 

ᠲᠤᠤᠯᠢ ᠵᠠᠩᠭᠠᠷ ᠤᠨ ᠨᠢᠭᠤᠴᠨ

2019-10-31 16:01
  295
  0
     ᠲᠤᠤᠯᠢ ᠵᠠᠩᠭᠠᠷ ᠤᠨ ᠨᠢᠭᠤᠴᠨ  
   ᠲᠤᠤᠯᠢ ᠵᠠᠩᠭᠠᠷ ᠲᠤ ᠵᠠᠩᠭᠠᠷ᠂ ᠬᠤᠩᠭᠤᠷ ᠭᠡᠬᠦ ᠬᠤᠶᠠᠷ ᠲᠤᠮᠤ ᠳᠦᠷᠢ ᠪᠤᠢ᠂ ᠵᠠᠩᠭᠠᠷ ᠪᠠᠢᠬᠤ ᠦᠬᠡᠢ ᠪᠤᠯ ᠠᠷᠤ ᠪᠤᠮᠪᠠ ᠶᠢᠨ ᠤᠷᠤᠨ ᠪᠠᠢᠬᠤ ᠦᠬᠡᠢ ᠭᠡᠴᠢᠬᠡᠳ᠂ ᠬᠤᠩᠭᠤᠷ ᠡᠰᠨ ᠪᠦᠭᠡᠰᠦ ᠠᠷᠤ ᠪᠤᠮᠪᠠ ᠶᠢᠨ ᠤᠷᠤᠨ ᠪᠠᠰᠨ ᠪᠠᠢᠬᠤ ᠦᠬᠡᠢ ᠭᠡᠰᠡᠨ ᠰᠠᠨᠠᠭ᠎ᠠ ᠶᠢ ᠳᠠᠪᠬᠤᠷ ᠭᠠᠷᠭᠠᠨ᠎ᠠ᠂ ᠲᠤᠤᠯᠢ ᠶᠢᠨ ᠤᠢᠯᠨ ᠶᠠᠪᠤᠳᠠᠯ ᠭᠡᠳ ᠡᠨᠡ ᠬᠤᠶᠠᠷ ᠬᠦᠮᠦᠨ ‍ᠣ ᠳᠦᠷᠢ ᠳᠡᠭᠡᠷ᠎ᠠ ᠢᠷᠠᠭᠤ ᠲᠤᠳᠤ ᠪᠤᠯᠳᠠᠭ᠃  
   ᠪᠢᠳᠡᠨ ‍ᠣ ᠠᠵᠢᠭᠯᠠᠭᠰᠠᠨ ᠢᠶᠠᠷ᠂ ᠲᠤᠤᠯᠢ ᠵᠠᠩᠭᠠᠷ ᠨᠢ ᠰᠡᠳᠤᠪ ᠤᠨ ᠬᠤᠪᠢ ᠳᠤ ᠾᠦᠩᠨᠦ ᠶᠢᠨ ᠲᠡᠥᠬᠡ ᠡᠴᠡ ᠰᠡᠳᠤᠪᠯᠡᠭᠰᠡᠨ ᠪᠠᠢᠬᠤ ᠪᠦᠭᠡᠳ ᠨᠢᠬᠡᠨ ᠳᠦ ᠾᠦᠩᠨᠦ ᠭᠦᠷᠦᠨ ᠢ ᠪᠠᠢᠭᠤᠯᠤᠭᠴᠢ ᠮᠤᠳᠤᠭᠤ ᠴᠠᠨ ᠢᠥᠢ ᠪᠤᠯᠤᠨ ᠲᠡᠬᠦᠨ ‍ᠣ ᠤᠢᠯᠨ ᠬᠡᠷᠡᠭ ᠢ᠂ ᠬᠤᠶᠠᠷ ᠲᠤ ᠮᠤᠳᠤᠭᠤ ᠴᠠᠨ ᠢᠥᠢ ᠡᠴᠡ ᠬᠡᠳᠦᠨ ᠵᠠᠭᠤᠨ ᠵᠢᠯ ᠦᠨ ᠳᠠᠷᠠᠭᠠᠬᠢ ᠡᠮᠦᠨᠠᠳᠦ ᠾᠦᠩᠨᠦ ᠶᠢᠨ ᠦᠵᠤᠯᠤ ᠴᠠᠨ ᠢᠥᠢ ᠪᠤᠯᠤᠨ ᠲᠡᠬᠦᠨ ‍ᠣ ᠵᠠᠯᠭᠠᠮᠵᠢᠯᠠᠭᠴᠢᠳ ᠤᠨ ᠤᠢᠯᠨ ᠬᠡᠷᠡᠭ ᠢ ᠲᠤᠰᠬᠠᠭᠰᠠᠨ ᠪᠠᠢᠨ᠎ᠠ᠂ ᠦᠬᠡᠷ᠎ᠠ ᠪᠠᠷ ᠬᠡᠯᠡᠪᠡᠯ᠂ ᠲᠤᠤᠯᠢ ᠵᠠᠩᠭᠠᠷ ᠨᠢ ᠾᠦᠩᠨᠦ ᠭᠦᠷᠦᠨ ‍ᠣ ᠬᠦᠴᠦᠲᠠᠢ ᠴᠢᠬᠢᠷᠠᠭ ᠪᠠᠢᠭᠰᠠᠨ ᠬᠤᠶᠠᠷ ᠴᠠᠭ ᠦᠶ᠎ᠡ ᠶᠢ ᠬᠠᠮᠤᠷᠠᠭᠰᠠᠨ ᠪᠦᠭᠡᠳ ᠡᠨᠡ ᠨᠢ ᠲᠤᠤᠯᠢ ᠵᠠᠩᠭᠠᠷ ᠤᠨ ᠠᠭᠤᠯᠭ᠎ᠠ ᠶᠢᠨ ᠭᠤᠤᠯ ᠴᠢᠮᠦᠬᠡ ᠪᠤᠯᠤᠨ᠎ᠠ᠃
   ᠮᠤᠳᠤᠭᠤ ᠴᠠᠨ ᠢᠥᠢ ᠭᠡᠪᠡᠯ᠂ ᠭᠠᠭᠴᠠᠬᠠᠨ ᠵᠢᠱᠢᠶ᠎ᠡ ᠲᠠᠲᠠᠶ᠎ᠠ ᠭᠡᠵᠤ ᠪᠤᠳᠤᠵᠤ ᠪᠠᠢᠨ᠎ᠠ᠂ ᠬᠢᠲᠠᠳ ᠤᠨ ᠡᠷᠲᠡᠨ ‍ᠣ ᠲᠡᠥᠬᠡᠨ ᠰᠤᠷᠪᠤᠯᠵᠢ ᠳᠤ᠂ ᠮᠤᠳᠤᠭᠤ ᠴᠠᠨ ᠢᠥᠢ ᠶᠢᠨ ᠲᠤᠬᠠᠢ ᠨᠢᠬᠡᠨ ᠭᠠᠢᠬᠠᠮᠰᠢᠭᠲᠤ ᠲᠡᠮᠳᠡᠭᠯᠡᠯ ᠪᠤᠢ᠂ ᠲᠡᠷᠨ ᠨᠢ ᠬᠢᠲᠠᠳ ᠤᠨ ᠠᠩᠬᠠᠨ ‍ᠣ ᠪᠠᠷᠢᠮᠲᠠᠲᠠᠢ ᠲᠡᠥᠬᠡ ᠬᠡᠮᠡᠨ ᠦᠨᠡᠯᠡᠭᠳᠡᠭᠰᠡᠨ ᠰᠧ ᠮᠠ ᠴᠢᠶᠠᠨ ‍ᠣ︽ᠲᠡᠥᠬᠡᠨ ᠲᠡᠮᠳᠡᠭᠯᠡᠯ︾ᠪᠦᠭᠡᠳ︽ᠾᠦᠩᠨᠦ ᠶᠢᠨ ᠱᠠᠰᠲᠢᠷ︾ᠬᠡᠮᠡᠬᠦ ᠲᠤᠰᠬᠠᠢᠯᠠᠨ ᠾᠦᠩᠨᠦ ᠶᠢ ᠲᠡᠮᠳᠡᠭᠯᠡᠭᠰᠡᠨ ᠪᠦᠯᠦᠭ ᠪᠤᠢ ᠠᠵᠠᠢ᠂ ᠲᠡᠬᠦᠨ ᠳᠦ᠄ ᠮᠤᠳᠤᠭᠤ ᠴᠠᠨ ᠢᠥᠢ ᠪᠤᠯᠤᠭᠰᠠᠨ ‍ᠣ ᠳᠠᠷᠠᠭ᠎ᠠ᠂ ᠵᠡᠬᠦᠨ ᠵᠦᠭ ᠲᠦ ᠪᠤᠢ ᠳ᠋ᠦᠩᠬᠤ ᠠᠢᠮᠠᠭ ᠡᠯᠴᠢ ᠶᠠᠪᠤᠭᠤᠯᠤᠨ᠂ ᠮᠤᠳᠤᠭᠤ ᠠᠴᠠ ᠡᠴᠢᠬᠡ ᠶᠢᠨ ᠬᠢᠨᠢ ᠤᠨᠤᠵᠤ ᠪᠠᠢᠭᠰᠠᠨ ᠠᠷᠭᠤᠮᠠᠭ ᠬᠦᠯᠦᠭ  ᠢ ᠪᠡᠨ ᠦᠭ ᠭᠡᠪᠡ᠂ ᠮᠤᠳᠤᠭᠤ᠂ ᠰᠠᠢᠳ ᠲᠦᠰᠢᠮᠡᠳ ᠡᠴᠡ ᠪᠠᠨ ᠠᠰᠠᠭᠤᠨ᠎ᠠ᠂ ᠰᠠᠢᠳ ᠲᠦᠰᠢᠮᠡᠳ ᠨᠢ᠄ ᠠᠷᠭᠤᠮᠠᠭ ᠬᠦᠯᠦᠭ ᠭᠡᠵᠤ ᠠᠳᠤᠭᠤᠨ ‍ᠣ ᠮᠠᠨᠢ ᠮᠠᠩᠯᠠᠢ ᠪᠤᠶᠤ᠂ ᠠᠯᠢ ᠾᠦᠩᠨᠦ ᠪᠢᠳᠡᠨ ‍ᠣ ᠠᠯᠳᠠᠵᠤ ᠪᠤᠯᠤᠰᠢ ᠦᠬᠡᠢ ᠡᠷᠳᠡᠨᠢ ᠪᠤᠶᠤ᠂ ᠦᠭᠴᠦ ᠪᠤᠯᠬᠤ ᠦᠬᠡᠢ ᠬᠡᠴᠡᠭᠡᠳᠡᠭ ᠪᠠᠢᠨ᠎ᠠ᠃ ᠮᠤᠳᠤᠭᠤ᠄ ᠢᠷᠬᠢ ᠳᠠᠷᠤᠨ ᠠᠮᠢᠳᠤᠷᠠᠭᠰᠠᠨ ᠠᠢᠯ ᠠᠴᠠ ᠪᠠᠨ᠂ ᠶᠡᠷᠦ ᠨᠢ ᠭᠠᠭᠴᠨ ᠮᠤᠷᠢ ᠬᠠᠷᠠᠮᠠᠯᠠᠭᠠᠳ ᠶᠠᠭᠠᠬᠢᠨ᠎ᠠ ᠭᠡᠳ ᠦᠭᠬᠦᠨ᠎ᠡ᠃ ᠠᠶᠤᠨ ᠰᠦᠷᠳᠡᠪᠡ ᠬᠡᠮᠡᠨ ᠳ᠋ᠦᠩᠬᠤ ᠨᠠᠷ ᠠᠬᠢᠭᠠᠳ ᠡᠯᠴᠢ ᠬᠦᠶᠦᠯᠬᠡᠨ᠂ ᠬᠠᠲᠤᠨ ᠠᠴᠠ ᠪᠠᠨ ᠦᠭ ᠬᠡᠨ᠎ᠡ᠂ ᠮᠤᠳᠤᠭᠤ᠂ ᠠᠬᠢᠭᠠᠳ ᠲᠦᠰᠢᠮᠡᠳ ᠡᠴᠡ ᠪᠡᠨ ᠠᠰᠠᠭᠤᠨ᠎ᠠ᠂ ᠲᠦᠰᠢᠮᠡᠳ ᠨᠢ ᠠᠭᠤᠷᠯᠠᠨ ᠬᠢᠯᠢᠩᠨᠠᠵᠤ᠄ ᠬᠠᠷ᠎ᠠ ᠡᠯᠢᠬᠡᠲᠤ ᠳ᠋ᠦᠩᠬᠤ ᠨᠠᠷ᠂ ᠬᠠᠲᠤᠨ ᠡᠵᠢ ᠳᠦ ᠮᠢᠨᠢ ᠰᠠᠨᠠᠭᠠᠰᠢᠷᠬᠠᠵᠤ ᠪᠠᠢᠨ᠎ᠠ᠂ ᠬᠠᠳᠬᠤᠯᠠᠳᠤᠶ᠎ᠠ᠂ ᠪᠠᠢᠯᠳᠤᠶ᠎ᠠ ᠬᠡᠴᠡᠬᠡᠪᠠ᠃ ᠮᠤᠳᠤᠭᠤ ᠠᠴᠠ᠄ ᠵᠠ᠂ ᠶᠠᠭᠠᠬᠢᠬᠤᠪ᠂ ᠢᠷᠬᠢ ᠳᠠᠷᠤᠨ ᠠᠮᠢᠳᠤᠷᠠᠭᠰᠠᠨ ᠠᠢᠯ ᠠᠴᠠ ᠪᠠᠨ᠂ ᠶᠡᠷᠦ ᠨᠢ ᠭᠠᠭᠴᠨ ᠡᠮ᠎ᠠ ᠬᠠᠷᠠᠮᠠᠯᠠᠭᠠᠳ ᠶᠠᠭᠠᠬᠢᠨ᠎ᠠ ᠭᠡᠳ᠂ ᠬᠠᠲᠤᠨ ᠠᠴᠠ ᠪᠠᠨ ᠦᠭᠬᠦᠨ᠎ᠡ᠂ ᠳ᠋ᠦᠩᠬᠤ ᠤᠯᠠᠮ ᠤᠮᠤᠷᠬᠠᠵᠤ᠂ ᠪᠠᠷᠠᠭᠤᠨᠰᠢ ᠪᠠᠨ ᠲᠦᠷᠢᠪᠠ᠃ ᠾᠦᠩᠨᠦ ᠳ᠋ᠦᠩᠬᠤ ᠶᠢᠨ ᠬᠤᠭᠤᠷᠤᠨᠳᠤ ᠨᠢᠬᠡᠨ ᠭᠠᠵᠠᠷ ᠪᠤᠢ᠂ ᠬᠦᠮᠦᠨ ᠦᠬᠡᠢ ᠡᠵᠡᠬᠦᠢ᠂ ᠮᠢᠩᠭ᠎ᠠ ᠢᠯᠡᠬᠦᠦ ᠭᠠᠵᠠᠷ ᠬᠡᠨ᠎ᠡ᠂ ᠵᠠᠬ᠎ᠠ ᠬᠢᠵᠠᠭᠠᠷ ᠢᠶᠠᠷ ᠨᠢ ᠰᠠᠭᠤᠵᠤ ᠤᠲᠤᠷᠯᠠᠳᠠᠭ ᠪᠠᠢᠪᠠ᠂ ᠳ᠋ᠦᠩᠬᠤ ᠡᠯᠴᠢ ᠶᠠᠪᠤᠭᠤᠯᠤᠨ᠂ ᠮᠤᠳᠤᠭᠤ ᠠᠴᠠ᠄ ᠲᠠᠨ ‍ᠣ ᠪᠤᠯᠤᠨ ᠮᠠᠨ ‍ᠣ ᠤᠲᠤᠷ ᠤᠨ ᠵᠠᠬ᠎ᠠ ᠬᠢᠵᠠᠭᠠᠷ ᠢᠶᠠᠷ ᠨᠢᠭᠡᠨ ᠡᠵᠡᠬᠦᠢ ᠭᠠᠵᠠᠷ ᠪᠤᠢ᠂ ᠲᠠᠨᠠᠷ ᠤᠨ ᠬᠦᠴᠦ ᠬᠦᠷᠬᠦ ᠦᠬᠡᠢ᠂ ᠪᠢᠳᠡᠨ ᠳᠦ ᠦᠭ ᠬᠡᠵᠠᠢ᠃ ᠮᠤᠳᠤᠭᠤ ᠳᠠᠬᠢᠭᠠᠳ ᠲᠦᠰᠢᠮᠡᠯ ᠦᠳ ᠡᠴᠡ ᠪᠡᠨ ᠠᠰᠠᠭᠤᠨ᠎ᠠ᠃ ᠲᠦᠰᠢᠮᠡᠳ ᠨᠢ ᠵᠢᠷᠦᠭᠡᠰᠢᠶᠡᠵᠤ᠂ ᠄ ᠡᠨᠡ ᠭᠠᠵᠠᠷ ᠪᠤᠯᠪᠠᠰᠤ ᠡᠵᠡᠬᠦᠢ ᠭᠠᠵᠠᠷ ᠪᠤᠯᠠᠢ᠂ ᠦᠭᠬᠦᠭᠰᠡᠨ ᠴᠤ ᠪᠤᠯᠤᠨ᠎ᠠ᠂ ᠡᠰᠨ ᠦᠭᠬᠦᠭᠰᠡᠨ ᠴᠤ ᠪᠤᠯᠤᠨ᠎ᠠ ᠬᠡᠴᠡᠬᠡᠪᠡ ᠬᠡᠨ᠎ᠡ᠃ ᠮᠤᠳᠤᠭᠤ  ᠬᠢᠯᠢᠩᠨᠠᠵᠤ᠂ ᠭᠠᠵᠠᠷ ᠨᠤᠲᠤᠭ ᠤᠰᠤ ᠪᠤᠯ ᠲᠦᠷᠦ ᠶᠢᠨ ᠦᠨᠳᠦᠰᠦ᠂ ᠠᠯᠳᠠᠵᠤ ᠶᠠᠭᠠᠬᠢᠨ ᠪᠤᠯᠬᠤ ᠪᠤᠢ ᠭᠡᠳ᠂ ᠦᠭᠬᠦᠨ᠎ᠡ ᠭᠡᠰᠡᠨ ᠢ ᠨᠢ ᠦᠬᠦᠯ ᠦᠨ ᠬᠠᠭᠠᠯᠭ᠎ᠠ ᠤᠷᠤᠭᠤ ᠲᠠᠭᠤᠪᠠ᠂ ᠳᠠᠷᠤᠢᠬᠠᠨ ᠠᠭᠲᠠᠨ ᠳᠠᠭᠠᠨ ᠮᠤᠷᠳᠠᠵᠤ᠂ ᠳᠠᠢᠨ ᠠᠴᠠ ᠬᠤᠴᠤᠷᠤᠭᠰᠠᠳ ᠪᠠᠢᠪᠠᠰᠤ᠂ ᠳᠠᠯᠳ᠋ᠨ ᠪᠤᠯᠭ᠎ᠠ ᠬᠡᠮᠡᠨ ᠬᠠᠲᠠᠭᠤ ᠵᠠᠷᠯᠢᠭᠳᠠᠨ᠂ ᠳ᠋ᠦᠩᠬᠤ ᠢ ᠳᠠᠢᠯᠠᠪᠠ᠃ ᠳ᠋ᠦᠩᠬᠤ ᠭᠡᠵᠤ ᠠᠩᠬ᠎ᠠ ᠮᠤᠳᠤᠭᠤ ᠶᠢ ᠳᠤᠤᠷ᠎ᠠ ᠦᠵᠡᠵᠦ ᠪᠠᠢᠭᠰᠠᠨ᠂ ᠳᠡᠭᠡᠷ᠎ᠠ ᠨᠢ ᠪᠡᠯᠡᠳᠬᠡᠯ ᠦᠬᠡᠢ ᠪᠠᠢᠭᠰᠠᠨ᠂ ᠾᠦᠩᠨᠦ ᠪᠡᠯᠡᠳᠬᠡᠯ ᠲᠠᠢ ᠤᠴᠢᠷ᠂ ᠳ᠋ᠦᠩᠬᠤ ᠢ ᠶᠡᠬᠡᠪᠡᠷ ᠢᠯᠠᠵᠤ᠂ ᠳ᠋ᠦᠩᠬᠤ ᠶᠢᠨ ᠸᠠᠩ ᠢ ᠠᠯᠠᠵᠤ᠂ ᠤᠯᠤᠰ ᠢ ᠨᠢ ᠮᠦᠬᠦᠬᠡᠨ᠎ᠡ᠂ ᠬᠦᠮᠦᠨ ᠠᠷᠠᠳ ᠪᠤᠯᠤᠨ ᠮᠠᠯ ᠠᠭᠤᠷᠠᠰᠤ ᠶᠢ ᠨᠢ ᠤᠯᠵᠠᠯᠠᠪᠠ︾ᠭᠡᠵᠤ ᠲᠡᠮᠳᠡᠭᠯᠡᠵᠡᠢ᠃
     ᠡᠨᠡ ᠪᠤᠯᠪᠠᠰᠤ ᠮᠤᠳᠤᠭᠤ᠂ ᠰᠢᠨᠡᠬᠡᠨ ᠡᠴᠢᠬᠡ ᠶᠢᠨ ᠬᠢ ᠪᠡᠨ ᠴᠠᠨ ᠢᠥᠢ ᠶᠢᠨ ᠤᠷᠤ ᠶᠢ ᠵᠠᠯᠭᠠᠮᠵᠢᠯᠠᠭᠰᠠᠨ ᠦᠶ᠎ᠡ ᠪᠠᠢᠭᠰᠠᠨ ᠪᠦᠬᠡᠳ ᠬᠠᠲᠠᠭᠤ ᠱᠠᠭᠠᠷᠳᠠᠯᠭ᠎ᠠ ᠲᠤᠯᠭᠠᠭᠰᠠᠨ ᠬᠠᠷᠢ ᠶᠢᠨ ᠡᠯᠴᠢᠨ ᠳᠦ ᠮᠤᠳᠤᠭᠤ ᠬᠠᠷᠢᠭᠤ ᠪᠠᠷᠢᠭᠰᠠᠨ ᠦᠯᠢᠭᠡᠷ ᠪᠤᠯᠤᠨ᠎ᠠ᠂ ᠮᠤᠳᠤᠭᠤ ᠴᠠᠨ ᠢᠥᠢ ᠤᠬᠠᠭᠠᠨ ᠪᠢᠯᠢᠭ ᠲᠠᠢ᠂ ᠪᠠᠭᠠᠲᠤᠷ ᠳᠠᠢᠴᠢᠨ ᠠᠭᠤᠤ ᠬᠦᠮᠦᠨ ᠪᠠᠢᠭᠰᠠᠨ ᠬᠡᠳᠡᠭ ᠢ ᠬᠢᠲᠠᠳ ᠤᠨ ᠠᠯᠪᠠᠨ ᠲᠡᠥᠬᠡ ᠶᠢ ᠠᠩᠬᠠᠯᠠᠨ ᠪᠢᠴᠢᠭᠰᠡᠨ ᠰᠧ ᠮᠠ ᠴᠢᠶᠠᠨ ᠢᠩᠬᠢᠵᠤ ᠦᠨᠡᠨ ᠢᠶᠡᠷ ᠨᠢ ᠲᠡᠮᠳᠡᠭᠯᠡᠨ ᠦᠯᠡᠳᠡᠭᠡᠭᠰᠡᠨ ᠢ ᠪᠢᠳ᠋ᠨ ᠤᠩᠰᠢᠳᠠᠭ᠂ ᠠᠷᠭᠤᠮᠠᠭ ᠬᠦᠯᠦᠭ ᠦᠨ ᠲᠤᠬᠠᠢ᠂ ᠦᠵᠡᠰᠬᠦᠯᠡᠩᠲᠦ ᠰᠠᠢᠬᠠᠨ ᠪᠦᠰᠡᠭᠦᠢ ᠶᠢᠨ ᠲᠤᠬᠠᠢ᠂ ᠮᠦᠨ ᠡᠨᠡ ᠰᠠᠢᠨ ᠰᠠᠢᠬᠠᠨ ᠢ ᠲᠡᠭᠡᠭᠡᠵᠤ ᠶᠠᠪᠤᠳᠠᠭ ᠭᠠᠵᠠᠷ ᠨᠤᠲᠤᠭ ᠤᠨ ᠲᠤᠬᠠᠢ᠂ ᠮᠤᠳᠤᠭᠤ ᠴᠠᠨ ᠢᠥᠢ ᠢᠩᠬᠢᠵᠤ ᠲᠤᠪ ᠲᠤᠳᠤᠷᠬᠠᠢ ᠲᠠᠢᠯᠪᠤᠷᠢ ᠬᠢᠭᠰᠡᠨ ᠨᠢ ᠬᠡᠳᠦᠨ ᠮᠢᠩᠭᠠᠨ ᠵᠢᠯ᠂ ᠮᠠᠯ ᠠᠬᠤᠢ ᠡᠷᠬᠢᠯᠡᠳᠡᠭ ᠠᠷᠠᠳ ᠲᠦᠮᠡᠨ ‍ᠣ ᠰᠡᠳᠬᠢᠯ ᠦᠨ ᠳᠠᠭᠤᠯᠠᠯ ᠪᠤᠯᠵᠤ ᠪᠠᠢᠨ᠎ᠠ᠃    
   ᠲᠤᠤᠯᠢ ᠵᠠᠩᠭᠠᠷ ᠲᠤ ᠬᠠᠷᠢ ᠶᠢᠨ ᠡᠯᠴᠢ ᠢᠷᠡᠭᠡᠳ᠂ ᠵᠠᠩᠭᠠᠷ ᠡᠴᠡ ᠭᠤᠷᠪᠠᠨ ᠶᠠᠭᠤᠮ᠎ᠠ ᠦᠭ ᠬᠡᠮᠡᠨ ᠲᠤᠯᠭᠠᠨ᠎ᠠ᠂ ᠲᠤᠬᠠᠢᠯᠠᠪᠠᠯ᠄ ᠠᠷᠪᠠᠨ ᠭᠤᠷᠪᠠᠨ ᠪᠦᠯᠦᠭᠲᠦ ᠵᠠᠩᠭᠠᠷ ᠤᠨ ᠮᠠᠯᠠᠢ ᠬᠠᠪᠬ᠎ᠠ ᠶᠢᠨ ᠪᠦᠯᠦᠭ ᠲᠦ᠄ ᠮᠠᠯᠠᠢ ᠬᠠᠪᠬ᠎ᠠ ᠬᠠᠭᠠᠨ ‍ᠣ ᠡᠯᠴᠢ᠂ ᠵᠠᠩᠭᠠᠷ ᠤᠨ  ᠳᠤ ᠢᠷᠡᠭᠡᠳ ᠬᠠᠰᠬᠢᠷᠤᠨ᠂ ᠠᠪᠠᠢ ᠭᠡᠷᠡᠯ ᠬᠠᠲᠤᠨ  ᠠᠭᠠᠢ ᠱᠠᠪᠳᠠᠯ ᠬᠠᠲᠤᠨ   ᠠᠷᠠᠨᠵᠠᠭᠠᠨ ᠵᠡᠬᠡᠷᠳ᠋ᠨ ᠮᠤᠷᠢ ᠶᠢ ᠪᠡᠨ ᠦᠭ ᠭᠡᠵᠤ ᠪᠠᠢᠨ᠎ᠠ᠃ ᠬᠠᠲᠠᠭᠤ ᠬᠠᠷ᠎ᠠ ᠰᠠᠩᠰᠠᠷ ᠬᠠᠭᠠᠨ ‍ᠣ ᠵᠠᠷᠯᠢᠭ ᠤᠨ ᠳᠠᠭᠠᠤ᠂ ᠡᠯᠴᠢ ᠨᠢ ᠢᠷᠡᠵᠤ᠂ ᠠᠭᠠᠢ ᠱᠠᠪᠳᠠᠯ ᠬᠠᠲᠤᠨ᠂ ᠠᠷᠠᠨᠵᠠᠭᠠᠨ ᠵᠡᠭᠡᠷᠳ᠋ᠨ ᠮᠤᠷᠢ᠂ ᠤᠷᠴᠢᠯᠠᠩ ᠤᠨ ᠰᠠᠢᠬᠠᠨ ᠮᠢᠩᠶᠠᠨ ᠢᠶᠠᠨ ᠬᠡᠨ᠎ᠡ᠃ 60 ᠪᠦᠯᠦᠭᠲᠦ ᠵᠠᠩᠭᠠᠷ ᠤᠨ ︽ᠠᠷᠠᠭ ᠤᠯᠠᠭᠠᠨ ᠬᠤᠩᠭᠤᠷ ᠠᠶᠤᠬᠤ ᠳᠤᠭᠰᠢᠨ ᠮᠠᠩᠯᠠᠢ ᠬᠠᠭᠠᠨ ᠢ ᠲᠤᠷᠤᠢᠴᠠᠭᠤᠯᠤᠭᠰᠠᠨ ᠪᠦᠯᠦᠭ︾ᠲᠤ᠂ ᠨᠠᠷᠢᠨ ᠤᠯᠠᠭᠠᠨ ᠬᠡᠳᠡᠭ ᠪᠠᠭᠠᠲᠤᠷ ᠨᠢ ᠢᠷᠡᠵᠤ᠄︽᠁ ᠠᠶᠤᠬᠤ ᠳᠤᠭᠰᠢᠨ ᠮᠠᠩᠯᠠᠢ ᠬᠠᠭᠠᠨ ᠨᠠᠮ᠎ᠠ ᠶᠢ ᠶᠠᠪᠤᠭᠤᠯᠵᠤ᠂ ᠬᠡᠯᠨ ᠬᠦᠷᠭᠡᠲᠦᠬᠡᠢ ᠭᠡᠰᠡᠨ ᠪᠢᠯᠨ᠂ ᠠᠶᠤᠬᠤ ᠳᠤᠭᠰᠢᠨ ᠮᠠᠩᠯᠠᠢ ᠪᠠᠭᠠᠲᠤᠷ ᠬᠡᠯᠡᠵᠤ ᠪᠠᠢᠨ᠎ᠠ᠂ ᠠᠷᠠᠨᠵᠠᠭᠠᠨ ᠵᠡᠭᠡᠷᠳ᠋ᠨ ᠮᠤᠷᠢ ᠪᠠᠨ᠂ ᠠᠭᠠᠢ ᠱᠠᠪᠳᠠᠯ ᠬᠠᠲᠤᠨ ᠢᠶᠡᠨ᠂ ᠶᠢᠷᠳᠢᠨᠴᠤ ᠶᠢᠨ ᠰᠠᠢᠬᠠᠨ ᠮᠢᠩᠶᠠᠨ ᠢᠶᠠᠨ ᠦᠭ ᠭᠡᠵᠤ ᠪᠠᠢᠨ᠎ᠠ ᠁︾ᠬᠡᠳᠡᠭ᠃ ᠳᠤᠭᠰᠢᠨ ᠬᠢᠯᠠᠭᠠᠨ᠎ᠠ ᠬᠠᠭᠠᠨ ‍ᠣ ᠲᠦᠰᠢᠮᠡᠯ ᠪᠤᠳ᠋ᠨ ᠶᠢᠨ ᠤᠯᠠᠭᠠᠨ ᠬᠡᠮᠡᠭᠴᠢ ᠢᠷᠡᠵᠤ᠂ ᠬᠠᠭᠠᠨ ‍ᠣ ᠵᠠᠷᠯᠢᠭ ᠬᠡᠮᠡᠨ᠂ ᠵᠠᠩᠭᠠᠷ ᠡᠴᠡ ᠠᠭᠠᠢ ᠱᠠᠪᠳᠠᠯ ᠬᠠᠲᠤᠨ ᠢ᠂ ᠠᠷᠠᠨᠵᠠᠭᠠᠨ ᠵᠡᠬᠡᠷᠳ᠋ᠨ ᠮᠤᠷᠢ ᠶᠢ᠂ ᠤᠷᠴᠢᠯᠠᠩ ᠤᠨ ᠰᠠᠢᠬᠠᠨ ᠮᠢᠩᠶᠠᠨ ᠢ᠂ ᠠᠪᠤᠨ᠎ᠠ ᠬᠡᠳᠡᠭ᠃ ᠡᠬᠦᠨ ᠠᠴᠠ ᠰᠢᠯᠲᠠᠭᠠᠢᠯᠠᠨ ᠡᠬᠦᠰᠦᠨ᠎ᠡ᠃ ᠲᠤᠤᠯᠢ ᠵᠠᠩᠭᠠᠷ ᠲ ᠭᠤᠷᠪᠠᠨ ᠱᠠᠭᠠᠷᠳᠠᠯᠭ᠎ᠠ ᠪᠠᠢᠭ᠎ᠠ ᠠᠴᠠ ᠪᠠᠨ ᠵᠠᠷᠢᠮ ᠪᠦᠯᠦᠭ ᠲᠤ ᠳᠦᠷᠪᠠ᠂ ᠡᠰᠡᠬᠦᠯ᠎ᠠ ᠲᠠᠪᠤ ᠴᠤ ᠪᠤᠯᠳᠠᠭ᠂ ᠲᠡᠭᠡᠬᠦ ᠳᠡᠬᠡᠨ ᠭᠤᠷᠪᠠᠨ ᠱᠠᠭᠠᠷᠳᠠᠯᠭ᠎ᠠ ᠪᠤᠯᠬᠤ ᠦᠬᠦᠯᠡᠭᠳᠡᠬᠦ ᠨᠢ ᠤᠯᠠᠨᠳ᠋ᠨ᠃ 
     ᠲᠤᠤᠯᠢ ᠵᠠᠩᠭᠠᠷ ᠲᠤ ᠭᠠᠷᠴᠤ ᠪᠤᠢ ᠬᠠᠷᠢ ᠶᠢᠨ ᠬᠠᠲᠠᠭᠤ ᠱᠠᠭᠠᠷᠳᠠᠯᠭ᠎ᠠ ᠭᠡᠬᠦ ᠦᠬᠦᠯᠡᠮᠵᠢ ᠨᠢ ᠾᠦᠩᠨᠦ ᠶᠢᠨ ᠮᠤᠳᠤᠭᠤ ᠱᠠᠨ ᠢᠥᠢ ᠳᠦ ᠲᠤᠯᠭᠠᠭᠰᠠᠨ ᠳ᠋ᠦᠩᠬᠤ ᠶᠢᠨ ᠭᠤᠷᠪᠠᠨ ᠱᠠᠭᠠᠷᠳᠠᠯᠭ᠎ᠠ ᠭᠡᠵᠤ ᠨᠢᠬᠡ ᠯᠠ ᠶᠠᠭᠤᠮ᠎ᠠ ᠪᠤᠯᠵᠤ ᠠᠵᠢᠭᠯᠠᠭᠳᠠᠨ᠎ᠠ᠂ ᠲᠤᠤᠯᠢ ᠵᠠᠩᠭᠠᠷ ᠡᠴᠡ ᠪᠤᠰᠤᠳ ᠦᠬᠡᠷ᠎ᠠ  ᠲᠤᠤᠯᠢ ᠳᠤ ᠡᠢᠮᠦᠷᠬᠦ ᠦᠬᠦᠯᠡᠮᠵᠢ ᠪᠠᠢᠳᠠᠭ ᠦᠬᠡᠢ᠃ ᠬᠠᠷᠢ ᠶᠢᠨ ᠡᠯᠴᠢ ᠶᠢᠨ ᠠᠪᠤᠨ᠎ᠠ ᠭᠡᠰᠡᠨ ᠶᠠᠭᠤᠮ᠎ᠠ ᠨᠢ ᠠᠷᠤ ᠪᠤᠮᠪᠠ ᠶᠢᠨ ᠤᠷᠤᠨ ‍ᠣ ᠬᠠᠮᠤᠭ ᠠᠴᠠ ᠳᠡᠭᠡᠳᠦᠯᠡᠭᠰᠡᠨ ᠵᠦᠢᠯ ᠠᠵᠠᠢ᠂ ᠡᠬᠦᠨ ᠳᠦ ᠭᠤᠷᠳᠤᠨ ᠵᠢᠷᠤᠭ᠎ᠠ ᠪᠠᠷ ᠢᠶᠠᠨ ᠠᠷᠤ ᠪᠤᠮᠪᠠ ᠶᠢᠨ ᠤᠷᠤᠨ ᠳᠤ ᠠᠯᠳᠠᠷᠰᠢᠭᠰᠠᠨ ᠠᠷᠠᠨᠵᠠᠭᠠᠨ ᠵᠡᠬᠡᠷᠳ᠋ᠨ ᠮᠤᠷᠢ᠂ ᠦᠵᠡᠰᠬᠦᠯᠡᠩ ᠰᠠᠢᠬᠠᠨ ᠢ ᠦᠨᠡᠨ ᠬᠠᠷᠠᠭᠤᠯᠵᠤ ᠬᠡᠷᠡᠯᠲᠦᠬᠦᠯᠡᠭᠰᠡᠨ ᠠᠭᠠᠢ ᠱᠠᠪᠳᠠᠯ ᠬᠠᠲᠤᠨ᠂ ᠪᠠᠭᠠᠲᠤᠷ ᠵᠤᠷᠢᠭ ᠤᠨ ᠪᠠᠬᠠᠷᠬᠠᠯ ᠪᠤᠯᠤᠭᠰᠠᠨ ᠠᠷᠠᠭ ᠤᠯᠠᠭᠠᠨ ᠬᠤᠩᠭᠤᠷ᠂ ᠤᠷᠠᠨ ᠴᠡᠴᠡᠨ ᠢ ᠭᠠᠢᠬᠠᠭᠤᠯᠤᠭᠰᠠᠨ ᠬᠡᠯᠮᠤᠷᠴᠢ ᠬᠡ ᠵᠢᠯᠠᠭᠠᠨ ᠪᠤᠢ᠂ ᠠᠷᠤ ᠪᠤᠮᠪᠠ ᠶᠢᠨ ᠤᠷᠤᠨ ‍ᠣ ᠬᠠᠮᠤᠭ ᠤᠨ ᠦᠨᠡᠲᠤ ᠵᠦᠢᠯ ᠪᠤᠯᠤᠭᠰᠠᠨ ‍ᠣ ᠬᠤᠪᠢ ᠳᠤ ᠬᠠᠷᠢ ᠶᠢᠨ ᠳᠠᠢᠰᠦᠨ ‍ᠣ ᠠᠪᠤᠶ᠎ᠠ᠂ ᠭᠠᠷ ᠲᠠᠭᠠᠨ ᠤᠷᠤᠭᠤᠯᠤᠶ᠎ᠠ ᠬᠡᠮᠡᠨ ᠰᠠᠨᠠᠭᠠᠰᠢᠷᠬᠠᠳᠠᠭ᠂ ᠡᠰᠡᠬᠦᠯ᠎ᠠ ᠦᠬᠡᠢ ᠪᠤᠯᠭᠠᠬᠤ ᠶᠢ ᠰᠠᠨᠠᠳᠠᠭ ᠵᠦᠢᠯ ᠪᠤᠯᠵᠤ ᠪᠠᠢᠨ᠎ᠠ᠂ ᠲᠤᠤᠯᠢ ᠵᠠᠩᠭᠠᠷ ᠲᠤ ᠦᠬᠦᠯᠡᠨ ᠪᠠᠢᠭ᠎ᠠ ᠬᠠᠷᠢ ᠶᠢᠨ ᠬᠠᠲᠠᠭᠤ ᠡᠯᠴᠢ ᠶᠢᠨ ᠲᠤᠯᠭᠠᠭᠰᠠᠨ ᠬᠠᠲᠠᠭᠤ ᠱᠠᠭᠠᠷᠳᠠᠯᠭ᠎ᠠ ᠶᠢᠨ ᠤᠳᠬ᠎ᠠ᠂ ᠰᠢᠯᠲᠠᠭᠠᠨ᠂ ᠦᠨᠳᠦᠰᠦᠨ ᠵᠦᠢᠯ᠂ ᠤᠨᠴᠠᠯᠢᠭ ᠵᠡᠷᠭᠡ ᠨᠢ ᠮᠤᠳᠤᠭᠤ ᠴᠠᠨ ᠢᠥᠢ ᠳᠤ ᠲᠤᠬᠢᠶᠠᠯᠳᠤᠭᠰᠠᠨ ᠲᠡᠥᠬᠡᠨ ᠤᠢᠯᠨ ᠶᠠᠪᠤᠳᠠᠯ ᠤᠨ ᠲᠤᠰᠬᠠᠯ ᠮᠦᠨ ᠭᠡᠵᠤ ᠤᠢᠯᠠᠭᠠᠬᠤ ᠳᠤ ᠪᠤᠷᠤᠭᠤᠳᠬᠤ ᠵᠦᠢᠯ ᠠᠯᠠᠭ᠎ᠠ᠃   
    ᠲᠤᠤᠯᠢ ᠵᠠᠩᠭᠠᠷ ᠲᠤ ᠢᠢ᠌ᠮᠦ ᠵᠢᠱᠢᠶ᠎ᠡ ᠮᠠᠰᠢ ᠤᠯᠠᠨ ᠪᠤᠢ᠂ ᠡᠨᠳ᠋ᠨ ᠨᠢᠬᠡ ᠨᠢᠬᠡ ᠪᠡᠷ ᠳᠤᠷᠠᠳᠴᠤ ᠰᠠᠭᠤᠬᠤ ᠦᠬᠡᠢ᠂ ᠵᠠᠯᠭᠠᠭᠠᠳ ᠪᠢᠳᠡᠨ ᠡᠮᠦᠨᠠᠳᠦ ᠾᠦᠩᠨᠦ ᠶᠢᠨ ᠦᠵᠤᠯᠤ ᠴᠠᠨ ᠢᠥᠢ ᠪᠤᠯᠤᠨ ᠲᠡᠬᠦᠨ ‍ᠣ ᠵᠠᠯᠭᠠᠮᠵᠢᠯᠠᠭᠴᠢᠳ᠂ ᠢᠯᠠᠩᠭᠤᠶ᠎ᠠ ᠲᠡᠬᠦᠨ ‍ᠣ ᠤᠷᠤ ᠶᠢ ᠵᠠᠯᠭᠠᠮᠵᠢᠯᠠᠭᠴᠢ ᠶᠢᠨ ᠴᠤᠯᠨ ᠪᠤᠯᠬᠤ ᠵᠡᠬᠦᠨ ᠮᠡᠷᠭᠡᠨ ᠸᠠᠩ ᠭᠡᠳᠡᠭ ᠢ  ᠢᠥᠢ ᠬᠡᠮᠡᠨ ᠰᠤᠯᠢᠭᠰᠠᠨ᠂ ᠲᠡᠬᠦᠨ ᠡᠴᠡ ᠤᠯᠪᠠᠭᠠᠯᠠᠭᠰᠠᠨ ᠲᠡᠥᠬᠡᠨ ᠬᠡᠷᠡᠭ ᠤᠴᠢᠷ ᠤᠨ ᠲᠤᠬᠠᠢ ᠪᠠᠬᠠᠨ ᠶᠠᠷᠢᠶ᠎ᠠ᠃    
    ᠲᠡᠥᠬᠡᠨ ᠰᠤᠷᠪᠤᠯᠵᠢ ᠠᠴᠠ ᠦᠵᠡᠪᠡᠯ᠄᠄︽ᠦᠵᠦᠯᠦ ᠴᠠᠨ ᠢᠥᠢ᠂ ᠴᠠᠨ ᠢᠥᠢ ᠶᠢᠨ  ᠡᠵᠡᠨ ᠰᠠᠭᠤᠳᠠᠯ ᠳᠤ ᠪᠠᠢᠬᠤ ᠦᠶ᠎ᠡ᠂ ᠵᠡᠬᠦᠨ ᠮᠡᠷᠭᠡᠨ ᠸᠠᠩ ᠠᠴᠠ ᠬᠡᠳᠦ ᠬᠡᠳᠦ ᠨᠢ ᠦᠬᠦᠵᠡᠢ᠃ ᠲᠡᠬᠦᠨ ᠡᠴᠡ ᠰᠢᠯᠲᠠᠭᠠᠢᠯᠠᠨ᠂ ᠴᠤᠯᠨ ᠬᠡᠷᠬᠡᠮ ᠨᠢ ᠦᠯᠵᠡᠢ ᠦᠬᠡᠢ ᠪᠤᠯᠪᠠ ᠬᠡᠮᠡᠨ᠂ ᠵᠡᠬᠦᠨ ᠮᠡᠷᠭᠡᠨ ᠸᠠᠩ ᠬᠡᠮᠡᠭᠰᠡᠨ ᠢ ᠬᠠᠯᠠᠵᠤ᠂  ᠢᠥᠢ ᠪᠤᠯᠭᠠᠪᠠ᠂ ᠦᠵᠦᠯᠦ ᠴᠠᠨ ᠢᠥᠢ ᠡᠴᠡ ᠬᠦᠪᠡᠬᠦᠨ ᠢ ᠪᠡᠨ  ᠢᠥᠢ ᠬᠡᠮᠡᠨ ᠴᠤᠯᠠᠯᠵᠤ᠂ ᠴᠠᠨ ᠢᠥᠢ ᠶᠢᠨ ᠡᠵᠡᠨ ᠰᠠᠭᠤᠳᠠᠯ ᠢ ᠵᠠᠯᠭᠠᠮᠵᠢᠯᠠᠭᠤᠯᠬᠤ ᠬᠡᠪᠡ᠃︾ ᠭᠡᠵᠡᠢ᠃ ᠳᠡᠭᠡᠷᠡᠬᠢ ᠲᠡᠮᠳᠡᠭᠯᠡᠯ ᠡᠴᠡ ᠦᠵᠡᠬᠦ ᠳᠦ᠂ ᠦᠵᠦᠯᠦ ᠴᠠᠨ ᠢᠥᠢ ᠶᠢᠨ ᠦᠶ᠎ᠡ ᠳᠦ᠂ ᠴᠠᠨ ᠢᠥᠢ ᠶᠢᠨ ᠤᠷᠤ ᠶᠢ ᠵᠠᠯᠭᠠᠮᠵᠢᠯᠠᠬᠤ ᠬᠡᠳᠦ ᠬᠡᠳᠦᠨ ᠬᠦᠪᠡᠬᠦᠨ ᠨᠢ ᠵᠠᠭᠤᠷᠲᠤ ᠪᠠᠷ ᠨᠠᠰᠤ ᠪᠠᠷᠠᠭᠰᠠᠨ ᠪᠤᠯᠤᠯᠲᠠᠢ ᠪᠦᠭᠡᠳ ᠴᠤᠯᠨ ᠨᠢ ᠬᠦᠨᠳᠦᠳᠡᠭᠰᠡᠨ ᠭᠡᠵᠤ ᠦᠵᠡᠭᠡᠳ᠂ ᠵᠡᠬᠦᠨ ᠮᠡᠷᠭᠡᠨ ᠸᠠᠩ ᠬᠡᠳᠡᠭ ᠴᠤᠯᠨ ᠢ  ᠢᠥᠢ ᠬᠡᠮᠡᠭᠰᠡᠨ ᠾᠦᠩᠨᠦ ᠦᠬᠡ ᠪᠡᠷ ᠰᠤᠯᠢᠭᠰᠠᠨ ᠬᠡᠳᠡᠭ ᠢ ᠲᠤᠳᠤᠷᠬᠠᠢᠯᠠᠵᠠᠢ᠃   
    ᠡᠨᠡᠬᠦ ᠡᠮᠦᠨᠠᠳᠤ ᠾᠦᠩᠨᠦ ᠶᠢᠨ乌珠留单于 ᠬᠡᠳᠡᠭ ᠬᠦᠮᠦᠨ ᠢ ᠪᠢᠳᠡᠨ ᠲᠤᠤᠯᠢ ᠵᠠᠩᠭᠠᠷ ᠲᠤ ᠭᠠᠷᠬᠤ ᠵᠠᠩᠭᠠᠷ ᠤᠨ ᠡᠴᠢᠬᠡ ᠦᠽᠦᠩ ᠠᠯᠳᠠᠷ ᠬᠠᠭᠠᠨ ᠪᠤᠯᠪᠠ ᠦᠦ ᠭᠡᠳ ᠪᠤᠳᠤᠵᠤ ᠪᠠᠢᠨ᠎ᠠ᠂ 乌珠留单于  ᠤᠷᠤ ᠵᠠᠯᠭᠠᠮᠵᠢᠯᠠᠭᠴᠢ ᠬᠦᠪᠡᠬᠦᠨ ‍ᠣ ᠴᠤᠯᠨ ᠪᠤᠯᠬᠤ ᠲᠦ᠋ ᠴᠢ ᠾᠦᠩᠨᠦ ᠦᠬᠡ ᠶᠢ ᠨᠢ ᠬᠢᠲᠠᠳ ᠬᠡᠯᠡᠨ ᠳᠦ ᠤᠳᠬᠠᠴᠢᠯᠠᠨ ᠤᠷᠴᠢᠭᠤᠯᠠᠭᠠᠳ ᠵᠡᠬᠦᠨ ᠮᠡᠷᠭᠡᠨ ᠸᠠᠩ左贤王ᠭᠡᠵᠡᠢ᠂ ᠤᠤᠯ ᠾᠦᠩᠨᠦ ᠬᠡᠯᠡᠨ ᠳᠡᠬᠢ ᠲᠠᠭᠤᠳᠠᠯᠭ᠎ᠠ ᠨᠢ屠耆tuqi᠂ ᠲᠦᠷᠦᠴᠢ ᠬᠡᠮᠡᠨ ᠪᠢᠳ᠋ᠨ ᠰᠡᠷᠬᠦᠭᠡᠨ ᠤᠩᠰᠢᠭᠰᠠᠨ  ᠭᠡᠳᠡᠭ ᠪᠠᠢᠭᠰᠠᠨ ᠠᠴᠠ ᠪᠠᠨ 护于   ᠢᠥᠢ᠂ ᠡᠨᠡ ᠦᠬᠡ ᠶᠢ ᠬᠤᠩᠭᠤᠷ ᠬᠡᠮᠡᠨ ᠪᠢᠳ᠋ᠨ ᠰᠡᠷᠬᠦᠭᠡᠨ ᠤᠩᠰᠢᠭᠰᠠᠨ ᠭᠡᠵᠤ ᠦᠬᠡᠷᠴᠢᠯᠡᠵᠡᠢ᠂ ᠡᠬᠦᠨ ᠢ ᠲᠤᠤᠯᠢ ᠵᠠᠩᠭᠠᠷ ᠲᠤ ᠭᠠᠷᠬᠤ ᠬᠤᠩᠭᠤᠷ ᠭᠡᠰᠡᠨ ᠨᠡᠷ᠎ᠡ ᠪᠠᠢᠵᠤ ᠮᠠᠭᠠᠳ ᠦᠬᠡᠢ ᠬᠡᠮᠡᠨ ᠪᠤᠳᠤᠵᠤ ᠪᠠᠢᠨ᠎ᠠ᠃︽ᠵᠡᠬᠦᠨ ᠮᠡᠷᠭᠡᠨ ᠸᠠᠩ ᠠᠴᠠ ᠬᠡᠳᠦ ᠬᠡᠳᠦᠨ ᠨᠢ ᠦᠬᠦᠵᠡᠢ︾ᠭᠡᠰᠡᠨ ᠦᠬᠡ ᠶᠢ ᠰᠡᠭᠰᠦᠷᠴᠦ ᠦᠵᠡᠪᠠᠰᠤ᠂ ᠲᠤᠤᠯᠢ ᠵᠠᠩᠭᠠᠷ ᠲᠤ ᠵᠠᠩᠭᠠᠷ ᠲᠤ ᠬᠦᠪᠡᠬᠦᠨ ᠪᠠᠢᠬᠤ ᠦᠬᠡᠢ᠂ ᠠᠭᠤᠷᠯᠠᠵᠦ ᠪᠤᠬᠢᠮᠳᠠᠬᠤ ᠪᠠᠷ ᠨᠢ ᠳᠡᠭᠡᠳᠦ ᠲᠩᠷᠢ ᠡᠴᠡ ᠨᠢᠬᠡᠨ ᠬᠦᠪᠡᠬᠦᠨ ᠵᠠᠶᠠᠭᠠᠵᠤ ᠲᠦᠷᠦᠬᠦᠯᠡᠳᠡᠭ᠂ ᠲᠤᠮᠤ ᠪᠤᠯᠤᠭᠠᠳ ᠢᠷᠡᠬᠦ ᠪᠡᠷ ᠨᠢ ᠳᠡᠭᠡᠳᠦ ᠲᠩᠷᠢ ᠠᠶᠤᠩᠭ᠎ᠠ ᠪᠠᠭᠤᠯᠭᠠᠵᠤ ᠦᠬᠡᠢ ᠪᠤᠯᠭᠠᠳᠠᠭ ᠤᠢᠯᠨ ᠪᠠᠢᠳᠠᠭ᠂ ᠡᠨᠡ ᠨᠢ ᠳᠡᠭᠡᠷᠡᠬᠢ ᠲᠡᠥᠬᠡᠨ ᠤᠢᠯᠨ ᠶᠠᠪᠤᠳᠠᠯ ᠤᠨ ᠲᠤᠤᠯᠢ ᠵᠠᠩᠭᠠᠷ  ᠳᠠᠬᠢ ᠤᠷᠠᠯᠢᠭᠵᠢᠭᠤᠯᠤᠭᠰᠠᠨ ᠲᠤᠰᠬᠠᠯ ᠬᠡᠮᠡᠨ ᠦᠵᠡᠵᠦ ᠪᠠᠢᠨ᠎ᠠ᠂ ᠦᠬᠡᠷ᠎ᠠ ᠪᠠᠷ ᠬᠡᠯᠡᠪᠡᠯ᠂ ᠲᠡᠥᠬᠡᠨ ᠳᠡᠭᠡᠷ᠎ᠠ ᠡᠮᠦᠨᠠᠳᠦ ᠾᠦᠩᠨᠦ ᠶᠢᠨ ᠴᠠᠨ ᠢᠥᠢ ᠵᠢᠨ ᠤᠷᠤ ᠶᠢ ᠵᠠᠯᠭᠠᠮᠵᠢᠯᠠᠭᠴᠢ ᠪᠠᠢᠭᠰᠠᠨ ᠬᠡᠳᠦ ᠬᠡᠳᠦᠨ ᠬᠦᠪᠡᠬᠦᠨ ᠨᠠᠰᠤ ᠪᠠᠷᠠᠳᠠᠭ᠂ ᠴᠤᠯᠨ ᠨᠢ ᠬᠦᠨᠳᠦᠳᠡᠪᠠ ᠬᠡᠮᠡᠨ ᠦᠬᠡᠷᠴᠢᠯᠡᠵᠦ᠂护于   ᠢᠥᠢ  ᠪᠤᠯᠭᠠᠭᠰᠠᠨ᠂ ᠮᠦᠨ ᠡᠨᠡᠬᠦ护于   ᠢᠥᠢ ᠴᠤᠯᠨ ᠲᠠᠢ ᠤᠷᠤ ᠵᠠᠯᠭᠠᠮᠵᠢᠯᠠᠭᠴᠢ ᠨᠢ ᠦᠵᠤᠯᠤ ᠴᠠᠨ ᠢᠥᠢ ᠶᠢ ᠨᠠᠰᠤ ᠪᠠᠷᠠᠭᠰᠠᠨ ‍ᠣ ᠳᠠᠷᠠᠭ᠎ᠠ᠂ ᠲᠡᠬᠦᠨ ‍ᠣ ᠤᠷᠤ ᠶᠢ ᠵᠠᠯᠭᠠᠮᠵᠢᠯᠠᠵᠤ ᠴᠢᠳᠠᠳᠠᠭ ᠦᠬᠡᠢ᠂ ᠡᠨᠡᠬᠦ ᠲᠡᠥᠬᠡᠨ ᠤᠢᠯᠨ ᠶᠠᠪᠤᠳᠠᠯ ᠨᠢ ᠲᠤᠤᠯᠢ ᠵᠠᠩᠭᠠᠷ ᠲᠤ ᠵᠠᠩᠭᠠᠷ ᠨᠠᠰᠤ ᠪᠠᠷᠠᠬᠤ ᠠᠴᠠ ᠪᠠᠨ ᠡᠮᠦᠨ᠎ᠠ᠂ ᠬᠦᠪᠡᠬᠦᠨ ᠦᠬᠡᠢ ᠪᠤᠯᠬᠤᠷ᠂ ᠬᠠᠭᠠᠨ ᠤᠷᠤ ᠶᠢ ᠪᠡᠨ ᠬᠤᠩᠭᠤᠷ ᠢᠶᠠᠷ ᠦᠭᠬᠦᠨ᠎ᠡ ᠬᠡᠬᠦᠯᠡᠷ ᠬᠦᠮᠦᠰ ᠵᠦᠪᠰᠢᠶᠡᠷᠡᠳᠡᠭ ᠦᠬᠡᠢ᠂ ᠠᠷᠭ᠎ᠠ ᠪᠤᠰᠤ ᠬᠤᠩᠭᠤᠷ ᠤᠨ ᠬᠦᠪᠡᠬᠦᠨ ᠬᠤᠰᠢᠭᠤᠨ ᠤᠯᠠᠭᠠᠨ ᠳᠤ ᠵᠠᠯᠭᠠᠮᠵᠢᠯᠠᠭᠤᠯᠳᠠᠭ ᠲᠤᠤᠯᠢ ᠶᠢᠨ ᠤᠢᠯᠨ ᠶᠠᠪᠤᠳᠠᠯ ᠪᠤᠯᠵᠤ ᠲᠤᠰᠬᠠᠭᠳᠠᠭᠰᠠᠨ ᠪᠠᠢᠨ᠎ᠠ ᠭᠡᠵᠤ ᠪᠢᠳ᠋ᠨ ᠦᠵᠡᠵᠦ ᠪᠠᠢᠨ᠎ᠠ᠃ ᠡᠨᠡ ᠳᠤᠲᠤᠷ᠎ᠠ᠂ ᠴᠠᠨ ᠢᠥᠢ ᠶᠢᠨ ᠤᠷᠤ ᠶᠢ ᠵᠠᠯᠭᠠᠮᠵᠢᠯᠠᠭᠤᠯᠬᠤ ᠠᠰᠠᠭᠤᠳᠠᠯ ᠳᠡᠭᠡᠷᠡᠬᠢ ᠮᠠᠷᠭᠤᠭᠠᠨ᠂ ᠪᠤᠯᠢᠶᠠᠯᠳᠤᠭᠠᠨ ᠠᠴᠠ ᠰᠢᠯᠲᠠᠭᠠᠯᠠᠭᠰᠠᠨ ᠬᠡᠳᠡᠭ ᠨᠢ ᠲᠤᠳᠤᠷᠬᠠᠢ᠃ ᠡᠬᠦᠨ ᠢ ᠦᠯᠦ ᠦᠬᠦᠯᠡᠨ ᠲᠡᠥᠬᠡᠨ ᠪᠠᠷᠢᠮᠳ᠋ᠨ ᠠᠴᠠ ᠡᠰᠢᠯᠡᠪᠠᠰᠤ᠂ 乌珠留单于 ᠬᠡᠳᠡᠭ ᠡᠨᠡ ᠴᠠᠨ ᠢᠥᠢ᠂ ᠬᠤᠷᠢᠨ ᠨᠢᠬᠡᠨ ᠨᠠᠰᠦᠨ ᠳᠠᠭᠠᠨ ᠴᠠᠨ ᠢᠥᠢ ᠶᠢᠨ ᠤᠷᠤ ᠶᠢ ᠵᠠᠯᠭᠠᠮᠵᠢᠯᠠᠵᠠᠢ᠂ ᠠᠷᠪᠠᠨ ᠭᠤᠷᠪᠠᠨ ᠵᠢᠯ᠂ ᠡᠮᠦᠨᠠᠳᠦ ᠾᠦᠩᠨᠦ ᠶᠢᠨ ᠴᠠᠨ ᠢᠥᠢ ᠪᠠᠢᠵᠤ᠂ ᠲᠦᠷᠦ ᠭᠦᠷᠦᠨ ᠢ ᠪᠡᠨ ᠤᠳᠤᠷᠢᠳᠤᠨ ᠪᠠᠢᠵᠠᠢ᠂ ᠡᠨᠡ ᠠᠷᠪᠠᠨ ᠭᠤᠷᠪᠠᠨ ᠵᠢᠯ ᠦᠨ ᠬᠤᠭᠤᠴᠠᠭᠠᠨ ᠳᠤ ᠡᠮᠦᠨᠠᠳᠦ ᠾᠦᠩᠨᠦ ᠶᠢᠨ ᠲᠦᠷᠦ ᠳᠦ ᠲᠤᠯᠭᠠᠷᠠᠭᠰᠠᠨ ᠲᠤᠮᠤ ᠶᠠᠪᠤᠳᠠᠯ ᠢ ᠲᠤᠯᠤᠭᠠᠢ ᠪᠠᠷ ᠢᠶᠠᠨ ᠦᠩᠬᠡᠷᠡᠬᠦᠯᠵᠤ᠂ ᠤᠬᠠᠭ᠎ᠠ ᠪᠠᠷ ᠢᠶᠠᠨ ᠵᠠᠯᠠᠵᠤ ᠪᠠᠢᠪᠠ᠃ ᠡᠬᠦᠨ ᠳᠦ᠂ ᠲᠤᠬᠠᠢ ᠶᠢᠨ ᠦᠶ᠎ᠡ ᠶᠢᠨ ᠬᠠᠨ ᠤᠯᠤᠰ ᠤᠨ ᠬᠤᠸᠠᠩᠳᠢ ᠶᠢᠨ ᠨᠠᠭᠠᠴᠤ ᠪᠠᠢᠭᠰᠠᠨ ᠸᠠᠩ ᠮᠠᠩ ᠬᠡᠮᠡᠭᠴᠢ᠂ ᠬᠠᠨ ᠤᠯᠤᠰ ᠤᠨ ᠲᠦᠷᠦ ᠶᠢ ᠮᠡᠳᠡᠵᠤ ᠪᠠᠢᠪᠠ᠂ ᠡᠨᠡ ᠨᠦᠬᠦᠷ᠂ ᠡᠯᠳᠡᠪ ᠠᠷᠭ᠎ᠠ ᠵᠠᠯᠢ ᠭᠠᠷᠭᠠᠨ᠂ ᠡᠮᠦᠨᠠᠳᠦ ᠾᠦᠩᠨᠦ ᠶᠢ ᠰᠦᠬᠦᠷᠡᠬᠦᠯᠡᠬᠦ ᠬᠡᠮᠡᠨ ᠵᠢᠳᠬᠦᠨ᠎ᠡ᠂ ᠬᠠᠨ ᠤᠯᠤᠰ ᠠᠴᠠ ᠤᠯᠠᠮᠵᠢᠯᠠᠯ ᠤᠨ ᠳᠠᠭᠠᠤ ᠡᠮᠦᠨᠠᠳᠤ ᠾᠦᠩᠨᠦ ᠳᠦ ᠤᠯᠭᠤᠵᠤ ᠪᠠᠢᠭᠰᠠᠨ ᠾᠦᠩᠨᠦ ᠶᠢᠨ ᠲᠦᠷᠦ ᠶᠢᠨ ᠲᠠᠮᠠᠭ᠎ᠠ 匈奴单于玺 ᠬᠡᠳᠡᠭ ᠢ新匈奴单于章 ᠪᠤᠯᠭᠠᠵᠤ ᠰᠤᠯᠢᠨ᠎ᠠ᠂匈奴 ᠭᠡᠰᠡᠨ ᠨᠡᠷ᠎ᠠ ᠶᠢ降奴᠂恭奴 ᠪᠤᠯᠭᠠᠨ ᠠᠯᠪᠠᠳᠠᠨ ᠰᠤᠯᠢᠭᠤᠯᠬᠤ ᠬᠡᠨ᠎ᠡ᠂ 单于 ᠭᠡᠳᠡᠭ ᠢ 善于᠂ 降奴服于ᠬᠡᠮᠡᠨ ᠬᠠᠯᠠᠬᠤ ᠭᠡᠪᠡ᠂ 乌珠留单于  ᠤᠪᠤᠭ ᠨᠢ 挛鞮 ᠂ ᠨᠡᠷ᠎ᠠ ᠨᠢ 囊知牙斯 ᠭᠡᠳᠡᠭ ᠪᠠᠢᠪᠠ᠂ ᠤᠯᠠᠨ ᠦᠰᠦᠭᠲᠡᠢ᠂ ᠲᠡᠮᠳᠡᠭᠯᠡᠬᠦ ᠳᠦ ᠬᠡᠴᠡᠬᠦᠦ ᠬᠡᠮᠡᠨ ᠰᠢᠯᠲᠠᠭᠠᠢᠯᠠᠨ᠂ ᠬᠢᠲᠠᠳ ᠤᠨ ᠵᠠᠩᠰᠢᠯ ᠢ ᠳᠠᠭᠠᠵᠤ᠂ ᠭᠠᠭᠴᠨ ᠦᠰᠦᠭᠲᠡᠢ ᠪᠤᠯᠭ᠎ᠠ ᠭᠡᠵᠤ ᠰᠢᠬᠠᠨ᠎ᠠ᠂ ᠮᠦᠨ ᠾᠦᠩᠨᠦ ᠶᠢᠨ ᠨᠢᠬᠡᠨ ᠢᠵᠠᠭᠤᠷᠲᠠᠨ ‍ᠣ ᠬᠤᠶᠠᠷ ᠬᠦᠪᠡᠬᠦᠨ ᠢ ᠬᠠᠭᠤᠷᠠᠨ ᠮᠡᠬᠡᠯᠡᠵᠤ᠂ ᠬᠠᠨ ᠤᠯᠤᠰ ᠲᠤ ᠠᠪᠠᠴᠢᠭᠠᠳ᠂ ᠠᠯᠪᠠ ᠪᠠᠷ ᠴᠠᠨ ᠢᠥᠢ ᠬᠡᠮᠡᠨ ᠴᠤᠯᠯᠠᠵᠤ᠂ ᠡᠮᠦᠨᠠᠳᠦ ᠾᠦᠩᠨᠦ ᠶᠢ ᠬᠠᠭᠠᠷᠤᠯᠳᠤᠭᠤᠯᠬᠤ ᠬᠡᠪᠡ᠃ ᠦᠬᠡᠷ᠎ᠠ ᠪᠠᠷ ᠬᠡᠯᠡᠪᠡᠯ᠂ ᠡᠮᠦᠨᠠᠳᠦ ᠾᠦᠩᠨᠦ ᠨᠢ ᠡᠨᠡ ᠦᠶ᠎ᠡ ᠳᠦ᠂ ᠬᠠᠨ ᠤᠯᠤᠰ ᠤᠨ ᠰᠢᠬᠠᠮᠳ᠋ᠨ ᠳᠠᠷᠤᠯᠳ᠋ᠨ ᠳᠤ ᠤᠷᠤᠪᠠ᠂ ᠡᠮᠦᠨᠠᠳᠦ ᠾᠦᠩᠨᠦ ᠪᠠᠶ᠎ᠠ ᠪᠠᠨ ᠳᠠᠭᠠᠭᠠᠭᠰᠠᠨ ᠲᠤᠰᠠᠭᠠᠷ ᠤᠯᠤᠰ ᠪᠠᠢᠨ᠎ᠠ ᠦᠦ ᠦᠬᠡᠢ ᠦᠦ ᠬᠡᠳᠡᠭ ᠰᠢᠯᠭᠠᠯᠳ᠋ᠨ ᠢ ᠦᠩᠬᠡᠷᠡᠬᠦᠯᠵᠤ ᠪᠠᠢᠪᠠ᠃    
    ᠡᠨᠳ᠋ᠨ ᠠᠬᠢᠭᠠᠳ ᠪᠠᠰᠨ ᠡᠢᠮᠦ ᠨᠢᠬᠡᠨ ᠲᠡᠥᠬᠡᠨ ᠤᠢᠯᠨ ᠪᠤᠢ᠂ ᠡᠮᠦᠨᠠᠳᠦ ᠾᠦᠩᠨᠦ ᠪᠤᠯᠤᠨ ᠬᠠᠨ ᠤᠯᠤᠰ ᠤᠨ ᠬᠢᠯᠢ ᠵᠠᠯᠭᠠᠭ᠎ᠠ ᠭᠠᠵᠠᠷ ᠢᠶᠠᠷ᠂ ᠬᠠᠨ ᠤᠯᠤᠰ ᠤᠷᠤᠭᠤ ᠰᠤᠨᠠᠨ ᠤᠷᠤᠭᠰᠠᠨ ᠡᠮᠦᠨᠠᠳᠤ ᠾᠦᠩᠨᠦ ᠶᠢᠨ ᠭᠠᠵᠠᠷ ᠨᠤᠲᠤᠭ ᠪᠤᠢ ᠪᠠᠢᠵᠠᠢ᠂ ᠡᠮᠦᠨᠠᠳᠦ ᠾᠦᠩᠨᠦ ᠶᠢᠨ ᠭᠠᠵᠠᠷ ᠨᠤᠲᠤᠭ ᠪᠦᠭᠡᠳ ᠤᠷᠤᠭᠰᠢ ᠪᠠᠨ ᠰᠤᠨᠠᠭᠰᠠᠨ ᠬᠡᠯᠪᠡᠷᠢ ᠲᠠᠢ ᠤᠷᠤᠰᠢᠳᠠᠭ᠂ ᠡᠨᠡ ᠨᠢ ᠬᠠᠨ ᠤᠯᠤᠰ ᠤᠨ ᠬᠤᠪᠢ ᠳᠦ ᠠᠰᠢᠭ ᠦᠬᠡᠢ ᠪᠠᠢᠭᠰᠠᠨ ᠬᠡᠳᠡᠭ ᠨᠢ ᠲᠤᠳᠤᠷᠬᠠᠢ᠃ ᠡᠨᠡ ᠲᠤᠬᠠᠢ ᠲᠡᠥᠬᠡᠨ ᠰᠤᠷᠪᠤᠯᠵᠢ ᠠᠴᠠ ᠦᠵᠡᠪᠠᠯ᠄  
    ︽ᠦᠵᠤᠯᠦ ᠴᠠᠨ ᠢᠥᠢ ᠤᠷᠤ ᠵᠠᠯᠭᠠᠮᠵᠢᠯᠠᠪᠠ᠂ ᠬᠤᠶᠠᠳᠠᠬᠢ ᠶᠠᠨ ᠽᠢ ᠬᠠᠲᠤᠨ  ᠬᠦᠪᠡᠬᠦᠨ ᠯᠸᠢ ᠪᠡᠷ ᠵᠡᠬᠦᠨ ᠮᠡᠷᠭᠡᠨ ᠲᠠᠯᠪᠢᠪᠠ᠂ ᠲᠠᠪᠤᠳᠠᠬᠢ ᠶᠠᠨ ᠽᠢ ᠬᠠᠲᠤᠨ  ᠬᠦᠪᠡᠬᠦᠨ ᠬᠡᠦ ᠢᠥᠢ ᠪᠡᠷ ᠪᠠᠷᠠᠭᠤᠨ ᠮᠡᠷᠭᠡᠨ ᠲᠠᠯᠪᠢᠪᠠ᠂ ᠪᠠᠰᠨ ᠨᠢᠬᠡᠨ ᠬᠦᠪᠡᠬᠦᠨ ᠪᠤᠶᠤ ᠪᠠᠷᠠᠭᠤᠨ ᠭᠦ᠋ ᠨᠦ ᠸᠠᠩ  ᠵᠢᠵᠢᠭ ᠸᠠᠩ  ᠪᠤᠯᠬᠤ ᠦ ᠲᠢ ᠶᠠ ᠰᠢ ᠶᠢ ᠲᠦᠷᠦ ᠳᠦ ᠤᠢᠯᠡᠴᠢᠯᠡᠬᠦᠯᠪᠠ  ᠡᠮᠦᠨᠠᠳᠦ ᠾᠦᠩᠨᠦ ᠪᠤᠯᠤᠨ ᠬᠠᠨ ᠤᠯᠤᠰ ᠤᠨ ᠤᠷᠢᠳᠤ ᠲᠤᠬᠢᠷᠠᠯᠴᠠᠭᠰᠠᠨ ‍ᠣ ᠳᠠᠭᠠᠤ᠂ ᠾᠦᠩᠨᠦ ᠶᠢᠨ ᠴᠠᠨ ᠢᠥᠢ ᠶᠢᠨ ᠨᠢᠭᠡᠨ ᠬᠦᠪᠡᠬᠦᠨ᠂ ᠬᠠᠨ ᠤᠯᠤᠰ ᠲᠤ ᠬᠦᠷᠴᠦ ᠪᠠᠷᠢᠴᠠᠭᠠᠨ ᠳᠤ ᠰᠠᠭᠤᠳᠠᠭ᠃ ᠬᠠᠨ ᠤᠯᠤᠰ ᠠᠴᠠ ᠵᠦᠩ ᠯᠠᠩ ᠵᠢᠶᠠᠩ ᠲᠦᠰᠢᠮᠡᠯ ᠪᠤᠯᠬᠤ ᠰᠢᠶ᠋ᠨ ᠾᠸᠤ ᠹᠠᠨ᠂ ᠲᠤᠰᠠᠯᠠᠭᠴᠢ ᠰᠢᠶᠤᠤ ᠸᠸᠢ ᠲᠦᠰᠢᠮᠡᠯ ᠬᠠᠨ ᠿᠦᠩ ᠢ ᠾᠦᠩᠨᠦ ᠳᠦ ᠡᠯᠴᠢᠯᠡᠬᠦᠯᠡᠪᠡ᠂ ᠲᠤᠬᠠᠢ ᠶᠢᠨ ᠦᠶ᠎ᠡ᠂ ᠬᠠᠨ ᠤᠯᠤᠰ ᠤᠨ ᠬᠤᠸᠠᠩᠳᠢ ᠶᠢᠨ ᠨᠠᠭᠠᠴᠤ ᠪᠦᠭᠡᠳ ᠶᠡᠬᠡ ᠰᠸ᠋ ᠮᠨ ᠫᠢᠶᠤᠤ ᠴᠢ ᠵᠠᠩᠵᠦᠨ ᠸᠠᠩ ᠭᠧᠩ ᠡᠴᠡ ᠱᠠᠩ ᠱᠦ ᠤᠨ ᠠᠵᠢᠯ ᠲᠦᠷᠦ ᠡᠷᠬᠢᠯᠡᠬᠦ ᠪᠠᠢᠭᠤᠯᠤᠯᠭ᠎ᠠ   ᠤᠳᠤᠷᠢᠳᠴᠤ ᠪᠠᠢᠪᠠ᠂ ᠦᠬᠡᠷ᠎ᠠ ᠬᠦᠮᠦᠨ ᠸᠠᠩ ᠭᠧᠩ ᠳᠦ ᠡᠢᠨᠬᠦ ᠦᠬᠦᠯᠡᠭᠰᠡᠨ ᠨᠢ᠄︽ᠾᠦᠩᠨᠦ ᠡᠴᠡ ᠬᠠᠨ ᠤᠯᠤᠰ ᠤᠨ ᠭᠠᠵᠠᠷ ᠨᠤᠲᠤᠭ ᠤᠷᠤᠭᠤ ᠰᠤᠨᠠᠨ ᠤᠷᠤᠭᠰᠠᠨ ᠭᠠᠵᠠᠷ ᠪᠤᠢ᠂ ᠲᠡᠨᠳ᠋ᠨ ᠰᠠᠢᠨ ᠴᠢᠨᠠᠷ ᠤᠨ ᠮᠤᠳᠤ ᠤᠷᠭᠤᠨ᠎ᠠ᠂ ᠰᠤᠮᠤᠨ ‍ᠣ ᠡᠰᠢ ᠶᠢ ᠲᠡᠬᠦᠪᠡᠷ ᠬᠢᠳᠡᠭ᠂ ᠬᠠᠨ ᠤᠯᠤᠰ ᠤᠨ ᠬᠢᠯᠢ ᠳᠦ ᠤᠢᠷᠬᠠᠨ ᠪᠦᠭᠡᠳ ᠪᠠᠢᠩᠭᠤ ᠤᠢᠮᠡᠯᠡᠨ᠎ᠡ᠂ ᠤᠯᠤᠰ ᠭᠦᠷᠦᠨ ᠦᠷᠬᠡᠨ ᠠᠭᠤᠳᠠᠮ ᠭᠠᠵᠠᠷ ᠨᠤᠲᠤᠭ ᠲᠠᠢ ᠪᠤᠯᠵᠤ ᠲᠡᠯᠢᠪᠠᠰᠤ᠂ ᠵᠠᠩᠵᠦᠨ ᠭᠠᠪᠢᠶ᠎ᠠ ᠲᠠᠢ ᠪᠤᠯᠤᠨ᠎ᠠ᠃ ᠲᠡᠬᠦᠨ ᠢ ᠤᠯᠪᠠᠰᠤ᠂ ᠠᠴᠢ ᠲᠤᠰᠨ ᠨᠢ ᠠᠰᠢᠳ᠋ᠨ ᠪᠠᠷᠠᠭᠳᠠᠰᠢ ᠦᠬᠡᠢ ᠪᠤᠯᠠᠢ᠂︾ᠬᠡᠪᠡ᠃ ᠸᠠᠩ ᠭᠧᠩ ᠡᠴᠡ ᠳᠡᠭᠡᠳᠦᠰ ᠬᠠᠨ ᠤᠯᠤᠰ ᠤᠨ ᠬᠤᠸᠠᠩᠳᠢ  ᠲᠤ ᠠᠰᠢᠭ ᠢ ᠦᠬᠦᠯᠡᠪᠡ᠂ ᠳᠡᠭᠡᠳᠦᠰ ᠡᠴᠡ ᠾᠦᠩᠨᠦ ᠳᠦ ᠰᠢᠭᠤᠳ ᠬᠡᠯᠡᠵᠤ ᠠᠪᠤᠶ᠎ᠠ ᠬᠡᠪᠠᠰᠤ᠂ ᠦᠭᠬᠦ ᠦᠬᠡᠢ ᠪᠠᠢᠵᠤ ᠮᠠᠭᠠᠳ᠂ ᠲᠡᠭᠡᠭᠡᠳ ᠲᠦᠷᠦ ᠤᠯᠤᠰ ᠤᠨ ᠰᠦᠷ ᠤᠨᠠᠭᠤᠵᠠᠢ ᠬᠡᠪᠡ᠂ ᠸᠠᠩ ᠭᠧᠩ ᠡᠴᠡ ᠲᠡᠷᠨ ᠳᠠᠷᠦᠢ ᠳᠡᠭᠡᠳᠦᠰ ᠦᠨ ᠰᠠᠨᠠᠭ᠎ᠠ ᠬᠡᠮᠡᠨ ᠹᠠᠨ ᠳᠤ ᠬᠡᠯᠡᠵᠤ᠂ ᠠᠪᠤᠶ᠎ᠠ ᠬᠡᠮᠡᠨ ᠬᠡᠯᠨ ᠬᠡᠮᠡᠨ ᠵᠠᠷᠯᠢᠭᠳᠠᠪᠠ᠂ ᠹᠠᠨ ᠨᠢ ᠾᠦᠩᠨᠦ ᠬᠦᠷᠦᠭᠡᠳ ᠬᠡᠯᠡᠯᠴᠡᠵᠤ ᠰᠠᠭᠤᠬᠤ ᠶᠢᠨ ᠬᠤᠭᠤᠷᠤᠨᠳᠤ᠂ ᠴᠠᠨ ᠢᠥᠢ ᠳᠦ ᠡᠢᠨ ᠦᠬᠦᠯᠡᠵᠡᠢ᠄︽ᠾᠦᠩᠨᠦ ᠡᠴᠡ ᠬᠠᠨ ᠤᠯᠤᠰ ᠤᠷᠤᠭᠤ ᠰᠤᠨᠠᠵᠤ ᠤᠷᠤᠭᠰᠠᠨ ᠭᠠᠵᠠᠷ ᠪᠤᠢ ᠶᠢ ᠬᠡᠨᠡᠳᠳ᠋ᠨ ᠬᠠᠷᠠᠪᠠ᠂ ᠵᠠᠩ ᠶᠧ ᠬᠦᠷᠳᠡᠭ ᠠᠵᠠᠢ᠃ ᠬᠠᠨ ᠤᠯᠤᠰ ᠤᠨ ᠭᠤᠷᠪᠠᠨ ᠳ᠋ᠦ᠋ ᠸᠸᠢ ᠲᠦᠰᠢᠮᠡᠯ ᠬᠠᠷᠠᠭᠤᠯ ᠳᠤ ᠰᠠᠭᠤᠨ᠎ᠠ᠂ ᠬᠡᠳᠦᠨ ᠵᠠᠭᠤᠨ ᠬᠠᠷᠠᠭᠤᠯ ᠤᠨ ᠴᠡᠷᠢᠭ᠂ ᠬᠠᠯᠠᠭᠤᠨ ᠬᠦᠢᠲᠠᠨ ᠭᠡᠳ ᠵᠤᠪᠠᠨ ᠦᠬᠦᠵᠦ ᠪᠠᠢᠨ᠎ᠠ᠂ ᠴᠠᠨ ᠢᠥᠢ ᠬᠡᠷᠪᠡ ᠪᠢᠴᠢᠭ ᠡᠷᠬᠦᠨ ᠡᠨᠡ ᠭᠠᠵᠠᠷ ᠢ ᠪᠠᠷᠢᠵᠤ᠂ ᠵᠤᠪᠠᠯᠠᠩ ᠤᠨ ᠦᠨᠳᠦᠰᠦ ᠶᠢ ᠲᠠᠰᠤᠯᠠᠨ᠂ ᠭᠤᠷᠪᠠᠨ ᠳ᠋ᠦ᠋ ᠸᠸᠢ ᠲᠦᠰᠢᠮᠡᠯ᠂ ᠮᠦᠨ ᠴᠡᠷᠢᠭ ᠳᠠᠢᠴᠢᠳ ᠤᠨ ᠬᠡᠳᠦᠨ ᠵᠠᠭᠤᠨ ᠬᠦᠮᠦᠨ ‍ᠣ ᠵᠤᠪᠠᠯᠠᠩ ᠢ ᠨᠢᠮᠬᠡᠯᠡᠵᠤ᠂ ᠡᠵᠡᠨ ‍ᠣ ᠬᠠᠢᠷ᠎ᠠ ᠶᠢᠨ ᠬᠠᠷᠢᠭᠤ ᠪᠤᠯᠭᠠᠵᠤ ᠪᠠᠷᠢᠪᠠᠰᠤ᠂ ᠪᠤᠴᠠᠭᠠᠭᠠᠳ ᠶᠡᠬᠡ ᠱᠠᠩᠨᠠᠭᠳᠠᠬᠤ ᠪᠤᠯᠤᠨ᠎ᠠ᠃ ︾ᠬᠡᠪᠡ᠂ ᠴᠠᠨ ᠢᠥᠢ ᠡᠴᠡ ᠄︽ᠡᠨᠡ ᠨᠢ ᠲᠩᠷᠢ ᠶᠢᠨ ᠬᠦᠪᠡᠬᠦᠨ ‍ᠣ ᠵᠠᠷᠯᠢᠭ ᠦᠦ᠂ ᠵᠠ ᠡᠰᠡᠬᠦᠯ᠎ᠠ ᠡᠯᠴᠢ ᠲᠠᠨ ‍ᠣ ᠰᠠᠨᠠᠭ᠎ᠠ ᠦᠦ ︾ᠭᠡᠪᠡ᠂ ᠹᠠᠨ ᠠᠴᠠ᠄︽ᠵᠠᠷᠯᠢᠭ ᠲᠤ ᠲᠡᠭᠡᠵᠤ ᠦᠬᠦᠯᠡᠭᠰᠡᠨ᠂ ᠴᠠᠨ ᠢᠥᠢ ᠲᠠᠨ ᠳᠤ ᠰᠠᠢᠨ ᠢ ᠰᠠᠨᠠᠯ ᠪᠤᠯᠭᠠᠵᠤ ᠪᠠᠢᠭ᠎ᠠ ᠰᠢᠤ︕︾ᠬᠡᠪᠡ᠃ ᠴᠠᠨ ᠢᠥᠢ ᠨᠢ ᠵᠠᠩ ᠠᠴᠠ ᠄︽ᠰᠢᠶᠤᠤ ᠰᠢᠥᠸᠠᠨ᠂ ᠰᠢᠶᠤᠤ ᠶᠤᠸᠠᠨ ᠬᠤᠸᠠᠩᠳᠢ ᠠᠴᠠ ᠬᠡᠦ ᠬᠠᠨ ᠶᠧ ᠴᠠᠨ ᠢᠥᠢ ᠶᠢ ᠦᠷᠦ ᠡᠪᠡᠳᠴᠤ᠂ ᠴᠠᠭᠠᠨ ᠬᠡᠷᠡᠮ ᠡᠴᠡ ᠬᠤᠢᠰᠢ ᠪᠠᠨ ᠾᠦᠩᠨᠦ ᠶᠢᠨ ᠭᠠᠵᠠᠷ ᠨᠤᠲᠤᠭ ᠬᠡᠮᠡᠭᠰᠡᠨ ᠪᠢᠯᠨ᠂ ᠡᠨᠡ ᠭᠠᠵᠠᠷ ᠪᠤᠯᠪᠠᠰᠤ ᠤᠦ ᠶᠠᠩ ᠸᠠᠩ ᠤᠨ ᠬᠠᠷᠢᠶᠠᠨ ᠳᠤ ᠪᠤᠢ᠂  ᠶᠠᠨ ᠸᠠᠩ ᠤᠨ ᠬᠠᠷᠢᠶᠠᠨ ‍ᠣ ᠭᠠᠵᠠᠷ ᠪᠤᠯᠤᠨ᠎ᠠ᠂ ᠲᠡᠷᠨ ᠭᠠᠵᠠᠷ ᠤᠨ ᠪᠠᠢᠳᠠᠯ ᠢ ᠮᠡᠳᠡᠭᠰᠡᠨ ᠦᠬᠡᠢ᠂ ᠡᠯᠴᠢ ᠶᠠᠪᠤᠭᠤᠯᠤᠨ ᠮᠡᠳᠡᠶ᠎ᠡ︾ ᠭᠡᠵᠤ ᠬᠡᠯᠡᠪᠡ᠃ ᠲᠡᠭᠡᠭᠡᠳ ᠹᠠᠨ᠂ ᠬᠠᠨ ᠤᠯᠤᠰ ᠤᠷᠤᠭᠤ ᠪᠤᠴᠠᠪᠠ᠂ ᠬᠤᠢᠨ᠎ᠠ ᠡᠯᠴᠢ ᠶᠠᠪᠤᠭᠤᠯᠤᠨ ᠡᠨᠡ ᠭᠠᠵᠠᠷ ᠢ ᠠᠰᠠᠭᠤᠪᠠ᠂ ᠴᠠᠨ ᠢᠥᠢ ᠡᠴᠡ᠄︽ᠡᠴᠢᠬᠡ ᠠᠬ᠎ᠠ ᠭᠡᠳ ᠲᠠᠪᠤᠨ ᠦᠶ᠎ᠡ ᠶᠢ ᠦᠩᠬᠡᠷᠡᠬᠦᠯᠡᠭᠰᠡᠨ ᠪᠤᠯᠤᠨ᠎ᠠ᠂ ᠬᠠᠨ ᠤᠯᠤᠰ ᠠᠴᠠ ᠡᠨᠡ ᠭᠠᠵᠠᠷ ᠢ ᠠᠰᠠᠭᠤᠭᠠᠳ ᠦᠬᠡᠢ ᠪᠢᠯᠨ᠂ ᠡᠳᠦᠬᠡ ᠶᠠᠭᠤ ᠪᠤᠯᠤᠭᠠᠳ ᠡᠨᠡ ᠭᠠᠵᠠᠷ ᠢ ᠬᠦᠰᠡᠭᠡᠳ ᠪᠠᠢᠨ᠎ᠠ ᠪᠤᠢ       ᠶᠠᠨ ᠸᠠᠩ ᠡᠴᠡ ᠨᠢᠭᠲᠠᠯᠠᠭᠰᠠᠨ ᠪᠤᠯᠤᠨ᠎ᠠ᠂ ᠾᠦᠩᠨᠦ ᠶᠢᠨ ᠪᠠᠷᠠᠭᠤᠨ ᠬᠢᠯᠢ ᠶᠢᠨ ᠤᠯᠠᠨ ᠨᠤᠶᠠᠳ᠂ ᠵᠤᠯᠤᠮ ᠭᠡᠷ ᠪᠤᠯᠤᠨ ᠲᠡᠷᠭᠡ ᠬᠢᠬᠦ ᠳᠡᠬᠡᠨ ᠮᠤᠳᠤ ᠰᠤᠳᠤ ᠶᠢ ᠨᠢ ᠠᠰᠢᠭᠯᠠᠳᠠᠭ᠂ ᠪᠠᠰᠨ ᠳᠡᠭᠡᠳᠦᠰ ᠦᠨ ᠭᠠᠵᠠᠷ ᠪᠦᠭᠡᠳ ᠠᠯᠳᠠᠬᠤ ᠠᠴᠠ ᠪᠡᠨ ᠪᠤᠯᠭᠤᠮᠵᠢᠯᠠᠳᠠᠭ  ᠬᠡᠪᠡ᠂ ᠹᠠᠨ ᠪᠤᠴᠠᠪᠠ᠂ ᠲᠤᠰᠢᠶᠠᠯ ᠳᠡᠪᠰᠢᠵᠦ ᠠᠵᠢᠯ ᠰᠢᠯᠵᠢᠪᠠ᠂ ᠴᠠᠨ ᠢᠥᠢ ᠡᠴᠡ ᠪᠢᠴᠢᠭ ᠡᠷᠬᠦᠵᠤ᠂ ᠹᠠᠨ ‍ᠣ ᠭᠠᠵᠠᠷ ᠬᠦᠰᠡᠭᠰᠡᠨ ᠤᠴᠢᠷ ᠢ ᠠᠰᠠᠭᠤᠪᠠ᠂ ᠵᠠᠷᠯᠢᠭ ᠭᠠᠷᠭᠠᠨ ᠴᠠᠨ ᠢᠥᠢ ᠳᠦ ᠬᠠᠷᠢᠭᠤ ᠪᠤᠯᠭᠠᠭᠰᠠᠨ ᠨᠢ᠄  ᠹᠠᠨ᠂ ᠳᠤᠷ᠎ᠠ ᠪᠠᠷ ᠢᠶᠠᠨ ᠵᠠᠷᠯᠢᠭ ᠬᠡᠮᠡᠨ ᠴᠠᠨ ᠢᠥᠢ ᠡᠴᠡ ᠭᠠᠵᠠᠷ ᠬᠦᠰᠡᠵᠠᠢ᠂ ᠬᠠᠤᠯᠢ ᠶᠤᠰᠤᠭᠠᠷ ᠪᠤᠯ ᠴᠠᠭᠠᠵᠢᠯᠠᠬᠤ ᠶᠤᠰᠤᠲᠠᠢ᠂ ᠲᠡᠭᠡᠭᠰᠡᠨ ᠴᠤ ᠶᠡᠬᠡ ᠦᠷᠦᠰᠢᠶᠡᠯ ᠳᠦ ᠪᠠᠭᠲᠠᠭᠠᠪᠠ᠂ ᠦᠨᠦ ᠹᠠᠨ ᠢ ᠵᠢᠨᠠᠨ ‍ᠣ ᠲᠠᠢᠱᠸᠤ ᠲᠦᠰᠢᠮᠡᠯ ᠪᠤᠯᠭᠠᠭᠰᠠᠨ ᠤᠴᠢᠷ᠂ ᠾᠦᠩᠨᠦ ᠶᠢᠨ ᠬᠡᠷᠡᠭ ᠤᠴᠢᠷ ᠢ ᠨᠡᠭᠡᠬᠦ ᠦᠬᠡᠢ᠃︾ᠭᠡᠪᠡ᠃     
    ᠡᠨᠡ ᠦᠶ᠎ᠡ ᠨᠢ ᠬᠠᠨ ᠤᠯᠤᠰ ᠤᠨ ᠬᠠᠨ ᠰᠢᠥᠸᠠᠨ ᠳ᠋ᠢ ᠪᠠᠢᠭᠰᠠᠨ ᠪᠦᠭᠡᠳ ᠲᠡᠬᠦᠨ ‍ᠣ ᠡᠵᠢ ᠪᠤᠯᠬᠤ ᠸᠠᠩ ᠤᠪᠤᠭᠲᠤ ᠬᠠᠲᠤᠨ ‍ᠣ ᠲᠡᠬᠦᠨᠡᠷ᠂ ᠬᠠᠨ ᠤᠯᠤᠰ ᠤᠨ ᠲᠦᠷᠦ ᠶᠢᠨ ᠡᠷᠭᠡ ᠮᠡᠳᠡᠯ ᠢ ᠭᠠᠷ ᠲᠠᠭᠠᠨ ᠠᠤᠬᠤᠭᠰᠠᠨ ᠴᠠᠭ ᠪᠠᠢᠯ᠎ᠠ᠂ ᠲᠤᠬᠠᠢ ᠶᠢᠨ ᠦᠶ᠎ᠡ ᠶᠢᠨ ᠾᠦᠩᠨᠦ ᠴᠤ ᠭᠡᠰᠡᠨ ᠶᠡᠬᠡᠯ᠎ᠠ ᠬᠦᠴᠦᠲᠠᠢ ᠪᠠᠢᠭᠰᠠᠨ ᠪᠤᠯᠤᠯᠲᠠᠢ᠂ ᠦᠵᠤᠯᠤ ᠴᠠᠨ ᠢᠥᠢ ᠨᠢ ᠪᠠᠷᠠᠭᠤᠨ ᠬᠠᠨ ᠤᠯᠤᠰ ᠪᠤᠯᠤᠨ ᠸᠠᠩ ᠮᠠᠩ ᠠᠴᠠ ᠶᠡᠬᠡᠬᠡᠨ ᠪᠡᠯᠡᠭ ᠠᠪᠴᠤ ᠪᠠᠢᠭᠰᠠᠨ ᠪᠦᠬᠡᠳ ᠮᠦᠨ ᠡᠨᠡ ᠴᠠᠨ ᠢᠥᠢ ᠶᠢᠨ ᠦᠶ᠎ᠡ ᠳᠦ᠂ ᠡᠮᠦᠨᠠᠳᠤ ᠾᠦᠩᠨᠦ ᠭᠦᠷᠦᠨ ᠢ︽ᠬᠦᠮᠦᠨ ᠠᠷᠠᠳ ᠨᠢ ᠠᠰᠤᠷᠤ ᠬᠦᠴᠦᠲᠠᠢ︾ᠭᠡᠵᠤ᠂ ᠬᠢᠲᠠᠳ ᠤᠨ ᠡᠷᠲᠡᠨ ‍ᠣ ᠲᠡᠥᠬᠡᠨ ᠰᠤᠷᠪᠤᠯᠵᠢ ᠳᠤ ᠲᠡᠮᠳᠡᠭᠯᠡᠵᠡᠢ᠂ ᠲᠡᠢᠮᠦ ᠡᠴᠡ ᠲᠡᠳᠡᠨ ᠳᠦ ᠬᠠᠨ ᠤᠯᠤᠰ ᠠᠷᠠᠢ ᠪᠠᠰᠨ ᠳᠡᠭᠡᠷᠡᠯᠬᠡᠵᠤ ᠶᠡᠬᠡ ᠵᠠᠩ ᠭᠠᠷᠭᠠᠵᠤ ᠴᠢᠳᠠᠬᠤ ᠦᠬᠡᠢ ᠪᠠᠢᠪᠠ᠂ ᠬᠠᠷᠢᠨ ᠬᠠᠨ ᠤᠯᠤᠰ ᠤᠨ ᠬᠤᠸᠠᠩᠳᠢ᠂ ᠬᠤᠸᠠᠩᠳᠢ ᠶᠢᠨ ᠨᠠᠭᠠᠴᠤ᠂ ᠮᠦᠨ ᠡᠯᠴᠢ ᠭᠡᠳ᠂ ᠬᠡᠥᠬᠡᠳ ᠮᠡᠬᠡᠯᠡᠬᠦ ᠰᠢᠭ ᠠᠷᠭ᠎ᠠ ᠭᠠᠷᠳᠠᠭᠰᠠᠨ ᠨᠢ ᠰᠤᠨᠢᠨ ᠰᠠᠨᠠᠭᠳᠠᠨ᠎ᠠ᠂ ᠡᠨᠡ ᠲᠡᠥᠬᠡᠨ ᠤᠢᠯᠨ ᠶᠠᠪᠤᠳᠠᠯ ᠶᠢ ᠲᠤᠤᠯᠢ ᠵᠠᠩᠭᠠᠷ ᠤᠨ ᠦᠨᠴᠦᠭ ᠡᠴᠡ ᠬᠠᠷᠠᠪᠠᠯ᠂ ᠭᠠᠵᠠᠷ ᠨᠤᠲᠤᠭ ᠪᠤᠯᠢᠶᠠᠯᠳᠤᠭᠰᠠᠨ ᠬᠡᠳᠡᠭ ᠢᠶᠡᠷ ᠢᠶᠡᠨ︽ᠤᠷᠴᠢᠯᠠᠩ ᠤᠨ ᠰᠠᠢᠬᠠᠨ ᠮᠢᠩᠶᠠᠨ᠂ ᠰᠢᠷᠠᠭᠤᠤᠯ ᠤᠨ ᠭᠤᠷᠪᠠᠨ ᠬᠠᠭᠠᠨ ᠲᠠᠢ ᠵᠠᠷᠭᠤᠴᠠᠭᠰᠠᠨ ᠪᠦᠯᠦᠭ︾  ᠰᠠᠨᠠᠭᠳᠠᠭᠤᠯᠤᠨ᠎ᠠ᠃ 
    ᠬᠠᠷᠢᠨ ᠳᠠᠷᠠᠭ᠎ᠠ ᠶᠢᠨ ᠤᠢᠯᠨ ᠶᠠᠪᠤᠳᠠᠯ᠂ ᠪᠠᠢᠳᠠᠯ ᠦᠬᠡᠷᠴᠢᠯᠡᠭᠳᠡᠭᠰᠡᠨ ᠬᠡᠳᠡᠭ ᠢ ᠬᠡᠷᠡᠴᠢᠯᠡᠨ᠎ᠡ᠂ ᠡᠨᠡ ᠨᠢ ᠾᠦᠩᠨᠦ ᠡᠴᠡ ᠪᠢᠰᠢ᠂ ᠬᠠᠷᠢᠨ ᠬᠠᠨ ᠤᠯᠤᠰ ᠤᠨ ᠲᠦᠷᠦ ᠶᠢᠨ ᠡᠷᠭᠡ ᠶᠢ ᠪᠤᠯᠢᠶᠠᠵᠤ ᠠᠪᠤᠭᠰᠠᠨ ᠸᠠᠩ ᠮᠠᠩ ᠭᠡᠳᠡᠭ ᠨᠦᠬᠦᠷ ᠡᠴᠡ ᠰᠢᠯᠲᠠᠭᠠᠯᠠᠵᠠᠢ᠂ ᠳᠤᠤᠷ᠎ᠠ ᠦᠵᠡᠪᠠᠯ᠄   
    ᠸᠠᠩ ᠮᠠᠩ ᠠᠴᠠ ᠤᠷᠤ ᠪᠤᠯᠢᠶᠠᠪᠠ᠂ ᠤᠯᠤᠰ ᠪᠠᠢᠭᠤᠯᠤᠭᠰᠠᠨ ‍ᠣ ᠠᠩᠬᠠᠨ ‍ᠣ ᠤᠨ᠂ ᠦ᠋ ᠸᠸᠢ ᠵᠠᠩᠵᠦᠨ ᠸᠠᠩ ᠵᠢᠶᠦᠢ᠌ᠨ ᠪᠡᠷ ᠤᠳᠤᠷᠢᠳᠤᠭᠤᠯᠤᠨ᠂ ᠵᠧᠨ ᠴᠢᠥᠢ᠂ ᠸᠠᠩ ᠹᠧᠩ ᠂ ᠴᠧᠨ ᠶᠤᠤ᠂ ᠵᠢᠩ ᠴᠠᠩ᠂ ᠳ᠋ᠢᠩ ᠶᠧ ᠭᠡᠬᠦ ᠵᠢᠷᠭᠤᠭᠠᠨ ᠬᠦᠮᠦᠨ ᠢ ᠶᠠᠪᠤᠭᠤᠯᠪᠠ᠂ ᠶᠡᠬᠡ ᠬᠡᠮᠵᠢᠶᠠᠨ ‍ᠣ  ᠬᠡᠮᠡᠷᠯᠢᠭ ᠲᠠᠢ ᠪᠡᠷ ᠴᠠᠨ ᠢᠥᠢ ᠳᠦ ᠲᠤᠮᠢᠯᠠᠪᠠ᠂ ᠵᠠᠷᠯᠢᠭ ᠢ ᠬᠦᠯᠢᠶᠠᠨ ᠬᠠᠨ ᠤᠯᠤᠰ ᠤᠨ ᠪᠠᠢᠳᠠᠯ ᠤᠨ ᠲᠤᠬᠠᠢ ᠮᠡᠳᠡᠬᠦᠯᠵᠤ᠂ ᠲᠡᠷᠨ ᠤᠴᠢᠷ ᠴᠠᠨ ᠢᠥᠢ ᠶᠢᠨ ᠬᠠᠭᠤᠴᠢᠨ ᠲᠠᠮᠠᠭ᠎ᠠ ᠶᠢ ᠰᠤᠯᠢᠨ᠎ᠠ ᠬᠡᠮᠡᠪᠡ᠃ ᠬᠠᠭᠤᠴᠢᠨ ᠲᠠᠮᠠᠭᠠᠨ  ᠳᠦ  ᠾᠦᠩᠨᠦ ᠶᠢᠨ ᠴᠠᠨ ᠢᠥᠢ ᠶᠢᠨ ᠬᠠᠰ ᠲᠠᠮᠠᠭ᠎ᠠ  ᠭᠡᠰᠡᠨ ᠪᠢᠴᠢᠭᠡᠰᠦ ᠲᠠᠢ᠂ ᠸᠠᠩ ᠮᠠᠩ ᠠᠴᠠ ᠰᠢᠨ᠎ᠠ ᠾᠦᠩᠨᠦ ᠶᠢᠨ ᠴᠠᠨ ᠢᠥᠢ ᠶᠢᠨ ᠲᠠᠮᠠᠭ᠎ᠠ  ᠭᠡᠵᠤ ᠰᠤᠯᠢᠵᠠᠢ᠂ ᠵᠠᠩᠵᠦᠨ ᠦᠳ ᠬᠦᠷᠦᠭᠡᠳ᠂ ᠴᠠᠨ ᠢᠥᠢ ᠳᠦ ᠲᠠᠮᠠᠭ᠎ᠠ ᠲᠡᠮᠳᠡᠭ ᠤᠯᠭᠤᠪᠠ᠂ ᠵᠠᠷᠯᠢᠭ ᠤᠨ ᠳᠠᠭᠠᠤ᠂ ᠬᠠᠭᠤᠴᠢᠨ ᠲᠠᠮᠠᠭ᠎ᠠ ᠲᠡᠮᠳᠡᠭ ᠢ ᠲᠤᠰᠢᠶᠠᠨ᠎ᠠ ᠦᠦ ᠬᠡᠪᠡ᠂ ᠴᠠᠨ ᠢᠥᠢ ᠡᠴᠡ ᠠᠬᠢᠵᠤ ᠶᠤᠰᠤᠯᠠᠭᠠᠳ ᠵᠠᠷᠯᠢᠭ ᠢ ᠬᠦᠯᠢᠶᠠᠪᠠ᠂ ᠤᠷᠴᠢᠭᠤᠯᠬᠤ ᠠᠴᠠ ᠡᠮᠦᠨ᠎ᠠ᠂ ᠬᠠᠭᠤᠴᠢᠨ ᠲᠠᠮᠠᠭ᠎ᠠ ᠲᠡᠮᠳᠡᠭ ᠢ ᠲᠡᠢᠯᠦᠨ ᠠᠪᠤᠶ᠎ᠠ ᠬᠡᠪᠡ᠂ ᠴᠠᠨ ᠢᠥᠢ ᠮᠡᠬᠦᠢᠨ ᠶᠤᠰᠤᠯᠠᠵᠤ ᠬᠦᠯᠢᠶᠠᠨ ᠠᠪᠬᠤ ᠬᠡᠲᠡᠯ᠎ᠠ᠂ ᠵᠡᠬᠦᠨ ‍ᠣ ᠭᠦ᠋ ᠱᠢ ᠾᠸᠤ ᠬᠡᠷᠬᠡᠮᠲᠠᠨ  ᠲᠦ᠋  ᠨᠢ ᠬᠠᠵᠠᠭᠤ ᠠᠴᠠ ᠴᠠᠨ ᠢᠥᠢ ᠳᠦ ᠦᠬᠦᠯᠡᠷᠦᠨ᠄ ᠰᠢᠨ᠎ᠠ ᠲᠠᠮᠠᠭ᠎ᠠ ᠶᠢ ᠦᠵᠡᠭᠡᠳ ᠦᠬᠡᠢ ᠪᠠᠢᠵᠤ ᠰᠤᠯᠢᠵᠤ ᠪᠤᠯᠬᠤ ᠦᠬᠡᠢ᠃  ᠬᠡᠮᠡᠪᠡ᠂ ᠴᠠᠨ ᠢᠥᠢ ᠪᠠᠢᠭᠠᠳ᠂ ᠦᠭᠬᠦ ᠦᠬᠡᠢ ᠪᠠᠢᠪᠠ᠂ ᠡᠯᠴᠢ ᠨᠠᠷ ᠢ ᠵᠤᠯᠤᠮ ᠭᠡᠷ ᠲᠦ ᠤᠷᠢᠵᠤ᠂ ᠴᠠᠨ ᠢᠥᠢ ᠤᠳᠠᠯ ᠦᠬᠡᠢ ᠤᠴᠢᠵᠦ ᠪᠡᠯᠡᠭᠯᠡᠶ᠎ᠡ ᠬᠡᠮᠡᠪᠡ᠂ ᠦ᠋ ᠸᠸᠢ ᠵᠠᠩᠵᠦᠨ ᠸᠠᠩ ᠡᠴᠡ᠄  ᠬᠠᠭᠤᠴᠢᠨ ᠲᠠᠮᠠᠭ᠎ᠠ ᠲᠡᠮᠳᠡᠭ ᠲᠤᠰᠢᠶᠠᠬᠤ ᠴᠠᠭ ᠪᠤᠯᠤᠭᠰᠠᠨ  ᠬᠡᠪᠡ᠂ ᠴᠠᠨ ᠢᠥᠢ  ᠪᠤᠯᠤᠨ᠎ᠠ  ᠬᠡᠮᠡᠪᠡ᠂ ᠠᠬᠢᠭᠠᠳ ᠮᠡᠬᠦᠢᠨ ᠶᠤᠰᠤᠯᠠᠵᠤ ᠬᠦᠯᠢᠶᠠᠨ ᠠᠪᠤᠪᠠ᠂  ᠡᠴᠡ ᠠᠬᠢᠭᠠᠳ᠄  ᠲᠠᠮᠠᠭᠠᠨ ‍ᠣ ᠪᠢᠴᠢᠭᠡᠰᠦ ᠶᠢ ᠬᠠᠷᠠᠭᠠᠳ ᠦᠬᠡᠢ ᠪᠠᠢᠵᠤ ᠰᠤᠯᠢᠵᠤ ᠪᠤᠯᠬᠤ ᠦᠬᠡᠢ  ᠬᠡᠪᠡ᠂ ᠴᠠᠨ ᠢᠥᠢ ᠡᠴᠡ᠄  ᠲᠠᠮᠠᠭᠠᠨ ‍ᠣ ᠪᠢᠴᠢᠭᠡᠰᠦ ᠶᠢ ᠶᠠᠭᠠᠬᠢᠭᠠᠳ ᠰᠤᠯᠢᠬᠤ ᠪᠤᠢ  ᠬᠡᠮᠡᠭᠡᠳ᠂ ᠬᠠᠭᠤᠴᠢᠨ ᠲᠠᠮᠠᠭ᠎ᠠ ᠲᠡᠮᠳᠡᠭ ᠢ ᠲᠠᠢᠯᠦᠨ ᠡᠷᠬᠦᠵᠤ ᠪᠠᠷᠢᠪᠠ᠂ ᠵᠠᠩᠵᠦᠨ ᠬᠦᠯᠢᠶᠠᠨ ᠠᠪᠤᠪᠠ᠂ ᠰᠢᠨ᠎ᠠ ᠲᠠᠮᠠᠭᠠᠨ ‍ᠣ ᠤᠭᠤᠳ᠋ᠨ ᠢ ᠲᠠᠢᠯᠤᠭᠠᠳ᠂ ᠰᠢᠢᠯᠡᠭᠰᠡᠨ ᠦᠰᠦᠭ ᠢ ᠡᠰᠨ ᠮᠡᠳᠡᠪᠡ᠂ ᠤᠷᠤᠢ ᠶᠢᠨ ᠬᠤᠭᠤᠯᠨ ‍ᠣ ᠳᠠᠷᠠᠭ᠎ᠠ ᠮᠡᠳᠡᠶ᠎ᠡ ᠬᠡᠮᠡᠪᠡ᠂ ᠪᠠᠷᠠᠭᠤᠨ ‍ᠣ ᠠᠬᠠᠯᠠᠭᠴᠢ ᠴᠧᠨ ᠶᠤᠤ  ᠡᠴᠡ ᠤᠯᠠᠨ ᠵᠠᠩᠵᠦᠨ ᠳᠤ ᠦᠬᠦᠯᠡᠭᠰᠡᠨ ᠨᠢ᠄  ᠬᠠᠵᠠᠭᠤ ᠶᠢᠨ ᠬᠦᠮᠦᠰ ᠨᠢ ᠲᠠᠮᠠᠭᠠᠨ ‍ᠣ ᠪᠢᠴᠢᠭᠡᠰᠦ ᠶᠢ ᠰᠡᠵᠢᠭᠯᠡᠵᠦ ᠪᠠᠢᠨ᠎ᠠ᠂ ᠠᠬᠢᠨ ᠳᠠᠬᠢᠨ ᠴᠠᠨ ᠢᠥᠢ ᠶᠢ ᠪᠢᠲᠦᠬᠡᠢ ᠦᠭᠬᠦᠭᠡᠷᠡᠢ ᠬᠡᠮᠡᠭᠰᠡᠨ᠂ ᠡᠳᠦᠬᠡ ᠲᠠᠮᠠᠭᠠᠨ ‍ᠣ ᠪᠢᠴᠢᠭᠡᠰᠦ ᠶᠢ ᠦᠵᠡᠭᠡᠳ᠂ ᠰᠤᠯᠢᠭᠳᠠᠭᠰᠠᠨ ᠢ ᠮᠡᠳᠡᠮᠡᠭᠴᠨ᠂ ᠵᠠᠪᠠᠯ ᠬᠠᠭᠤᠴᠢᠨ ᠲᠠᠮᠠᠭ᠎ᠠ ᠶᠢ ᠪᠡᠨ ᠠᠪᠤᠶ᠎ᠠ ᠭᠡᠪᠠᠰᠤ ᠦᠬᠦᠯᠡᠵᠤ ᠬᠡᠯᠡᠭᠡᠳ ᠤᠴᠢᠷ ᠢ ᠨᠢ ᠭᠠᠷᠭᠠᠵᠤ ᠦᠯᠦ ᠪᠤᠯᠬᠤ ᠠᠵᠠᠢ᠂ ᠠᠪᠤᠭᠰᠠᠨ ᠢ ᠪᠡᠨ ᠠᠬᠢᠭᠠᠳ ᠠᠯᠳᠠᠪᠠᠰᠤ᠂ ᠠᠮᠢᠳᠤ ᠶᠠᠪᠤᠭᠠᠳ ᠬᠡᠷᠡᠭ ᠠᠯᠠᠭ᠎ᠠ᠂ ᠲᠡᠭᠡᠭᠰᠡᠨ ‍ᠣ ᠤᠷᠤᠨ ᠳᠤ ᠬᠠᠭᠤᠴᠢᠨ ᠲᠠᠮᠠᠭ᠎ᠠ ᠶᠢ ᠡᠪᠳᠡᠶ᠎ᠡ᠂ ᠠᠶᠤᠯ ᠵᠤᠪᠠᠯᠠᠩ ᠢ ᠠᠷᠢᠯᠭᠠᠶ᠎ᠠ  ᠬᠡᠮᠡᠪᠡ᠂ ᠵᠠᠩᠵᠦᠨ᠂ ᠤᠯᠠᠨ ᠠᠴᠠ ᠠᠰᠠᠭᠤᠪᠠ᠂ ᠪᠦᠬᠦᠳᠡᠭᠡᠷ ᠵᠦᠪᠰᠢᠶᠡᠷᠡᠪᠡ᠂ ᠶᠤᠤ ᠪᠤᠯᠪᠠᠰᠤ ᠶᠠᠨ ᠭᠠᠵᠠᠷ ᠤᠨ ᠪᠠᠭᠠᠲᠤᠷ᠂ ᠰᠢᠳᠮᠡᠬᠡᠢ᠃ ᠰᠦᠬᠡ ᠠᠪᠤᠨ ᠡᠪᠳᠡᠪᠡ᠂ ᠳᠠᠷᠠᠭ᠎ᠠ ᠡᠳᠦᠷ ᠨᠢ ᠴᠠᠨ ᠢᠥᠢ ᠦᠨᠡᠬᠡᠷ ᠪᠠᠷᠠᠭᠤᠨ ᠭᠦ᠋ ᠳ᠋ᠸᠤ ᠾᠸᠤ ᠲᠦᠰᠢᠮᠠᠯ ᠳ᠋ᠠᠩ ᠪᠠᠢ ᠶᠠᠪᠤᠭᠤᠯᠤᠨ ᠵᠠᠩᠵᠦᠨ ᠳᠤ ᠬᠡᠯᠡᠬᠦᠯᠡᠭᠰᠡᠨ ᠨᠢ᠄  ᠬᠠᠨ ᠤᠯᠤᠰ ᠠᠴᠠ ᠴᠠᠨ ᠢᠥᠢ ᠳᠦ ᠰᠤᠶᠤᠷᠬᠠᠭᠰᠠᠨ ᠲᠠᠮᠠᠭ᠎ᠠ ᠶᠢ ᠬᠠᠰ ᠲᠠᠮᠠᠭ᠎ᠠ ᠬᠡᠳᠡᠭ᠂ ᠲᠡᠮᠳᠡᠭ ᠭᠡᠳᠡᠭ ᠦᠬᠡᠢ ᠪᠠᠢᠭᠰᠠᠨ᠂ ᠲᠡᠭᠡᠭᠡᠳ ᠪᠠᠰᠨ ᠬᠠᠨ ᠤᠯᠤᠰ ᠬᠡᠮᠡᠬᠦ ᠦᠰᠦᠭ ᠪᠠᠢᠬᠤ ᠦᠬᠡᠢ᠂ ᠤᠯᠠᠨ ᠸᠠᠩ ᠤᠨ ᠵᠡᠷᠭᠡᠯᠡᠯ ᠲᠠᠢ ᠨᠢ ᠬᠠᠨ ᠤᠯᠤᠰ ᠬᠡᠮᠡᠭᠰᠡᠨ ᠪᠦᠭᠡᠳ ᠲᠠᠮᠠᠭ᠎ᠠ ᠬᠡᠳᠡᠭ᠂ ᠡᠳᠦᠬᠡ ᠬᠠᠰ ᠲᠠᠮᠠᠭ᠎ᠠ ᠭᠡᠰᠡᠨ ᠢ ᠦᠬᠡᠢ ᠪᠤᠯᠭᠠᠵᠤ᠂ ᠰᠢᠨ᠎ᠠ ᠬᠡᠮᠡᠭᠰᠡᠨ ᠦᠰᠦᠭ ᠨᠡᠮᠡᠭᠳᠡᠵᠡᠢ᠂ ᠰᠠᠢᠳ ᠲᠠᠢ ᠶᠠᠮᠠᠷ ᠢᠯᠭᠠᠭ᠎ᠠ ᠪᠠᠢᠨ᠎ᠠ ᠪᠤᠢ  ᠬᠠᠭᠤᠴᠢᠨ ᠲᠠᠮᠠᠭ᠎ᠠ ᠶᠢ ᠪᠡᠨ ᠠᠪᠤᠶ᠎ᠠ  ᠬᠡᠮᠡᠪᠡ᠂ ᠵᠠᠩᠵᠦᠨ ᠨᠤᠭᠤᠳ ᠬᠠᠭᠤᠴᠢᠨ ᠲᠠᠮᠠᠭ᠎ᠠ ᠶᠢ ᠬᠠᠷᠠᠭᠤᠯᠠᠭᠠᠳ ᠬᠡᠯᠡᠭᠰᠡᠨ ᠨᠢ᠄ ᠰᠢᠨ᠎ᠠ ᠡᠵᠡᠨ ᠲᠩᠷᠢ ᠶᠢᠨ ᠰᠠᠨᠠᠭ᠎ᠠ ᠶᠢ ᠡᠶᠡᠯᠳᠦᠨ ᠳᠠᠭᠠᠵᠤ ᠬᠢᠭᠰᠡᠨ ᠪᠤᠯᠤᠨ᠎ᠠ᠂ ᠡᠢᠮᠦ ᠤᠴᠢᠷ᠂ ᠬᠠᠭᠤᠴᠢᠨ ᠲᠠᠮᠠᠭ᠎ᠠ ᠶᠢ ᠵᠠᠩᠵᠦᠨ ᠨᠤᠭᠤᠳ ᠠᠴᠠ ᠡᠵᠡᠨ ᠮᠡᠳᠡᠭᠡᠳ ᠡᠪᠳᠡᠪᠡ᠂ ᠴᠠᠨ ᠢᠥᠢ ᠲᠠ᠂ ᠲᠩᠷᠢ ᠶᠢᠨ ᠰᠠᠨᠠᠭ᠎ᠠ ᠶᠢ ᠳᠡᠭᠡᠳᠦᠯᠡᠨ᠂ ᠰᠢᠨ᠎ᠠ ᠡᠵᠡᠨ ‍ᠣ ᠶᠤᠰᠤ ᠶᠢ ᠡᠷᠬᠢᠮᠨᠠᠪᠠᠰᠤ ᠵᠤᠬᠢᠨ᠎ᠠ  ᠬᠡᠪᠡ᠂ ᠳ᠋ᠠᠩ ᠪᠤᠴᠠᠭᠠᠳ ᠮᠡᠳᠡᠬᠦᠯᠪᠡ᠂ ᠴᠠᠨ ᠢᠥᠢ ᠶᠠᠭᠠᠬᠢᠵᠤ ᠴᠤ ᠴᠢᠳᠠᠬᠤ ᠦᠬᠡᠢ ᠪᠡᠨ ᠮᠡᠳᠡᠪᠡ᠃    
    ᠳᠡᠭᠡᠷᠡᠬᠢ ᠲᠡᠮᠳᠡᠭᠯᠡᠯ ᠡᠴᠡ ᠦᠵᠡᠬᠦ ᠳᠦ᠂ ᠮᠠᠰᠢ ᠬᠦᠨᠳᠦ ᠬᠡᠴᠡᠬᠦᠦ ᠦᠶ᠎ᠡ ᠪᠠᠢᠵᠠᠢ᠂ ᠸᠠᠩ ᠮᠠᠩ ᠤᠨ ᠬᠢᠭᠰᠡᠨ ᠪᠦᠬᠦᠨ ᠨᠢ ᠡᠮᠦᠨᠠᠳᠤ ᠾᠦᠩᠨᠦ ᠶᠢᠨ ᠲᠤᠰᠠᠭᠠᠷ ᠲᠦᠷᠦ ᠶᠢᠨ ᠪᠠᠢᠳᠠᠯ ᠢ ᠠᠯᠳᠠᠭᠤᠯᠬᠤ ᠭᠡᠰᠡᠨ ᠤᠢᠯᠨ ᠶᠠᠪᠤᠳᠠᠯ ᠪᠤᠯᠤᠨ᠎ᠠ᠂ ᠲᠡᠭᠡᠬᠦ ᠳᠡᠬᠡᠨ ᠡᠮᠦᠨᠠᠳᠦ ᠾᠦᠩᠨᠦ ᠶᠢᠨ ᠬᠢᠨ᠂ ᠸᠠᠩ ᠮᠠᠩ ᠤᠨ ᠰᠠᠨᠠᠭᠰᠠᠨ ᠪᠦᠬᠦᠨ ᠢ ᠡᠶᠡᠯᠳᠦᠨ ᠳᠠᠭᠠᠳᠠᠭ ᠵᠦᠬᠡᠯᠡᠨ ᠴᠢᠬᠢ ᠲᠠᠢ ᠬᠦᠮᠦᠰ ᠪᠢᠰᠢ ᠪᠠᠢᠯ᠎ᠠ᠂ ᠡᠬᠦᠨ ‍ᠣ ᠳᠠᠷᠠᠭ᠎ᠠ ᠲᠡᠥᠬᠡᠨ ᠪᠤᠯᠤᠭᠰᠠᠨ ᠪᠠᠢᠳᠠᠯ ᠢ ᠲᠡᠥᠬᠡ ᠰᠤᠨᠢᠷᠬᠠᠭᠴᠢᠳ ᠮᠡᠳᠡᠳᠡᠭ ᠯᠠ ᠪᠠᠢᠬᠤ᠂ ᠦᠵᠤᠯᠤ ᠴᠠᠨ ᠢᠥᠢ᠂ ᠴᠡᠷᠢᠭ ᠳᠠᠢᠴᠢᠯᠠᠨ ᠪᠠᠢᠯᠳᠤᠨ᠎ᠠ᠂ ᠬᠠᠨ ᠤᠯᠤᠰ ᠤᠨ ᠲᠦᠷᠦ ᠤᠢᠮᠡᠵᠦ᠂ ᠪᠤᠵᠢᠬᠢᠨᠠᠨ᠎ᠠ᠃ ᠸᠠᠩ ᠮᠠᠩ ᠰᠡᠬᠦᠯᠡᠷ ᠨᠢ ᠤᠷᠳᠤᠨ ᠳᠤᠲᠤᠷ᠎ᠠ ᠦᠬᠦᠵᠤ ᠲᠠᠭᠤᠰᠠᠨ᠎ᠠ᠃ ᠡᠨᠡ ᠶᠠᠪᠤᠳᠠᠯ ᠡᠬᠦᠪᠡᠷ ᠲᠠᠭᠤᠰᠠᠳᠠᠭ ᠦᠬᠡᠢ᠂ ᠡᠮᠦᠨᠠᠳᠤ ᠾᠦᠩᠨᠦ᠂ ᠬᠠᠨ ᠤᠯᠤᠰ ᠭᠡᠳ᠂ ᠨᠢᠭᠡ ᠨᠢᠭᠡᠨ ᠡᠴᠡ ᠳᠠᠯᠳᠠᠯᠠᠵᠤ ᠪᠠᠢᠭᠰᠠᠨ ᠰᠠᠨᠠᠭᠠᠨ ‍ᠣ ᠪᠠᠨ ᠢᠯᠨ ᠪᠤᠯᠤᠭᠰᠠᠨ ᠳᠤ ᠬᠡᠨ ᠬᠡᠨ ᠨᠢ ᠭᠠᠢᠬᠠᠬᠰᠠᠨ ᠵᠦᠢᠯ ᠴᠤ ᠠᠯᠠᠭ᠎ᠠ᠃ ᠮᠦᠨ ᠡᠢᠮᠦ ᠬᠦᠨᠳᠦ ᠬᠡᠴᠡᠬᠦᠦ ᠴᠠᠭ ᠦᠶ᠎ᠡ ᠶᠢ ᠲᠤᠭᠤᠯᠤᠭᠰᠠᠨ ᠦᠵᠤᠯᠤ ᠴᠠᠨ ᠢᠥᠢ ᠶᠢᠨ ᠦᠶ᠎ᠡ ᠶᠢᠨ ᠬᠢᠨ᠂ ᠬᠦᠴᠦᠲᠠᠢ᠂ ᠤᠮᠤᠭᠤᠯᠠᠩ ᠪᠠᠢᠭᠰᠠᠨ ᠠᠭᠤᠤ ᠶᠡᠬᠡ ᠡᠪᠦᠭᠡ ᠳᠡᠭᠡᠳᠦᠰ ᠪᠤᠯᠬᠤ ᠮᠤᠳᠤᠭᠤ ᠴᠠᠨ ᠢᠥᠢ ᠶᠢ ᠰᠠᠨᠠᠭᠠᠯᠵᠠᠭᠰᠠᠨ ᠯᠠ ᠪᠠᠢᠬᠤ᠂ ᠬᠢᠲᠠᠳ ᠤᠨ ᠬᠤᠤᠷᠤᠨ ᠰᠠᠨᠠᠭ᠎ᠠ ᠶᠢ ᠨᠢᠴᠠ ᠬᠢᠰᠬᠢᠵᠤ᠂ ᠲᠦᠷᠦ ᠤᠯᠤᠰ ᠤᠨ ᠲᠤᠰᠠᠭᠠᠷ ᠪᠠᠢᠳᠠᠯ ᠢ ᠬᠠᠮᠠᠭᠠᠯᠠᠵᠤ ᠴᠢᠳᠠᠭᠰᠠᠨ ᠡᠨᠡ ᠦᠶ᠎ᠡ ᠶᠢᠨ ᠬᠢᠨ᠂ ᠡᠪᠦᠭᠡ ᠳᠡᠭᠡᠳᠦᠰ ᠪᠤᠯᠤᠨ ᠦᠪᠡᠷᠡᠰᠡᠳ ᠢ ᠪᠡᠨ ᠶᠠᠭᠠᠬᠢᠬᠤ ᠶᠢᠨ ᠠᠷᠭ᠎ᠠ ᠦᠬᠡᠢ ᠪᠠᠬᠠᠷᠬᠠᠭᠰᠠᠨ ᠯᠠ ᠪᠠᠢᠬᠤ᠃    
    ᠲᠤᠤᠯᠢ ᠭᠡᠵᠤ᠂ ᠨᠢᠬᠡᠨ ᠦᠨᠳᠦᠰᠦᠲᠡᠨ ᠶᠠᠰᠤᠲᠠᠨ ‍ᠣ ᠬᠠᠮᠤᠭ ᠤᠨ ᠬᠠᠲᠠᠭᠤ ᠴᠠᠭ ᠦᠶ᠎ᠡ ᠳᠦ ᠪᠦᠲᠦᠭᠡᠭᠳᠡᠳᠡᠭ ᠭᠡᠵᠤ ᠰᠤᠳᠤᠯᠠᠭᠠᠴᠢᠳ ᠦᠵᠡᠳᠡᠭ᠂ ᠬᠦᠨᠳᠦ ᠬᠡᠴᠡᠬᠦᠦ ᠠᠶᠤᠯ ᠨᠢᠭᠤᠷᠯᠠᠭᠰᠠᠨ ᠴᠠᠭ ᠦᠶ᠎ᠡ᠂ ᠲᠡᠥᠬᠡ᠂ ᠲᠦᠷᠦ ᠤᠯᠤᠰ ᠢ ᠨᠢ ᠦᠨᠳᠡᠯᠭᠡᠵᠤ ᠦᠭᠬᠦᠭᠰᠡᠨ᠂ ᠦᠨᠳᠦᠰᠦᠲᠡᠨ ‍ᠣ ᠬᠤᠪᠢ ᠵᠠᠶᠠᠭᠠᠨ ‍ᠣ ᠵᠢᠯᠤᠭᠤ ᠶᠢ ᠢᠯᠠᠯᠳ᠋ᠨ ᠠᠮᠵᠢᠯᠳ᠋ᠨ ᠤᠷᠤᠭᠤ ᠵᠠᠯᠠᠭᠰᠠᠨ ᠲᠡᠥᠬᠡᠲᠤ ᠠᠭᠤᠤ ᠬᠦᠮᠦᠰ ᠢ ᠪᠡᠨ ᠳᠤᠷᠠᠰᠤᠭᠰᠠᠨ ᠲᠠᠭᠤᠯᠠᠯ ᠨᠢ ᠬᠦᠮᠦᠨ ᠠᠷᠠᠳ ᠤᠨ ᠬᠢ ᠪᠡᠨ ᠰᠡᠳᠬᠢᠯ ᠵᠢᠷᠦᠬᠡ ᠶᠢ ᠬᠦᠭᠯᠡᠳᠡᠭ᠂ ᠲᠡᠷᠨ ᠨᠢ ᠲᠤᠤᠯᠢ ᠪᠤᠯᠵᠤ ᠠᠮᠢᠯᠠᠵᠤ᠂ ᠲᠡᠥᠬᠡᠨ ᠦᠨᠡᠨ ᠢᠶᠡᠷ ᠠᠮᠢᠰᠬᠤᠯᠠᠳᠠᠭ᠃ ᠲᠤᠤᠯᠢ ᠵᠠᠩᠭᠠᠷ ᠭᠡᠵᠤ ᠡᠢᠮᠦ ᠴᠠᠭ ᠦᠶ᠎ᠡ ᠳᠤ ᠲᠡᠥᠬᠡᠨ ᠵᠠᠬᠢᠶᠠᠯᠠᠭ᠎ᠠ ᠪᠠᠷ ᠪᠦᠲᠦᠭᠡᠭᠳᠦᠭᠰᠡᠨ ᠠᠭᠤᠤ ᠲᠤᠤᠯᠢ ᠭᠡᠵᠤ ᠪᠢ ᠢᠲᠡᠭᠡᠨ᠎ᠡ᠃    
 
ᠨᠦᠬᠦᠪᠤᠷᠢ ᠲᠠᠢᠯᠪᠤᠷᠢ᠄ 
ᠢᠷᠬᠢ ᠳᠠᠷᠤᠨ ᠠᠮᠢᠳᠤᠷᠠᠭᠰᠠᠨ- ᠬᠠᠶᠠᠭ᠎ᠠ ᠳᠡᠷᠯᠡᠨ ᠠᠮᠢᠳᠤᠷᠠᠭᠰᠠᠨ
ᠵᠤᠯᠤᠮ ᠭᠡᠷ- ᠬᠠᠨ᠎ᠠ ᠦᠬᠡᠢ ᠢᠰᠡᠭᠡᠢ ᠭᠡᠷ᠃ 



  
     
     