- ᠰᠠᠶᠢᠵᠢᠷᠠ
30387
ᠠᠮᠪᠠᠨ ᠤᠪᠤᠭᠠᠨ ᠣ ᠬᠤᠷᠤᠶᠢᠯᠠᠯ
2018-11-03 13:51
176
1
ᠡᠷᠡᠭᠡᠨ ᠂ ᠰᠠᠶᠢᠵᠢᠷᠠ
1᠂ ᠨᠠᠷᠠᠨ ᠰᠠᠷᠠᠨ ᠤᠳᠤᠳ ᠢᠪᠡᠭᠡ
ᠨᠠᠪᠲᠠᠭ ᠰᠠᠪᠳᠠᠭ ᠯᠤᠤᠰ ᠢᠪᠡᠭᠡ᠂
ᠠᠷᠰᠢ ᠪᠤᠭᠲᠠ ᠬᠤᠪᠢᠯᠭᠠᠨ ᠢᠪᠡᠭᠡ
ᠠᠮᠪᠠᠨ ᠤᠪᠤᠭᠠᠨ ᠣ ᠡᠵᠡᠳ ᠢᠪᠡᠭᠡ ᠢᠪᠡᠭᠡ᠃
ᠡᠷᠡᠭᠦᠯ ᠡᠩᠬᠡ ᠶᠢᠨ ᠰᠢᠳᠢᠰ ᠬᠤᠷᠤᠢ
ᠡᠷᠳᠡᠮ ᠤᠬᠠᠭᠠᠨ ᠣ ᠤᠶᠤᠨ ᠬᠤᠷᠤᠢ ᠂
ᠦᠷ᠎ᠡ ᠶᠢᠨ ᠵᠠᠶᠠᠭᠠᠨ ᠣ ᠪᠤᠶᠠᠨ ᠬᠤᠷᠤᠢ
ᠦᠯᠵᠡᠢ ᠬᠤᠲᠤᠭ ᠤᠨ ᠬᠡᠰᠢᠭ ᠬᠤᠷᠤᠢ
ᠬᠤᠷᠤᠢ ᠬᠤᠷᠤᠢ ᠬᠤᠷᠤᠢ ᠬᠤᠷᠤᠢ
2᠂ ᠲᠦᠮᠡᠨ ᠲᠡᠭᠷᠢ ᠶᠢᠨ ᠲᠦᠯᠴᠢᠷ ᠦᠷᠥᠰᠢᠶᠡ
ᠲᠥᠪ ᠦᠯᠵᠡᠶᠢᠲᠥ ᠶᠢᠨ ᠰᠢᠲᠥᠭᠡᠨ ᠦᠷᠥᠰᠢᠶᠡ᠂
ᠪᠤᠮᠠᠨ ᠲᠡᠭᠷᠢ ᠶᠢᠨ ᠪᠤᠯᠴᠢᠷ ᠦᠷᠥᠰᠢᠶᠡ
ᠪᠠᠭᠤᠮᠠᠯ ᠤᠩᠭᠤᠳ ᠰᠠᠬᠢᠭᠤᠯᠰᠤᠨ ᠦᠷᠥᠰᠢᠶᠡ ᠦᠷᠡᠰᠢᠶᠡ ᠃
ᠠᠷᠠᠳ ᠤᠯᠠᠨ ᠣ ᠠᠮᠤᠭᠤᠯᠠᠩ ᠬᠤᠷᠤᠢ
ᠠᠵᠢᠯ ᠦᠢᠯᠡᠰ ᠦᠨ ᠠᠮᠵᠢᠯᠲᠠ ᠬᠤᠷᠤᠢ᠂
ᠠᠯᠲᠠ ᠮᠥᠩᠭᠥ ᠡᠷᠳᠡᠨᠢᠰ ᠬᠤᠷᠤᠢ
ᠠᠵᠠ ᠬᠡᠶ ᠮᠤᠷᠢ ᠵᠤᠯᠪᠤᠭ᠎ᠠ ᠬᠤᠷᠤᠢ
ᠬᠤᠷᠤᠢ ᠬᠤᠷᠤᠢ ᠬᠤᠷᠤᠢ ᠬᠤᠷᠤᠢ
3᠂ ᠶᠡᠬᠡ ᠬᠠᠭᠠᠨ ᠬᠤᠷᠮᠤᠰᠤᠨ ᠡᠨᠡᠷᠢ ᠡ
ᠶᠢᠷᠢ ᠶᠢᠰᠥᠨ ᠲᠡᠭᠷᠢ ᠡᠨᠡᠷᠢ ᠡ ᠂
ᠡᠴᠢᠭᠡ ᠮᠡᠩᠬᠡᠨ ᠲᠡᠭᠷᠢ ᠡᠨᠡᠷᠢ ᠡ
ᠶᠢᠷᠲᠢᠨᠴᠥ ᠶᠢᠨ ᠤᠯᠠᠨ ᠰᠢᠳᠢᠲᠡᠡ ᠡᠨᠡᠷᠢ ᠡ ᠡᠨᠡᠷᠢ ᠡ ᠃
ᠠᠷᠠᠰᠢᠶᠠᠨ ᠬᠤᠷ᠎ᠠ ᠲᠤᠨᠳᠠᠰᠤ ᠬᠤᠷᠤᠢ
ᠠᠮᠢ ᠠᠬᠤᠢ ᠶᠢᠨ ᠲᠡᠩᠴᠡᠯ ᠬᠤᠷᠤᠢ᠂
ᠲᠠᠪᠤᠨ ᠬᠤᠰᠢᠭᠤ ᠮᠠᠯ ᠤᠨ ᠬᠡᠰᠢᠭ ᠬᠤᠷᠤᠢ
ᠲᠠᠪᠤᠨ ᠲᠠᠷᠢᠶᠠᠨ ᠣ ᠬᠤᠷᠢᠶᠠᠯᠲᠠ ᠬᠤᠷᠤᠢ
ᠬᠤᠷᠤᠢ ᠬᠤᠷᠤᠢ ᠬᠤᠷᠤᠢ ᠬᠤᠷᠤᠢ
4᠂ ᠬᠢᠯᠠᠭᠠᠨ ᠤᠪᠤᠭᠠᠨ ᠣ ᠷᠢᠳᠢ ᠰᠠᠬᠢ ᠡ
ᠬᠠᠲᠤᠨ ᠳᠡᠯᠡᠬᠡᠢ ᠶᠢᠨ ᠡᠲᠦᠬᠡᠨ ᠰᠠᠬᠢ ᠡ ᠂
ᠬᠠᠷ᠎ᠠ ᠶᠢᠨ ᠰᠢᠲᠦᠭᠡᠨ ᠣ ᠬᠠᠭᠠᠳ ᠰᠠᠬᠢ ᠡ
ᠬᠠᠮᠤᠭ ᠤᠪᠢᠳᠠᠰᠲᠤ ᠤᠳᠢᠴᠢ ᠰᠠᠬᠢ ᠡ ᠰᠠᠬᠢ ᠡ ᠃
ᠡᠩᠬᠡ ᠲᠠᠶᠢᠪᠤᠩ ᠬᠤᠷᠸ᠎ᠠ ᠬᠤᠷᠤᠢ
ᠡᠪ ᠨᠠᠶᠢᠷᠲᠠᠢ ᠠᠮᠢᠳᠤᠷᠠᠯ ᠬᠤᠷᠤᠢ᠂
ᠡᠷ᠎ᠡ ᠬᠦᠮᠥᠨ ᠣ ᠰᠦᠯᠳᠡ ᠬᠤᠷᠤᠢ
ᠡᠭᠦᠷᠢᠳᠡ ᠮᠥᠩᠬᠡᠵᠢᠬᠥ ᠵᠠᠶᠠᠭ᠎ᠠ ᠬᠤᠷᠤᠢ
ᠬᠤᠷᠤᠢ ᠬᠤᠷᠤᠢ ᠬᠤᠷᠤᠢ ᠬᠤᠷᠤᠢ ᠃
ᠡᠷᠡᠭᠡᠨ ᠂ ᠪᠢᠯᠢᠭ᠍ᠪᠠᠰᠠᠩ ᠵᠤᠬᠢᠶᠠᠪᠠ ᠂
2018.8.25 ᠣ ᠡᠳᠦᠷ ᠂
ᠬᠠᠶᠢᠯᠠᠷ ᠬᠤᠲᠠᠨ᠎ᠠ ᠪᠢᠴᠢᠪᠡᠢ ᠃