ᠶᠠᠪᠤᠬᠳᠠᠭᠤᠯᠬᠤ ᠪᠤᠯᠤᠨ᠎ᠠ᠃
ᠰᠤᠷᠪᠤᠯᠵᠢᠯᠠᠬᠴᠢ ᠭᠤᠤᠯ ᠲᠡᠯᠡᠪᠤᠷ ᠪᠠᠷᠢᠯᠭ᠎ᠠ ᠶᠢᠨ ᠭᠤᠤᠯ ᠡᠬᠦᠳᠠ ᠪᠠᠷ ᠲᠤᠳᠤᠬᠰᠢᠯᠠᠬᠤ ᠳᠤ ᠠᠰᠠᠷ ᠤᠨ ᠲᠤᠳᠤᠷᠠᠬᠢ ᠤᠷᠤᠯᠳᠤᠭᠠᠨ ᠤ ᠡᠯ᠎ᠠ ᠵᠦᠢᠯ ᠤᠨ ᠲᠤᠨᠤᠬ ᠲᠥᠬᠦᠬᠡᠷᠥᠮᠵᠢ ᠨᠢᠭᠡᠨᠳᠠ ᠲᠡᠷᠢ ᠲᠡᠭᠰᠢ ᠤᠬᠰᠠᠷᠠᠬᠳᠠᠨ᠂ ᠲᠥᠷᠭᠡᠨ ᠲᠠᠰᠢᠯᠳᠠ ᠶᠢᠨ ᠵᠠᠮ ᠱᠤᠭᠤᠮ ᠂ ᠵᠠᠮ ᠱᠤᠭᠤᠮ ᠤᠨ ᠭᠤᠯᠭᠤᠯᠳᠠ ᠶᠢᠨ ᠶᠠᠰᠤ ᠴᠢᠨᠠᠷ ᠢ ᠪᠠᠳᠤᠯᠠᠬᠤ ᠮᠠᠰᠢᠨ ᠲᠤᠨᠤᠬᠯᠠᠯ ᠵᠢᠴᠢ ᠴᠡᠪᠡᠷᠯᠡᠬᠦ ᠡᠳ᠋ᠯᠠᠯ ᠭᠡᠷᠡᠭᠰᠡᠯ ᠤᠳ ᠪᠥᠷᠢᠨ ᠪᠤᠯᠵᠥ᠂ ᠪᠢᠴᠢᠬᠠᠨ ᠲᠠᠮᠢᠷᠴᠢᠳ ᠰᠤᠷᠢᠭ᠎ᠠ ᠪᠤᠯᠪᠠᠰᠤᠷᠠᠯ ᠬᠢᠵᠥ ᠪᠠᠶᠢᠯ᠎ᠠ᠃ ᠣᠶᠢᠯᠠᠭᠠᠭᠰᠠᠨ ᠢᠶᠠᠷ᠂ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠭᠤᠣᠯ ᠲᠠᠯᠠᠪᠤᠷ ᠢ ᠬᠤᠶᠠᠷ ᠬᠤᠭᠤᠴᠠᠭ᠎ᠠ ᠬᠤᠪᠢᠶᠠᠨ ᠪᠠᠶᠢᠭᠤᠯᠵᠤ᠂ ᠨᠢᠭᠡᠳᠦᠭᠡᠷ ᠬᠤᠭᠤᠴᠠᠭ᠎ᠠ ᠶᠢᠨ ᠪᠠᠷᠢᠯᠭ᠎ᠠ ᠳᠤ ᠲᠥᠷᠭᠡᠨ ᠲᠠᠰᠢᠯᠲᠠ ᠶᠢᠨ ᠤᠷᠳᠤᠨ᠂ ᠣᠶᠢᠷ᠎ᠠ ᠵᠠᠢ ᠶᠢᠨ ᠲᠦᠷᠭᠡᠨ ᠲᠠᠰᠢᠯᠲᠠ ᠶᠢᠨ ᠤᠷᠳᠤᠨ ᠵᠢᠴᠢ ᠲᠤᠨᠤᠬ ᠲᠦᠭᠦᠭᠡᠷᠦᠮᠵᠢ ᠶᠢᠨ ᠭᠡᠷᠡᠭᠯᠡᠭᠡᠨ ᠤ ᠥᠷᠥᠭᠡ ᠵᠡᠷᠭᠡ ᠶᠢ ᠪᠠᠭᠲᠠᠭᠠᠵᠤ᠂ ᠣᠳᠣᠬᠠᠨ ᠳᠤ ᠣᠯᠣᠰ ᠤᠨ ᠡᠪᠦᠯ ᠤᠨ ᠣᠯᠠᠷᠢᠯ ᠤᠨ ᠤᠷᠤᠯᠳᠤᠭᠠᠨ ᠤ ᠲᠦᠷᠦᠯ ᠤᠨ ᠲᠠᠮᠢᠷᠴᠢᠨ ᠤ ᠠᠩᠬᠢ᠂ ᠦᠪᠡᠷᠲᠡᠭᠡᠨ ᠵᠠᠰᠠᠬᠤ ᠣᠷᠣᠨ ᠤ ᠡᠪᠦᠯ ᠤᠨ ᠣᠯᠠᠷᠢᠯ ᠤᠨ ᠤᠷᠤᠯᠳᠤᠭᠠᠨ ᠤ ᠲᠥᠷᠥᠯ ᠤᠨ ᠲᠠᠮᠢᠷᠴᠢᠨ ᠤ ᠠᠩᠬᠢ᠂ ᠬᠦᠯᠦᠨ ᠪᠤᠶᠢᠷ ᠬᠤᠲᠠ ᠶᠢᠨ ᠪᠡᠶ᠎ᠡ ᠶᠢᠨ ᠲᠠᠮᠢᠷ ᠤᠨ ᠰᠣᠷᠭᠠᠭᠤᠯᠢ᠂ ᠬᠠᠶᠢᠯᠠᠷ ᠲᠣᠭᠤᠷᠢᠭ ᠤᠨ ᠳᠣᠮᠳᠠᠳᠣ ᠪᠠᠭ᠎ᠠ ᠰᠣᠷᠭᠠᠭᠤᠯᠢ ᠵᠢᠴᠢ ᠲᠣᠬᠠᠢ ᠶᠢᠨ ᠭᠠᠵᠠᠷ ᠤᠨ ᠮᠦᠰᠦ ᠴᠠᠰᠣᠨ ᠤ ᠬᠦᠳᠡᠯᠭᠡᠭᠡᠨ ᠤ ᠳᠤᠷ᠎ᠠ ᠪᠠᠭ᠋ᠠᠲᠠᠳ ᠤᠨ ᠰᠤᠷᠢᠭ᠎ᠠ ᠪᠣᠯᠪᠠᠰᠣᠷᠠᠯ ᠪᠠ ᠪᠡᠶ᠎ᠠ ᠶᠢᠨ ᠲᠠᠮᠢᠷ ᠤᠨ ᠪᠤᠯᠪᠠᠰᠤᠷᠠᠯ ᠤᠨ ᠤᠷᠳᠤᠨ ᠤ ᠡᠬᠦᠷᠭᠡ ᠶᠢ ᠬᠥᠢᠴᠡᠳᠭᠡᠬᠦ ᠪᠤᠯᠤᠬᠰᠠᠨ ᠪᠠᠶᠢᠨ᠎ᠠ᠃
︽ᠲᠥᠷᠭᠡᠨ ᠲᠠᠰᠢᠯᠳᠠ ᠶᠢᠨ ᠣᠷᠳᠣᠨ ᠤ 400 ᠮᠧᠳ᠋ᠷ ᠤᠨ ᠭᠦᠶᠦᠯᠲᠡ ᠶᠢᠨ ᠵᠠᠮ ᠤᠨ 26 ᠮᠧᠳ᠋ᠷ ᠤᠨ ᠡᠷᠭᠢᠯᠲᠡ ᠶᠢᠨ ᠬᠠᠭᠠᠰ ᠲᠤᠭᠤᠷᠢᠬ ᠤᠷᠤᠯᠳᠤᠭᠠᠨ ᠤ ᠲᠠᠯᠠᠪᠠᠢ ᠶᠢᠨ ᠤᠷᠤᠯᠳᠤᠭᠠᠨ ᠤ ᠪᠡᠯᠡᠳᠭᠡᠯ ᠠᠵᠢᠯ ᠢ ᠨᠢᠭᠡᠨᠲᠡ ᠵᠥᠭᠰᠢᠷᠡᠬᠦᠯᠵᠥ᠂ ᠣᠷᠣᠨ ᠤ ᠳᠣᠲᠣᠭᠠᠳᠤ ᠳᠤ ᠣᠯᠠᠨ ᠣᠯᠣᠰ ᠤᠨ A ᠳᠡᠰ ᠤᠨ ᠣᠷᠣᠯᠳᠣᠭᠠᠨ ᠡᠷᠬᠢᠯᠡᠬᠦ ᠬᠤᠭᠤᠰᠤᠨ ᠢ ᠨᠦᠬᠦᠪᠦᠷᠢᠯᠡᠭᠰᠡᠨ ᠪᠠᠶᠢᠨ᠎ᠠ᠃ ᠪᠢᠳᠠ ᠤᠷᠤᠯᠳᠤᠭᠠᠨ ᠤ ᠲᠠᠯᠠᠪᠤᠷ ᠤᠨ ᠪᠠᠶᠢᠭᠤᠯᠤᠯᠳᠠ ᠪᠠᠨ ᠨᠢᠭᠡᠨᠳᠠ ᠳᠠᠭᠤᠰᠬᠠᠯ᠎ᠠ᠂ ᠤᠷᠤᠯᠳᠤᠭᠠᠨ ᠳᠤ ᠥᠨᠳᠤᠷ ᠠᠮᠵᠢᠯᠳᠠ ᠤᠯᠬᠤ ᠳᠤ ᠪᠠᠳᠤ ᠢᠳᠡᠭᠡᠯ ᠲᠠᠢ ᠪᠠᠶᠢᠨ᠎ᠠ︾ ᠬᠡᠵᠥ ᠲᠠᠯᠠᠪᠠᠢ ᠳᠤ ᠰᠤᠷᠢᠭ᠎ᠠ ᠪᠤᠯᠪᠠᠰᠤᠷᠠᠯ ᠬᠢᠵᠥ ᠪᠠᠶᠢᠭ᠎ᠠ ᠪᠢᠴᠢᠬᠠᠨ ᠲᠠᠮᠢᠷᠴᠢᠳ ᠤᠨ ᠲᠠᠰᠬᠠᠯᠵᠢᠭᠤᠯᠤᠬᠴᠢ ᠬᠤᠤ ᡁᠢ ᠭᠤᠸᠠᠩ ᠪᠠᠶᠠᠷ ᠲᠠᠢ ᠬᠡᠯᠡᠨ᠎ᠡ᠃
ᠥᠢᠷ᠎ᠠ ᠶᠢᠨ ᠵᠢᠯ ᠳᠤ ᠬᠥᠯᠥᠨ ᠪᠤᠶᠢᠷᠴᠤᠳ ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠢ ᠲᠠᠭᠠᠭᠠᠴᠢᠯᠠᠨ ᠡᠷᠬᠢᠯᠡᠬᠦ ᠠᠵᠠ ᠲᠤᠬᠢᠶᠠᠯ ᠢ ᠡᠵᠡᠮᠳᠠᠵᠦ᠂ ᠴᠠᠰᠤ ᠮᠦᠰᠦᠨ ᠤ ᠡᠬᠢ ᠪᠡᠶᠠᠯᠢᠬ ᠲᠠᠭᠠᠨ ᠲᠥᠰᠢᠭᠯᠡᠨ ᠴᠠᠰᠤ ᠮᠦᠰᠦ᠂ ᠰᠤᠶᠤᠯ᠂ ᠪᠡᠶ᠎ᠠ ᠶᠢᠨ ᠲᠠᠮᠢᠷ᠂ ᠵᠢᠭᠤᠯᠴᠢᠯᠠᠯ ᠢ ᠠᠭᠤᠰᠤᠯᠴᠠᠭᠤᠯᠤᠨ ᠬᠥᠭᠵᠢᠬᠦᠯᠵᠥ᠂ ᠴᠠᠰᠤ ᠮᠥᠰᠤᠨ ᠤ ᠲᠠᠮᠢᠷ ᠤᠨ ᠬᠥᠳᠡᠯᠭᠡᠭᠡᠨ ᠤ ᠨᠡᠷᠡᠳᠤ ᠬᠤᠳᠠ ᠶᠢ ᠴᠤᠭᠴᠠᠯᠠᠨ ᠪᠠᠶᠢᠭᠤᠯᠬᠤ ᠪᠠᠨ ᠲᠥᠷᠭᠡᠳᠭᠡᠵᠥ᠂ ᠨᠥᠯᠥᠭᠡ ᠶᠡᠬᠡᠳᠠᠢ ᠡᠪᠤᠯ ᠤᠨ ᠤᠯᠠᠷᠢᠯ ᠤᠨ ᠲᠥᠷᠥᠯ ᠲᠡᠮᠳᠡᠭᠳᠤ ᠠᠵᠢᠯᠯᠠᠭ᠎ᠠ ᠶᠢ ᠢᠳᠠᠪᠬᠢᠳᠠᠢ ᠥᠷᠨᠢᠬᠦᠯᠵᠥ᠂ ᠬᠥᠯᠥᠨ ᠪᠤᠶᠢᠷ ᠤᠨ ᠤᠨᠴᠠᠯᠢᠬᠳᠤ ᠴᠠᠰᠤ ᠮᠥᠰᠤᠨ ᠤ ᠰᠤᠶᠤᠯ ᠤᠨ ᠲᠦᠷᠦᠯ ᠲᠡᠮᠳᠡᠭ ᠢ ᠴᠢᠷᠮᠠᠶᠢᠨ ᠡᠬᠦᠳᠴᠤ᠂ ︽ᠡᠪᠤᠯ ᠤᠨ ᠤᠯᠠᠷᠢᠯ ᠤᠨ ᠨᠠᠭᠠᠳᠤᠮ︾᠂ ︽ᠡᠪᠤᠯ ᠤᠨ ᠤᠯᠠᠷᠢᠯ ᠤᠨ ᠪᠠᠭ᠋ᠠᠳᠠᠳ ᠤᠨ ᠴᠤᠬᠯᠠᠭᠠᠨ︾᠂ ︽ᠴᠠᠰᠤ ᠮᠥᠰᠥᠨ ᠤ ᠭᠡᠭᠡᠷᠡᠯᠡᠬᠦ ᠤᠷᠤᠯᠳᠤᠭᠠᠨ︾᠂ ︽ᠴᠠᠰᠤ ᠮᠥᠰᠤᠨ ᠤ ᠮᠠᠷᠠᠽᠤᠨ︾ ᠵᠡᠷᠭᠡ ᠲᠥᠷᠥᠯ ᠲᠡᠮᠳᠡᠭᠳᠤ ᠠᠵᠢᠯᠯᠠᠭ᠎ᠠ ᠶᠢ ᠢᠳᠡ ᠭᠥᠭ ᠲᠠᠢ ᠶᠠᠪᠤᠬᠳᠠᠭᠤᠯᠵᠥ᠂ ᠡᠪᠤᠯ ᠤᠨ ᠤᠯᠠᠷᠢᠯ ᠤᠨ ᠵᠢᠭᠤᠯᠴᠢᠯᠠᠯ ᠪᠠ ᠴᠠᠰᠤ ᠮᠥᠰᠤᠨ ᠤ ᠠᠵᠤ ᠥᠢᠯᠡᠰ ᠤᠨ ᠲᠥᠷᠭᠡᠨ ᠬᠥᠭᠵᠢᠯᠳᠠ ᠪᠠᠨ ᠪᠥᠳᠥᠮᠵᠢᠳᠠᠢ ᠠᠬᠢᠭᠤᠯᠵᠥ ᠪᠤᠢ᠃
ᠢᠳᠡᠭᠡᠯ ᠬᠥᠰᠡᠯ ᠢᠶᠠᠨ ᠬᠥᠪᠴᠢᠯᠡᠭᠰᠡᠨ ᠮᠤᠩᠭᠤᠯ ᠵᠠᠯᠠᠭᠤ
ᠢᠳᠡᠭᠡᠯ ᠵᠤᠷᠢᠭ ᠯᠠ ᠰᠠᠶ᠋ᠢ ᠬᠦᠮᠦᠰ ᠢ ᠠᠮᠵᠢᠯᠲᠠ ᠳᠤ ᠬᠦᠷᠭᠡᠳᠡᠭ᠃ 7 ᠰᠠᠷ᠎ᠠ ᠶᠢᠨ 27 ᠠᠴᠠ 29 ᠤ ᠡᠳᠤᠷ᠂ 8 ᠰᠠᠷ᠎ᠠ ᠶᠢᠨ 1 ᠠᠴᠠ 3 ᠤ ᠡᠳᠤᠷ ᠪᠤᠯᠳᠠᠯ᠎ᠠ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ + ᠫᠤᠤᠳᠠᠯᠭ᠎ᠠ᠂ ᠭᠤᠯᠭᠤᠭᠤᠷ ᠬᠥᠷᠳᠤ ᠶᠢᠨ ᠤᠷᠤᠯᠳᠤᠭᠠᠨ ᠳᠤ ᠡᠷᠡᠭᠳᠠᠢ ᠶᠢᠨ ᠠᠳᠠᠯᠢ ᠪᠤᠰᠤ ᠲᠡᠰ ᠤᠨ ᠤᠷᠤᠯᠳᠤᠭᠠᠨ ᠤ ᠶᠠᠪᠤᠴᠠ ᠳᠤ ᠨᠠᠶᠢᠳᠠ 6 ᠠᠯᠳᠠᠨ ᠮᠧᠳᠠᠯ ᠲᠤᠳᠤᠷᠠᠵᠠᠢ᠃ ᠡᠨᠡ ᠬᠦ 6 ᠤᠷᠤᠯᠳᠤᠭᠠᠨ ᠤ ᠲᠥᠷᠥᠯ ᠳᠤ ᠬᠥᠯᠥᠨ ᠪᠤᠶᠢᠷ ᠬᠤᠳᠠ ᠶᠢᠨ ᠰᠢᠨ᠎ᠠ ᠪᠠᠷᠭᠤ ᠵᠡᠬᠦᠨ ᠬᠤᠰᠢᠭᠤᠨ ᠤ ᠭᠠᠨᠵᠤᠤᠷ ᠰᠤᠮᠤ ᠶᠢᠨ ᠬᠥᠬᠡᠨ᠋ᠦ᠋ᠨᠳᠤᠷ ᠭᠠᠴᠠᠭ᠎ᠠ ᠪᠠᠷ ᠨᠤᠳᠤᠬᠳᠠᠢ ᠮᠤᠩᠭᠤᠯ ᠵᠠᠯᠠᠭᠤ ᠪᠤᠤ ᠯᠢᠨ ᠴᠦᠮ ᠤᠷᠤᠯᠴᠠᠵᠦ᠂ ᠰᠢᠯᠢᠳᠡᠭ ᠬᠢᠷᠢ ᠪᠥᠳᠤᠮᠵᠢ ᠡᠭᠦᠳᠦᠨ ᠢᠳᠡᠭᠡᠯ ᠬᠥᠰᠡᠯ ᠢᠶᠠᠨ ᠬᠥᠪᠴᠢᠯᠠᠵᠤ ᠪᠢᠯᠠ᠃
ᠪᠤᠤ ᠯᠢᠨ ᠦᠨᠦ ᠵᠢᠯ 20 ᠨᠠᠰᠤᠳᠠᠢ᠂ ᠬᠡᠭᠡᠷᠡᠯᠡᠨ ᠴᠡᠨᠡᠯᠠᠬᠤ ᠤᠷᠤᠯᠳᠤᠭᠠᠨ ᠳᠤ ᠤᠷᠤᠯᠴᠠᠭᠠᠳ ᠨᠢᠬᠡᠨᠳᠠ 4 ᠵᠢᠯ ᠭᠠᠷᠤᠢ ᠪᠤᠯᠵᠥ ᠪᠤᠢ᠃ ᠤᠳᠤ ᠥᠪᠡᠷᠳᠡᠭᠡᠨ ᠵᠠᠰᠠᠬᠤ ᠤᠷᠤᠨ ᠤ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ ᠢᠶᠠᠷ ᠤᠯᠤᠰ ᠤᠨ ᠠᠩᠭᠢ ᠳᠤ ᠲᠠᠪᠳᠠᠬᠳᠠᠨ ᠪᠤᠯᠪᠠᠰᠤᠷᠠᠵᠥ ᠪᠤᠢ᠃ 2016 ᠤᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠪᠤᠤᠬᠢᠶ᠎ᠠ ᠤᠷᠤᠯᠳᠤᠭᠠᠨ ᠤ ᠮᠠᠩᠯᠠᠢ᠂ 2017᠂ 2018᠂ 2019 ᠤᠨ ᠤ ᠪᠥᠬᠦ ᠤᠯᠤᠰ ᠤᠨ ᠭᠡᠭᠡᠷᠡᠯᠡᠨ ᠴᠡᠨᠡᠯᠡᠬᠤ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠵᠠᠯᠠᠭᠤᠴᠤᠳ ᠤᠨ ᠠᠩᠭᠢ ᠶᠢᠨ ᠲᠥᠷᠥᠬᠦᠨ ᠳᠤ ᠲᠤᠳᠤᠷᠠᠬᠰᠠᠨ ᠤᠳᠠᠭ᠎ᠠ ᠲᠠᠢ᠃
8 ᠰᠠᠷ᠎ᠠ ᠶᠢᠨ ᠤ 3 ᠤ ᠥᠳᠡ ᠶᠢᠨ ᠡᠮᠥᠨ᠎ᠠ᠂ ᠡᠴᠤᠰ ᠤᠨ ᠤᠷᠤᠯᠳᠤᠭᠠᠨ ᠪᠤᠯᠬᠤ ᠡᠷᠡᠭᠳᠠᠢ ᠶᠢᠨ 4 × 10km ᠤᠨ ᠪᠤᠤᠬᠢᠶ᠎ᠠ ᠤᠷᠤᠯᠳᠤᠭᠠᠨ 10 ᠴᠠᠬ ᠬᠠᠭᠠᠰ ᠲᠤ ᠡᠬᠢᠯᠡᠪᠡ᠃ ᠰᠤᠷᠪᠤᠯᠵᠢᠯᠠᠬᠴᠢ ᠪᠤᠯᠵᠤᠭ᠎ᠠ ᠶᠤᠰᠤᠭᠠᠷ ᠪᠤᠤ ᠯᠢᠨ ᠢ ᠲᠠᠭᠠᠵᠦ ᠰᠤᠷᠪᠤᠯᠵᠢᠯᠠᠪᠠ᠃ ᠪᠤᠤ ᠯᠢᠨ ᠲᠤᠰ ᠤᠷᠤᠯᠳᠤᠭᠠᠠ ᠳᠤ ᠯᠢᠶᠤᠤᠨᠢᠩ ᠢᠶᠠᠷ ᠲᠥᠷᠦᠭᠦᠯᠡᠭᠦᠯᠦᠭᠰᠡᠨ ᠮᠤᠵᠢ ᠠᠯᠤᠰᠯᠠᠬᠰᠠᠨ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ ᠤ ᠬᠤᠪᠢ ᠪᠠᠷ ᠬᠤᠶᠠᠳᠤᠭᠠᠷ ᠪᠤᠤᠬᠢᠶ᠎ᠠ ᠲᠠᠮᠵᠢᠭᠤᠯᠬᠤ ᠡᠬᠦᠷᠭᠡ ᠶᠢ ᠬᠥᠢᠴᠡᠳᠭᠡᠵᠤ ᠤᠷᠤᠯᠳᠤᠭᠠᠨ ᠳᠤ ᠤᠷᠤᠯᠴᠠᠵᠦ ᠪᠠᠶᠢᠯ᠎ᠠ᠃
10 ᠴᠠᠬ 55 ᠮᠢᠨᠦ᠋ᠲ ᠤᠨ ᠥᠶᠡᠰ ᠠᠩᠬᠠᠨ ᠤ ᠡᠭᠡᠯᠵᠢ ᠶᠢᠨ 23 ᠨᠤᠮᠧᠷᠳᠦ ᠪᠠ 4 ᠨᠤᠮᠧᠷᠳᠤ ᠬᠤᠶᠠᠷ ᠲᠠᠮᠢᠷᠴᠢᠨ ᠲᠡᠭᠦᠰᠭᠡᠯ ᠤᠨ ᠱᠤᠭᠤᠮ ᠳᠤ ᠬᠥᠷᠴᠤ ᠢᠷᠡᠯ᠎ᠠ᠃ ᠬᠢᠨᠠᠬᠴᠢ ᠲᠠᠮᠢᠷᠴᠢᠳ ᠲᠤ ᠪᠤᠤᠬᠢᠶ᠎ᠠ ᠲᠠᠮᠵᠢᠭᠤᠯᠬᠤ ᠪᠠᠷ ᠪᠡᠯᠡᠳᠭᠡᠭᠡᠷᠠᠢ ᠬᠡᠵᠤ ᠬᠡᠯᠡᠬᠦ ᠪᠠᠷ ᠪᠤᠤ ᠯᠢᠨ ᠡᠬᠢᠯᠠᠯᠳᠠ ᠶᠢᠨ ᠱᠤᠭᠤᠮ ᠳᠡᠭᠡᠷ᠎ᠡ ᠬᠦᠷᠴᠦ ᠤᠪᠤᠯᠵᠠᠨ ᠵᠤᠬᠰᠤᠪᠠ᠃ 11 ᠴᠠᠬ ᠤᠨ ᠥᠶᠡᠰ ᠪᠤᠤ ᠯᠢᠨ ᠲᠥᠷᠥᠬᠦᠥ ᠴᠠᠭᠠᠷᠢᠭ ᠲᠤ 23 ᠨᠤᠮᠧᠷᠳᠤ ᠲᠠᠮᠢᠷᠴᠢᠨ ᠤ ᠠᠷᠤ ᠠᠴᠠ ᠲᠠᠭᠠᠨ ᠭᠤᠯᠭᠤᠵᠤ ᠪᠠᠶᠢᠪᠡ᠂ ᠬᠡᠪᠡᠴᠤ ᠬᠤᠶᠠᠳᠤᠭᠠᠷ ᠴᠠᠭᠠᠷᠢᠭ ᠪᠤᠯᠬᠤ ᠳᠤ ᠲᠡᠷᠡ 23 ᠨᠤᠮᠧᠷᠳᠤ ᠲᠠᠮᠢᠷᠴᠢᠨ ᠢ ᠲᠠᠪᠠᠨ ᠭᠠᠷᠴᠤ 11 ᠴᠠᠬ 7 ᠮᠢᠨᠦ᠋ᠲ ᠤᠨ ᠬᠤᠷᠤᠮ ᠵᠠᠭᠤᠷ᠎ᠠ ᠥᠵᠡᠭᠴᠢᠳ ᠤᠨ ᠲᠠᠶᠢᠰᠠᠨ ᠡᠮᠥᠨᠡᠬᠦᠷ ᠥᠡᠭᠭᠡᠷᠡᠯᠠ᠃
12 ᠴᠠᠬ ᠤᠨ ᠥᠶᠡᠰ ᠤᠷᠤᠯᠳᠤᠭᠠᠨ ᠲᠠᠭᠤᠰᠴᠤ᠂ ᠤᠷᠤᠯᠳᠤᠭᠠᠨ ᠤ ᠳ᠋ᠥᠡᠭ ᠳᠤ ᠪᠤᠤ ᠯᠢᠨ ᠤ ᠤᠷᠤᠯᠴᠠᠬᠰᠠᠨ ᠯᠢᠶᠤᠤᠨᠢᠩ ᠮᠤᠵᠢ ᠪᠠᠷ ᠲᠥᠷᠦᠭᠦᠯᠡᠬᠦᠯᠥᠭᠰᠡᠨ ᠮᠤᠵᠢ ᠠᠯᠤᠰᠯᠠᠬᠰᠠᠨ ᠲᠥᠯᠥᠭᠡᠯᠡᠭᠴᠢ ᠶᠢᠨ ᠠᠩᠭᠢ ᠬᠤᠶᠠᠳᠤᠭᠠᠷ ᠪᠠᠶᠢᠷᠢᠨ ᠳᠤ ᠲᠤᠳᠤᠷᠠᠵᠤ ᠮᠥᠡᠭᠭᠦᠨ ᠮᠧᠳᠠᠯ ᠭᠠᠷᠳᠠᠬᠰᠠᠨ ᠪᠠᠶᠢᠨ᠎ᠠ᠃ ᠴᠢᠯᠥᠭᠡᠯᠡᠬᠦ ᠴᠡᠷᠢᠭ ᠤᠨ ᠠᠩᠭᠢ ᠪᠠᠷ ᠲᠥᠷᠦᠭᠦᠯᠡᠭᠦᠯᠦᠭᠰᠡᠨ ᠮᠤᠵᠢ ᠠᠯᠤᠰᠯᠠᠬᠰᠠᠨ ᠲᠥᠯᠥᠭᠡᠯᠡᠭᠴᠢ ᠶᠢᠨ ᠠᠩᠭᠢ 1 ᠴᠠᠬ 30 ᠮᠢᠨᠦ᠋ᠲ 47 ᠰᠧᠺᠦ᠋ᠨ᠋ᠳ᠋ ᠤᠨ ᠬᠢᠷᠢ ᠪᠥᠳᠥᠮᠵᠢ ᠪᠠᠷ ᠠᠯᠳᠠᠨ ᠮᠧᠳᠠᠯ ᠭᠠᠷᠳᠠᠵᠦ᠂ ᠮᠠᠨ ᠤ ᠤᠷᠤᠨ ᠤ ᠲᠠᠮᠢᠷᠴᠢᠨ ᠯᠢ ᠰᠢᠤᠸᠠᠢ ᡁᠢ ᠲᠤᠰ ᠲᠦᠯᠦᠭᠡᠯᠡᠭᠴᠢ ᠶᠢᠨ ᠠᠩᠬᠢ ᠳᠤ ᠤᠷᠤᠯᠴᠠᠬᠰᠠᠨ ᠪᠠᠶᠢᠪᠠ᠃
— ᠲᠤᠰ ᠤᠳᠠᠭ᠎ᠠ ᠶᠢᠨ ᠤᠷᠤᠯᠳᠤᠭᠠᠨ ᠤ ᠡᠷᠡᠭᠳᠠᠢ ᠶᠢᠨ ᠭᠤᠯᠭᠤᠭᠤᠷ ᠬᠥᠷᠳᠤ + ᠫᠤᠤᠳᠠᠯᠭ᠎ᠠ ᠪᠠ ᠭᠤᠯᠭᠤᠭᠤᠷ ᠬᠥᠷᠳᠤ ᠶᠢᠨ ᠪᠤᠤᠬᠢᠶ᠎ᠠ ᠤᠷᠤᠯᠳᠤᠭᠠᠨ ᠳᠤ ᠮᠠᠨ ᠤ ᠲᠦᠯᠦᠭᠡᠯᠡᠭᠴᠢ ᠶᠢᠨ ᠠᠩᠬᠢ ᠶᠢᠨ ᠬᠢᠨ ᠴᠦᠮ ᠮᠥᠡᠭᠭᠦᠨ ᠮᠧᠳᠠᠯ ᠭᠠᠷᠳᠠᠬᠰᠠᠨ ᠪᠠᠶᠢᠨ᠎ᠠ᠃ ᠡᠭᠦᠨ ᠠᠴᠠ ᠭᠠᠳᠠᠨ᠎ᠠ᠂ ᠡᠷᠡᠭᠳᠠᠢ ᠶᠢᠨ 15 ᠺᠢᠯᠥᠮᠧᠲᠷ ᠤᠨ ᠤᠢᠢᠷ᠎ᠠ ᠵᠠᠢ ᠶᠢᠨ ᠤᠷᠤᠯᠳᠤᠭᠠᠨ ᠳᠤ ᠲᠥᠷᠪᠡᠳᠥᠭᠡᠷ ᠲᠤ ᠲᠤᠳᠤᠷᠠᠬᠰᠠᠨ ᠳᠠᠭᠠᠨ ᠲᠤᠩ ᠪᠠᠶᠠᠷᠯᠠᠵᠥ ᠪᠠᠶᠢᠨ᠎ᠠ᠃ ᠬᠤᠶᠢᠰᠢᠳᠠ ᠪᠤᠯᠪᠠᠰᠤᠷᠠᠯ ᠢᠶᠠᠨ ᠤᠯᠠᠮ ᠴᠢᠩᠭᠠᠳᠬᠠᠵᠥ᠂ ᠴᠠᠰᠤ ᠮᠥᠰᠥᠨ ᠤ ᠲᠠᠮᠢᠷ ᠤᠨ ᠴᠤᠬᠯᠠᠭᠠᠨ ᠤ ᠨᠠᠩ ᠥᠨᠳᠤᠷ ᠲᠥᠪᠰᠢᠨ ᠳᠤ ᠭᠠᠷᠬᠤ ᠪᠠᠷ ᠴᠢᠷᠮᠠᠶᠢᠨ᠎ᠠ ᠬᠡᠵᠥ ᠪᠤᠤ ᠯᠢᠨ ᠰᠢᠢᠳᠦᠮᠡᠭᠡᠢ ᠶᠠᠷᠢᠨ᠎ᠠ᠃
ᠲᠤᠰ ᠤᠳᠠᠭ᠎ᠠ ᠶᠢᠨ ᠤᠷᠤᠯᠳᠤᠭᠠᠨ ᠳᠤ ᠬᠠᠷᠠᠮᠦ᠋ᠷᠠᠨ᠂ ᠬᠢᠷᠢᠨ᠂ ᠥᠪᠥᠷ ᠮᠤᠩᠭᠤᠯ᠂ ᠰᠢᠨᠵᠢᠶᠠᠩ᠂ ᠪᠡᠭᠡᠵᠢᠩ᠂ ᠲᠥᠪᠡᠳ᠂ ᠲᠢᠶᠠᠨᠵᠢᠨ ᠵᠡᠷᠭᠡ ᠮᠤᠵᠢ ᠤᠷᠤᠨ ᠬᠤᠳᠠ ᠶᠢᠨ 30 ᠭᠠᠷᠤᠢ ᠲᠥᠯᠥᠭᠡᠯᠡᠭᠴᠢ ᠶᠢᠨ ᠠᠩᠭᠢ ᠶᠢᠨ 200 ᠡᠷᠡᠭᠳᠠᠢ ᠲᠠᠮᠢᠷᠴᠢᠨ ᠭᠤᠯᠭᠤᠭᠤᠷ ᠬᠥᠷᠳᠤ + ᠫᠤᠤᠳᠠᠯᠭ᠎ᠠ᠂ ᠭᠤᠯᠭᠤᠭᠤᠷ ᠬᠥᠷᠳᠤ ᠶᠢᠨ ᠠᠳᠠᠯᠢ ᠪᠤᠰᠤ ᠺᠢᠯᠥᠮᠧᠲᠷ ᠤᠨ ᠤᠷᠤᠯᠳᠤᠭᠠᠨ ᠳᠤ ᠤᠷ᠎ᠠ ᠴᠢᠳᠠᠯ ᠢᠶᠠᠨ ᠮᠥᠴᠡᠭᠡᠷᠭᠡᠵᠠᠢ᠃ ᠡᠬᠦᠨ ᠳᠤ ᠮᠤᠩᠭᠤᠯ ᠵᠠᠯᠠᠭᠤ ᠪᠤᠤ ᠯᠢᠨ 6 ᠡᠳᠤᠷ ᠶᠠᠪᠤᠬᠳᠠᠬᠰᠠᠨ ᠡᠷᠡᠭᠳᠠᠢ ᠶᠢᠨ 6 ᠲᠥᠷᠥᠯ ᠤᠨ ᠤᠷᠤᠯᠳᠤᠭᠠᠨ ᠳᠤ ᠪᠥᠷ ᠤᠷᠤᠯᠴᠠᠵᠥ ᠰᠢᠯᠢᠳᠡᠭ ᠬᠢᠷᠢ ᠪᠥᠳᠥᠮᠵᠢ ᠪᠠᠷ ᠤᠷᠤᠯᠳᠤᠭᠠᠨ ᠳᠤ ᠤᠷ᠎ᠠ ᠠᠪᠢᠶᠡᠰ ᠢᠶᠠᠨ ᠭᠠᠶᠢᠬᠠᠭᠤᠯᠵᠠᠢ᠃ ᠵᠣᠬᠢᠶᠠᠭᠴᠢ᠄ ᠥᠷᠭᠡᠨ