-
77989
ᠪᠢ ᠲᠠᠩᠨᠠᠭᠤᠯ ᠴᠤ ᠪᠢᠰᠢ
2016-03-07 15:03
487
0
ᠪᠢ ᠲᠠᠩᠨᠠᠭᠤᠯ ᠴᠤ ᠪᠢᠰᠢ
᠁ ᠰᠦᠬᠡ ᠡᠪᠦᠭᠡᠨ ᠦ ᠳᠡᠭᠡᠷ᠎ᠡ ᠲᠤᠯᠵᠤ ᠂ ᠺᠠᠷᠲ ᠢᠶᠠᠨ ᠦᠭᠪᠡᠯ ᠴᠤᠩᠬᠤᠨ ᠬᠠᠵᠠᠭᠤᠳᠠᠬᠢ ᠵᠢᠵᠢᠭ ᠮᠠᠰᠢᠨ ᠨᠢ ᠄ ︽ ᠮᠢ ᠮᠠ ᠂ ᠮᠢ ᠮᠠ ︾ ᠭᠡᠵᠦ ᠳᠤᠤᠭᠠᠷᠴᠤ ᠪᠠᠶᠢᠭᠰᠠᠨ ᠴᠤ ᠡᠪᠦᠭᠡᠨ ᠲᠦᠬᠦᠭᠡᠷᠦᠭᠰᠡᠨ ᠦᠭᠡᠢ ᠃ ᠴᠤᠩᠬᠤᠨ ᠴᠠᠭᠠᠨ᠎ᠠ ᠠᠴᠠ ᠪᠠᠩᠬᠢ ᠶᠢᠨ ᠠᠵᠢᠯᠴᠢᠨ ᠪᠤᠯᠬᠤ ᠵᠠᠯᠠᠭᠤ ᠪᠦᠰᠡᠭᠦᠢ ᠄ ︽ᠠᠪᠤ ᠡ ᠂ ᠴᠢᠮ᠎ᠠ ᠶᠢ ᠨᠢᠭᠤᠴᠠ ᠨᠤᠮᠧᠷ ᠢᠶᠠᠨ ᠳᠠᠷᠤ ᠭᠡᠵᠦ ᠪᠠᠶᠢᠨ᠎ᠠ ᠰᠢᠦ ︾ᠭᠡᠪᠡ ᠃
︽ᠲᠡᠭᠡᠭᠡᠳ ᠮᠤᠩᠭᠤᠯ ᠢᠶᠠᠷ ᠢᠶᠠᠨ ᠬᠡᠯᠡᠴᠢᠭᠡᠨᠡ ᠪᠠ ᠳ᠋ᠠ ᠂ ᠡᠨᠡ ᠦᠬᠢᠨ ᠴᠢᠨᠢ ᠂ ᠵᠦᠭᠡᠷ ᠮᠢ ᠮᠠ ᠂ ᠮᠢ ᠮᠠ ᠭᠡᠳ ᠪᠠᠶᠢᠬᠤ ᠶᠤᠮ ︾
︽ᠪᠢ ᠬᠡᠯᠡᠵᠦ ᠪᠠᠶᠢᠬᠤ ᠪᠢᠰᠢ ᠂ ᠡᠨᠡ ᠮᠠᠰᠢᠨ ᠳᠤᠤᠭᠠᠷᠴᠤ ᠪᠠᠶᠢᠭ᠎ᠠ ᠶᠤᠮ ᠃ ᠨᠢᠭᠤᠴᠠ ᠨᠤᠮᠧᠷ ᠢᠶᠠᠨ ᠬᠤᠷᠳᠤᠨ ᠳᠠᠷᠤᠴᠢᠬᠠ ᠂ ᠠᠷᠤ ᠳᠤ ᠴᠢᠨᠢ ᠪᠠᠰᠠ ᠤᠯᠠᠨ ᠬᠦᠮᠦᠨ ᠬᠦᠯᠢᠶᠡᠵᠦ ᠪᠠᠶᠢᠨ᠎ᠠ ︾
︽ ᠠᠪᠤ ᠳᠤ ᠨᠢ ᠶᠠᠮᠠᠷ ᠨᠢᠭᠤᠴᠠ ᠨᠤᠮᠧᠷ ᠪᠠᠶᠢᠳᠠᠭ ᠶᠤᠮ ᠂ ᠪᠢ ᠲᠠᠩᠨᠠᠭᠤᠯ ᠴᠤ ᠪᠢᠰᠢ ︾ ᠭᠡᠰᠡᠨ ᠳᠦ ᠠᠷᠤ ᠳᠤ ᠨᠢ ᠮᠦᠷᠯᠡᠵᠦ ᠪᠠᠶᠢᠭᠰᠠᠨ ᠬᠦᠮᠦᠰ ᠬᠦᠷᠴᠢᠭᠢᠨᠡᠲᠡᠯ᠎ᠡ ᠪᠡᠨ ᠢᠨᠢᠶᠡᠯᠴᠡᠪᠡ ᠃
᠁ ᠵᠤᠬᠢᠶᠠᠯᠴᠢ ᠬᠠᠷᠭᠤᠢ ᠶᠢᠨ ︽ᠨᠢᠩᠵᠢᠨ ᠰᠡᠳᠬᠢᠯ ᠲᠠᠢ ᠬᠤᠯᠠᠭᠠᠶᠢᠴᠢ ︾ᠨᠤᠮ ᠠᠴᠠ ᠬᠡᠰᠡᠭᠯᠡᠨ ᠠᠪᠤᠪᠠ ᠃