-
31626
ᠬᠡᠦᠬᠡᠳ ᠢ ᠦᠬᠡᠶᠢᠬᠢᠬᠦ ᠬᠠᠮᠤᠭ ᠤᠨ ᠬᠤᠷᠳᠤᠨ ᠬᠡᠯᠪᠡᠷᠢᠯ ᠪᠣᠯ ᠲᠠᠷᠤᠢ︽ ᠪᠠᠶᠠᠰᠤᠯᠳᠥ ᠰᠤᠷᠭᠠᠨ ᠭᠥᠮᠥᠵᠢᠯ︾
2019-07-09 16:51
851
0
ᠬᠡᠦᠬᠡᠳ ᠢ ᠦᠬᠡᠶᠢᠬᠢᠬᠦ ᠬᠠᠮᠤᠭ ᠤᠨ ᠬᠤᠷᠳᠤᠨ ᠬᠡᠯᠪᠡᠷᠢᠯ ᠪᠣᠯ ᠲᠠᠷᠤᠢ︽ ᠪᠠᠶᠠᠰᠤᠯᠳᠥ ᠰᠤᠷᠭᠠᠨ ᠭᠥᠮᠥᠵᠢᠯ︾
︽ᠥᠨᠥᠳᠦᠷ ᠤᠨ ᠲᠦᠷᠦᠭᠦᠨ ᠮᠡᠳᠡᠭᠡ︾ ᠰᠣᠨᠢᠨ ᠤ 2019 ᠣᠨ ᠤ 6 ᠰᠠᠷ᠎ᠠ ᠶᠢᠨ 30 ᠤ ᠴᠢᠮᠡᠭᠡᠯᠡᠯ ᠤᠨ ᠰᠣᠩᠭᠤᠯᠲᠠ ᠣᠷᠴᠢᠭᠤᠯᠭ᠎ᠠ
ᠭᠥᠮᠥᠨ ᠤ ᠨᠢᠭᠡ ᠨᠠᠰᠤ ᠪᠣᠯ ᠲᠠᠰᠤᠷᠠᠯᠳᠠ ᠦᠭᠡᠢ ᠦᠷᠡᠭᠳᠡᠭᠦᠯᠦᠨ ᠵᠣᠷᠢᠭᠤᠯᠬᠤ ᠪᠠ ᠬᠤᠷᠢᠶᠠᠯᠳᠠ ᠬᠤᠷᠢᠶᠠᠬᠤ ᠶᠠᠪᠤᠴᠠ ᠮᠥᠨ ᠭᠡᠵᠤ ᠲᠦᠩ ᠬᠤᠸᠠ ᠶᠠᠷᠢᠳᠠᠭ᠃
ᠡᠨᠡᠬᠦ ᠶᠠᠪᠤᠴᠠ ᠪᠠᠷ ᠲᠠᠮᠵᠢᠨ ᠪᠦᠬᠦ᠋ᠯᠡ ᠭᠦᠮᠦᠨ ᠬᠤᠶᠠᠷ ᠲᠥᠷᠦᠯ ᠤᠨ ᠭᠥᠮᠥᠨ ᠪᠤᠯᠥᠨ ᠵᠠᠳᠠᠷᠠᠳᠠᠭ᠃ ᠨᠢᠭᠡ ᠲᠥᠷᠦᠯ ᠤᠨ ᠬᠢᠨᠢ ᠴᠢᠷᠠᠮᠠᠢᠯᠳᠠ ᠪᠠᠷ ᠲᠠᠮᠵᠢᠨ ᠠᠮᠵᠢᠯᠳᠠ ᠳᠤ ᠬᠦᠷᠦᠭᠰᠡᠳ ᠪᠣᠯ ᠨᠥᠭᠦᠭᠡ ᠲᠥᠷᠤᠯ ᠬᠢᠨᠢ ᠰᠠᠯᠠᠩ ᠵᠠᠳᠠᠭᠠᠢ ᠠᠴᠠ ᠪᠤᠯᠵᠦ ᠢᠯᠠᠭᠳᠠᠯ ᠤᠨ ᠲᠤᠮᠳᠠ ᠣᠷᠤᠰᠢᠭᠴᠢᠳ ᠪᠣᠯᠳᠠᠭ᠃
ᠲᠠ ᠬᠡᠷᠪᠡ ᠬᠡᠦᠬᠡᠳ ᠢᠶᠠᠨ ᠴᠢᠷᠮᠠᠢᠯᠳᠠ ᠪᠠᠷ ᠲᠠᠮᠵᠢᠨ ᠠᠮᠵᠢᠯᠳᠠ ᠳᠤ ᠭᠥᠷᠳᠡᠭ ᠭᠥᠮᠥᠨ ᠪᠣᠯᠭᠠᠶ᠎ᠠ ᠭᠡᠪᠡᠯ ᠬᠡᠦᠬᠡᠳ ᠢᠶᠠᠨ ᠠᠶ᠎ᠠ ᠪᠠᠷ ᠨᠢ ᠪᠢᠳᠡᠭᠡᠢ ᠲᠠᠯᠪᠢ᠂ ᠬᠠᠷᠢᠨ ᠪᠠᠭ᠋ᠠᠨ ᠠᠯᠪᠠᠳᠠᠵᠦ ᠪᠠᠢᠭᠠᠷᠠᠢ︕
ᠨᠢᠭᠡ᠂ ᠰᠤᠷᠭᠠᠨ ᠭᠥᠮᠥᠵᠢᠯ ᠤᠨ ᠬᠠᠮᠤᠭ ᠲᠤᠮᠥ ᠬᠠᠭᠤᠷᠮᠠᠬᠴᠢᠯᠠᠯ ᠪᠣᠯ ︽ᠬᠡᠦᠬᠡᠳ ᠡ᠂ ᠴᠢ ᠪᠠᠶᠠᠰᠤᠯᠳᠠᠢ ᠯᠡ ᠪᠣᠯ ᠪᠣᠯᠴᠢᠬᠠᠨ᠎ᠠ︾ᠭᠡᠳᠡᠭ ᠠᠵᠢᠯᠯᠠᠭ᠎ᠠ᠃
ᠠᠯᠢ ᠦᠶ᠎ᠡ ᠠᠴᠠ ᠡᠬᠢᠯᠡᠭᠰᠡᠨ ᠢ ᠪᠤᠤ ᠮᠡᠳᠡ᠂ ᠲᠤᠮᠳᠠᠳᠤ ᠶᠢᠨ ᠡᠴᠢᠭᠡ ᠡᠭᠡᠴᠤᠤᠯ ᠬᠡᠦᠬᠡᠳ ᠢᠶᠠᠨ ᠣᠨᠴᠠᠭᠠᠢᠯᠠᠨ ᠭᠥᠨᠳᠤᠤᠨᠭᠡᠭᠦ ᠪᠤᠯᠵᠦ᠂ ᠪᠠᠶᠠᠷ ᠪᠠᠶᠠᠰᠤᠯᠲᠦ ᠰᠤᠷᠭᠠᠨ ᠭᠥᠮᠥᠵᠢᠯ ᠭᠡᠳᠡᠭ ᠢ ᠡᠷᠬᠢᠮᠨᠡᠨ ᠲᠡᠭᠡᠳᠥᠯᠳᠡᠭ ᠪᠣᠯᠵᠠᠢ᠃
ᠠᠮᠢᠳᠤᠷᠠᠯ ᠲᠤᠮᠳᠠ ᠪᠢᠳᠡ ᠡᠢᠮᠦᠷᠬᠦ ᠦᠵᠡᠭᠳᠡᠯ ᠢ ᠦᠷᠭᠦᠯᠵᠢ ᠤᠯᠵᠦ ᠠᠵᠢᠭᠯᠠᠳᠠᠭ᠃
ᠬᠡᠦᠬᠡᠳ ᠨᠢ ᠪᠥᠵᠢᠭ᠂ ᠤᠷᠠᠨ ᠵᠢᠷᠤᠭ ᠲᠤ ᠳᠤᠷ᠎ᠠ ᠰᠣᠨᠢᠷᠬᠠᠯ ᠲᠦᠷᠦᠭᠦ ᠲᠠᠢ ᠵᠡᠷᠭᠡ ᠡᠴᠢᠭᠡ ᠡᠭᠡᠴᠤᠤᠯ ᠶᠠᠭᠤ ᠴᠦ ᠶᠠᠷᠢᠯ ᠥᠬᠡᠢ ᠨᠡᠷ᠎ᠡ ᠮᠡᠳᠡᠭᠦᠯᠦᠨ ᠪᠣᠯᠪᠠᠰᠤᠷᠠᠯ ᠳᠤ ᠣᠷᠤᠭᠤᠯᠳᠠᠭ᠃ ᠭᠡᠬᠦ ᠳᠤ ᠨᠢᠭᠡ ᠬᠤᠭᠤᠴᠠᠭᠠᠨ ᠤ ᠰᠤᠷᠤᠯᠴᠠᠯᠭ᠎ᠠ ᠪᠣᠯᠪᠠᠰᠤᠷᠠᠯ ᠤᠨ ᠳᠠᠷᠠᠭ᠎ᠠ ᠪᠠᠷ ᠬᠡᠦᠬᠡᠳ ᠨᠢ ᠪᠠᠭ᠎ᠠ ᠯᠠ ᠬᠦᠯᠢᠴᠡᠵᠦ ᠲᠡᠢᠯᠭᠦ ᠥᠬᠡᠢ ᠪᠣᠯᠤᠨ ᠬᠠᠶᠠᠬᠤ ᠬᠡᠭᠦ ᠪᠠᠷ ᠡᠴᠢᠭᠡ ᠡᠭᠡᠴᠤᠤᠯ ᠮᠥᠨ ᠬᠡᠦᠬᠡᠳ ᠤᠨ ᠰᠢᠢᠳᠪᠦᠷᠢ ᠶᠢ ᠳᠠᠭᠠᠳᠠᠭ ᠪᠢᠯᠡ᠃
ᠮᠢᠨᠦ ᠬᠡᠦᠬᠡᠳ ᠡᠨᠡ ᠲᠠᠯ᠎ᠠ ᠶᠢᠨ ᠲᠥᠷᠦᠯᠬᠢ ᠠᠪᠢᠶᠠᠰ ᠨᠢ ᠲᠤᠳᠠᠮᠠᠭ ᠪᠠᠢᠭ᠎ᠠ ᠴᠦ ᠪᠢᠯᠢᠤ᠂ ᠬᠠᠷᠢᠨ ᠲᠡᠭᠦᠨ ᠤ ᠲᠤᠷᠠᠳᠠᠢ᠂ ᠴᠢᠳᠠᠮᠠᠭᠠᠢ ᠵᠦᠢᠯᠡᠰ ᠢ ᠨᠢ ᠰᠤᠷᠭᠠᠴᠢᠬᠠᠪᠠᠯ ᠠᠪ ᠠᠮᠠᠷᠬᠠᠨ ᠰᠠᠢᠨ ᠦᠷ᠎ᠡ ᠳ᠋ᠦᠩ ᠣᠯᠴᠢᠬᠠᠬᠤ ᠪᠢᠰᠢᠤ ᠬᠡᠵᠦ ᠲᠡᠳᠡᠨᠦᠰ ᠪᠣᠳᠤᠵᠠᠭᠠᠳᠠᠭ᠃
ᠡᠭᠦᠨ ᠢ ᠨᠢ ᠠᠪᠤᠨ ᠦᠵᠡᠬᠦ ᠳᠤ ᠬᠡᠦᠬᠡᠳ ᠢ ᠬᠥᠨᠳᠥᠤᠨᠬᠡᠵᠦ ᠪᠠᠢᠭ᠎ᠠ ᠴᠦ᠂ ᠦᠨᠡᠨ ᠳᠤ ᠪᠠᠨ ᠬᠡᠦᠬᠡᠳ ᠢᠶᠠᠨ ᠠᠶᠠᠳᠠᠨ ᠭᠡᠤᠭᠡᠳ ᠢ᠋ᠢᠡᠨ ᠲᠤᠷᠠᠪᠡᠷ ᠨᠢ ᠲᠠᠯᠪᠢᠵᠦ ᠪᠠᠢᠭ᠎ᠠ ᠶᠠᠪᠤᠳᠠᠯ᠂ ᠡᠴᠢᠭᠡ ᠡᠭᠡᠴᠤᠤᠯ ᠤᠨ ᠲᠣᠶᠢᠯ ᠤᠨ ᠬᠠᠷᠢᠭᠤᠴᠠᠯᠭ᠎ᠠ ᠥᠬᠡᠢ ᠵᠢᠨ ᠢᠯᠡᠷᠡᠯ ᠭᠡᠳᠡᠭ ᠢ᠋ ᠤᠯᠠᠨ ᠢᠶᠠᠷ ᠢᠶᠠᠨ ᠲᠠᠨᠢᠬᠤ ᠥᠬᠡᠢ ᠪᠣᠯᠬᠤ ᠥᠬᠡᠢ᠃
ᠠᠯᠢᠪᠠ ᠰᠤᠷᠤᠯᠴᠠᠯᠭ᠎ᠠ ᠪᠣᠯ ᠨᠢᠭᠡ ᠬᠡᠮᠵᠢᠶᠡᠨ ᠤ ᠠᠮᠳᠠ ᠰᠢᠮᠳᠡ ᠥᠬᠡᠢ᠂ ᠬᠠᠲᠠᠭᠤ ᠰᠢᠷᠭᠠᠭᠤ ᠶᠠᠪᠤᠴᠠ ᠶᠢ ᠵᠠᠪᠠᠯ ᠥᠩᠭᠡᠷᠭᠡᠭᠦ ᠴᠢᠬᠤᠯᠠᠲᠠᠢ ᠬᠡᠳᠡᠭ ᠢ᠋ ᠬᠥᠮᠦᠨ ᠪᠣᠯᠭᠠᠨ ᠮᠡᠳᠡᠷᠡᠬᠦ ᠴᠢᠬᠤᠯᠠᠲᠠᠢ᠂ ᠡᠴᠢᠭᠡ ᠡᠭᠡᠴᠤᠤᠯ ᠠᠴᠠ ᠬᠡᠦᠬᠡᠳ ᠤᠨ ᠲᠥᠷᠤᠯᠬᠢ ᠴᠢᠳᠠᠪᠥᠷᠢ ᠶᠢ ᠯᠠ ᠭᠥᠨᠳᠤᠤᠨᠭᠡᠭᠡᠤᠨ ᠯᠡ ᠪᠠᠢᠪᠠᠯ᠂ ᠬᠡᠦᠬᠡᠳ ᠤᠨ ᠰᠤᠷᠤᠯᠴᠠᠯᠭ᠎ᠠ ᠨᠢ ᠥᠷᠦᠮ᠎ᠡ ᠬᠤᠯᠠᠭᠠᠢᠴᠢ ᠤᠰᠤ ᠰᠢᠭᠦᠷᠬᠦ ᠮᠡᠳᠥ ᠭᠥᠩᠭᠡᠨ ᠭᠥᠪᠰᠤᠭᠡᠷ ᠱᠠᠳᠤ ᠪᠠᠷ ᠥᠨᠢ ᠡᠭᠦᠷᠢᠳᠡ ᠬᠠᠯᠢᠨ ᠭᠠᠷᠳᠠᠭ᠃
ᠵᠡᠭᠦᠨᠰᠢ ᠨᠢᠭᠡ ᠳᠠᠯᠠᠢᠵᠥ᠂ ᠪᠠᠷᠠᠭᠤᠨᠰᠢ ᠨᠢᠭᠡ ᠵᠠᠨᠴᠢᠭᠠᠤᠨ ᠯᠠ ᠪᠠᠶᠢᠪᠠᠯ ᠰᠤᠷᠤᠯᠴᠠᠯᠭ᠎ᠠ ᠶᠢᠨ ᠭᠦᠨ ᠳᠠᠪᠬᠤᠷᠭᠠᠨ ᠳᠠᠬᠢ ᠬᠠᠪᠤ ᠴᠡᠩᠭᠡᠯ ᠢ ᠡᠳ᠋ᠯᠡᠬᠦ ᠳᠤ ᠢᠮᠠᠭᠲᠠ ᠪᠡᠷᠭᠡᠳᠡᠢ ᠪᠤᠯᠵᠥ᠂ ᠰᠥᠭᠡᠷᠭᠦ ᠣᠷᠴᠢᠨ ᠢᠶᠠᠷ ᠡᠷᠭᠢᠯᠳᠤᠨ᠎ᠡ᠃
ᠤᠯᠠᠮ ᠤ ᠤᠯᠠᠮ ᠳᠤ᠂ ᠬᠡᠦᠬᠡᠳ ᠶᠠᠭᠤ ᠴᠦ ᠰᠤᠷᠴᠥ ᠳᠡᠢᠯᠡᠳᠡᠭ ᠥᠬᠡᠢ᠂ ᠶᠠᠭᠤ ᠴᠦ ᠬᠢᠵᠦ ᠪᠥᠳᠤᠬᠡᠵᠦ ᠴᠢᠳᠠᠳᠠᠭ ᠥᠬᠡᠢ ᠪᠣᠯᠵᠤ᠂ ᠵᠥᠪᠬᠡᠨ ᠠᠮᠢᠳᠤᠷᠠᠯ ᠤᠨ ᠲᠣᠷᠤᠢ ᠪᠠᠭᠤᠷᠠᠶᠢᠳᠠᠨ ᠪᠣᠯᠳᠠᠭ᠃
ᠰᠤᠷᠭᠠᠨ ᠭᠥᠮᠥᠵᠢᠯ ᠤᠨ ᠵᠣᠷᠢᠯᠭ᠎ᠠ ᠶᠠᠭᠤ ᠪᠢᠯᠡ︖ ᠦᠨᠳᠦᠰᠦᠨ ᠠᠴᠠ ᠨᠢ ᠭᠡᠯᠡᠪᠡᠯ ᠲᠠᠷᠤᠢ ᠭᠥᠮᠥᠨ ᠢ ᠪᠣᠯᠪᠠᠰᠤᠷᠠᠭᠤᠯᠤᠨ ᠭᠥᠭᠵᠢᠭᠦᠯᠭᠦ ᠶᠠᠪᠤᠳᠠᠯ ᠮᠥᠨ᠂ ᠲᠠᠷᠥᠢ ᠬᠡᠦᠬᠡᠳ ᠢ ᠨᠢᠭᠡᠨ ᠰᠢᠯᠢᠳᠡᠭ ᠭᠥᠮᠥᠨ ᠪᠣᠯᠭᠠᠬᠤ ᠶᠠᠪᠤᠳᠠᠯ᠃ ᠰᠢᠯᠢᠳᠡᠭ ᠭᠥᠮᠥᠰ ᠤᠨ ᠨᠡᠢᠳᠡᠯᠢᠭ ᠣᠨᠴᠠᠯᠢᠭ ᠪᠣᠯ ᠪᠦᠷ ᠯᠠ ᠦᠵᠦᠭᠦᠷ ᠲᠤ ᠨᠢ ᠭᠠᠷᠳᠠᠯ᠎ᠠ ᠪᠠᠷᠢᠮᠳᠠᠯᠠᠬᠤ ᠶᠢ ᠲᠦᠬᠦᠭᠡᠷᠳᠡᠭ ᠮᠥᠷᠳᠡᠭᠡᠨ ᠥᠪᠡᠷ ᠤᠨ ᠪᠡᠶ᠎ᠡ ᠳᠤ ᠪᠠᠨ ᠴᠦ ᠬᠠᠷᠠᠳᠠᠢᠬᠠᠨ ᠪᠠᠢᠳᠠᠭ ᠤᠴᠢᠷ ᠢ ᠲᠦᠬᠦᠭᠡᠷᠳᠡᠭ᠃
ᠤᠴᠢᠷ ᠨᠢ ᠲᠡᠳᠡ ᠨᠡᠢᠭᠡᠮ ᠤᠨ ᠥᠷᠢᠰᠤᠯᠳᠤᠭᠡᠨ ᠤ ᠬᠤᠷᠴᠠ ᠰᠢᠷᠦᠭᠦᠨ ᠢ ᠮᠡᠳᠡᠷᠡᠵᠦ᠂ ᠰᠠᠢᠳᠤᠷ ᠴᠢᠷᠮᠠᠶᠢᠬᠤ ᠥᠬᠡᠢ᠂ ᠰᠤᠷᠤᠯᠴᠠᠯᠭ᠎ᠠ ᠶᠢ ᠪᠠᠷᠢᠮᠳᠠᠯᠠᠬᠤ ᠥᠬᠡᠢ ᠪᠣᠯ ᠨᠡᠢᠭᠡᠮ ᠳᠤ ᠲᠠᠶᠠᠭᠳᠠᠬᠤ ᠪᠣᠯᠤᠨ᠎ᠠ ᠭᠡᠳᠡᠭ ᠢ ᠮᠡᠳᠡᠷᠡᠳᠡᠭ᠃
ᠪᠠᠶᠠᠰᠤᠯᠳᠤ ᠰᠤᠷᠭᠠᠨ ᠬᠥᠮᠦᠵᠢᠯ ᠤᠨ ᠬᠠᠮᠤᠭ ᠤᠨ ᠲᠤᠮᠥ ᠠᠰᠠᠭᠤᠳᠠᠯ ᠨᠢ ᠲᠡᠷᠡ ᠪᠣᠯ ᠵᠥᠪᠬᠡᠨ ᠭᠡᠷ ᠪᠦᠯᠢ ᠳᠤ ᠯᠠ ᠲᠣᠬᠢᠷᠠᠯᠴᠠᠳᠠᠭ ᠂ ᠡᠨᠡ ᠨᠡᠢᠭᠡᠮ ᠲᠠᠢ ᠲᠣᠬᠢᠷᠠᠯᠴᠠᠬᠤ ᠥᠬᠡᠢ᠃
ᠡᠴᠢᠭᠡ ᠡᠭᠡᠴᠤᠤᠯ ᠨᠢ ᠬᠡᠦᠬᠡᠳ ᠢᠶᠠᠨ ᠭᠥᠨᠳᠤᠤᠨᠭᠡᠵᠦ᠂ ᠪᠠᠶᠠᠷ ᠪᠠᠶᠠᠰᠤᠯᠳᠤ ᠬᠡᠦᠬᠡᠳ ᠨᠠᠰᠤ ᠶᠢ ᠥᠭᠴᠦ ᠪᠣᠯᠤᠨ᠎ᠠ᠂ ᠥᠭᠴᠦ ᠴᠤ ᠲᠡᠢᠯᠤᠨᠡ᠃ ᠭᠡᠪᠡᠴᠦ ᠨᠡᠢᠭᠡᠮ ᠬᠠᠷᠢᠨ ᠴᠢᠳᠠᠪᠤᠷᠢ ᠲᠣᠷᠤᠢ ᠨᠠᠰᠤᠨ ᠳᠤ ᠭᠥᠷᠥᠭᠰᠡᠤᠨ ᠢ ᠵᠥᠪᠰᠢᠶᠡᠷᠡᠳᠡᠭ ᠥᠬᠡᠢ᠂ ᠭᠥᠯᠢᠭᠡᠯᠵᠡᠭᠦ ᠥᠬᠡᠢ ᠬᠠᠲᠠᠭᠤ ᠬᠠᠤᠯᠢ ᠲᠠᠢ ᠪᠠᠢᠳᠠᠭ᠃
ᠴᠢᠩᠬᠤᠸᠠ ᠶᠡᠭᠡ ᠰᠤᠷᠭᠠᠭᠤᠯᠢ ᠶᠢᠨ ᠨᠢᠭᠡᠨ ᠫᠷᠣᠹᠰᠰᠣᠷ ᠠᠴᠠ ᠲᠤᠮᠳᠠᠳᠤ ᠶᠢᠨ ᠰᠤᠷᠭᠠᠨ ᠭᠥᠮᠥᠵᠢᠯ ᠤᠨ ᠬᠠᠮᠤᠭ ᠤᠨ ᠲᠣᠮᠤ ᠬᠠᠭᠤᠷᠮᠠᠭᠴᠢᠯᠠᠯ ᠪᠣᠯ ᠲᠠᠷᠤᠢ ᠪᠠᠶᠠᠰᠤᠯᠳᠤ ᠬᠥᠮᠦᠵᠢᠯ᠂ ᠵᠢᠴᠢ ᠰᠤᠷᠤᠯᠭ᠎ᠠ ᠶᠢᠨ ᠨᠠᠮᠳᠠᠷ ᠭᠡᠷᠡᠭ ᠥᠬᠡᠢ ᠭᠡᠬᠦ ᠣᠨᠤᠯ ᠪᠠ ᠬᠡᠦᠬᠡᠳ ᠤᠨ ᠲᠥᠷᠦᠯᠬᠢ ᠴᠢᠳᠠᠪᠥᠷᠢ ᠶᠢ ᠰᠤᠯᠠᠯᠠᠨ ᠴᠢᠯᠥᠭᠡᠯᠡᠬᠦ ᠵᠡᠷᠭᠡ ᠡᠨᠡᠬᠦ ᠭᠤᠷᠪᠠᠨ ᠬᠠᠭᠤᠷᠮᠠᠭᠴᠢᠯᠠᠯ ᠲᠤᠮᠳᠠᠳᠤ ᠶᠢᠨ ᠬᠡᠦᠬᠡᠳ ᠤᠨ ᠥᠰᠥᠯᠳᠡ ᠶᠢ ᠵᠡᠷᠡᠮᠳᠡᠭᠯᠡᠭᠦᠯᠵᠦ ᠪᠠᠢᠨ᠎ᠠ ᠬᠡᠵᠦ ᠶᠠᠷᠢᠵᠠᠢ᠃
ᠰᠤᠷᠭᠠᠨ ᠭᠥᠮᠥᠵᠢᠯ ᠶᠡᠷᠦ ᠨᠢ ᠪᠠᠶᠡᠷ ᠪᠠᠶᠠᠰᠤᠯᠳᠠᠢ ᠶᠠᠪᠤᠳᠠᠯ ᠪᠢᠰᠢ᠂ ᠨᠡᠩ ᠴᠢᠨᠠᠭᠰᠢᠯᠠᠭᠠᠤᠨ ᠬᠠᠷᠢᠨ ᠲᠡᠭᠦᠨ ᠢ ᠭᠠᠰᠢᠭᠤᠨ ᠵᠣᠪᠠᠯᠠᠩ ᠲᠠᠢ ᠵᠦᠢᠯ ᠭᠡᠵᠦ ᠪᠣᠯᠤᠨ᠎ᠠ᠃
ᠤᠴᠢᠷ ᠨᠢ ᠰᠤᠷᠭᠠᠨ ᠭᠥᠮᠥᠵᠢᠯ ᠪᠣᠯ ᠮᠡᠰᠢ ᠶᠡᠭᠡ ᠰᠡᠤᠨᠭᠢᠯ ᠭᠥᠴᠥᠨ ᠵᠠᠷᠤᠴᠠᠭᠤᠯᠳᠠᠭ ᠳᠠᠢᠯᠠᠯᠳᠤᠭᠠᠨ ᠤ ᠶᠠᠪᠤᠴᠠ ᠮᠥᠨ᠃
ᠬᠡᠦᠬᠡᠳ ᠤᠨ ᠰᠤᠩᠭᠤᠯᠳᠠ ᠶᠢ ᠭᠥᠨᠳᠤᠤᠨᠭᠡᠵᠦ᠂ ᠬᠡᠦᠬᠡᠳ ᠢ ᠪᠠᠶᠠᠷ ᠪᠠᠶᠠᠰᠤᠯᠳᠠᠢ ᠡᠷᠬᠡ ᠴᠢᠯᠤᠭᠡ ᠲᠠᠢ ᠰᠤᠷᠤᠯᠴᠠᠭᠤᠯᠬᠤ ᠶᠢ ᠠᠪᠤᠨ ᠦᠵᠡᠬᠦ ᠳᠤ ᠮᠠᠰᠢ ᠰᠠᠢᠨ᠃ ᠭᠡᠪᠡᠴᠦ ᠦᠨᠡᠨ ᠳᠡᠭᠡᠨ ︽ᠪᠠᠶᠠᠰᠤᠯᠳᠤ ᠰᠤᠷᠭᠠᠨ ᠭᠥᠮᠥᠵᠢᠯ︾ ᠪᠣᠯ ᠨᠢᠭᠡᠨ ᠠᠶᠠᠭ᠎ᠠ ᠬᠤᠣᠷᠲᠠᠢ ᠲᠠᠬᠢᠶᠠᠨ ᠱᠥᠯᠦ ᠮᠥᠨ᠃ ᠲᠡᠷᠡ ᠨᠢ ᠶᠠᠭ ᠡᠮᠤᠨ᠎ᠡ ᠴᠢᠨᠢ ᠪᠤᠯᠠᠵᠤ ᠲᠠᠯᠪᠢᠭᠰᠠᠨ ᠮᠢᠨ᠎ᠠ ᠰᠢᠭ᠋᠂ ᠠᠯᠢ ᠨᠢᠭᠡ ᠴᠠᠭ ᠲᠤ ᠭᠤᠨᠢᠭᠳᠤ ᠵᠦᠴᠦᠭᠡ ᠶᠢᠨ ᠭᠡᠯᠪᠡᠷᠢ ᠪᠠᠷ ᠲᠡᠭᠦᠰᠤᠯᠳᠡ ᠵᠠᠷᠯᠠᠬᠤ ᠪᠣᠯᠤᠨ᠎ᠠ᠃
ᠬᠤᠶᠠᠷ᠂ ᠡᠴᠢᠭᠡ ᠡᠬᠡᠴᠤᠤᠯ ᠤᠨ ᠬᠡᠦᠬᠡᠳ ᠲᠤ ᠪᠠᠨ ᠬᠠᠮᠤᠭ ᠤᠨ ᠲᠣᠮᠤ ᠬᠠᠷᠢᠭᠤᠴᠠᠯᠭ᠎ᠠ ᠠᠯᠳᠠᠵᠦ ᠪᠠᠶᠢᠭ᠎ᠠ ᠶᠠᠪᠣᠳᠠᠯ ᠪᠣᠯ ᠲᠠᠷᠤᠢ ᠰᠤᠷᠤᠯᠴᠠᠯᠭ᠎ᠠ ᠶᠢᠨ ᠲᠠᠯ᠎ᠠ ᠪᠠᠷ ᠠᠶᠠᠯᠳᠤᠨ ᠲᠠᠯᠪᠢᠷᠠᠭᠤᠯᠬᠤ ᠶᠠᠪᠤᠳᠠᠯ ᠪᠣᠯᠤᠨ᠎ᠠ᠃
ᠲᠠᠭᠤᠴᠢᠨ ᠯᠢᠤ ᠬᠤᠸᠠᠨ ᠶᠠᠮᠠᠷ ᠨᠢᠭᠡ ᠤᠳᠠᠭᠠᠨ ᠤ ᠰᠤᠷᠪᠤᠯᠵᠢᠯᠠᠭ᠎ᠠ ᠶᠢ ᠭᠥᠯᠢᠶᠡᠭᠦ ᠳᠤ ᠪᠠᠨ ᠬᠡᠦᠬᠡᠳ ᠤᠨ ᠰᠤᠷᠭᠠᠨ ᠭᠥᠮᠥᠵᠢᠯ ᠤᠨ ᠠᠰᠠᠭᠤᠳᠠᠯ ᠢ ᠶᠠᠷᠢᠬᠤ ᠳᠤ ᠮᠠᠰᠢ ᠲᠠᠯᠪᠢᠭᠤᠬᠠᠨ ᠢᠶᠠᠷ ᠲᠤᠬᠠᠢ ᠶᠢᠨ ᠵᠢᠯ ᠳᠤ ᠭᠠᠷᠭᠠᠭᠰᠠᠨ ᠪᠤᠷᠤᠭᠤ ᠪᠠᠨ ᠮᠡᠳᠡᠷᠡᠭᠰᠡᠨ ᠰᠠᠨ᠃
ᠬᠡᠣᠬᠡᠨ ᠤ ᠭᠢᠨᠢ ᠲᠠᠭᠤᠨ ᠬᠥᠭᠵᠢᠮ ᠤ᠋ᠨ ᠲᠠᠯ᠎ᠠ ᠶᠢᠨ ᠲᠥᠷᠦᠯᠬᠢ ᠴᠢᠳᠠᠪᠥᠷᠢ ᠶᠢ ᠶᠠᠷᠢᠬᠤ ᠪᠠᠷ ᠲᠡᠷᠡ ᠬᠤᠶᠠᠷ ᠤᠳᠠᠭ᠎ᠠ ︽ᠬᠠᠷᠠᠮᠰᠠᠵᠦ ᠪᠠᠢᠨ᠎ᠠ︾ᠭᠡᠵᠦ ᠶᠠᠷᠢᠵᠥ ᠥᠩᠭᠡᠷᠡᠭᠰᠡᠨ᠃
ᠤᠴᠢᠷ ᠨᠢ ᠲᠡᠷᠡ ᠡᠬᠡᠨᠠᠷ ᠲᠠᠢ ᠪᠠᠨ ᠬᠤᠶᠠᠭᠤᠯᠠ ᠨᠡᠢᠳᠡᠮ ︽ᠪᠠᠶᠠᠰᠤᠯᠳᠤ ᠰᠤᠷᠭᠠᠨ ᠭᠥᠮᠥᠵᠢᠯ︾ ᠤᠨ ᠵᠠᠷᠴᠢᠮ ᠢ ᠪᠠᠷᠢᠮᠳᠠᠯᠠᠵᠦ᠂ ᠬᠡᠦᠬᠡᠳ ᠢ ᠠᠯᠪᠠᠳᠠᠨ ᠲᠡᠭᠦᠨ ᠤ ᠳᠤᠷ᠎ᠠ ᠦᠭᠡᠢ ᠵᠦᠢᠯᠡᠰ ᠢ ᠨᠢ ᠭᠢᠯᠭᠡᠭᠦ ᠪᠣᠯ ᠶᠤᠰᠥᠭᠦᠢ ᠬᠡᠵᠦ ᠦᠵᠡᠳᠡᠭ᠃
ᠲᠡᠭᠦᠨ ᠤ ᠬᠡᠤᠬᠡᠨ ᠪᠣᠯ ᠭᠥᠭᠵᠢᠮ ᠭᠥᠭᠵᠢᠮᠳᠡᠭᠦ ᠲᠤᠷᠠᠳᠠᠢ ᠪᠤᠯᠪᠠᠴᠥ ᠭᠥᠭᠵᠢᠮ ᠪᠤᠯᠪᠠᠰᠤᠷᠠᠬᠤ ᠳᠤᠷ᠎ᠠ ᠥᠬᠡᠢ ᠨᠢᠭᠡᠨ ᠪᠠᠢᠵᠦ᠂ ᠲᠡᠳᠡᠨᠦᠰ ᠬᠡᠤᠬᠡᠨ ᠲᠠᠢ ᠪᠠᠨ ᠠᠶᠠᠳᠠᠵᠠᠢ᠃
ᠥᠨᠥ ᠲᠡᠷᠡ ᠪᠠᠷ ︽ᠪᠠᠭ᠎ᠠ ᠳᠤᠨᠢ ᠲᠠᠭᠤᠤ ᠭᠥᠭᠵᠢᠮ ᠰᠤᠷᠭᠠᠬᠤ ᠶᠢ ᠠᠯᠪᠠᠳᠠᠭᠰᠠᠨ ᠥᠬᠡᠢ ᠳᠤ ᠪᠠᠨ ᠪᠢ ᠪᠠᠭ᠋ᠠᠨ ᠬᠠᠷᠠᠮᠰᠠᠵᠦ ᠪᠠᠢᠨ᠎ᠠ︾ ᠬᠡᠵᠦ ᠲᠤᠬᠳᠤᠯᠤᠨ ᠶᠠᠷᠢᠵᠠᠢ᠃
ᠡᠭᠦᠨ ᠠᠴᠠ ᠭᠠᠳᠠᠨ᠎ᠠ ᠯᠢᠦ ᠬᠤᠸᠠᠨ ᠠᠬᠠᠮᠠᠳ ᠬᠦᠮᠦᠨ ᠤ ᠲᠤᠷᠰᠢᠯᠭ᠎ᠠ ᠪᠠᠷ ᠬᠡᠤᠬᠡᠤᠨ ᠢᠶᠠᠨ ᠰᠠᠢᠳᠤᠷ ᠭᠥᠮᠥᠵᠢᠭᠦᠯᠭᠦ ᠵᠣᠷᠢᠯᠭᠠᠲᠠᠢ ᠭᠡᠷ ᠤᠨ ᠠᠬᠠᠮᠠᠤᠨ ᠲᠤ᠄ ︽ᠶᠣᠰᠤᠨ ᠳᠤ ᠪᠠᠨ ᠬᠡᠤᠬᠡᠤᠨ ᠢ ᠠᠯᠪᠠᠳᠠᠵᠦ ᠪᠠᠢᠭᠠᠤᠨ ᠪᠠᠭ᠋ᠠᠨ ᠪᠣᠯᠪᠠᠰᠤᠷᠠᠭᠤᠯᠪᠠᠯ᠂ ᠲᠡᠷᠡ ᠬᠠᠷᠢᠨ ᠶᠡᠭᠡ ᠰᠠᠢᠬᠠᠨ ᠪᠣᠯᠴᠢᠬᠠᠬᠤ ᠴᠤ ᠮᠠᠭᠠᠤᠨ᠃ ᠡᠢᠮᠦᠷᠬᠦ ᠲᠥᠷᠤᠯᠬᠢ ᠠᠪᠢᠶᠠᠰ ᠲᠠᠢ ᠬᠡᠤᠬᠡᠤᠨ ᠢ ᠬᠠᠰᠢᠯᠠ ᠤᠷᠤᠭᠰᠢ ᠲᠥᠯᠬᠢᠬᠦ ᠨᠢ ᠵᠥᠢᠳᠡᠢ︾ ᠬᠡᠵᠡᠢ᠃
ᠶᠢᠷᠲᠢᠨᠴᠦ ᠲᠡᠭᠡᠷ᠎ᠠ ᠬᠠᠷᠠᠮᠰᠠᠯ ᠤᠨ ᠡᠮ ᠭᠡᠵᠦ ᠪᠠᠶᠢᠳᠠᠭ ᠥᠬᠡᠢ᠃ ᠬᠡᠦᠬᠡᠳ ᠤᠨ ᠰᠤᠷᠤᠯᠴᠠᠯᠭ᠎ᠠ ᠶᠢᠨ ᠬᠠᠮᠤᠭ ᠰᠠᠢᠬᠠᠨ ᠴᠠᠭ ᠦᠶ᠎ᠡ ᠨᠢ ᠥᠩᠭᠡᠷᠡᠭᠰᠡᠭᠡᠷ ᠲᠠᠬᠢᠨ ᠪᠤᠴᠠᠵᠦ ᠢᠷᠡᠬᠦ ᠥᠬᠡᠢ ᠰᠢᠤ᠃
ᠼᠠᠢ ᠺᠠᠩ ᠶᠦᠩ ᠠᠴᠠ᠄ ᠲᠠᠪᠤᠲᠠᠢ ᠦᠶ᠎ᠡ ᠳᠤ ᠤᠮᠪᠠᠬᠤ ᠶᠢ ᠰᠤᠷᠬᠤ ᠳᠤ ᠭᠥᠴᠢᠷ ᠭᠡᠤᠨ ᠤᠮᠪᠠᠬᠤ ᠶᠢ ᠣᠢᠰᠢᠶᠠᠭᠰᠠᠨ ᠥᠬᠡᠢ᠃ ᠠᠷᠪᠠᠨ ᠨᠠᠢᠮᠠᠲᠠᠢ ᠳᠤ ᠲᠣᠭᠤᠨ ᠪᠢᠰᠢᠷᠡᠳᠡᠭ ᠨᠢᠭᠡ ᠭᠥᠮᠥᠨ ᠴᠢᠨᠢ ᠴᠢᠮ᠎ᠠ ᠲᠠᠢ ᠪᠣᠯᠵᠤᠨ ᠤᠮᠪᠠᠬᠤ ᠪᠠᠷ ᠣᠴᠢᠬᠤ ᠭᠡᠬᠦ ᠳᠤ᠂ ᠲᠠ ᠵᠥᠪᠬᠡᠨ ︽ᠪᠢ ᠴᠢᠳᠠᠬᠤ ᠥᠬᠡᠢ︾ ᠭᠡᠬᠦ ᠪᠣᠯᠤᠨ᠎ᠠ᠃ ᠠᠷᠪᠠᠨ ᠨᠠᠢᠮᠠᠲᠠᠢ ᠳᠤ ᠪᠠᠨ ᠠᠩᠭ᠍ᠯᠢ ᠭᠡᠯᠡ ᠶᠢ ᠲᠠᠶᠠᠭᠳᠠᠭᠠᠳ᠂ ᠬᠤᠷᠢᠨ ᠨᠠᠢᠮᠠᠲᠠᠢ ᠳᠤ ᠠᠩᠭ᠍ᠯᠢ ᠭᠡᠯᠡ ᠴᠢᠳᠠᠬᠤ ᠶᠢ ᠱᠠᠭᠠᠷᠳᠠᠭᠰᠠᠨ ᠮᠠᠰᠢ ᠰᠠᠢᠨ ᠠᠵᠢᠯ ᠤ᠋ᠨ ᠪᠠᠢᠷᠢ ᠲᠤᠭᠢᠶᠡᠯᠳᠤᠬᠤ ᠪᠠᠷ ᠲᠠ ᠵᠥᠪᠬᠡᠨ ︽ᠪᠢ ᠴᠢᠳᠠᠬᠤ ᠥᠬᠡᠢ︾ ᠭᠡᠬᠦ ᠪᠣᠯᠤᠨ᠎ᠠ ᠭᠡᠰᠡᠨ ᠶᠤᠬᠳᠠᠯᠠᠯ ᠢ᠋ ᠶᠠᠷᠢᠵᠠᠢ᠃
ᠲᠡᠯᠡᠬᠡᠢ ᠲᠡᠭᠡᠷ᠎ᠠ ᠬᠠᠮᠤᠭ ᠤᠨ ᠶᠡᠭᠡ ᠬᠠᠷᠠᠮᠰᠠᠯ ᠪᠣᠯ ᠲᠠᠷᠤᠢ᠄ ᠪᠢ ᠦᠨᠡᠨᠳᠡᠭᠡᠨ ᠪᠣᠯᠬᠤ ᠪᠠᠢᠭᠰᠠᠨ ᠁
ᠲᠠ ᠲᠡᠭᠦᠨ ᠢ ᠠᠯᠪᠠᠳᠠᠬᠤ ᠥᠬᠡᠢ ᠪᠣᠯ ᠲᠡᠭᠦᠨ ᠤ ᠭᠢᠷᠢ ᠵᠡᠷᠭᠡ ᠰᠢᠯᠢᠳᠡᠭ ᠢ ᠮᠡᠳᠡᠵᠦ ᠲᠡᠢᠯᠤᠨᠡ ᠦᠦ︖
ᠲᠠ ᠲᠡᠭᠦᠨ ᠢ ᠠᠯᠪᠠᠳᠠᠬᠤ ᠥᠬᠡᠢ ᠪᠣᠯ ᠬᠤᠵᠢᠮ ᠤᠨ ᠡᠳᠤᠷ ᠲᠡᠷᠡ ᠲᠤᠬᠠᠢ ᠶᠢᠨ ᠦᠶ᠎ᠡ ᠳᠤ ᠴᠢᠷᠮᠠᠢᠭᠰᠠᠨ ᠢᠶᠠᠷ ᠲᠣᠳᠠᠮᠠᠭ ᠭᠡᠵᠦ ᠬᠠᠷᠠᠮᠰᠠᠬᠤ ᠡᠰᠡᠬᠦ ᠶᠢ ᠮᠡᠳᠡᠬᠦ ᠥᠬᠡᠢ᠃
ᠡᠮᠤᠨᠡᠭᠡᠨ ᠨᠢᠭᠡᠨ ᠵᠠᠭᠢᠶᠠᠯᠭ᠎ᠠ ᠵᠥᠭᠡᠭᠡᠭᠴᠢ ᠲᠠᠨᠢᠯ ᠲᠠᠢ ᠵᠣᠭᠤᠭᠳᠠᠬᠤ ᠪᠠᠷ ᠲᠠᠷᠠ ᠰᠠᠯᠬᠢ ᠪᠣᠷᠤᠭᠠᠨ ᠢ ᠬᠠᠢᠬᠤᠷᠤᠯ ᠥᠬᠡᠢ ᠭᠥᠶᠤᠳᠡᠭ ᠴᠤ ᠬᠠᠷᠠᠮᠵᠢ ᠮᠥᠩᠭᠦ ᠪᠠᠭ᠎ᠠ ᠬᠡᠵᠥ ᠰᠡᠭᠦᠷᠡᠰᠦᠯᠡᠨ᠎ᠡ᠃
ᠲᠡᠷᠡ ᠥᠪᠡᠷᠳᠡᠭᠡᠨ ᠬᠠᠷᠠᠮᠰᠠᠬᠤ ᠮᠥᠷᠳᠡᠭᠡᠨ ᠠᠪᠤ ᠡᠵᠢ ᠳᠤ ᠪᠠᠨ ᠭᠤᠮᠤᠷᠬᠠᠳᠠᠭ᠃
ᠤᠴᠢᠷ ᠨᠢ ᠠᠪᠤ ᠡᠵᠢ ᠨᠢ ᠪᠠᠭ᠎ᠠ ᠠᠴᠠ ᠨᠢ ᠲᠡᠭᠦᠨ ᠳᠤ ᠶᠠᠮᠠᠷᠬᠠᠨ ᠱᠠᠭᠠᠷᠳᠠᠯᠭ᠎ᠠ ᠲᠠᠯᠪᠢᠳᠠᠭ ᠥᠬᠡᠢ᠂ ᠵᠥᠪᠬᠡᠨ ᠲᠡᠭᠦᠨ ᠢ ᠪᠠᠶᠠᠷ ᠪᠠᠶᠠᠰᠤᠯᠳᠠᠢ ᠥᠰᠭᠡᠬᠦ ᠶᠢ ᠯᠠ ᠪᠤᠳᠤᠵᠦ᠂ ᠲᠡᠭᠦᠨ ᠢ ᠶᠠᠭᠤ ᠴᠤ ᠠᠯᠪᠠᠳᠠᠨ ᠰᠤᠷᠭᠠᠭᠰᠠᠨ ᠥᠬᠡᠢ᠃
ᠰᠤᠷᠤᠯᠭ᠎ᠠ ᠶᠢᠨ ᠭᠢᠷᠢ ᠪᠥᠳᠤᠮᠵᠢ ᠮᠠᠭᠤ᠂ ᠬᠠᠮᠢᠶ᠎ᠠ ᠥᠬᠡᠢ᠃
ᠵᠢᠷᠤᠭ ᠵᠢᠷᠤᠬᠤ ᠶᠢ ᠰᠤᠷᠬᠤ ᠥᠬᠡᠢ᠂ ᠬᠠᠮᠢᠶ᠎ᠠ ᠥᠬᠡᠢ᠃
ᠭᠥᠭᠵᠢᠮᠳᠡᠭᠦ ᠶᠢ ᠰᠤᠷᠬᠤ ᠥᠬᠡᠢ᠂ ᠬᠠᠮᠢᠶ᠎ᠠ ᠥᠬᠡᠢ᠃
ᠶᠡᠭᠡ ᠰᠤᠷᠭᠠᠭᠤᠯᠢ ᠳᠤ ᠣᠷᠤᠭᠰᠠᠨ ᠥᠬᠡᠢ᠂ ᠵᠥᠪᠬᠡᠨ ᠠᠵᠢᠯ ᠳᠤ ᠭᠠᠷᠬᠤ ᠭᠡᠷᠡᠭ᠃
ᠶᠠᠮᠠᠷ ᠴᠥ ᠮᠡᠳᠡᠯᠭᠡ ᠮᠡᠷᠭᠡᠵᠢᠯ ᠥᠬᠡᠢ ᠤᠴᠢᠷ ᠠᠴᠠ ᠵᠥᠪᠬᠡᠨ ᠵᠠᠭᠢᠶᠠᠯᠭ᠎ᠠ ᠵᠥᠭᠡᠭᠡᠭᠴᠢ ᠶᠢᠨ ᠠᠵᠢᠯ ᠬᠢᠬᠦ ᠯᠡ ᠭᠡᠷᠡᠭ ᠪᠣᠯᠵᠤ᠂ ᠬᠠᠷᠠᠮᠰᠠᠯ ᠲᠦᠭᠦᠷᠡᠩ᠃
ᠰᠤᠷᠤᠯᠴᠠᠯᠭ᠎ᠠ ᠪᠣᠯ ᠶᠠᠷᠤᠨᠢ ᠮᠡᠳᠡᠯᠭᠡ ᠬᠤᠷᠠᠮᠳᠣᠭᠤᠯᠬᠤ ᠤᠷᠳᠤ ᠤᠳᠠᠭᠠᠨ ᠶᠠᠪᠤᠴᠠ ᠮᠥᠨ ᠪᠠᠢᠵᠦ᠂ ᠮᠡᠳᠡᠯᠭᠡ ᠬᠤᠷᠠᠮᠳᠤᠭᠤᠯᠤᠯ ᠤᠨ ᠮᠦᠨ ᠴᠢᠨᠡᠷ ᠪᠣᠯ ᠲᠠᠷᠤᠢ ᠬᠠᠲᠠᠭᠤ ᠰᠢᠷᠭᠠᠭᠤ ᠠᠵᠢᠯᠯᠠᠭ᠎ᠠ ᠴᠢᠷᠮᠠᠢᠯᠭ᠎ᠠ᠂ ᠪᠠᠶᠠᠷ ᠪᠠᠶᠠᠰᠤᠯ ᠤᠤᠯ ᠠᠴᠠ ᠪᠠᠨ ᠮᠠᠰᠢ ᠴᠥᠭᠡᠨ ᠪᠢᠯᠡ᠃
ᠶᠠᠭ ᠡᠢᠮᠦ ᠠᠴᠠ ᠮᠠᠰᠢ ᠤᠯᠠᠨ ᠬᠡᠦᠬᠡᠳ ᠤᠬᠤᠷᠢᠨ ᠲᠠᠶᠠᠭᠳᠠᠬᠤ ᠶᠢ ᠪᠣᠳᠤᠯᠬᠢᠯᠠᠳᠠᠭ᠃ ᠤᠴᠢᠷ ᠨᠢ ᠲᠡᠳᠡᠨᠤᠰ ᠲᠦ ᠭᠥᠮᠥᠨ ᠤ ᠠᠮᠢᠳᠤᠷᠠᠯ ᠤᠨ ᠴᠢᠭᠯᠡᠯ ᠡᠵᠡᠮᠳᠡᠬᠦ ᠴᠢᠳᠠᠪᠤᠷᠢ ᠬᠠᠷᠠᠬᠠᠨ ᠪᠦᠷᠢᠯᠳᠦᠭᠡ ᠥᠬᠡᠢ ᠪᠠᠢᠭᠰᠠᠭᠠᠷ᠃
ᠶᠠᠭ ᠡᠨᠡ ᠦᠶ᠎ᠡ ᠳᠤ ᠡᠴᠢᠭᠡ ᠡᠭᠡ ᠪᠣᠯᠤᠭᠰᠠᠨ ᠭᠡᠤᠭᠡᠳ ᠲᠤ ᠪᠠᠨ ᠵᠰᠠᠨᠠᠭᠤᠯᠭᠠ᠂ ᠵᠢᠯᠤᠭᠤᠳᠤᠯᠭ᠎ᠠ᠂ ᠵᠣᠷᠢᠭᠵᠢᠭᠤᠯᠤᠯ ᠢ ᠣᠯᠭᠤᠵᠦ᠂ ᠬᠡᠦᠬᠡᠳ ᠲᠤ ᠰᠤᠷᠤᠯᠴᠠᠯᠭ᠎ᠠ ᠪᠠᠷᠢᠮᠳᠠᠯᠠᠯ ᠤᠨ ᠣᠤᠠᠬ᠎ᠠ ᠤᠴᠢᠷ ᠢ ᠲᠥᠭᠦᠭᠡᠷᠡᠭᠦᠯᠥᠨᠡ᠃
ᠬᠠᠷᠢᠨ ᠬᠡᠦᠬᠡᠳ ᠢᠶᠠᠨ ᠳᠤᠷ᠎ᠠ ᠪᠠᠷ ᠨᠢ ᠲᠠᠯᠪᠢᠵᠦ᠂ ᠬᠠᠶᠠᠭᠠᠨ ᠳᠤᠨᠢ ᠬᠠᠶᠠᠵᠦ᠂ ᠬᠠᠨ᠎ᠠ ᠪᠣᠳᠠᠯᠠᠬᠤ ᠶᠢ ᠭᠥᠯᠢᠶᠡᠵᠦ ᠪᠣᠯᠬᠤ ᠥᠬᠡᠢ᠃
ᠭᠡᠷᠪᠡ ᠬᠡᠦᠬᠡᠳ ᠢᠶᠠᠨ ᠲᠤᠮᠥ ᠪᠣᠯᠤᠭᠰᠠᠨ ᠤ ᠳᠠᠷᠠᠭ᠎ᠠ ᠬᠠᠷᠠᠮᠰᠠᠯ ᠤᠨ ᠲᠤᠮᠳᠠ ᠠᠮᠢᠳᠤᠷᠠᠭᠤᠯᠬᠤ ᠦᠭᠡᠢ ᠭᠡᠪᠡᠯ ᠡᠴᠢᠭᠡ ᠡᠭᠡᠴᠤᠤᠯ ᠬᠠᠷᠢᠭᠤᠴᠠᠯᠭ᠎ᠠ ᠪᠠᠨ ᠡᠭᠦᠷᠭᠡᠯᠡᠵᠦ ᠡᠮᠦᠨ᠎ᠡ ᠨᠢ ᠶᠠᠪᠤᠵᠦ᠂ ᠬᠡᠣᠬᠡᠣᠨ ᠤᠨ ᠢᠶᠠᠨ ᠵᠠᠮ ᠲᠠᠭᠠᠭᠤᠯᠤᠭᠴᠢ ᠪᠣᠯᠬᠤ ᠭᠡᠷᠡᠭᠳᠡᠢ᠃
ᠬᠡᠦᠬᠡᠳ ᠲᠤ ᠪᠠᠨ ︽ᠬᠡᠷᠪᠡ ᠭᠥᠮᠥᠨ ᠤ ᠠᠮᠢᠳᠤᠷᠠᠯ ᠤᠨ ᠡᠬᠢᠯᠡᠯᠲᠡ ᠶᠢᠨ ᠱᠠᠳᠤᠨ ᠳᠤ ᠰᠠᠢᠳᠣᠷ ᠰᠤᠷᠤᠯᠴᠠᠬᠤ ᠥᠬᠡᠢ ᠪᠣᠯ ᠬᠤᠵᠢᠮ ᠲᠤᠮᠥ ᠪᠣᠯᠤᠭᠰᠠᠨ ᠤ ᠳᠠᠷᠠᠭ᠎ᠠ ᠯᠠᠪ ᠬᠠᠷᠠᠮᠰᠠᠬᠤ ᠪᠣᠯᠤᠨ᠎ᠠ︾ ᠬᠡᠳᠡᠭ ᠢ ᠭᠡᠯᠡᠵᠦ ᠰᠠᠨᠠᠭᠤᠯᠵᠤ ᠪᠠᠢᠭᠠᠷᠠᠢ︕
ᠭᠤᠷᠪᠠ ᠂ ᠠᠯᠢᠪᠠ ᠠᠮᠵᠢᠯᠳᠠ ᠶᠢᠨ ᠠᠷᠤ ᠳᠤ ᠲᠠᠰᠤᠷᠠᠯᠳᠠ ᠥᠬᠡᠢ ᠴᠢᠷᠮᠠᠢᠯᠭ᠎ᠠ ᠪᠠ ᠥᠷᠡᠭᠳᠡᠭᠦᠯᠥᠯᠳᠡ ᠪᠠᠶᠢᠳᠠᠭ᠃
ᠡᠨᠡ ᠶᠢᠷᠳᠢᠨᠴᠥ ᠮᠠᠰᠢ ᠲᠥᠪ ᠭᠣᠣᠯᠴᠢ᠂ ᠴᠢᠨᠦ ᠠᠮᠢᠳᠤᠷᠠᠯ ᠤᠨ ᠡᠮᠤᠨᠡᠬᠢ ᠠᠯᠬᠤᠮ ᠪᠦᠷᠢ ᠴᠢᠨᠢ ᠳᠠᠷᠠᠭᠠᠴᠢ ᠵᠢᠨ ᠠᠯᠬᠤᠮ ᠳᠤ ᠪᠠᠨ ᠵᠠᠮ ᠲᠡᠪᠢᠰᠴᠥ ᠥᠭᠳᠡᠭ ᠭᠡᠳᠡᠭ ᠦᠭᠡ ᠪᠠᠢᠳᠠᠭ᠃
ᠭᠥᠮᠥᠨ ᠤ ᠠᠮᠢᠳᠤᠷᠠᠯ ᠳᠤ ᠶᠠᠷᠥ ᠠᠴᠠ ᠵᠦᠭᠡᠷ ᠶᠠᠪᠤᠳᠠᠭ ᠵᠠᠮ ᠭᠡᠵᠤ ᠪᠠᠢᠭ᠎ᠠ ᠥᠬᠡᠢ᠂ ᠠᠯᠬᠤᠮ ᠪᠦᠷᠢ ᠨᠢ ᠲᠣᠭᠠᠨ ᠳᠤ ᠪᠠᠬᠳᠠᠭᠳᠠᠳᠠᠭ᠃
ᠴᠢᠷᠮᠠᠶᠢᠬᠤ ᠲᠤᠳᠤᠮ ᠲᠠ ᠤᠯᠠᠮ ᠠᠵᠠ ᠲᠠᠢ ᠪᠣᠯᠳᠠᠭ᠃
ᠵᠸᠵᠢᠶᠠᠩ ᠶᠡᠭᠡ ᠰᠤᠷᠭᠠᠭᠤᠯᠢ ᠶᠢᠨ ᠨᠢᠭᠡᠨ ᠣᠨᠴᠠ ᠰᠤᠷᠤᠯᠭᠠᠳᠠᠨ ᠤ ᠨᠢᠳᠦ ᠡᠷᠢᠶᠡᠯᠵᠡᠮ᠎ᠡ ᠲᠣᠬᠢᠷᠠᠭᠤᠯᠤᠭᠰᠠᠨ ᠠᠵᠢᠯᠯᠠᠵᠦ ᠠᠮᠠᠷᠠᠬᠤ ᠭᠥᠰᠥᠨᠥᠭ ︵ᠰᠡᠭᠦᠳᠡᠷ ᠢ ᠤᠷᠬᠢᠪᠡ︶ ᠨᠢ ᠤᠯᠠᠨ ᠤ ᠲᠤᠮᠳᠠ ᠣᠳᠣ ᠪᠣᠯᠵᠠᠢ᠃
ᠲᠡᠷᠡ ᠠᠵᠢᠯᠯᠠᠵᠦ ᠠᠮᠠᠷᠠᠬᠤ ᠭᠥᠰᠥᠨᠥᠭ ᠢᠶᠠᠨ ᠥᠷᠯᠦᠭᠡ ᠶᠢᠨ ᠵᠢᠷᠭᠤᠭᠠᠨ ᠴᠠᠭ ᠠᠴᠠ ᠡᠬᠢᠯᠡᠨ ᠣᠷᠤᠢ ᠶᠢᠨ ᠠᠷᠪᠠᠨ ᠬᠤᠶᠠᠷ ᠴᠠᠭ ᠬᠠᠭᠠᠰ ᠪᠤᠯᠳᠠᠯ᠎ᠠ ᠪᠠᠢᠷᠢᠯᠠᠭᠤᠯᠵᠠᠢ᠃ ᠨᠢᠭᠡ ᠭᠠᠷᠠᠭ ᠤᠨ ᠠᠵᠢᠯᠯᠠᠵᠦ ᠠᠮᠠᠷᠠᠬᠤ ᠴᠠᠭ ᠤᠨ ᠰᠤᠷᠤᠯᠴᠠᠯᠭ᠎ᠠ ᠶᠢᠨ ᠠᠭᠤᠯᠭ᠎ᠠ ᠪᠠᠨ ᠬᠡᠳᠣᠨ ᠴᠠᠭ ᠬᠡᠳᠤᠨ ᠮᠢᠨᠦ᠋ᠲ ᠪᠤᠯᠳᠠᠯ᠎ᠠ ᠨᠠᠷᠢᠯᠢᠭᠰᠢᠭᠤᠯᠤᠭᠰᠠᠨ ᠪᠠᠢᠵᠦ᠂ ᠰᠤᠷᠤᠯᠴᠠᠯᠭ᠎ᠠ ᠶᠢᠨ ᠣᠪᠤᠷ ᠨᠢ ᠮᠢᠨᠦ᠋ᠲ ᠰᠧᠺᠦ᠋ᠨ᠋ᠳ᠋ ᠢ᠋ ᠠᠯᠳᠠᠯ ᠥᠬᠡᠢ ᠪᠠᠶᠢᠭ᠎ᠠ ᠶᠢ ᠢᠯᠡᠳᠭᠡᠭᠰᠡᠨ ᠪᠢᠯᠡ᠃
ᠲᠡᠷᠡ ᠬᠡᠳᠦ᠋ᠪᠡᠷ ᠮᠠᠰᠢ ᠣᠯᠠᠨ ᠭᠥᠮᠥᠨ ᠤ ᠭᠥᠰᠡᠯ ᠵᠡᠭᠦᠳᠦ ᠪᠣᠯᠤᠭᠰᠠᠨ ᠶᠡᠭᠡ ᠰᠤᠷᠭᠠᠭᠤᠯᠢ ᠳᠤ ᠣᠷᠤᠴᠢᠬᠠᠭᠰᠠᠨ ᠪᠤᠯᠪᠠᠴᠦ᠂ ᠨᠢᠭᠡ ᠮᠥᠴᠡ ᠶ᠋ᠢ ᠴᠤ ᠲᠠᠯᠠᠭᠠᠷ ᠥᠬᠡᠢ ᠬᠠᠶᠠᠯ ᠦᠭᠡᠢ ᠰᠤᠷᠤᠯᠴᠠᠭᠰᠠᠭᠠᠷ᠃
ᠲᠡᠭᠦᠨ ᠤ ᠬᠠᠮᠳᠤ ᠰᠤᠷᠣᠯᠭᠠᠳᠠᠨ ᠨᠠᠷ ᠤᠨ ᠶᠠᠷᠢᠬᠤ ᠪᠠᠷ ᠡᠨᠡ ᠪᠣᠯ ᠲᠠᠷᠤᠢ ᠮᠠᠨ ᠤ ᠣᠨᠴᠠ ᠰᠤᠷᠤᠯᠭᠠᠳᠠᠨ᠂ ᠵᠸᠵᠢᠶᠠᠩ ᠶᠡᠭᠡ ᠰᠤᠷᠭᠠᠭᠤᠯᠢ ᠳᠤ ᠪᠠᠷᠤᠭ ᠯᠠ ᠰᠠᠬᠢᠭᠤᠯᠰᠤᠨ ᠰᠢᠭ᠋ ᠤᠷᠤᠰᠢᠵᠦ ᠪᠤᠢ᠂ ᠰᠤᠷᠤᠯᠭ᠎ᠠ ᠰᠠᠢᠨ ᠨᠢ ᠲᠡᠭᠦᠨ ᠳ᠋ᠤ ᠶᠠᠷᠥᠮᠳᠡᠭ ᠶᠠᠪᠤᠳᠠᠯ᠂ ᠵᠠᠩᠭᠢᠯᠭ᠎ᠠ ᠨᠢ ᠲᠡᠷᠡ ᠴᠡᠩᠭᠡᠵᠤ ᠪᠠᠰᠠ ᠴᠢᠳᠠᠨ᠎ᠠ᠃ ᠨᠢᠰᠭᠡᠯ ᠵᠢᠯᠤᠭᠤᠤᠨᠬᠤ᠂ ᠤᠰᠤᠨ ᠳᠤ ᠤᠮᠪᠠᠬᠤ᠂ ᠰᠢᠨ᠎ᠡ ᠬᠤᠪᠴᠠᠰᠦ ᠲᠦᠰᠦᠪᠯᠡᠵᠦ ᠣᠶᠤᠳᠠᠭ ᠁
ᠭᠡᠷᠪᠡ ᠪᠢᠳᠡ ᠡᠨᠡᠬᠦ ᠠᠵᠢᠯᠯᠠᠵᠦ ᠠᠮᠠᠷᠠᠬᠤ ᠴᠠᠭ ᠤᠨ ᠭᠥᠰᠥᠨᠥᠭ ᠢ ᠣᠯᠵᠦ ᠬᠠᠷᠠᠭ᠎ᠠ ᠥᠬᠡᠢ ᠪᠣᠯ ᠲᠡᠭᠦᠨ ᠢ ᠮᠠᠰᠢ ᠠᠵᠠ ᠲᠠᠢ ᠭᠥᠮᠤᠨ ᠡ ᠭᠡᠵᠦ᠂ᠲᠡᠷᠡ ᠪᠣᠯ ᠯᠠᠪ ᠨᠢᠭᠡᠨ ᠵᠣᠭᠤᠰ ᠲᠠᠢ ᠭᠡᠷ ᠤᠨ ᠬᠡᠤᠬᠡᠤᠨ᠂ ᠰᠠᠢᠳᠦᠷ ᠰᠤᠷᠤᠯᠴᠠᠭᠰᠠᠨ ᠥᠬᠡᠢ ᠴᠤ ᠥᠪᠡᠷ ᠤᠨ ᠤᠯᠬᠤ ᠭᠡᠰᠡᠨ ᠶᠠᠭᠤᠮ᠎ᠠ ᠪᠠᠨ ᠪᠦᠷ ᠣᠯᠴᠢᠬᠠᠨ᠎ᠠ ᠭᠡᠵᠦ ᠪᠢᠰᠢᠷᠡᠯ ᠲᠥᠷᠦᠭᠳᠡᠳᠡᠭ ᠮᠠᠭᠠᠤᠨ᠃
ᠭᠡᠪᠡᠴᠦ ᠡᠳᠡᠭᠡᠷ ᠪᠣᠯ ᠪᠢᠳᠡ ᠣᠯᠠᠨ ᠤ ᠥᠪᠡᠷ ᠤᠨ ᠪᠡᠶ᠎ᠡ ᠪᠠᠨ ᠠᠮᠤᠷᠵᠢᠭᠤᠯᠳᠠᠭ ᠰᠢᠯᠳᠠᠭ ᠪᠢᠯᠡ᠃
ᠤᠴᠢᠷ ᠨᠢ ᠲᠤᠰ ᠬᠠᠭᠤᠳᠠᠰᠤ ᠠᠵᠢᠯᠯᠠᠵᠦ ᠠᠮᠠᠷᠠᠬᠤ ᠭᠥᠰᠥᠨᠥᠭ ᠤᠨ ᠦᠰᠦᠭ ᠪᠣᠯᠭᠠᠨ ᠨᠢ ᠲᠡᠭᠦᠨ ᠤ ᠦᠨᠡᠨ ᠪᠤᠳᠠᠳᠠᠢ ᠴᠢᠷᠮᠠᠢᠯᠭ᠎ᠠ ᠢᠯᠡᠷᠡᠭᠦᠯᠵᠦ ᠪᠤᠢ᠃
ᠠᠮᠵᠢᠯᠳᠠ ᠪᠣᠯ ᠲᠠᠰᠣᠷᠠᠯᠳᠠ ᠥᠬᠡᠢ ᠴᠢᠷᠮᠠᠢᠳᠠᠭ ᠪᠠ ᠲᠡᠮᠡᠴᠡᠳᠡᠭ ᠭᠥᠮᠥᠨ ᠳᠤ ᠦᠯᠡᠳᠡᠭᠡᠭᠰᠡᠨ ᠡᠴᠦᠰ ᠤᠨ ᠪᠡᠯᠡᠭ ᠮᠥᠨ᠃
ᠬᠡᠨ ᠭᠥᠮᠥᠨ ᠤ ᠠᠵᠠ ᠲᠤᠭᠢᠶᠡᠯ ᠴᠦ ᠬᠤᠭᠤᠰᠤᠨ ᠢᠶᠠᠷ ᠢᠷᠡᠭᠰᠡᠨ ᠪᠢᠰᠢ᠃
ᠭᠡᠷᠪᠡ ᠴᠢ ᠭᠥᠢᠴᠡᠤᠨ ᠴᠢᠷᠮᠠᠢᠪᠠᠯ ᠰᠠᠶᠢ ᠭᠥᠢᠴᠡᠤᠨ ᠠᠵᠠ ᠲᠤᠭᠢᠶᠡᠯ ᠲᠠᠢ ᠪᠤᠯᠵᠦ᠂ ᠥᠪᠡᠷ ᠤᠨ ᠣᠯᠤᠶ᠎ᠠ ᠭᠡᠰᠡᠨ ᠠᠮᠢᠳᠤᠷᠠᠯ ᠳᠤ ᠪᠠᠨ ᠭᠦᠷᠴᠦ ᠴᠢᠳᠠᠳᠠᠭ᠃
ᠲᠡᠭᠦᠯᠳᠡᠷ ᠬᠤᠭᠤᠷ ᠤ᠋ᠨ ᠭᠥᠭᠵᠢᠮᠴᠢᠨ ᠯᠠᠩ ᠯᠠᠩ ᠤᠨ ᠶᠠᠷᠢᠭᠰᠠᠨ ᠨᠢ᠄ ︽ᠵᠠᠷᠢᠮ ᠴᠢᠳᠠᠪᠤᠷᠢ ᠪᠣᠯ ᠨᠡᠭᠡᠷᠡᠨ ᠲᠥᠷᠦᠯᠬᠢ ᠪᠠᠢᠳᠠᠭ᠃ ᠲᠥᠷᠦᠯᠬᠢ ᠶᠢᠨ ᠭᠡᠰᠡᠨ ᠴᠦ ᠶᠠᠯᠢᠮ ᠦᠭᠡᠢ ᠴᠢᠷᠮᠠᠢᠯᠭ᠎ᠠ ᠪᠡᠷ ᠲᠣᠮᠤ ᠠᠮᠵᠢᠯᠳᠠ ᠶᠢ ᠣᠯᠴᠢᠬᠠᠨ᠎ᠠ ᠭᠡᠰᠡᠨ ᠤᠴᠢᠷ ᠪᠢᠰᠢ᠃ ᠠᠮᠢᠳᠤᠷᠠᠯ ᠪᠣᠯ ᠨᠢᠭᠡ ᠨᠢᠭᠡ ᠠᠯᠬᠤᠮ ᠢᠶᠠᠷ ᠢᠷᠡᠳᠡᠭ᠃ ᠡᠨᠡ ᠠᠯᠬᠤᠮ ᠢᠶᠠᠨ ᠠᠯᠬᠤᠮᠠᠨᠵᠢᠨ ᠳᠠᠷᠠᠭᠠᠴᠢ ᠶᠢᠨ ᠰᠠᠶᠢ ᠠᠯᠬᠤᠮ ᠢᠷᠡᠳᠡᠭ︾ ᠭᠡᠵᠡᠢ᠃
ᠳᠡᠯᠡᠬᠡᠢ ᠲᠡᠭᠡᠷ᠎ᠠ ᠭᠠᠷ ᠤᠨ ᠠᠶ᠎ᠠ ᠪᠠᠷ ᠣᠯᠳᠠᠭ ᠠᠮᠵᠢᠯᠳᠠ ᠭᠡᠵᠦ ᠪᠠᠶᠢᠳᠠᠭ ᠥᠬᠡᠢ᠂ ᠵᠥᠪᠬᠡᠨ ᠰᠠᠷ᠎ᠠ ᠬᠤᠨᠤᠭ ᠤᠨ ᠬᠤᠷᠠᠮᠳᠤᠭᠤᠯᠤᠯ ᠪᠦᠬᠦᠢ ᠪᠠᠷᠢᠮᠳᠠᠯᠠᠯ ᠪᠣᠯᠤᠨ᠎ᠠ᠃
ᠡᠨᠡ ᠭᠦ ᠶᠠᠪᠤᠴᠠ ᠳᠤ ᠮᠠᠰᠢ ᠤᠯᠠᠨ ᠭᠥᠴᠢᠷ ᠪᠡᠷᠬᠡ ᠶᠢ ᠲᠤᠭᠤᠯᠵᠤ᠂ ᠮᠠᠰᠢ ᠤᠯᠠᠨ ᠭᠥᠴᠥ ᠭᠥᠳᠡᠯᠮᠥᠷᠢ ᠵᠠᠷᠤᠴᠠᠭᠤᠯᠤᠮᠠᠨᠵᠢᠨ ᠰᠠᠶᠢ ᠰᠢᠬᠢᠷᠯᠢᠭ ᠵᠢᠮᠢᠰ ᠢ ᠠᠮᠳᠠᠯᠠᠬᠤ ᠳᠤ ᠭᠥᠷᠳᠡᠭ᠃
ᠠᠯᠢᠪᠠ ᠠᠮᠵᠢᠯᠳᠠ ᠶᠢᠨ ᠠᠷᠤ ᠳᠤ ᠪᠦᠷ ᠨᠢᠭᠡᠨ ᠬᠤᠪᠢ ᠶᠡᠷᠦ ᠪᠤᠰᠤ ᠶᠢᠨ ᠥᠷᠡᠭᠳᠡᠭᠦᠯᠤᠯᠳᠡ ᠵᠤᠷᠢᠭᠤᠯᠤᠯᠳᠠ ᠪᠠᠢᠳᠠᠭ᠃ ᠲᠡᠯᠡᠭᠡᠢ ᠲᠡᠭᠡᠷ᠎ᠠ ᠭᠥᠳᠡᠯᠮᠥᠷᠢᠯᠡᠭᠦ ᠥᠬᠡᠢ ᠪᠠᠷ ᠤᠯᠬᠤ ᠶᠠᠭᠤᠮ᠎ᠠ ᠭᠡᠵᠦ ᠪᠠᠶᠢᠳᠠᠭ ᠥᠬᠡᠢ᠃
ᠲᠦᠷᠪᠡ᠂ ᠰᠠᠢᠨ ᠡᠴᠢᠭᠡ ᠡᠭᠡᠴᠤᠤᠯ ᠪᠦᠷ ᠬᠠᠳᠠᠭᠤᠬᠠᠨ ᠪᠣᠳᠤᠯ ᠲᠠᠢ᠃
ᠵᠠᠷᠢᠮ ᠭᠥᠮᠥᠨ ᠰᠠᠶᠢᠨ ᠡᠴᠢᠭᠡ ᠡᠭᠡᠴᠤᠤᠯ ᠪᠦᠷ ᠬᠠᠳᠠᠭᠤᠬᠠᠨ ᠪᠣᠳᠤᠯ ᠲᠠᠢ ᠭᠡᠳᠡᠭ᠃
ᠡᠨᠡᠬᠦ ᠦᠭᠡ ᠵᠥᠢᠳᠡᠢ᠃ ᠬᠡᠦᠬᠡᠳ ᠨᠠᠰᠦ ᠪᠣᠯ ᠨᠠᠭᠠᠳᠤᠮ ᠲᠣᠭᠯᠠᠭᠠᠮ ᠳᠤ ᠠᠯᠮᠠᠢᠷᠠᠭᠰᠠᠨ ᠱᠠᠳᠦ ᠪᠠᠢᠵᠤ᠂ ᠲᠡᠳᠡᠨᠦᠰ ᠥᠪᠡᠷ ᠤᠨ ᠪᠡᠶ᠎ᠡ ᠶᠢᠨ ᠲᠤᠳᠤᠭᠠᠳᠤ ᠰᠡᠤᠨᠭᠢᠯᠭᠡ ᠪᠠᠨ ᠡᠵᠡᠮᠳᠡᠬᠦ ᠶᠢ ᠨᠡᠭᠡᠷᠡᠨ ᠲᠡᠶᠢᠯᠳᠡᠭ ᠥᠬᠡᠢ᠂ ᠵᠥᠪᠬᠡᠨ ᠡᠴᠢᠭᠡ ᠡᠭᠡᠴᠣᠣᠯ ᠢᠶᠠᠷ ᠢᠷᠡᠵᠦ ᠡᠵᠡᠮᠳᠡᠭᠦᠯᠳᠡᠭ ᠵᠢᠮ᠎ᠡ ᠲᠠᠢ᠃
ᠶᠠᠪᠤᠳᠠᠯ ᠪᠣᠯᠭᠠᠨ ᠳᠤ ᠬᠡᠦᠬᠡᠳ ᠢ ᠪᠠᠨ ᠭᠥᠨᠳᠤᠤᠨᠭᠡᠳᠡᠭ ᠯᠠ ᠶᠤᠮ ᠪᠣᠯ ᠬᠡᠦᠬᠡᠳ ᠦᠨᠡᠬᠡᠷ ᠶᠡᠷᠤᠮᠳᠡᠭ ᠯᠠ ᠪᠣᠯᠬᠤ ᠶᠤᠰᠤᠳᠠᠢ᠃
ᠨᠢᠭᠡᠨ ᠠᠯᠢᠶ᠎ᠠ ᠬᠦᠦ ᠭᠥᠯ ᠢᠰᠬᠦᠯᠬᠦ ᠪᠥᠵᠢᠭ ᠢ ᠨᠢᠭᠤᠴᠠ ᠪᠠᠷ ᠰᠤᠨᠢᠷᠬᠠᠵᠦ ᠪᠠᠢᠭᠰᠠᠭᠠᠷ ᠠᠪᠤ ᠳᠤ ᠪᠠᠨ ᠮᠡᠳᠡᠭᠳᠡᠪᠡ᠃
ᠳᠠᠷᠠᠭ᠎ᠠ ᠥᠷᠯᠦᠭᠡ ᠠᠪᠤ ᠨᠢ ᠲᠡᠭᠦᠨ ᠳᠤ ᠨᠢᠭᠡ ᠵᠢᠵᠢᠭ ᠬᠠᠶᠢᠷᠴᠠᠭ ᠪᠡᠯᠡᠭᠯᠡᠪᠡ᠃
ᠪᠢᠴᠢᠬᠠᠨ ᠭᠥᠤ ᠤᠷᠮᠠᠰᠢᠨ ᠬᠥᠭᠡᠷᠴᠦ᠂ ᠯᠠᠪ ᠨᠢᠭᠡ ᠵᠦᠢᠷᠡᠢ ᠪᠥᠵᠢᠭ ᠤᠨ ᠱᠠᠬᠠᠢ ᠪᠠᠶᠢᠬ᠎ᠠ ᠭᠡᠵᠦ ᠪᠣᠳᠤᠭᠰᠠᠨ ᠨᠢ ᠬᠠᠷᠢᠨ ᠰᠣᠯᠤᠩᠭᠤᠰ ᠪᠤᠺᠠᠰ ︵ᠨᠢᠳᠤᠷᠭᠠᠨ ᠡᠷᠳᠡᠮ︶ ᠤᠨ ᠥᠪᠴᠢ ᠬᠤᠪᠴᠠᠰᠥ ᠪᠠᠢᠵᠠᠢ᠃
ᠵᠠᠯᠭᠠᠭᠠᠳ ᠡᠳᠣᠷ ᠪᠦᠷᠢ ᠶᠢᠨ ᠬᠠᠲᠠᠭᠤ ᠰᠢᠷᠭᠠᠭᠤ ᠪᠣᠯᠪᠠᠰᠤᠷᠠᠯ ᠁
ᠪᠢᠴᠢᠬᠠᠨ ᠭᠥᠤ ᠠᠪᠤ ᠶᠢᠨ ᠢᠶᠠᠨ ᠰᠠᠨᠠᠭ᠎ᠠ ᠶᠢ ᠮᠡᠳᠡᠭᠰᠡᠨ ᠥᠬᠡᠢ ᠪᠣᠯᠪᠠᠴᠤ ᠰᠢᠳᠦ ᠪᠠᠨ ᠵᠠᠭᠤᠨ ᠪᠣᠯᠪᠠᠰᠤᠷᠠᠯ ᠢᠶᠠᠨ ᠥᠷᠭᠦᠯᠵᠢᠯᠡᠭᠦᠯᠥᠭᠰᠡᠭᠷ᠃ ᠰᠣᠯᠤᠩᠭᠤᠰ ᠪᠤᠺᠠᠰ ᠤᠨ ᠤᠷᠤᠯᠳᠤᠭᠠᠨ ᠳᠤ ᠢᠯᠠᠭᠰᠠᠨ ᠲᠡᠷᠡ ᠡᠳᠣᠷ ᠠᠪᠤ ᠨᠢ ᠲᠡᠭᠦᠨ ᠳᠤ ᠪᠠᠰᠠ ᠨᠢᠭᠡ ᠵᠢᠵᠢᠭ ᠬᠠᠢᠷᠴᠠᠭ ᠪᠡᠯᠡᠭᠯᠡᠪᠡ᠃
ᠪᠢᠴᠢᠬᠠᠨ ᠭᠥᠤ ᠨᠡᠭᠡᠭᠡᠬᠦᠯᠡᠷ ᠡᠳᠦᠷ ᠤᠨ ᠪᠣᠳᠤᠯᠭ᠎ᠠ ᠰᠥᠨᠢ ᠶᠢᠨ ᠵᠡᠭᠦᠳᠦ ᠪᠣᠯᠵᠦ ᠪᠠᠢᠭᠰᠠᠨ ᠪᠥᠵᠢᠭ ᠤᠨ ᠱᠠᠬᠠᠢ ᠨᠢ ᠪᠠᠶᠢᠵᠡᠢ᠃
ᠶᠠᠭᠤᠨ ᠳᠤ ᠬᠡᠦᠬᠡᠳ ᠢ ᠠᠯᠪᠠᠳᠠᠨ ᠲᠡᠭᠦᠨ ᠤ ᠳᠤᠷ᠎ᠠ ᠥᠬᠡᠢ ᠰᠣᠯᠤᠩᠭᠤᠰ ᠪᠤᠺᠠᠰ ᠢ ᠪᠣᠯᠪᠠᠰᠤᠷᠠᠭᠤᠯᠳᠠᠭ ᠪᠤᠢ︖ ᠭᠡᠵᠦ ᠭᠡᠴᠢᠨᠡᠨ ᠣᠯᠠᠨ ᠭᠥᠮᠥᠨ ᠡᠨᠡᠬᠦ ᠡᠴᠢᠭᠡ ᠶᠢᠨ ᠰᠡᠤᠨᠭᠢᠯᠭᠡ ᠶᠢ ᠣᠢᠯᠠᠭᠠᠭ᠎ᠠ ᠥᠬᠡᠢ᠃
ᠪᠢᠳᠡ ᠬᠡᠦᠬᠡᠳ ᠤᠨ ᠳᠤᠷ᠎ᠠ ᠰᠣᠨᠢᠷᠬᠠᠯ ᠢ ᠭᠦᠨᠳᠦᠳᠬᠡᠳᠡᠭ᠂ ᠭᠡᠬᠦ ᠳᠤ ᠶᠠᠭᠤ ᠪᠦᠬᠦᠨ ᠲᠡᠢᠮᠦ ᠭᠢᠯᠪᠡᠷ ᠲᠥᠬᠦᠮ ᠢᠶᠠᠷ ᠢᠷᠡᠳᠡᠭ ᠪᠢᠰᠢ ᠭᠡᠳᠡᠭ ᠢ ᠮᠡᠳᠡᠭᠦᠯᠬᠦ ᠭᠡᠰᠡᠨ ᠶᠤᠮ ᠭᠡᠰᠡᠨ ᠡᠴᠢᠭᠡ ᠶᠢᠨ ᠭᠢᠨᠢ ᠨᠢᠭᠡ ᠥᠭᠦᠯᠡᠪᠦᠷᠢ ᠦᠭᠡ ᠨᠢ ᠦᠨᠡᠨ ᠪᠠᠢᠳᠠᠯ ᠢ ᠣᠯᠠᠨ ᠳᠤ ᠲᠣᠩᠬᠠᠯᠠᠭᠰᠠᠨ ᠪᠢᠯᠡ᠃
ᠠᠯᠤᠰ ᠤᠨ ᠬᠠᠷᠠᠴᠠ ᠲᠠᠢ ᠡᠴᠢᠭᠡ ᠡᠭᠡᠴᠣᠣᠯ ᠠ᠋ᠴᠠ ᠦᠷ᠎ᠡ ᠭᠡᠤᠬᠡᠤᠨ ᠭᠥᠮᠥᠵᠢᠭᠦᠯᠭᠦ ᠪᠣᠯ ᠬᠡᠦᠬᠡᠳ ᠢ ᠳᠠᠭᠠᠷᠠᠭᠤᠯᠬᠤ ᠥᠬᠡᠢ᠂ ᠥᠯᠦᠰᠭᠡᠬᠦ ᠥᠬᠡᠢ ᠯᠠ ᠲᠡᠢᠮᠦ ᠭᠢᠯᠪᠡᠷ ᠶᠠᠪᠤᠳᠠᠯ ᠪᠢᠰᠢ᠂ ᠬᠠᠷᠢᠨ ᠬᠡᠦᠬᠡᠳ ᠤᠨ ᠢᠷᠡᠭᠡᠳᠦᠢ ᠶᠢᠨ ᠤᠷᠲᠤ ᠤᠳᠠᠭᠠᠨ ᠵᠠᠮ ᠳ᠋ᠦ᠂ ᠲᠡᠳᠡᠨ ᠳᠤ ᠬᠠᠮᠤᠭ ᠤᠨ ᠱᠠᠭᠠᠷᠳᠠᠭᠳᠠᠬᠤ ᠨᠢ ᠴᠢᠷᠮᠠᠶᠢᠨ ᠲᠡᠭᠡᠭᠰᠢᠯᠡᠭᠦᠯᠭᠦ ᠭᠥᠴᠣᠨ ᠴᠢᠳᠠᠯ᠂ ᠪᠠᠷᠳᠠᠭᠠᠳᠣ ᠵᠠᠮ ᠳᠠᠬᠢ ᠲᠣᠷᠨᠢᠭᠤᠨ ᠪᠦᠵᠢᠯᠳᠠ ᠪᠠ ᠰᠥᠷᠭᠡᠭᠦᠦ ᠣᠷᠴᠢᠨ ᠳᠠᠬᠢ ᠪᠠᠷᠢᠮᠳᠠᠯᠠᠯ ᠢᠶᠠᠨ ᠲᠠᠶᠠᠭᠳᠠᠬᠤ ᠥᠬᠡᠢ ᠶᠠᠪᠤᠳᠠᠯ ᠪᠣᠯᠤᠨ᠎ᠠ ᠭᠡᠳᠡᠭ ᠢ᠋ ᠮᠡᠳᠡᠳᠡᠭ᠃
ᠬᠡᠦᠬᠡᠳ ᠢ ᠪᠠᠭ᠋ᠠᠨ ᠠᠯᠪᠠᠳᠠᠭᠰᠠᠭᠠᠷ ᠲᠡᠷᠡ ᠴᠢᠨᠦ ᠪᠣᠳᠤᠭᠰᠠᠨ ᠠᠴᠠ ᠴᠢᠨᠢ ᠬᠤᠯᠠ ᠰᠢᠯᠢᠳᠡᠭ ᠭᠡᠳᠡᠭ ᠢ ᠴᠡᠭᠡᠵᠢᠯᠡᠭᠡᠷᠢ︕
ᠡᠢᠮᠦ ᠠ᠋ᠴᠠ ᠬᠡᠦᠬᠡᠳ ᠲᠤ ᠪᠠᠨ ᠦᠨᠡᠬᠡᠷ ᠰᠠᠢᠨ ᠬᠢᠶ᠎ᠡ ᠭᠡᠪᠡᠯ᠂ ᠡᠴᠢᠭᠡ ᠡᠭᠡᠴᠤᠤᠯ ᠪᠣᠳᠤᠯ ᠢᠶᠠᠨ ᠬᠠᠳᠠᠭᠤᠵᠢᠭᠤᠯᠤᠨ ᠭᠡᠤᠭᠡᠳ ᠲᠤ ᠪᠠᠨ ᠬᠠᠨᠳᠤᠬᠤ ᠭᠡᠷᠡᠭᠳᠡᠢ᠃ ᠵᠣᠬᠢᠬᠤ ᠬᠡᠮᠵᠢᠶ᠎ᠡ ᠪᠠᠷ ᠠᠯᠪᠠᠳᠠᠬᠤ ᠨᠢ ᠶᠠᠭᠠᠬᠢᠭᠰᠠᠨ ᠴᠤ ᠲᠣᠷᠠᠪᠡᠷ ᠲᠠᠯᠪᠢᠭᠰᠠᠨ ᠠᠴᠠ ᠰᠠᠶᠢᠨᠰᠢᠤ︕
ᠰᠢᠶᠧ ᠵᠢᠨ ᠱᠠᠨ