-
114598
ᠡᠯᠢᠭᠡ ᠵᠢᠷᠦᠬᠡᠨ ᠡᠴᠡ ᠣᠶᠠᠭᠠᠲᠠᠢ ᠨᠣᠳᠣᠭ
2020-02-22 09:02
252
0
ᠠᠯᠠᠭ ᠬᠣᠷᠸ᠎ᠠ ᠳᠤ ᠠᠶᠠᠯᠠᠨ ᠲᠣᠭᠣᠯᠠᠭᠰᠠᠨ ᠴᠤ
ᠠᠮᠢᠨ ᠨᠣᠳᠣᠭ ᠮᠢᠨᠢ ᠠᠷᠭ᠎ᠠ ᠦᠭᠡᠢ ᠰᠠᠢᠬᠠᠨ
ᠠᠶᠠᠯᠭᠣ ᠡᠭᠡᠰᠢᠭ ᠢ ᠣᠶᠠᠷᠠᠨ ᠰᠣᠨᠣᠰᠣᠯ᠎ᠠ ᠴᠤ ᠭᠡᠳ
ᠠᠷᠠᠳ ᠤᠨ ᠲᠠᠭᠣᠨ ᠳᠠᠭᠠᠨ ᠰᠡᠳᠭᠢᠯ ᠰᠣᠭᠳᠠᠬᠣ ᠶᠤᠮ
ᠠᠪᠤ ᠶᠢᠨ ᠬᠠᠢᠷᠠᠳᠠᠢ ᠨᠣᠳᠣᠭ ᠢᠶᠠᠨ ᠰᠠᠨᠠᠬᠣ ᠪᠤᠷ
ᠠᠷᠭᠤᠮᠠᠭ ᠬᠦᠯᠦᠭ ᠰᠢᠭ ᠲᠡᠭᠦᠯᠢᠨ ᠬᠦᠷᠦᠮᠡᠷ ᠪᠠᠢᠨ᠎ᠠ
ᠠᠯᠣᠰ ᠤᠨ ᠭᠠᠵᠠᠷ ᠬᠦᠦ ᠴᠢᠨᠢ ᠠᠵᠤ ᠭᠦᠶᠦᠭᠰᠡᠨ ᠴᠤ
ᠠᠮᠢᠨ ᠬᠠᠢᠷ᠎ᠠ ᠠᠴᠠ ᠮᠢᠨᠢ ᠣᠶᠠᠭ᠎ᠠ ᠲᠠᠢ ᠨᠣᠳᠣᠭ ᠮᠢᠨᠢ
ᠡᠨᠡ ᠯᠡ ᠬᠣᠷᠸ᠎ᠠ ᠶᠢ ᠦᠵᠡᠨ ᠪᠢᠰᠢᠷᠡᠯ᠎ᠡ ᠴᠤ
ᠢᠰᠡᠭᠡᠢ ᠭᠡᠷ ᠮᠢᠨᠢ ᠦᠨᠡᠬᠡᠷ ᠰᠠᠢᠬᠠᠨ
ᠢᠳᠡᠭᠡᠨ ᠦ ᠲᠡᠭᠡᠵᠢ ᠰᠠᠷᠬᠣᠳ ᠢ ᠨᠢ ᠠᠮᠰᠠᠯ᠎ᠠ ᠴᠤ ᠭᠡᠳ
ᠢᠰᠦᠭᠰᠡᠨ ᠠᠢᠷᠠᠭ ᠤᠨ ᠦᠨᠦᠷ ᠢᠶᠡᠨ ᠰᠠᠨᠠᠬᠣ ᠶᠤᠮ
ᠡᠵᠢ ᠶᠢᠨ ᠬᠠᠢᠷᠠᠳᠠᠢ ᠨᠣᠳᠣᠭ ᠢᠶᠠᠨ ᠰᠠᠨᠠᠬᠣ ᠪᠠᠷ
ᠵᠢᠭᠦᠷᠳᠡᠨ ᠰᠢᠪᠠᠭᠤ ᠰᠢᠭ᠋ ᠨᠢᠰᠤᠨ ᠬᠦᠷᠦᠮᠡᠷ ᠪᠠᠢᠨ᠎ᠠ
ᠡᠨᠡᠬᠡᠨ ᠽᠠᠮᠪᠣᠯᠢᠩ ᠳᠤ ᠬᠠᠮᠢᠭ᠎ᠠ ᠴᠤ ᠶᠠᠪᠤᠭᠰᠠᠨ ᠴᠤ
ᠡᠯᠢᠭᠡ ᠵᠢᠷᠦᠬᠡᠨ ᠡᠴᠡ ᠮᠢᠨᠢ ᠣᠶᠠᠭᠠᠲᠠᠢ ᠨᠣᠳᠣᠭ ᠮᠢᠨᠢ
ᠭᠦ᠋ ᠲᠣᠭᠳᠠᠨᠪᠠᠶᠠᠷ