-
146702
ᠮᠢᠨᠦ ᠮᠦᠷᠦᠭᠡᠳᠦᠯ ᠮᠤᠩᠭᠤᠯ ᠤᠨ ᠰᠠᠶᠢᠨ ᠰᠠᠶᠢᠬᠠᠨ︵ ᠵᠢᠷᠭᠤᠭ᠎ᠠ ︶
2016-04-20 19:37
174
0
ᠮᠢᠨᠦ ᠮᠦᠷᠦᠭᠡᠳᠦᠯ ᠮᠤᠩᠭᠤᠯ ᠤᠨ ᠰᠠᠶᠢᠨ ᠰᠠᠶᠢᠬᠠᠨ
ᠡᠯᠪᠡᠭᠳᠣᠷᠵᠢ ᠶᠢᠨ ᠮᠡᠷᠭᠡᠨ ᠦᠭᠡᠰ ᠦᠨ ᠴᠣᠮᠣᠷᠯᠢᠭ
︵ᠵᠢᠷᠭᠤᠭ᠎ᠠ ︶
᠃
ᠪᠢ
ᠬᠦᠮᠦᠨ ᠤ ᠡᠷᠬᠡ ᠵᠠᠰᠠᠪᠤᠷᠢᠯᠠᠬᠤ ᠡᠷᠬᠡ ᠳᠠᠷᠤᠭ᠎ᠠ ᠨᠠᠷ ᠲᠤ ᠪᠠᠶᠢᠬᠤ ᠦᠭᠡᠢ ᠰᠢᠦ᠂ ᠬᠦᠮᠦᠨ ᠦ ᠡᠷᠬᠡ ᠳᠠᠷᠤᠭ᠎ᠠ ᠪᠣᠯᠬᠤ ᠠᠴᠠ ᠴᠢᠨᠢ ᠡᠮᠦᠨ᠎ᠡ ᠪᠠᠶᠢᠭᠰᠠᠨ ᠦᠨᠡᠲᠦ ᠵᠦᠢᠯ᠃
ᠡᠷᠬᠡ ᠴᠢᠯᠦᠭᠡ ᠪᠣᠯ ᠰᠢᠳᠦ ᠵᠠᠭᠤᠵᠤ ᠡᠳ᠋ᠯᠡᠬᠦ ᠶᠤᠰᠤᠲᠠᠢ ᠵᠢᠷᠭᠠᠯ ᠰᠢᠭ᠋ ᠪᠠᠶᠢᠨ᠎ᠠ
ᠡᠷᠬᠡ ᠴᠢᠯᠦᠭᠡ ᠪᠣᠯ ᠤᠷᠤᠰᠢᠬᠤᠢ ᠶᠤᠮ᠂ ᠲᠠ ᠪᠤᠰᠤᠳ ᠲᠤ ᠭᠠᠢ ᠪᠣᠯᠣᠭ᠎ᠠ ᠦᠭᠡᠢ ᠪᠣᠯ ᠡᠷᠬᠡ ᠴᠢᠯᠦᠭᠡᠲᠡᠢ᠃
ᠬᠦᠮᠦᠰ ᠶᠠᠭᠠᠬᠢᠭᠠᠳ ᠡᠷᠬᠡ ᠴᠢᠯᠦᠭᠡᠨ ᠳᠤ ᠢᠩᠭᠢᠲᠡᠯ᠎ᠡ ᠪᠡᠨ ᠶᠡᠬᠡ ᠳᠤᠷᠠᠯᠠᠳᠠᠭ ᠶᠤᠮ ᠪᠣᠯ︖ ᠡᠷᠬᠡ ᠴᠢᠯᠦᠭᠡᠨ ᠳᠦ ᠠᠯᠳᠠᠭ᠎ᠠ ᠬᠢᠵᠦ ᠪᠣᠯᠳᠠᠭ ᠤᠴᠢᠷ ᠠᠴᠠ
ᠡᠷᠬᠡ ᠴᠢᠯᠦᠭᠡ ᠪᠣᠯ ᠡᠨᠡ ᠳᠡᠯᠡᠬᠡᠢ ᠳᠦ ᠪᠠᠶᠢᠭ᠎ᠠ ᠬᠠᠮᠤᠭ ᠤᠨ ᠲᠤᠮᠤ ᠬᠦᠴᠦ
ᠡᠷᠬᠡ ᠴᠢᠯᠦᠭᠡᠲᠡᠢ ᠠᠮᠢᠳᠣᠷᠠᠬᠤ ᠬᠦᠰᠡᠯ ᠪᠣᠯ ᠬᠦᠮᠦᠨ ᠪᠦᠷᠢ ᠶᠢᠨ ᠵᠢᠷᠦᠬᠡᠨ ᠳᠦ ᠪᠠᠶᠢᠳᠠᠭ᠃ ᠬᠦᠮᠦᠨ ᠦ ᠡᠷᠬᠡ ᠴᠢᠯᠦᠭᠡ ᠶᠢ ᠬᠠᠰᠣᠵᠣ ᠪᠣᠯᠳᠠᠭ ᠴᠤ᠂ ᠬᠦᠮᠦᠨ ᠦ ᠵᠢᠷᠦᠬᠡᠨ ᠳ᠋ᠡᠬᠢ ᠡᠷᠬᠡ ᠴᠢᠯᠦᠭᠡᠨ ᠦ ᠡᠷᠮᠡᠯᠵᠢᠯᠡᠯ ᠢ ᠬᠡᠨ ᠴᠦ ᠳᠠᠷᠤᠵᠤ ᠴᠢᠳᠠᠳᠠᠭ ᠦᠭᠡᠢ᠂ ᠲᠡᠷᠡ ᠪᠣᠯ ᠮᠥᠩᠭᠡ ᠶᠢᠨ ᠬᠦᠴᠦ᠃
ᠡᠷᠬᠡ ᠴᠢᠯᠦᠭᠡ ᠪᠡᠨ ᠣᠯᠵᠣ ᠠᠪᠬᠤ ᠬᠤᠪᠢᠰᠬᠠᠯ ᠢ ᠬᠦᠮᠦᠰ ᠮᠢᠩᠭ᠎ᠠ ᠮᠢᠩᠭ᠎ᠠ ᠪᠠᠷ ᠴᠣᠭᠯᠠᠷᠠᠵᠤ ᠲᠡᠮᠡᠴᠡᠵᠦ ᠬᠢᠳᠡᠭ᠃ ᠬᠠᠷᠢᠨ ᠡᠷᠬᠡ ᠴᠢᠯᠦᠭᠡᠲᠡᠢ ᠠᠮᠢᠳᠣᠷᠠᠬᠤ ᠦᠨ᠎ᠡ ᠶᠢ ᠨᠢᠭᠡ ᠨᠢᠭᠡ ᠪᠡᠷ ᠢᠶᠡᠨ ᠲᠦᠯᠦᠳᠡᠭ᠃
ᠡᠷᠬᠡ ᠴᠢᠯᠦᠭᠡᠲᠦ ᠲᠤᠭᠲᠠᠯᠴᠠᠭᠠᠨ ᠳᠤ ᠬᠦᠮᠦᠨ ᠠᠯᠳᠠᠭ᠎ᠠ ᠬᠢᠭᠰᠡᠨ ᠴᠦ ᠰᠣᠷᠭᠠᠮᠵᠢ ᠠᠪᠤᠭᠠᠳ ᠣᠷᠣᠭᠰᠢᠯᠠᠬᠤ ᠪᠣᠯᠣᠮᠵᠢ ᠪᠠᠶᠢᠳᠠᠭ᠃
ᠪᠢ ᠡᠷᠬᠡ ᠴᠢᠯᠦᠭᠡ ᠶᠢ ᠰᠣᠷᠣᠯᠴᠠᠬᠤ ᠪᠣᠯᠣᠮᠵᠢ ᠭᠡᠵᠦ ᠪᠣᠳᠣᠳᠠᠭ᠃ ᠪᠢ ᠡᠷᠬᠡ ᠴᠢᠯᠦᠭᠡ ᠶᠢ ᠰᠠᠶᠢᠨ᠂ ᠮᠠᠭᠤ ᠨᠢ ᠢᠯᠡ ᠪᠠᠶᠢᠳᠠᠭ ᠲᠤᠭᠲᠠᠯᠴᠠᠭ᠎ᠠ ᠭᠡᠵᠦ ᠬᠠᠶᠢᠷᠠᠯᠠᠳᠠᠭ
ᠬᠦᠮᠦᠨ ᠦ ᠰᠣᠶᠣᠯ ᠡᠮᠡᠭᠲᠡᠢ ᠬᠦᠮᠦᠨ ᠢ ᠬᠦᠨᠳᠦᠯᠡᠬᠦ ᠡᠴᠡ ᠡᠬᠢᠯᠡᠳᠡᠭ᠃
ᠭᠡᠷ ᠢᠶᠡᠨ ᠴᠡᠪᠡᠷᠯᠡᠵᠦ ᠴᠢᠳᠠᠵᠤ ᠪᠠᠶᠢᠭ᠎ᠠ ᠡᠬᠡᠴᠦᠳ ᠲᠦᠷᠥ ᠶᠢ ᠴᠡᠪᠡᠷᠯᠡᠵᠦ ᠴᠢᠳᠠᠨ᠎ᠠ᠃
ᠨᠢᠭᠡ ᠡᠮᠡᠭᠲᠡᠢ ᠤᠳᠤᠷᠢᠳᠤᠭᠴᠢ ᠠᠵᠢᠯ ᠢᠶᠠᠨ ᠠᠯᠳᠠᠬᠤ ᠨᠢ ᠬᠠᠮᠤᠭ ᠤᠨ ᠮᠠᠭᠤ ᠮᠡᠳᠡᠭᠡ᠂ ᠬᠠᠷᠢᠨ ᠨᠢᠭᠡ ᠡᠮᠡᠭᠲᠡᠢ ᠤᠳᠤᠷᠢᠳᠤᠭᠴᠢ ᠰᠢᠨ᠎ᠡ ᠪᠡᠷ ᠠᠵᠢᠯ ᠳᠤ ᠣᠷᠣᠬᠣ ᠨᠢ ᠬᠠᠮᠤᠭ ᠤᠨ ᠰᠠᠶᠢᠨ ᠮᠡᠳᠡᠭᠡ᠃
ᠪᠠᠭᠰᠢ᠂ ᠡᠮᠴᠢ ᠨᠠᠷ ᠪᠣᠯ ᠪᠤᠷᠬᠠᠨ ᠤ ᠡᠯᠴᠢ ᠤᠳ᠃
ᠬᠦᠮᠦᠨ ᠡᠬᠡ ᠡᠴᠡ ᠠᠩᠬ᠎ᠠ ᠲᠥᠷᠥᠳᠡᠭ᠂ ᠪᠠᠭᠰᠢ ᠠᠴᠠ ᠲᠠᠬᠢᠭᠠᠳ ᠲᠥᠷᠥᠳᠡᠭ᠃ ᠬᠦᠮᠦᠨ ᠡᠬᠡ ᠡᠴᠡ ᠡᠬᠢᠯᠡᠵᠦ ᠲᠥᠷᠥᠳᠡᠭ ᠴᠦ ᠡᠮᠴᠢ ᠶᠢᠨ ᠭᠠᠷ ᠠᠴᠠ ᠬᠡᠳᠦ ᠬᠡᠳᠦ ᠲᠥᠷᠥᠳᠡᠭ᠂ ᠪᠦᠷ ᠦᠬᠦᠭᠡᠳ ᠬᠦᠷᠲᠡᠯ᠎ᠡ ᠪᠤᠰᠳᠠᠭ᠃
ᠡᠷᠬᠡ ᠮᠡᠳᠡᠯ ᠦᠨ ᠮᠦᠨ ᠴᠢᠨᠠᠷ ᠪᠣᠯ ᠶᠡᠬᠡ ᠬᠡᠷᠡᠭᠯᠡᠬᠦ ᠳᠦ ᠪᠤᠰᠤ᠂ ᠬᠠᠷᠢᠨ ᠪᠠᠭ᠎ᠠ ᠬᠡᠷᠡᠭᠯᠡᠬᠦ ᠳᠦ ᠤᠷᠤᠰᠢᠳᠠᠭ᠃
᠃
᠃
᠃
᠃
᠃
᠃
᠃
᠃