

ᠨᠤᠮ ᠤᠩᠰᠢᠬᠤ ᠲᠤᠬᠠᠢ

2017-06-28 09:20
  345
  0
    ᠨᠤᠮ ᠤᠩᠰᠢᠬᠤ ᠲᠤᠬᠠᠢ 
  
ᠨᠤᠮ ᠭᠡᠵᠦ ᠤᠯᠠᠨ ᠬᠦᠮᠦᠨ ᠲᠡᠪᠵᠢᠶ᠋ᠷᠡᠬᠦ ᠪᠤᠯᠵᠠᠭᠠᠯ᠎ᠠ᠃ ᠵᠠᠷᠢᠮᠠᠳ ᠨᠢ ᠪᠢᠴᠢᠨ᠎ᠡ᠂  ᠵᠠᠷᠢᠮᠠᠳ ᠨᠢ ᠤᠩᠰᠢᠨ᠎ᠠ᠃ ᠵᠠᠷᠢᠮ ᠨᠢ ᠤᠩᠰᠢᠬᠤ ᠮᠦᠷᠳᠡᠬᠡᠨ ᠪᠢᠴᠢᠨ᠎ᠡ᠃ ᠶᠠᠭᠠᠬᠢᠵᠤ ᠨᠤᠮ ᠤᠩᠰᠢᠬᠤ ᠲᠤᠬᠠᠢ᠂ ᠶᠠᠮᠠᠷ ᠨᠤᠮ ᠤᠩᠰᠢᠬᠤ ᠲᠤᠬᠠᠢ ᠬᠦᠮᠦᠰ ᠤᠯᠠᠨ ᠤᠨᠢ ᠬᠠᠷᠠᠭᠠᠰᠤ ᠪᠤᠶᠤ ᠵᠤᠭᠰᠤᠴᠠ ᠠᠴᠠ ᠶᠠᠷᠢᠬᠤ ᠪᠢᠴᠢᠬᠦ ᠨᠢ ᠵᠦᠩᠳᠡᠬᠡᠨ᠃ ᠪᠠᠰᠠ ᠨᠤᠮ ᠤᠩᠰᠢᠬᠤ ᠤᠯᠤᠰ ᠤᠷᠤᠨ ‍ᠣ ᠲᠤᠭ᠎ᠠ ᠴᠢᠨᠠᠷ ᠤᠨ  ᠲᠤᠬᠠᠢ ᠪᠦᠷᠢᠳᠭᠡᠯ ᠭᠡᠳᠡᠭ ᠨᠢ ᠦᠪᠡᠷ ᠦᠨ ᠡᠷᠬᠡ ᠦᠭᠡᠢ ᠬᠦᠮᠦᠨ ‍ᠣ ᠬᠠᠷᠢᠴᠠᠭᠤᠯᠬᠤ ᠰᠡᠳᠭᠢᠯ ᠢ ᠡᠭᠦᠰᠭᠡᠮᠡᠷ ᠪᠢᠯᠡ᠃ ᠭᠡᠬᠦ ᠳ᠋ᠥ  ᠪᠡᠨ ᠪᠠᠰᠠ ᠶᠠᠮᠠᠷ ᠬᠦᠮᠦᠨ ᠶᠠᠭᠠᠬᠢᠵᠤ ᠤᠶᠢᠯᠠᠭᠠᠬᠤ ᠪᠤᠶᠤ ᠨᠢᠭᠡ ᠨᠤᠮ ᠠᠴᠠ ᠶᠠᠮᠠᠷ ᠬᠦᠮᠦᠨ ᠶᠠᠭᠤ ᠵᠢ ᠰᠤᠷᠴᠤ ᠪᠤᠯᠬᠤ ᠲᠤᠬᠠᠢ ᠰᠤᠳᠤᠯᠵᠠᠭᠠᠬᠤ ᠪᠢᠯᠡ᠃ 
ᠡᠭᠦᠨ  ᠳᠦ ᠬᠠᠶᠠ ᠨᠢᠭᠡ ᠨᠢ ᠠᠵᠢᠯ ᠤᠨ ᠱᠠᠭᠠᠷᠳᠠᠯᠭ᠎ᠠ ᠭᠡᠬᠦ ᠳ᠋ᠥ ᠪᠠᠰᠠ ᠵᠠᠷᠢᠮ ᠨᠡᠷ᠎ᠡ ᠨᠢ ᠤᠶᠤᠨ ‍ᠣ ᠬᠦᠨᠡᠰᠦ᠂  ᠵᠤᠭ᠎ᠠ ᠴᠡᠩᠭᠡᠯ ᠪᠤᠯᠭᠠᠳᠠᠭ ᠪᠢᠵᠠ᠃  
ᠨᠡᠷᠡᠳᠦ ᠡᠷᠳᠡᠮᠳᠡᠨ ᠮᠡᠷᠭᠡᠳ ᠪᠦᠷ ᠨᠤᠮ ᠤᠩᠰᠢᠭᠰᠠᠨ ᠮᠦᠷᠳᠡᠬᠡᠨ ᠨᠤᠮ ᠤᠩᠰᠢᠬᠤ ᠲᠤᠬᠠᠢ ᠲᠠᠯᠠᠢ ᠪᠠᠶᠠᠨ ᠮᠡᠷᠭᠡᠨ ᠦᠭᠡ ᠬᠡᠯᠡᠭᠰᠡᠨ ᠪᠠᠶᠢᠳᠠᠭ᠃ ᠮᠠᠤ ᠽᠸ ᠳ᠋ᠦᠩ ᠤᠯᠠᠨ ᠨᠤᠮ ᠤᠩᠰᠢᠯ᠎ᠠ ᠭᠡᠳᠡᠭ᠂ ᠪᠠᠰᠠ ᠬᠤᠷᠳᠤᠨ ᠤᠩᠰᠢᠨ᠎ᠠ ᠭᠡᠳᠡᠭ᠃ ︽ ᠪᠠᠷᠠᠭᠤᠨᠰᠢ ᠵᠤᠷᠴᠢᠭᠰᠠᠨ ᠲᠡᠮᠳᠡᠭᠯᠡᠯ︾ ᠂︽ ᠱᠦᠢ ᠬᠤ᠋ ᠵᠢᠨ ᠦᠯᠢᠭᠡᠷ︾᠁ ᠤᠯᠠᠨ ᠲᠦᠮᠡᠨᠴᠢ ᠴᠢᠨᠠᠷ ᠲᠠᠢ ᠨᠤᠮ ᠤᠯᠠᠨ ᠤᠩᠰᠢᠯ᠎ᠠ᠃ ᠵᠢᠶᠠᠩ ᠵᠢᠶᠧ ᠱᠢ ᠴᠦ ᠨᠤᠮ ᠤᠩᠰᠢᠨ᠎ᠠ᠃ ︽ ᠺᠦᠩᠽᠢ︾ ᠂︽ ᠬᠤᠸᠠᠢ ᠨᠠᠨ ᠽᠢ ᠪᠢᠴᠢᠭ︾ ᠁ ᠤᠩᠰᠢᠯ᠎ᠠ ᠭᠡᠳᠡᠭ᠃ ᠤᠷᠳᠤᠨ ‍ᠣ ᠨᠤᠮ︽ ᠤᠯᠠᠭᠠᠨ ᠠᠰᠠᠷ ᠤᠨ ᠵᠡᠭᠦᠳᠦ︾ ᠪᠤᠯ ᠨᠡᠶᠢᠭᠡᠮ᠂ ᠠᠵᠤ ᠠᠬᠤᠢ᠂ ᠤᠯᠤᠰ ᠲᠦᠷᠦ᠂ ᠤᠳᠬ᠎ᠠ ᠵᠤᠬᠢᠶᠠᠯ᠂ ᠰᠡᠳᠭᠢᠴᠡ ᠵᠦᠢ᠂ ᠰᠤᠷᠭᠠᠨ ᠬᠦᠮᠦᠵᠢᠯ ᠭᠡᠬᠦ ᠮᠡᠳᠦ ᠤᠯᠠᠨ ᠲᠠᠯ᠎ᠠ ᠵᠢᠨ ᠦᠨ᠎ᠡ ᠦᠷᠳᠡᠭ ᠲᠠᠢ ᠨᠤᠮ ᠭᠡᠯᠴᠡᠳᠡᠭ ᠪᠢᠯᠡ᠃ ︽ ᠮᠤᠩᠭᠤᠯ ᠤᠨ ᠨᠢᠭᠤᠴᠠ ᠲᠤᠪᠴᠢᠶᠠᠨ︾  ᠢ ᠤᠩᠰᠢᠭᠰᠠᠨ ᠬᠦᠮᠦᠨ ᠤᠯᠠᠨ ᠪᠠᠶᠢᠵᠤ ᠮᠡᠳᠡᠨ᠎ᠡ᠃ ᠭᠡᠬᠦ ᠳᠦ ᠤᠯᠤᠭᠰᠠᠨ ᠵᠦᠢᠯ ᠨᠢ ᠬᠦᠮᠦᠨ ᠪᠤᠯᠭᠠᠨ ᠠᠳᠠᠯᠢ ᠪᠢᠰᠢ ᠪᠠᠶᠢᠵᠤ ᠮᠡᠳᠡᠨ᠎ᠡ᠃ ᠪᠢ ᠲᠠᠭᠠᠮᠠᠭᠯᠠᠬᠤ ᠪᠠᠷ ᠲᠡᠷᠡ ᠪᠤᠯ ᠮᠤᠩᠭᠤᠯ ᠤᠷᠠᠨ ᠵᠤᠬᠢᠶᠠᠯ᠂ ᠲᠡᠤᠬᠡ᠂ ᠵᠠᠩ ᠵᠠᠩᠰᠢᠯ᠂ ᠤᠭᠰᠠᠭ᠎ᠠ ᠰᠤᠳᠤᠯᠤᠯ᠂ ᠨᠡᠶᠢᠭᠡᠮ ᠠᠵᠤ ᠠᠬᠤᠢ᠂ ᠤᠯᠤᠰ ᠲᠦᠷᠦ᠂ ᠭᠡᠷ ᠦᠨ ᠴᠠᠳᠢᠭ᠂ ᠲᠠᠶᠢᠨ ᠪᠠᠶᠢᠯᠳᠤᠭᠠᠨ ᠭᠡᠬᠦ ᠮᠡᠳᠦ ᠵᠢᠨ ᠤᠯᠠᠨ ᠰᠤᠳᠤᠯᠤᠯ ᠰᠢᠨᠵᠢᠯᠡᠯ ᠦᠨ ᠡᠬᠡ ᠲᠡᠪᠳᠡᠷ ᠪᠠᠶᠢᠵᠤ ᠪᠤᠯᠤᠨ᠎ᠠ᠃ ᠡᠭᠦᠨ ᠡᠴᠡ ᠦᠵᠡᠬᠦ ᠳᠦ ᠨᠤᠮ ᠤᠩᠰᠢᠬᠤ ᠳᠤ ᠨᠢᠭᠡ ᠬᠠᠷᠠᠯᠳᠠ ᠪᠠᠷ ᠭᠤᠤᠯᠳᠠᠵᠤ ᠨᠢᠭᠡ ᠲᠡᠭᠡᠷ᠎ᠡ ᠤᠯᠠᠨ ᠢ ᠬᠦᠷᠳᠡᠬᠦ ᠨᠢ ᠲᠡᠭᠡᠳᠦ ᠠᠷᠭ᠎ᠠ ᠪᠤᠯᠤᠨ᠎ᠠ᠃  
ᠨᠤᠮ ᠤᠩᠰᠢᠬᠤ ᠳᠤ ᠤᠯᠠᠩᠬᠢ ᠡᠷᠳᠡᠮᠳᠡᠨ ᠨᠢᠭᠡ ᠨᠤᠮ ᠵᠢ ᠤᠯᠠᠨ ᠤᠩᠰᠢᠬᠤ᠂ ᠠᠳᠠᠯᠢ ᠪᠤᠰᠤ ᠨᠠᠰᠤᠨ ‍ᠣ ᠦᠶ᠎ᠡ ᠳᠦ ᠪᠡᠨ ᠠᠳᠠᠯᠢ ᠪᠤᠰᠤ ᠨᠤᠮ ᠢ ᠤᠩᠰᠢᠬᠤ ᠪᠤᠶᠤ ᠠᠳᠠᠯᠢ ᠨᠢᠭᠡ ᠨᠤᠮ ᠢ ᠲᠠᠬᠢᠨ ᠲᠠᠪᠳᠠᠨ ᠤᠩᠰᠢᠬᠤ   ᠳᠤ ᠢᠯᠡᠷᠡᠷᠭᠦᠯᠦᠯ ᠪᠠ ᠦᠷ᠎ᠡ ᠠᠰᠢᠭ ᠨᠢ ᠴᠦ ᠠᠳᠠᠯᠢ ᠪᠤᠰᠤ ᠪᠤᠯᠬᠤ ᠨᠢ ᠲᠠᠮᠵᠢᠭ ᠦᠭᠡᠢ᠂ ᠡᠨᠡ ᠨᠢ ᠨᠤᠮ ᠤᠩᠰᠢᠬᠤ ᠵᠢᠨ ᠦᠶᠡᠯᠡᠯᠳᠦ ᠴᠢᠨᠠᠷ ᠤᠨ ᠠᠰᠠᠭᠤᠳᠠᠯ ᠪᠤᠯᠤᠨ᠎ᠠ᠃  
ᠪᠠᠰᠠ ᠬᠡᠷᠡᠭᠴᠡᠭᠡ ᠳᠦ  ᠪᠡᠨ ᠲᠤᠬᠢᠷᠠᠭᠤᠯᠤᠨ ᠴᠦᠯᠪᠡᠨ ᠤᠩᠰᠢᠬᠤ᠃ ᠶᠠᠮᠠᠷ ᠨᠢᠭᠡ ᠬᠡᠷᠡᠭᠴᠡᠭᠡ ᠳᠦ ᠪᠤᠯᠬᠤ ᠲᠤᠬᠢᠶᠠᠯᠳᠤᠯ ᠳᠤ  ᠢᠶᠠᠨ ᠨᠤᠮ ᠲᠡᠪᠳᠡᠷ ᠢ ᠲᠦᠷᠦᠯᠵᠢᠬᠦᠯᠦᠨ ᠤᠩᠰᠢᠬᠤ ᠪᠤᠶᠤ ᠬᠠᠷᠢᠴᠠᠭᠤᠯᠤᠨ ᠤᠩᠰᠢᠬᠤ ᠨᠢ ᠡᠷᠳᠡᠨ ᠡᠳᠦᠭᠡ ᠲᠤᠳᠤᠭᠠᠳᠤ ᠭᠠᠳᠠᠭᠠᠳᠤ ᠵᠢᠨ ᠨᠤᠮ ᠠᠴᠠ  ᠬᠦᠷᠳᠡᠬᠦ ᠬᠤᠷᠠᠮᠳᠤᠭᠤᠯᠤᠯ ᠬᠤᠷᠢᠶᠠᠩᠭᠤᠶᠢᠯᠠᠯ ᠨᠢ ᠭᠦᠨᠵᠡᠭᠡᠢ ᠲᠡᠯᠭᠡᠷ ᠪᠠᠶᠢᠵᠤ ᠮᠡᠳᠡᠨ᠎ᠡ᠃  
ᠨᠤᠮ ᠤᠩᠰᠢᠬᠤ ᠳᠤ ᠪᠠᠰᠠ ᠦᠢᠯᠡᠳᠦᠯᠭᠡ᠂ ᠪᠤᠳᠠᠳᠠᠢ ᠲᠠᠢ ᠤᠶᠠᠯᠳᠤᠭᠤᠯᠤᠨ ᠨᠤᠮ ᠤᠩᠰᠢᠬᠤ ᠨᠢ ᠨᠤᠮ ᠢ ᠯᠠ ᠢᠳᠡᠭᠡᠬᠦ᠂ ᠨᠤᠮ ᠢ ᠪᠦᠷᠢᠮᠦᠰᠦᠨ ᠢᠳᠡᠭᠡᠬᠦ᠂ ᠪᠤᠶᠤ ︽ ᠬᠦᠯ ᠦᠨ ᠬᠡᠮᠵᠢᠭᠦᠷ ᠢ ᠢᠳᠡᠭᠡᠨ᠂ ᠬᠦᠯ ᠵᠢᠡᠨ ᠦᠯᠦ ᠢᠳᠡᠭᠡᠬᠦ︾  ᠡᠴᠡ ᠵᠠᠶᠢᠳᠠᠵᠤ ᠨᠤᠮ ᠤᠩᠰᠢᠬᠤ ᠵᠢᠨ ᠦᠨᠡᠨ ᠮᠠᠭᠠᠳ ᠦᠷᠳᠡᠭ ᠢ ᠨᠢ ᠨᠡᠮᠡᠭᠳᠡᠭᠦᠯᠵᠦ ᠪᠤᠯᠤᠨ᠎ᠠ᠃  
ᠨᠤᠮ ᠤᠩᠰᠢᠬᠤ ᠳᠤ ᠪᠠᠰᠠ ᠤᠩᠰᠢᠬᠤ ᠲᠡᠰ ᠲᠠᠷᠠᠭ᠎ᠠ ᠵᠢ ᠠᠩᠬᠠᠷᠬᠤ ᠬᠡᠷᠡᠭᠳᠡᠢ᠃ ᠠᠷᠭ᠎ᠠ ᠪᠤᠶᠤ ᠲᠡᠰ ᠲᠠᠷᠠᠭ᠎ᠠ ᠪᠤᠯ ᠰᠢᠨᠵᠢᠯᠡᠬᠦ ᠤᠬᠠᠭᠠᠨ ‍ᠣ ᠮᠦᠷᠳᠡᠬᠡᠨ ᠪᠠᠰᠠ ᠤᠷᠠᠯᠢᠭ ᠤᠨ ᠵᠠᠶᠢᠯᠠᠰᠢ ᠦᠭᠡᠢ ᠪᠤᠳᠤᠯᠬᠢᠯᠠᠬᠤ ᠤᠴᠢᠷ ᠮᠦᠨ᠂ ᠲᠡᠷᠡ ᠨᠢ ᠦᠷ᠎ᠡ ᠠᠰᠢᠭ ᠢ ᠨᠦᠯᠦᠭᠡᠯᠡᠬᠦ ᠤᠩᠰᠢᠬᠤ ᠱᠠᠳᠤᠴᠢ ᠴᠢᠨᠠᠷ ᠤᠨ ᠠᠰᠠᠭᠤᠳᠠᠯ ᠮᠦᠨ᠃  
ᠨᠤᠮ ᠤᠩᠰᠢᠬᠤ ᠳᠤ ᠰᠢᠭᠦᠮᠵᠢᠯᠡᠯᠳᠦ ᠤᠪᠤᠷ ᠵᠢᠡᠷ ᠬᠠᠨᠳᠤᠬᠤ ᠬᠡᠷᠡᠭᠳᠡᠢ᠃ ︽ ᠨᠤᠮ ᠪᠤᠯ ᠪᠤᠷᠬᠠᠨ ‍ᠣ ᠪᠢᠴᠢᠭ᠂ ᠪᠤᠭᠳᠠ ᠵᠢᠨ ᠰᠤᠷᠭᠠᠯ ᠪᠢᠰᠢ ᠭᠡᠵᠦ︾ ᠶᠧ ᠱᠧᠩ ᠲᠤᠤ ᠬᠡᠯᠡᠵᠦ ᠦᠩᠭᠡᠷᠪᠡ᠃ ᠡᠭᠦᠨ ᠳᠤ ᠨᠤᠮ ᠤᠩᠰᠢᠬᠤ ᠳᠤ ᠦᠩᠭᠡᠳᠦ ᠰᠢᠯ ᠵᠡᠭᠦᠨ ᠤᠩᠰᠢᠬᠤ ᠤᠤ︖ ᠦᠪᠡᠷ ᠦᠨ ᠦᠵᠡᠯ ᠵᠢᠡᠷ ᠨᠤᠮ ᠤᠩᠰᠢᠬᠤ ᠤᠤ︖ ᠦᠨᠳᠦᠰᠦᠳᠡᠨ ‍ᠣ ᠦᠵᠡᠯ ᠵᠢᠡᠷ ᠨᠤᠮ ᠤᠩᠰᠢᠬᠤ ᠤᠤ︖ ᠮᠠᠷᠺᠰ ᠤᠨ ᠦᠵᠡᠯ ᠵᠢᠡᠷ ᠨᠤᠮ ᠤᠩᠰᠢᠬᠤ ᠭᠡᠳᠡᠭ ᠨᠢ ᠮᠠᠰᠢ ᠴᠢᠬᠤᠯᠠ ᠤᠴᠢᠷ᠃ ᠡᠨᠡ ᠨᠢ ᠤᠩᠰᠢᠬᠤ ᠵᠢᠨ ᠠᠬᠢᠯᠳᠠ ᠬᠦᠭᠵᠢᠯ ᠦᠨ ᠠᠰᠠᠭᠤᠳᠠᠯ ᠪᠤᠯᠤᠨ᠎ᠠ᠃

ᠨᠦᠬᠦᠪᠦᠷᠢᠯᠡᠨ ᠤᠩᠰᠢᠬᠤ᠃ ᠡᠨᠡ ᠨᠢ ᠴᠠᠭ ᠲᠤ ᠪᠠᠨ ᠠᠷᠪᠢᠳᠡᠢ᠃  ᠨᠤᠮ ᠵᠤᠬᠢᠶᠠᠯ ᠰᠤᠩᠭᠤᠬᠤ ᠮᠦᠷᠳᠡᠬᠡᠨ ᠨᠢᠭᠡ ᠨᠤᠮ ᠵᠤᠬᠢᠶᠠᠯ ᠠᠴᠠ ᠰᠤᠩᠭᠤᠨ ᠤᠩᠰᠢᠬᠤ᠃ ᠮᠡᠳᠡᠭᠰᠡᠨ ᠪᠤᠶᠤ ᠡᠰᠡᠭᠦᠯ᠎ᠡ ᠬᠡᠷᠡᠭᠯᠡᠭᠡᠨ ‍ᠣ ᠡᠭᠦᠳᠡᠨ ᠡᠴᠡ ᠤᠩᠰᠢᠨ᠎ᠠ᠃  
ᠨᠤᠮ ᠤᠩᠰᠢᠬᠤ ᠳᠤ ᠪᠠᠰᠠ ᠨᠤᠮ ᠤᠨ ᠵᠤᠬᠢᠶᠠᠭᠴᠢ ᠵᠤᠬᠢᠶᠠᠭᠰᠠᠨ ᠴᠠᠭ ᠤᠷᠤᠨ ᠢ ᠨᠢ ᠮᠡᠳᠡᠵᠦ ᠤᠩᠰᠢᠪᠠᠯ ᠤᠶᠢᠯᠠᠭᠠᠨ ᠰᠤᠳᠤᠯᠵᠤ ᠰᠦᠪᠡᠭᠴᠢᠯᠡᠬᠦ ᠳᠦ ᠰᠠᠶᠢᠨ᠃ ᠡᠭᠦᠨ ᠳᠦ ᠤᠨᠴᠠᠶᠢᠭᠠᠶᠢᠯᠠᠨ ᠴᠠᠭ ᠤᠷᠤᠨ ᠢ ᠨᠢ ᠮᠡᠳᠡᠭᠦ ᠨᠢ ᠮᠠᠰᠢ ᠴᠢᠬᠤᠯᠠ᠃  
ᠤᠷᠮ᠎ᠠ ᠳᠤ ᠪᠠᠨ ᠲᠤᠬᠢᠷᠠᠭᠤᠯᠤᠨ ᠨᠤᠮ ᠤᠩᠰᠢᠬᠤ᠃ ᠡᠨᠡ ᠪᠤᠯ ᠨᠤᠮ ᠤᠩᠰᠢᠬᠤ ᠵᠢᠨ ᠪᠡᠶᠡᠴᠢ ᠴᠤᠭᠴᠠ ᠵᠢᠨ ᠲᠦᠷ ᠴᠠᠭ ᠤᠨ ᠦᠪᠡᠷ ᠦᠨ ᠤᠷᠮ᠎ᠠ ᠰᠡᠳᠭᠢᠯ ᠳᠦ ᠲᠤᠬᠢᠷᠠᠭᠤᠯᠤᠨ ᠨᠤᠮ ᠤᠩᠰᠢᠬᠤ ᠵᠢ ᠬᠡᠯᠡᠨ᠎ᠡ᠃ ᠲᠤᠬᠠᠶᠢᠯᠠᠪᠠᠯ ᠨᠡᠶᠢᠭᠡᠮ ᠦᠨ ᠲᠡᠭᠰᠢ ᠪᠤᠰᠤ ᠤᠴᠠᠷᠠᠯ ᠶᠢᠨ ᠦᠶ᠎ᠡ ᠳᠦ ᠶᠠᠮᠠᠷ ᠨᠤᠮ ᠤᠩᠰᠢᠬᠤ᠂ ᠬᠤᠪᠢ ᠵᠢᠨ ᠰᠡᠳᠭᠢᠯ ᠦᠨ ᠭᠤᠨᠢᠭ ᠤᠨ ᠦᠶ᠎ᠡ ᠳᠦ ᠶᠠᠠᠮᠷ ᠨᠤᠮ ᠤᠩᠰᠢᠬᠤ ᠭᠡᠬᠦ ᠮᠡᠳᠦ ‍ᠣ ᠤᠨᠴᠠ ᠪᠠᠶᠠᠷᠳᠠᠢ ᠦᠶ᠎ᠡ ᠶᠠᠮᠠᠷ ᠨᠤᠮ ᠤᠩᠰᠢᠬᠤ ᠭᠡᠬᠦ ᠮᠡᠳᠦ ᠪᠤᠯᠤᠨ᠎ᠠ᠃  
ᠨᠠᠰᠤᠨ ‍ᠣ ᠤᠨᠴᠠᠯᠢᠭ  ᠲᠤ ᠪᠠᠨ ᠵᠤᠬᠢᠴᠠᠭᠤᠯᠤᠨ ᠨᠤᠮ ᠤᠩᠰᠢᠬᠤ᠂ ᠲᠤᠬᠠᠶᠢᠯᠠᠪᠠᠯ ᠬᠡᠤᠬᠡᠳ ᠨᠠᠰᠤᠨ ‍ᠣ ᠦᠶ᠎ᠡ ᠳᠦ᠂ ᠦᠳᠡᠯᠦᠭᠡ ᠨᠠᠰᠤᠨ ‍ᠣ ᠦᠶ᠎ᠡ ᠶᠠᠮᠠᠷ ᠨᠤᠮ ᠤᠩᠰᠢᠬᠤ ᠭᠡᠬᠦ ᠪᠤᠯᠤᠨ᠎ᠠ᠃  

ᠨᠤᠮ ᠲᠡᠪᠳᠡᠷ ᠦᠨ ᠦᠪᠡᠷᠮᠢᠴᠡ ᠤᠨᠴᠠᠯᠢᠭ ᠬᠡᠪ ᠨᠠᠮᠪᠠ ᠵᠢ ᠨᠢ ᠠᠳᠬᠤᠵᠤ ᠨᠤᠮ ᠤᠩᠰᠢᠬᠤ᠃ ᠭᠡᠬᠦ ᠳᠦ ᠪᠡᠨ ᠦᠪᠡᠷᠮᠢᠴᠡ ᠤᠨᠴᠠᠯᠢᠭ ᠬᠡᠪ ᠨᠠᠮᠪᠠ ᠵᠢ ᠨᠢ ᠵᠠᠳᠠᠯᠤᠨ ᠰᠢᠨᠵᠢᠯᠡᠵᠦ᠂ ᠲᠡᠮᠳᠡᠭᠯᠡᠨ ᠪᠢᠴᠢᠬᠦ ᠳᠤ ᠪᠠᠨ ᠨᠤᠮ ᠤᠨ ᠪᠦᠳᠦᠴᠡ᠂ ᠤᠷᠤᠰᠢᠯ ᠂ᠬᠤᠶᠢᠨᠠᠬᠢ ᠦᠭᠡ ᠂ ᠯᠠᠪᠯᠠᠯᠳᠠ ᠰᠠᠯᠳᠠ ᠪᠤᠯᠭᠠᠭᠰᠠᠨ ᠨᠤᠮ ᠵᠢ ᠨᠢ ᠤᠷᠭᠢᠭᠳᠠᠭᠤᠯ ᠦᠭᠡᠢ ᠤᠩᠰᠢᠨ᠎ᠠ᠃ 


ᠲᠡᠮᠳᠡᠭᠯᠡᠬᠦ᠂ ᠰᠤᠨᠢᠷᠬᠠᠬᠤ᠂ ᠰᠢᠭᠦᠮᠵᠢᠯᠡᠬᠦ ᠪᠤᠯ ᠨᠤᠮ ᠤᠩᠰᠢᠵᠤ ᠴᠠᠭᠠᠷᠠᠬᠤ ᠠᠷᠭ᠎ᠠ ᠵᠦᠢ ᠵᠢᠨ ᠮᠦᠷᠳᠡᠬᠡᠨ ᠡᠷᠳᠡᠮ ᠰᠢᠨᠵᠢᠯᠡᠭᠡᠨ ‍ᠣ ᠠᠰᠠᠭᠤᠳᠠᠯ ᠪᠤᠯᠤᠨ᠎ᠠ᠃ ᠡᠭᠦᠨ  ᠳᠦ ᠨᠤᠮ ᠲᠡᠭᠡᠷ᠎ᠡ ᠪᠡᠨ ᠵᠢᠷᠤᠵᠤ ᠲᠡᠮᠳᠡᠭᠯᠡᠬᠦ᠂ ᠲᠤᠰᠬᠠᠢᠲᠤᠪᠴᠢ ᠲᠡᠯᠭᠡᠷᠡᠩᠬᠦᠢ ᠲᠡᠮᠳᠡᠭᠯᠡᠯ ᠬᠢᠬᠦ᠂  
ᠤᠯᠤᠯᠳᠠ ᠲᠦᠷᠦᠭᠳᠡᠯ ᠪᠢᠴᠢᠬᠦ᠂ ᠰᠤᠨᠢᠷᠬᠠᠯ ᠪᠠᠬᠠᠷᠬᠠᠯ ᠵᠢᠡᠨ ᠪᠢᠴᠢᠬᠦ᠂ ᠪᠦᠬᠦ ᠲᠠᠯ᠎ᠠ ᠪᠠᠷ ᠰᠢᠬᠦᠮᠵᠢᠯᠡᠨ ᠦᠨᠡᠯᠡᠬᠦ ᠪᠤᠯ ᠨᠤᠮ ᠤᠩᠰᠢᠭᠴᠢ ᠵᠢᠨ ᠰᠤᠶᠤᠯ ᠤᠨ ᠬᠢᠷᠢ ᠬᠡᠮ ᠦᠨ ᠠᠰᠠᠭᠤᠳᠠᠯ ᠲᠠᠢ ᠬᠤᠯᠪᠤᠭᠳᠠᠬᠤ ᠤᠴᠢᠷ ᠮᠦᠨ᠃  
   ᠡᠭᠦᠨ ᠡᠴᠡ ᠬᠠᠷᠠᠬᠤ ᠳᠤ ᠨᠤᠮ ᠤᠩᠰᠢᠬᠤ ᠨᠢ ᠰᠤᠷᠴᠤ ᠰᠤᠳᠤᠯᠬᠤ ᠭᠦᠨ ᠨᠠᠷᠢᠨ ᠤᠴᠢᠷ ᠪᠤᠯᠤᠨ᠎ᠠ᠃ ᠮᠦᠨ ᠴᠦ ᠬᠡᠷᠬᠢᠨ ᠬᠦᠮᠦᠨ ᠪᠤᠯᠬᠤ ᠬᠦᠮᠦᠨ ᠰᠤᠶᠤᠯ ᠤᠨ ᠠᠰᠠᠭᠤᠳᠠᠯ᠂ ᠤᠯᠠᠮᠵᠢᠯᠠᠬᠤ ᠪᠠ ᠲᠡᠯᠭᠡᠷᠡᠭᠦᠯᠬᠦ᠂ ᠰᠢᠩᠭᠡᠬᠦ ᠪᠠ ᠬᠠᠶᠠᠬᠤ᠂  ᠬᠠᠶᠢᠷᠠᠯᠠᠬᠤ ᠪᠠ ᠬᠠᠮᠠᠭᠠᠯᠠᠬᠤ ᠂ ᠬᠡᠷᠡᠭᠯᠡᠬᠦ ᠪᠠ ᠪᠦᠳᠦᠭᠡᠬᠦ᠂ ᠪᠦᠯᠬᠦᠮᠳᠡᠬᠦ ᠪᠠ ᠬᠦᠭᠵᠢᠬᠦ᠂ ᠵᠤᠬᠢᠴᠠᠩᠭᠤᠢ ᠪᠠ ᠬᠤᠷᠰᠢᠬᠤ ᠡᠯᠪᠡᠭ ᠪᠠᠶᠠᠯᠢᠭ ᠰᠤᠶᠤᠯ ᠰᠡᠳᠭᠢᠴᠡ ᠵᠢᠨ ᠬᠦᠮᠦᠨ ᠨᠡᠶᠢᠭᠡᠮ ᠤᠨ ᠬᠦᠭᠵᠢᠯᠳᠡ ᠵᠢᠨ ᠠᠰᠠᠭᠤᠳᠠᠯ ᠪᠤᠯᠤᠨ᠎ᠠ᠃  
 
     
 
 
 
 
 
 
 
 
 
 
 
 
 
 
 
 
 
 
  
  
 



  
     
     