 

ᠬᠥᠬᠡ ᠡᠪᠦᠭᠡᠳ  ᠵᠠᠬᠢᠶᠠᠰᠤ᠄

2025-05-16 16:40
  12
  0
ᠬᠥᠬᠡ ᠡᠪᠦᠭᠡᠳ  ᠵᠠᠬᠢᠶᠠᠰᠤ᠄   
1.ᠳᠡᠪᠡᠯ  ᠊ᠤᠨ ᠪᠦᠰᠡ ᠶ᠋ᠢ ᠤᠷᠢᠳᠤ ᠪᠠᠨ ᠵᠠᠩᠭᠢᠳᠳᠠᠭ ᠦᠭᠡᠢ᠂ ᠨᠢᠯᠪᠤᠰᠤ ᠲᠣᠰᠣᠳᠠᠭ[тосдог]᠃ 
2. ᠠᠮᠠᠨ ᠳ᠋ᠤ᠌ ᠪᠠᠨ ᠭᠢᠩᠰᠢᠳᠡᠭ ᠦᠭᠡᠢ᠂ ᠵᠣᠪᠠᠯᠠᠩ ᠲᠠᠢ ᠠᠮᠢᠳᠤᠷᠠᠳᠠᠭ᠃   
3. ᠬᠥᠯ ᠠᠴᠢᠳᠠᠭ ᠦᠭᠡᠢ᠂ ᠭᠠᠢ ᠪᠣᠯᠳᠠᠭ᠃   
4. ᠬᠥᠯ ᠰᠡᠭᠰᠦᠷᠳᠡᠭ ᠦᠭᠡᠢ᠂ ᠶᠠᠪᠤᠳᠠᠯ ᠤᠳᠠᠳᠠᠭ᠃   
5. ᠪᠡᠶ᠎ᠡ ᠪᠡᠨ ᠵᠠᠢᠮᠤᠴᠢᠳᠠᠭ ᠦᠭᠡᠢ᠂ ᠠᠵᠠ ᠵᠢᠷᠭᠠᠯ ᠢ᠋ᠶ᠋ᠠᠨ ᠭᠡᠭᠡᠳᠡᠭ᠃   
6. ᠬᠡᠯᠡ ᠮᠡᠳᠡᠳᠡᠭ ᠦᠭᠡᠢ ᠠᠮᠢᠲᠠᠨ ᠳ᠋ᠤ᠌ ᠬᠠᠯᠠᠭᠤᠨ ᠶᠠᠭᠤᠮ᠎ᠠ ᠥᠭᠳᠡᠭ ᠦᠭᠡᠢ᠂ ᠬᠢᠯᠢᠨᠴᠡ ᠲᠡᠢ᠃

7.ᠦᠳᠡᠰᠢ ᠶ᠋ᠢᠨ ᠪᠦᠷᠦᠢ᠂ ᠦᠨᠡᠭᠡᠨ ᠬᠠᠷᠠᠩᠭᠤᠢ ᠪᠠᠷ ᠬᠡᠷᠡᠭᠦᠯᠳᠦᠳᠡᠭ ᠦᠭᠡᠢ᠂ ᠮᠠᠭᠤ ᠢᠷᠣ᠎ᠠ ᠳᠠᠭᠤᠳᠠᠳᠠᠭ᠃   
8. ᠪᠥᠰᠡᠨ ᠳᠡᠭᠡᠭᠦᠷ ᠠᠯᠬᠤᠳᠠᠭ ᠦᠭᠡᠢ ᠮᠠᠭᠤ ᠢᠷᠣ᠎ᠠ᠃   
9.ᠡᠷᠴᠢᠯᠡᠭᠰᠡᠨ ᠤᠲᠠᠰᠤ᠂ ᠲᠡᠯᠡᠭᠦᠷ ᠳᠣᠣᠭᠤᠷ ᠰᠢᠷᠭᠤᠳᠠᠭ ᠦᠭᠡᠢ᠂ ᠰᠦᠯᠳᠡ ᠳᠣᠷᠣᠢᠲᠠᠳᠠᠭ᠃   
10. ᠡᠵᠢ ᠲᠡᠢ ᠬᠦᠮᠦᠨ ᠡᠷᠡᠦ ᠰᠢᠨᠡ ᠲᠤᠯᠳᠠᠭ ᠦᠭᠡᠢ᠂ ᠡᠬᠡ ᠨᠢ ᠦᠬᠦᠳᠡᠭ᠃   
11.ᠣᠷᠣᠨ ᠳ᠋ᠤ᠌ ᠪᠠᠨ ᠬᠣᠭᠣᠯᠠ᠂ ᠴᠠᠢ ᠢᠳᠡᠵᠦ ᠤᠤᠭᠤᠳᠠᠭ ᠦᠭᠡᠢ ᠡᠪᠡᠳᠴᠢᠨ ᠡᠭᠡᠷᠡᠳᠡᠭ᠃   
12. ᠬᠠᠢᠴᠢᠨ ᠤ᠋ ᠠᠮᠠ ᠠᠩᠭᠠᠢᠯᠭᠠᠳᠠᠭ ᠦᠭᠡᠢ᠂ ᠭᠠᠷᠤᠵᠠ ᠭᠠᠷᠳᠠᠭ᠃   
13.ᠬᠢᠲᠤᠭ᠎ᠠ ᠮᠡᠰᠡ ᠬᠣᠭᠣᠯᠠ᠂ ᠴᠠᠢ᠂ ᠤᠰᠤ ᠤᠷᠤᠭᠤ ᠳᠦᠷᠦᠳᠡᠭ ᠦᠭᠡᠢ᠂ ᠭᠠᠢ ᠳᠠᠭᠤᠳᠠᠳᠠᠭ᠃   
14. ᠴᠢᠯᠠᠭᠤ ᠭᠦᠨᠳᠡᠳᠡᠭ ᠦᠭᠡᠢ᠂ ᠪᠠᠢᠷᠢᠨ ᠠ᠋ᠴᠠ ᠪᠠᠨ ᠬᠥᠳᠡᠯᠦᠭᠰᠡᠨ ᠴᠢᠯᠠᠭᠤ 3 ᠵᠢᠯ ᠳ᠋ᠦ᠍ ᠪᠡᠨ ᠪᠠᠢᠷᠢᠨ ᠳ᠋ᠤ᠌ ᠪᠠᠨ ᠡᠷᠭᠢᠵᠦ ᠪᠠᠭᠲᠠᠳᠠᠭ ᠦᠭᠡᠢ᠃  
15. ᠱᠠᠭ᠎ᠠ ᠬᠡᠭᠡᠷ᠎ᠡ ᠬᠠᠶᠠᠳᠠᠭ ᠦᠭᠡᠢ᠂ ᠬᠠᠶᠠᠭᠰᠠᠨ ᠬᠥᠮᠥᠨ ᠢ᠋ᠶ᠋ᠡᠨ 3 ᠵᠢᠯ ᠬᠠᠷᠠᠭᠤᠯᠳᠠᠳᠠᠭ᠃

16. ᠥᠷᠥᠭᠡᠰᠦᠨ ᠭᠤᠲᠤᠯ᠂ ᠣᠢᠮᠣᠰᠤ ᠲᠠᠢ ᠬᠣᠭᠣᠯᠠ ᠴᠠᠢ ᠢᠳᠡᠵᠦ ᠤᠤᠭᠤᠳᠠᠭ ᠦᠭᠡᠢ᠂ ᠪᠡᠷᠢ ᠬᠤᠯᠠᠭᠠᠢᠴᠢ ᠪᠣᠯᠳᠠᠭ᠃   
17. ᠪᠤᠷᠤᠭᠤ ᠪᠤᠶᠤ ᠵᠡᠭᠦᠨ ᠭᠠᠷ ᠢ᠋ᠶ᠋ᠠᠷ ᠬᠥᠮᠥᠨ ᠳᠦ ᠶᠠᠭᠤᠮ᠎ᠠ ᠥᠭᠳᠡᠭ ᠦᠭᠡᠢ᠂ ᠰᠠᠯᠭ᠎ᠠ ᠪᠣᠯᠳᠠᠭ᠃   
18. ᠠᠶᠠᠭ᠎ᠠ ᠪᠤᠷᠤᠭᠤ ᠪᠠᠷᠢᠳᠠᠭ ᠦᠭᠡᠢ᠂ ᠮᠠᠭᠤ ᠢᠷᠣ᠎ᠠ᠃   
19.ᠮᠠᠯᠠᠭᠠᠢ ᠪᠤᠷᠤᠭᠤ ᠬᠠᠷᠠᠭᠤᠯᠵᠤ ᠡᠮᠦᠰᠳᠡᠭ ᠦᠭᠡᠢ᠂ ᠶᠠᠰᠤ ᠪᠠᠷᠢᠬᠤ ᠬᠦᠮᠦᠨ ᠡᠮᠦᠰᠳᠡᠭ᠃   
20. ᠬᠠᠨᠴᠤᠢ ᠰᠢᠮᠠᠯᠠᠳᠠᠭ ᠦᠭᠡᠢ᠂ ᠠᠮᠢᠲᠠᠨ ᠤ᠋ ᠠᠮᠢ ᠲᠠᠰᠤᠯᠬᠤ ᠬᠦᠮᠦᠨ ᠰᠢᠮᠠᠯᠠᠳᠠᠭ᠃   
21. ᠳᠡᠪᠡᠯ ᠤᠨ ᠬᠣᠷᠮᠣᠢ ᠰᠢᠭᠤᠳᠠᠭ ᠦᠭᠡᠢ᠂ ᠨᠠᠰᠤ ᠪᠠᠷᠠᠭᠰᠠᠨ ᠬᠦᠮᠦᠨ ᠳᠡᠭᠡᠷ᠎ᠡ ᠤᠷᠤᠬᠤ ᠬᠦᠮᠦᠨ ᠬᠣᠷᠮᠣᠢ ᠰᠢᠭᠤᠳᠠᠭ᠃   
22. ᠭᠡᠷ ᠡᠴᠡ ᠲᠤᠤᠬᠢᠯᠠᠳᠠᠭ ᠦᠭᠡᠢ᠂ ᠭᠡᠷ  ᠰᠦᠯᠳᠡ ᠵᠠᠢᠯᠠᠳᠠᠭ᠃   
23. ᠲᠤᠯᠭᠠᠨ ᠳᠡᠭᠡᠭᠦᠷ ᠠᠯᠬᠤᠳᠠᠭ ᠦᠭᠡᠢ᠂ ᠭᠠᠢ ᠳᠠᠭᠤᠳᠠᠳᠠᠭ᠃   
24. ᠡᠷᠡᠬᠡᠢ ᠬᠤᠷᠤᠭᠤ ᠡᠮᠬᠦᠳᠡᠭ ᠦᠭᠡᠢ᠂ ᠠᠪᠤ ᠨᠢ ᠦᠬᠦᠳᠡᠭ᠃   
25. ᠲᠠᠩᠨᠠᠢ ᠲᠠᠰᠢᠳᠠᠭ ᠦᠭᠡᠢ᠂ ᠬᠡᠷᠡᠭᠦᠯ ᠲᠡᠮᠡᠴᠡᠯ ᠳᠠᠭᠤᠳᠠᠳᠠᠭ᠃   
26. ᠱᠣᠭᠰᠢᠷᠠᠳᠠᠭ ᠦᠭᠡᠢ ᠬᠣᠭᠣᠰᠣᠷᠠᠳᠠᠭ᠃   
27. ᠦᠳᠡᠰᠢ ᠶ᠋ᠢᠨ ᠪᠦᠷᠦᠢ ᠪᠡᠷ ᠵᠤᠤᠬᠠᠨ ᠠ᠋ᠴᠠ ᠴᠤᠴᠠᠯᠢ ᠭᠠᠷᠭᠠᠳᠠᠭ ᠦᠭᠡᠢ᠂ ᠮᠠᠭᠤ ᠶᠠᠭᠤᠮ᠎ᠠ ᠳᠠᠭᠤᠳᠠᠳᠠᠭ᠃   
28. ᠭᠤᠳᠤᠰ ᠳᠡᠭᠡᠷ᠎ᠡ ᠡᠴᠡ ᠨᠢ ᠡᠪᠬᠡᠳᠡᠭ ᠦᠭᠡᠢ᠂ ᠦᠬᠦᠭᠰᠡᠨ ᠬᠦᠮᠦᠨ ᠦ᠌ ᠭᠤᠳᠤᠰ ᠢ᠋ ᠲᠡᠭᠡᠵᠦ ᠬᠤᠷᠢᠶᠠᠳᠠᠭ᠃   
29. ᠬᠢᠲᠤᠭᠠᠨ ᠤ᠋ ᠢᠷ ᠳᠣᠯᠢᠶᠠᠳᠠᠭ ᠦᠭᠡᠢ᠂ ᠦᠬᠦᠯ ᠳᠠᠭᠤᠳᠠᠳᠠᠭ᠃   
30. ᠬᠥᠨᠥᠭᠦᠨ ᠳᠡᠭᠡᠭᠦᠷ ᠬᠠᠷᠠᠢᠳᠠᠭ ᠦᠭᠡᠢ᠂ ᠪᠤᠵᠠᠷᠲᠤᠳᠠᠭ᠃   
31. ᠲᠣᠭᠣᠨᠣ ᠪᠠᠷ ᠴᠤᠬᠤᠢᠳᠠᠭ ᠦᠭᠡᠢ᠂ ᠲᠩᠷᠢ ᠬᠢᠯᠢᠩᠨᠡᠳᠡᠭ᠃   
32.ᠬᠠᠭᠠᠯᠭ᠎ᠠ ᠪᠠᠷ ᠤᠬᠤᠷᠢᠵᠤ ᠭᠠᠷᠳᠠᠭ ᠦᠭᠡᠢ᠂ ᠪᠤᠷᠬᠠᠨ ᠪᠣᠯᠤᠭᠠᠴᠢ ᠶ᠋ᠢ ᠠᠪᠴᠤ ᠭᠠᠷᠬᠤ ᠳ᠋ᠤ᠌ ᠪᠠᠨ ᠤᠬᠤᠷᠢᠵᠤ ᠭᠠᠷᠳᠠᠭ᠃   
33.ᠭᠠᠯ ᠤᠷᠤᠭᠤ ᠨᠤᠯᠮᠤᠳᠠᠭ ᠦᠭᠡᠢ᠂ ᠭᠠᠯ ᠤ᠋ᠨ ᠡᠵᠡᠨ ᠳᠣᠭᠰᠢᠷᠠᠳᠠᠭ᠃   
34. ᠭᠣᠣᠯ ᠤᠰᠤᠨ ᠳ᠋ᠤ᠌  ᠂ ᠴᠢᠰᠤ ᠳᠤᠰᠤᠭᠠᠳᠠᠭ ᠦᠭᠡᠢ ᠯᠤᠤᠰ ᠳᠣᠭᠰᠢᠷᠠᠳᠠᠭ᠃   
35. ᠨᠣᠢᠲᠠᠨ ᠮᠣᠳᠣ ᠣᠭᠲᠣᠯᠳᠠᠭ ᠦᠭᠡᠢ᠂ ᠯᠤᠤᠰ ᠤ᠋ᠨ ᠬᠣᠣᠷᠯᠠᠯ ᠪᠣᠯᠳᠠᠭ᠃   
36. ᠠᠷᠭᠠᠮᠵᠢ ᠳᠡᠭᠡᠭᠦᠷ ᠠᠯᠬᠤᠳᠠᠭ ᠦᠭᠡᠢ᠂ ᠠᠯᠳᠠᠰ ᠪᠣᠯᠳᠠᠭ᠃   
37.ᠠᠪᠤ ᠶ᠋ᠢ ᠪᠡᠨ ᠭᠣᠮᠣᠳᠠᠭᠠᠭᠰᠠᠨ ᠬᠦᠮᠦᠨ ᠨᠠᠰᠤ ᠪᠠᠷ ᠢ᠋ᠶ᠋ᠠᠨ ᠵᠣᠪᠠᠳᠠᠭ᠃   
38. ᠡᠵᠢ ᠶ᠋ᠢᠨ ᠥᠭᠡᠳᠡ ᠡᠴᠡ ᠦᠭᠡ ᠰᠥᠷᠳᠡᠭ ᠦᠭᠡᠢ᠂ ᠡᠯᠢᠭᠡ ᠬᠠᠭᠠᠰ ᠠᠮᠢᠳᠤᠷᠠᠳᠠᠭ᠃   
39. ᠵᠤᠯᠠ ᠶ᠋ᠢᠨ ᠭᠣᠣᠯ ᠢ᠋ ᠬᠠᠮᠢᠶ᠎ᠠ ᠦᠭᠡᠢ ᠬᠠᠶᠠᠳᠠᠭ ᠦᠭᠡᠢ᠂ ᠴᠢᠳᠬᠥᠷ ᠪᠣᠯᠳᠠᠭ᠃   
40.ᠪᠦᠰᠡᠭᠦᠢ ᠬᠦᠮᠦᠨ ᠦᠰᠦ ᠵᠠᠳᠠᠭᠠᠢᠯᠠᠳᠠᠭ ᠦᠭᠡᠢ᠂ ᠪᠡᠯᠪᠡᠰᠦᠨ ᠡᠮ᠎ᠡ ᠦᠰᠦ ᠵᠠᠳᠠᠭᠠᠢᠯᠠᠳᠠᠭ᠃  
41. ᠬᠡᠦᠬᠡᠳ ᠬᠤᠳᠠᠯ ᠤᠬᠢᠯᠠᠳᠠᠭ ᠦᠭᠡᠢ᠂ ᠡᠴᠢᠭᠡ ᠡᠬᠡ ᠳ᠋ᠦ᠍ ᠪᠡᠨ ᠮᠠᠭᠤ᠃   
42. ᠬᠦᠮᠦᠨ ᠮᠠᠭᠤ ᠬᠡᠯᠡᠳᠡᠭ ᠦᠭᠡᠢ᠂ ᠥᠪᠡᠷ ᠲᠦ ᠢᠷᠡᠳᠡᠭ᠃   
43.ᠭᠠᠳᠠᠰᠤ ᠭᠠᠵᠠᠷ ᠲᠤ᠌ ᠵᠣᠭᠣᠵᠤ ᠣᠷᠬᠢᠳᠠᠭ ᠦᠭᠡᠢ᠂ ᠡᠵᠡᠨ ᠢ᠋ᠶ᠋ᠡᠨ ᠪᠠᠢᠩᠭᠤ ᠳᠠᠭᠤᠳᠠᠳᠠᠭ᠃   
44. ᠪᠠᠭᠤᠷᠢ ᠪᠠᠨ ᠬᠣᠭ ᠲᠠᠢ ᠬᠠᠶᠠᠳᠠᠭ ᠦᠭᠡᠢ᠂ ᠴᠢᠳᠬᠥᠷ ᠡᠷᠭᠢᠳᠡᠭ᠃   
45. ᠲᠣᠭᠣᠭ᠎ᠠ ᠲᠦᠮᠫᠡᠨ ᠨᠦᠳᠦᠵᠦ᠂ ᠬᠠᠩᠭᠢᠨᠠᠭᠤᠯᠳᠠᠭ ᠦᠭᠡᠢ᠂ ᠯᠤᠤᠰ ᠳᠣᠭᠰᠢᠷᠠᠵᠤ ᠭᠠᠢ ᠳᠠᠭᠤᠳᠠᠳᠠᠭ᠃   
46. ᠶᠠᠪᠠᠭᠠᠨ ᠰᠠᠭᠤᠳᠠᠭ ᠦᠭᠡᠢ᠂ ᠡᠪᠡᠳᠴᠢᠨ ᠡᠭᠡᠷᠡᠳᠡᠭ᠃   
47.ᠡᠷ᠎ᠡ ᠬᠦᠮᠦᠨ ᠨᠣᠬᠠᠢ ᠰᠠᠭᠤᠳᠠᠯ ᠢ᠋ᠶ᠋ᠠᠷ ᠰᠠᠭᠤᠳᠠᠭ ᠦᠭᠡᠢ᠂ ᠬᠡᠢᠮᠣᠷᠢ ᠳᠣᠷᠣᠢᠲᠠᠳᠠᠭ᠃   
48. ᠠᠪᠤ ᠶ᠋ᠢᠨ ᠭᠠᠵᠠᠷ ᠲᠤ᠌ 6 ᠵᠢᠯ ᠣᠴᠢᠳᠠᠭ ᠦᠭᠡᠢ᠂ ᠡᠵᠢ ᠶ᠋ᠢᠨ ᠭᠠᠵᠠᠷ ᠲᠤ᠌ 3 ᠵᠢᠯ ᠣᠴᠢᠳᠠᠭ ᠦᠭᠡᠢ᠃   
49. ᠬᠡᠭᠡᠷ᠎ᠡ ᠢᠰᠬᠡᠷᠳᠡᠭ ᠦᠭᠡᠢ᠂ ᠰᠠᠯᠬᠢ ᠳᠡᠭᠳᠡᠳᠡᠭ᠂ ᠮᠣᠭᠠᠢ ᠳᠠᠭᠤᠳᠠᠳᠠᠭ᠃   
50. ᠭᠡᠷ ᠡᠴᠡ ᠲᠦᠯᠡᠭᠡ ᠭᠠᠷᠭᠠᠳᠠᠭ ᠦᠭᠡᠢ᠂ ᠭᠠᠷᠤᠵᠠ ᠭᠠᠷᠳᠠᠭ᠃   
51. ᠰᠢᠳᠦ ᠲᠡᠮᠦᠷ ᠢ᠋ᠶ᠋ᠡᠷ ᠲᠣᠭᠰᠢᠳᠠᠭ ᠦᠭᠡᠢ᠂ ᠶᠠᠰᠤ ᠲᠣᠭᠰᠢᠭᠰᠠᠨ ᠲᠠᠢ ᠢᠵᠢᠯ ᠃  
52. ᠭᠠᠷ ᠰᠡᠭᠰᠦᠷᠳᠡᠭ ᠦᠭᠡᠢ᠂ ᠪᠤᠶᠠᠨ ᠠᠷᠢᠯᠳᠠᠭ᠃   
53. ᠪᠦᠰᠡᠭᠦᠢ ᠬᠦᠮᠦᠨ ᠮᠠᠯ ᠮᠠᠭᠤᠯᠠᠳᠠᠭ ᠦᠭᠡᠢ ᠃  
54. ᠠᠶᠠᠭ᠎ᠠ ᠬᠥᠮᠦᠷᠢᠳᠡᠭ ᠦᠭᠡᠢ᠂ ᠬᠣᠭᠣᠯᠠ ᠣᠯᠳᠠᠳᠠᠭ ᠦᠭᠡᠢ᠃   
55. ᠲᠠᠪᠠᠭ ᠳᠣᠯᠢᠶᠠᠳᠠᠭ ᠦᠭᠡᠢ᠂ ᠬᠣᠭᠣᠰᠣᠷᠠᠳᠠᠭ᠃   
56. ᠡᠮ᠎ᠡ ᠬᠦᠮᠦᠨ ᠲᠡᠰᠢᠶ᠎ᠡ ᠲᠤᠯᠳᠠᠭ ᠦᠭᠡᠢ ᠃  
57. ᠬᠥᠮᠥᠨ ᠳ᠋ᠦ᠍ ᠥᠮᠥᠳᠥ ᠪᠡᠯᠭᠡᠯᠡᠳᠡᠭ ᠦᠭᠡᠢ᠂ 3 ᠠᠮᠠ ᠲᠠᠢ ᠲᠤᠯᠠ ᠴᠡᠭᠡᠷᠯᠡᠳᠡᠭ᠃   
58. ᠬᠡᠭᠡᠷ᠎ᠡ ᠡᠴᠡ ᠮᠠᠯᠠᠭᠠᠢ ᠠᠪᠳᠠᠭ ᠦᠭᠡᠢ᠂ ᠳᠣᠭᠣᠭᠰᠢ ᠬᠠᠷᠠᠭᠰᠠᠨ ᠰᠠᠪᠠ᠃   
59. ᠬᠡᠭᠡᠷ᠎ᠡ ᠳᠡᠷ᠎ᠡ ᠠᠪᠴᠤ ᠶᠠᠪᠤᠳᠠᠭ ᠦᠭᠡᠢ ᠃  
60.ᠭᠡᠷ  ᠡᠭᠦᠳᠡ ᠬᠣᠢᠰᠢ ᠬᠠᠷᠠᠭᠤᠯᠵᠤ ᠪᠠᠷᠢᠳᠠᠭ ᠦᠭᠡᠢ᠂ ᠬᠣᠢᠰᠢ ᠬᠠᠷᠠᠭᠰᠠᠨ ᠠᠭᠤᠯᠠ ᠶ᠋ᠢᠨ ᠠᠮᠠ᠂ ᠦᠷᠭᠦᠭᠡᠨ ᠳ᠋ᠦ᠍ ᠨᠠᠷᠠ ᠳᠤᠰᠤᠳᠠᠭ ᠦᠭᠡᠢ ᠤᠴᠢᠷ ᠦᠷᠭᠦᠯᠵᠢ ᠶ᠋ᠢᠨ ᠰᠡᠭᠦᠳᠡᠷ ᠲᠡᠢ ᠃  
61. ᠠᠮᠠ ᠪᠠᠨ ᠭᠠᠷ ᠤ᠋ᠨ ᠠᠷᠤ ᠪᠠᠷ ᠠᠷᠴᠢᠳᠠᠭ ᠦᠭᠡᠢ᠂ ᠠᠮᠠᠨ ᠤ᠋ ᠬᠡᠰᠢᠭ ᠠᠷᠢᠯᠳᠠᠭ᠃   
62. ᠰᠢᠯᠲᠠᠭᠠᠨ ᠦᠭᠡᠢ ᠠᠯᠠᠭ᠎ᠠ ᠲᠠᠰᠢᠳᠠᠭ ᠦᠭᠡᠢ᠂ ᠬᠡᠢ ᠶᠠᠭᠤᠮ᠎ᠠ ᠳᠠᠭᠤᠳᠠᠳᠠᠭ ᠃  
63. ᠬᠤᠳᠠᠯ ᠢᠨᠢᠶᠡᠳᠡᠭ ᠦᠭᠡᠢ᠂ ᠠᠭᠠᠯᠢᠭᠦᠢ ᠲᠣᠷᠪᠠᠯ ᠬᠠᠮᠠᠷ ᠦᠭᠡᠢ ᠳᠡᠭᠡᠷ᠎ᠡ ᠭᠡᠭᠳᠡᠳᠡᠭ᠃   
64. ᠭᠠᠵᠠᠷ ᠭᠠᠷ ᠲᠤᠯᠳᠠᠭ ᠦᠭᠡᠢ᠂ ᠭᠠᠵᠠᠷ ᠤ᠋ᠨ ᠭᠠᠢ ᠠᠪᠳᠠᠭ᠃   
65. ᠵᠣᠭᠰᠣᠵᠤ ᠬᠣᠭᠣᠯᠠ ᠢᠳᠡᠳᠡᠭ ᠦᠭᠡᠢ᠂ ᠠᠵᠢᠯ ᠪᠦᠲᠦᠳᠡᠭ ᠦᠭᠡᠢ᠂ ᠦᠨᠢᠶ᠎ᠡ ᠬᠡᠭᠡᠯ ᠬᠠᠶᠠᠳᠠᠭ᠃ 

66. ᠠᠬᠠᠮᠠᠳ ᠤ᠋ᠨ ᠳᠡᠭᠡᠳᠦ ᠲᠠᠯ᠎ᠠ ᠳ᠋ᠤ᠌ ᠭᠠᠷᠴᠤ ᠰᠠᠭᠤᠳᠠᠭ ᠦᠭᠡᠢ ᠠᠯᠳᠠᠰ ᠪᠣᠯᠳᠠᠭ᠃   
67. ᠭᠡᠷ  ᠪᠥᠰᠡᠨ ᠡᠴᠡ ᠮᠣᠷᠢ ᠤᠶᠠᠳᠠᠭ ᠦᠭᠡᠢ᠂ ᠭᠠᠢ ᠪᠣᠯᠳᠠᠭ ᠃  
68. ᠡᠮᠡᠭᠡᠯ ᠬᠠᠵᠠᠭᠠᠷ ᠳᠡᠭᠡᠭᠦᠷ ᠠᠯᠬᠤᠳᠠᠭ ᠦᠭᠡᠢ ᠃  
69. ᠵᠤᠯᠠ ᠦᠯᠢᠶᠡᠵᠦ ᠤᠨᠲᠠᠷᠠᠭᠠᠳᠠᠭ ᠦᠭᠡᠢ ᠮᠠᠭᠤ ᠢᠷᠣ᠎ᠠ᠃   
70. ᠦᠬᠦᠭᠰᠡᠳ ᠢ᠋ ᠦᠳᠡᠭᠡᠳ ᠡᠷᠭᠢᠵᠦ ᠬᠠᠷᠠᠳᠠᠭ ᠦᠭᠡᠢ᠂ ᠳᠠᠭᠠᠳᠠᠭ᠃   
71. ᠠᠳᠤᠭᠤᠨ ᠤ᠋ ᠲᠣᠯᠣᠭᠠᠢ ᠶ᠋ᠢ ᠮᠥᠯᠵᠢᠳᠡᠭ ᠦᠭᠡᠢ ᠬᠡᠢᠮᠣᠷᠢ ᠳᠣᠷᠣᠢᠲᠠᠳᠠᠭ᠃ ᠮᠣᠩᠭᠣᠯᠴᠤᠳ ᠮᠣᠷᠢᠨ ᠡᠷᠳᠡᠨᠢ ᠬᠦᠨᠳᠦᠯᠡᠵᠦ ᠬᠠᠢᠷᠠᠯᠠᠳᠠᠭ ᠲᠤᠯᠠ ᠳᠣᠣᠷ᠎ᠠ ᠲᠠᠯᠪᠢᠳᠠᠭ ᠦᠭᠡᠢ᠂ ᠠᠭᠤᠯᠠ ᠣᠪᠣᠭᠠᠨ ᠤ᠋ ᠣᠷᠣᠢ ᠳ᠋ᠤ᠌ ᠬᠦᠨᠳᠦᠳᠬᠡᠯᠲᠡᠢ ᠪᠡᠷ ᠵᠠᠯᠠᠳᠠᠭ᠃   
72. ᠪᠣᠷᠣᠭ᠎ᠠ ᠣᠷᠣᠬᠤ ᠳ᠋ᠤ᠌ ᠠᠯᠭ᠎ᠠ ᠲᠣᠰᠣᠳᠠᠭ ᠦᠭᠡᠢ ᠃  
73. ᠪᠣᠯᠤᠭᠰᠠᠨ ᠢᠳᠡᠭᠡᠨ ᠡᠴᠡ ᠠᠮᠠ ᠬᠦᠷᠬᠦ ᠦᠭᠡᠢ ᠭᠠᠷᠳᠠᠭ ᠦᠭᠡᠢ ᠠᠵᠢᠯ ᠪᠦᠲᠦᠳᠡᠭ ᠦᠭᠡᠢ᠃   
74. ᠬᠢᠮᠤᠰᠤ ᠪᠠᠨ ᠮᠡᠷᠡᠳᠡᠭ ᠦᠭᠡᠢ᠂ ᠬᠦᠮᠦᠨ ᠭᠠᠷᠳᠠᠭ᠃   
75. ᠬᠢᠲᠤᠭᠠᠨ ᠤ᠋ ᠦᠵᠦᠭᠦᠷ᠂ ᠢᠷ ᠳᠡᠭᠡᠭᠰᠢ ᠬᠠᠷᠠᠭᠤᠯᠳᠠᠭ ᠦᠭᠡᠢ᠂ ᠲᠩᠷᠢ ᠬᠢᠯᠢᠩᠨᠡᠳᠡᠭ᠃   
76. ᠰᠢᠯᠦᠰᠦ ᠪᠡᠷ ᠢ᠋ᠶ᠋ᠡᠨ ᠲᠣᠭᠯᠠᠳᠠᠭ ᠦᠭᠡᠢ᠂ ᠪᠤᠶᠠᠨ ᠠᠷᠢᠯᠳᠠᠭ᠃   
77. ᠪᠢᠯᠢᠭ ᠦᠭᠡᠢ ᠦᠭᠡ ᠬᠡᠯᠡᠳᠡᠭ ᠦᠭᠡᠢ᠂ ᠪᠡᠶᠡᠯᠡᠯ ᠢ᠋ᠶ᠋ᠡᠨ ᠣᠯᠳᠠᠭ᠃   
78. ᠵᠤᠤᠬᠠᠨ ᠳᠣᠲᠣᠷ᠎ᠠ ᠴᠤᠴᠠᠯᠢ ᠴᠣᠬᠢᠳᠠᠭ ᠦᠭᠡᠢ᠂ ᠭᠠᠷᠤᠵᠠ ᠭᠠᠷᠳᠠᠭ᠂ ᠭᠠᠯ ᠤ᠋ᠨ ᠡᠵᠡᠨ ᠴᠣᠴᠢᠳᠠᠭ᠃   
79. ᠡᠴᠢᠭᠡ ᠡᠬᠡ ᠬᠦᠮᠦᠨ ᠦ᠌ ᠲᠣᠯᠣᠭᠠᠢ ᠳ᠋ᠤ᠌ ᠦᠷ᠎ᠡ ᠬᠡᠦᠬᠡᠳ ᠨᠢ ᠢᠷ ᠲᠡᠢ ᠵᠦᠢᠯ ᠬᠦᠷᠭᠡᠳᠡᠭ ᠦᠭᠡᠢ᠃ ᠪᠤᠶᠠᠨ ᠢ᠋ ᠨᠢ ᠳᠠᠭᠠᠭᠠᠳᠠᠭ ᠦᠭᠡᠢ᠃ ᠠᠯᠳᠠᠰ ᠪᠣᠯᠳᠠᠭ᠃   
80. ᠳᠣᠯᠢᠶᠠᠪᠤᠷ ᠬᠤᠷᠤᠭᠤ ᠪᠠᠷ ᠬᠦᠮᠦᠨ ᠤᠷᠤᠭᠤ ᠵᠠᠩᠭᠠᠳᠠᠭ ᠦᠭᠡᠢ᠂ ᠢᠷᠣ᠎ᠠ ᠶ᠋ᠢᠨ ᠬᠤᠷᠤᠭᠤ ᠭᠡᠵᠦ ᠴᠡᠭᠡᠷᠯᠡᠳᠡᠭ᠃   
81. ᠠᠭᠤᠯᠠ ᠤᠰᠤ ᠤᠷᠤᠭᠤ ᠭᠠᠭᠴᠠ ᠬᠤᠷᠤᠭᠤ ᠪᠠᠷ ᠵᠠᠩᠭᠠᠳᠠᠭ ᠦᠭᠡᠢ᠃ ᠠᠭᠤᠯᠠ ᠤᠰᠤ ᠪᠠᠨ ᠬᠦᠨᠳᠦᠯᠡᠳᠡᠭ ᠮᠣᠩᠭᠣᠯ ᠬᠦᠮᠦᠨ ᠴᠡᠭᠡᠷᠯᠡᠳᠡᠭ᠃   
82. ᠣᠪᠣᠭᠠᠨ ᠳ᠋ᠤ᠌ ᠴᠢᠯᠠᠭᠤ ᠰᠢᠳᠡᠳᠡᠭ ᠦᠭᠡᠢ᠃ ᠣᠪᠣᠭᠠᠨ ᠤ᠋ ᠡᠵᠡᠨ ᠢ᠋ ᠵᠣᠳᠣᠵᠤ ᠪᠣᠢ ᠭᠡᠳ ᠴᠡᠭᠡᠷᠯᠡᠳᠡᠭ᠃   
83. ᠠᠭᠤᠯᠠ ᠶ᠋ᠢᠨ ᠣᠷᠣᠢ ᠳ᠋ᠤ᠌ ᠮᠣᠷᠢ ᠬᠠᠷᠠᠳᠠᠭ ᠦᠭᠡᠢ᠃ ᠴᠡᠭᠡᠷᠯᠡᠳᠡᠭ..᠃   
84. ᠭᠣᠣᠯ ᠤᠰᠤ ᠤᠷᠤᠭᠤ ᠰᠢᠭᠡᠳᠡᠭ ᠦᠭᠡᠢ ᠪᠤᠵᠠᠷᠲᠤᠳᠠᠭ᠃   
85. ᠤᠯᠠᠭᠠᠨ ᠮᠣᠷᠢ ᠤᠨᠤᠭᠰᠠᠨ ᠡᠮ᠎ᠡ᠂ ᠶᠠᠷ᠎ᠠ ᠰᠢᠷᠬ᠎ᠠ ᠲᠠᠢ ᠬᠦᠮᠦᠨ ᠭᠣᠣᠯ ᠤᠰᠤᠨ ᠳ᠋ᠤ᠌ ᠣᠷᠣᠳᠠᠭ ᠦᠭᠡᠢ᠃ ᠯᠤᠤᠰ ᠪᠤᠵᠠᠷᠲᠤᠳᠠᠭ᠃   
86. ᠨᠠᠰᠤ ᠪᠠᠷᠠᠭᠰᠠᠳ ᠤ᠋ᠨ ᠨᠡᠷ᠎ᠡ ᠪᠡᠷ ᠳᠠᠭᠤᠳᠠᠳᠠᠭ ᠦᠭᠡᠢ ᠶᠠᠰᠤ ᠨᠢ ᠥᠨᠳᠡᠯᠵᠡᠳᠡᠭ ᠭᠡᠵᠦ ᠴᠡᠭᠡᠷᠯᠡᠳᠡᠭ᠃   
87. ᠠᠭᠤᠯᠠ᠂ ᠬᠠᠢᠷᠬᠠᠨ ᠳᠡᠭᠡᠷ᠎ᠡ ᠨᠡᠷ᠎ᠡ ᠶ᠋ᠢ ᠨᠢ ᠳᠠᠭᠤᠳᠠᠳᠠᠭ ᠦᠭᠡᠢ ᠴᠡᠭᠡᠷᠯᠡᠳᠡᠭ᠃   
88. ᠭᠠᠯ ᠳ᠋ᠤ᠌  ᠬᠢᠳᠡᠭ ᠦᠭᠡᠢ᠃ ᠭᠠᠯ ᠳᠣᠭᠰᠢᠷᠠᠳᠠᠭ᠃   
89. ᠳᠡᠭᠡᠰᠦ ᠲᠠᠲᠠᠭᠰᠠᠨ ᠠᠢᠯ ᠳ᠋ᠤ᠌ ᠣᠷᠣᠳᠠᠭ ᠦᠭᠡᠢ᠃   
90. ᠳᠣᠲᠣᠷ᠎ᠠ ᠪᠠᠨ ᠬᠦᠮᠦᠰ ᠪᠠᠢᠭ᠎ᠠ ᠠᠢᠯ ᠤ᠋ᠨ ᠡᠷᠦᠬᠡ ᠶ᠋ᠢ ᠡᠳᠦᠷ ᠪᠦᠲᠡᠭᠡᠵᠦ᠂ ᠬᠠᠭᠠᠯᠭ᠎ᠠ ᠬᠠᠭᠠᠳᠠᠭ ᠦᠭᠡᠢ᠃ ᠪᠤᠷᠬᠠᠨ ᠪᠣᠯᠤᠭᠠᠴᠢ ᠶ᠋ᠢ ᠪᠠᠢᠷᠢᠯᠠᠭᠤᠯᠤᠭᠰᠠᠨ ᠭᠡᠷ ᠢ᠋ ᠢᠩᠭᠢᠳᠡᠭ ᠲᠤᠯᠠ ᠴᠡᠭᠡᠷᠯᠡᠳᠡᠭ᠃   
91. ᠡᠷᠦᠬᠡᠨ ᠦ᠌ ᠣᠭᠣᠰᠣᠷ᠂ ᠲᠦᠯᠬᠢᠭᠦᠷ᠂ ᠤᠶᠠᠭ᠎ᠠ ᠪᠦᠴᠡ ᠳᠠᠯᠠᠯᠳᠠᠭ ᠦᠭᠡᠢ᠂ ᠬᠡᠢ ᠪᠡᠶᠡᠲᠦ ᠳᠠᠭᠤᠳᠠᠵᠤ ᠪᠠᠢᠨ᠎ᠠ ᠭᠡᠵᠦ ᠴᠡᠭᠡᠷᠯᠡᠳᠡᠭ᠃   
92. ᠭᠠᠵᠠᠷ ᠨᠦᠬᠡᠯᠡᠳᠡᠭ ᠦᠭᠡᠢ᠂ ᠨᠦᠬᠡᠯᠡᠭᠰᠡᠨ ᠴᠦ᠍ ᠪᠤᠳᠠᠭ᠎ᠠ  ᠬᠢᠵᠦ ᠪᠢᠲᠡᠭᠦᠯᠳᠡᠭ᠃ ᠮᠠᠭᠤ ᠢᠷᠣ᠎ᠠ ᠭᠡᠵᠦ ᠦᠵᠡᠳᠡᠭ᠃   
93. ᠴᠢᠳᠦᠷ᠂ ᠠᠷᠭᠠᠮᠵᠢ ᠬᠡᠭᠡᠷ᠎ᠡ ᠬᠣᠨᠣᠭᠤᠯᠳᠠᠭ ᠦᠭᠡᠢ ᠴᠡᠭᠡᠷᠯᠡᠳᠡᠭ᠃   
94. ᠣᠷᠣᠢ ᠪᠦᠷᠦᠢ ᠳ᠋ᠦ᠍ ᠨᠢᠯᠬ᠎ᠠ ᠬᠡᠦᠬᠡᠳ ᠭᠠᠳᠠᠭ᠎ᠠ ᠭᠠᠷᠭᠠᠳᠠᠭ ᠦᠭᠡᠢ᠃ ᠭᠠᠷᠭᠠᠬᠤ ᠪᠣᠯ ᠬᠠᠮᠠᠷ ᠲᠤ᠌ ᠨᠢ ᠬᠥ ᠲᠦᠷᠬᠢᠵᠦ ᠪᠣᠷᠣ ᠬᠠᠯᠵᠠᠨ ᠲᠠᠤᠯᠠᠢ ᠪᠣᠯᠭᠠᠳᠠᠭ᠃   
95. ᠤᠷᠤᠭᠤᠯ ᠴᠣᠬᠢᠳᠠᠭ ᠦᠭᠡᠢ ᠬᠡᠷᠡᠭᠦᠯ ᠭᠠᠷᠳᠠᠭ᠃   
96. ᠡᠮ᠎ᠡ ᠬᠦᠮᠦᠨ ᠤᠬᠢᠯᠠᠨ ᠳᠤᠤᠭᠠᠷᠴᠤ ᠬᠡᠷᠡᠭᠦᠯ ᠬᠢᠳᠡᠭ ᠦᠭᠡᠢ᠂ ᠡᠷ᠎ᠡ ᠳ᠋ᠦ᠍ ᠪᠡᠨ ᠬᠠᠯᠭᠠᠭ᠎ᠠ ᠲᠠᠢ ᠭᠡᠭᠳᠡᠬᠦ ᠲᠤᠯᠠ ᠴᠡᠭᠡᠷᠯᠡᠳᠡᠭ᠃   
97. ᠡᠷ᠎ᠡ ᠬᠦᠮᠦᠨ ᠬᠣᠷᠮᠣᠢ ᠰᠤᠯᠠ ᠪᠣᠯ ᠦᠷ᠎ᠡ ᠳ᠋ᠦ᠍ ᠪᠡᠨ ᠬᠠᠯᠭᠠᠭ᠎ᠠ ᠲᠠᠢ ᠲᠤᠯᠠ ᠴᠡᠭᠡᠷᠯᠡᠳᠡᠭ᠃
98. ᠭᠡᠷ ᠨᠦᠳᠦᠳᠡᠭ ᠦᠭᠡᠢ᠃ ᠭᠡᠷ  ᠰᠦᠨᠡᠰᠦ᠂ ᠰᠦᠯᠳᠡ ᠵᠠᠢᠯᠠᠳᠠᠭ᠃   
99. ᠪᠠᠢᠭᠠᠯᠢ ᠰᠦᠢᠳᠯᠡᠳᠡᠭ ᠦᠭᠡᠢ᠃ ᠬᠡᠳᠦᠨ ᠦᠶ᠎ᠡ᠂ ᠤᠳᠤᠮ ᠢ᠋ᠶ᠋ᠠᠷ ᠨᠢ ᠥᠰᠢᠶ᠎ᠡ ᠪᠡᠨ ᠠᠪᠳᠠᠭ᠃ 

︵ ᠺᠢᠷᠢᠯ ᠡᠴᠡ ᠬᠥᠷᠪᠡᠭᠦᠯᠪᠡ︶  
 



  
     
     