-
152905
ᠡᠭᠡᠰᠢᠭ ᠦᠨ ᠲᠣᠭᠠᠴᠢᠯ
2018-12-21 14:31
145
0
ᠡᠭᠡᠰᠢᠭ ᠦᠨ ᠲᠣᠭᠠᠴᠢᠯ
ᠠᠷᠢᠬᠢ ᠲᠠᠮᠠᠬᠢ ᠶᠢ ᠬᠣᠶᠠᠷ ᠬᠢ ᠭᠡᠵᠦ
ᠡᠷᠡᠭᠦᠯ ᠰᠠᠷᠠᠭᠤᠯ ᠢ ᠬᠣᠶᠠᠷ ᠠᠭᠤᠯ ᠭᠡᠪᠡᠯ
ᠢᠬᠢᠷ ᠲᠥᠷᠥᠭᠰᠡᠨ ᠲᠡᠷᠡ ᠬᠣᠶᠠᠷ ᠬᠢ
ᠣᠢ ᠪᠢᠯᠢᠭ ᠥᠰᠬᠦ ᠪᠡᠶ᠎ᠡ ᠶᠢᠨ ᠭᠠᠢ᠃
ᠤᠳᠤᠮᠰᠢᠯᠠᠵᠤ ᠪᠣᠯᠣᠰᠢ ᠦᠭᠡᠢ ᠪᠣᠯᠬᠢ ᠵᠠᠩ
ᠥᠪᠯᠡᠯ ᠦᠭᠡᠢ ᠲᠡᠪᠴᠢᠬᠦ ᠬᠣᠣᠷᠲᠤ ᠡᠳ᠋
ᠦᠶ᠎ᠡ ᠶᠢᠨ ᠦᠶ᠎ᠡ ᠳᠡᠬᠡᠨ ᠵᠠᠬᠢᠬᠤ ᠭᠡᠷᠢᠶᠡᠰ᠃
ᠦᠨᠡᠨ ᠬᠤᠳᠠᠯ ᠬᠠᠷ᠎ᠠ ᠴᠠᠭᠠᠨ ᠢ ᠰᠣᠯᠢᠳᠠᠭ
ᠡᠪᠦᠭᠡ ᠳᠡᠭᠡᠳᠦᠰ ᠦᠨ ᠵᠠᠩ ᠦᠢᠯᠡ ᠪᠢᠰᠢ᠂
ᠤᠷᠮ᠎ᠠ ᠤᠢᠳᠬᠠᠷ ᠢ ᠪᠦᠷ ᠴᠦ ᠬᠠᠷᠰᠢᠯᠠᠳᠠᠭ
ᠣᠶᠤᠨᠯᠢᠭ ᠪᠣᠳᠣᠪᠤᠷᠢ ᠲᠤ ᠣᠨᠣᠭ ᠠᠯᠳᠠᠭᠰᠠᠨ
ᠢᠳᠡᠭᠡᠨ ᠦ ᠳᠡᠭᠡᠵᠢ ᠭᠡᠰᠡᠨ ᠵᠢᠩᠬᠢᠨᠢ ᠮᠡᠬᠡᠯᠡᠯ᠂
ᠡᠷᠡᠭᠦᠯ ᠰᠠᠷᠠᠭᠤᠯ ᠬᠣᠶᠠᠷ ᠢ ᠡᠷᠬᠢᠮ ᠭᠡᠪᠡᠯ
ᠠᠷᠢᠬᠢ ᠲᠠᠮᠠᠬᠢ ᠬᠣᠶᠠᠷ ᠡᠴᠡ ᠬᠣᠯᠠᠳᠠᠶᠠ ᠵᠤ᠋︕