-
61581
2015-04-06 21:37
564
0
ᠡᠨᠡᠬᠦ ᠪᠣᠭᠤᠨᠢᠬᠠᠨ ᠬᠡᠯᠡᠯᠭᠡ ᠬᠥᠮᠦᠰ ᠦᠨ ᠲᠣᠭᠠᠯᠠᠵᠤ ᠪᠠᠷᠠᠰᠢ ᠦᠭᠡᠢ ᠲᠤᠷᠰᠢᠯᠭ᠎ᠠ ᠠᠴᠠ ᠤᠯᠪᠠᠭᠠᠯᠠᠭᠳᠠᠨ ᠭᠠᠷᠤᠭᠰᠠᠨ ᠨᠢᠭᠡᠨ ᠦᠨᠡᠨ ᠢ ᠢᠯᠡᠷᠬᠡᠢᠯᠡᠵᠦ ᠪᠤᠢ ᠶᠤᠮ᠃ ᠥᠪᠡᠷᠲᠡᠭᠡᠨ ᠲᠤᠰᠠᠯᠠᠬᠤ ᠣᠶᠤᠨ ᠤᠬᠠᠭᠠᠨ ᠪᠣᠯ ᠬᠥᠮᠦᠰ ᠥᠰᠦᠯᠲᠡ ᠬᠥᠭᠵᠢᠯᠲᠡ ᠪᠡᠨ ᠰᠢᠯᠤᠭᠤᠳᠭᠠᠬᠤ ᠶᠢᠨ ᠲᠤᠯᠭ᠎ᠠ ᠶᠢᠨ ᠴᠢᠯᠠᠭᠤ ᠮᠥᠨ᠃ ᠥᠪᠡᠷ ᠢᠶᠡᠨ ᠥᠪᠡᠷᠲᠡᠭᠡᠨ ᠲᠤᠰᠠᠯᠠᠬᠤ ᠤᠬᠠᠭᠠᠨ ᠣᠯᠠᠨ ᠬᠥᠮᠦᠨ ᠦ ᠠᠮᠢᠳᠤᠷᠠᠯ ᠤᠨ ᠬᠥᠷᠦᠰᠦ ᠰᠠᠭᠤᠷᠢ ᠪᠣᠯᠵᠤ᠂ ᠲᠡᠭᠡᠭᠰᠡᠨ ᠢᠶᠡᠷ ᠢᠶᠡᠨ ᠠᠮᠢᠳᠤᠷᠠᠯ ᠤᠨ ᠡᠷᠴᠢᠮ ᠪᠤᠴᠠᠯᠤᠭᠰᠠᠨ ᠬᠦᠴᠦᠲᠡᠢ ᠲᠥᠷᠦ ᠤᠯᠤᠰ ᠢ ᠪᠠᠢᠢᠭᠤᠯᠬᠤ ᠳᠤ ᠴᠠᠭᠠᠳᠤ ᠬᠥᠳᠡᠯᠭᠡᠬᠦ ᠬᠦᠴᠦ ᠨᠢ ᠪᠣᠯᠵᠤ ᠥᠭᠳᠡᠭ ᠪᠢᠵᠡ᠃
ᠭᠠᠳᠠᠭᠠᠳᠤ ᠲᠠᠯ᠎ᠠ ᠶᠢᠨ ᠲᠤᠰᠠᠯᠠᠮᠵᠢ ᠬᠥᠮᠦᠨ ᠢ ᠦᠯᠪᠡᠭᠡᠷ ᠰᠤᠯᠠ ᠪᠣᠯᠭᠠᠳᠠᠭ᠃ ᠥᠪᠡᠷ ᠢᠶᠡᠨ ᠥᠪᠡᠷᠲᠡᠭᠡᠨ ᠲᠤᠰᠠᠯᠠᠵᠤ᠂ ᠥᠪᠡᠷ ᠢ ᠪᠡᠨ ᠠᠪᠤᠷᠠᠶ᠎ᠠ ᠬᠡᠮᠡᠬᠦ ᠣᠶᠤᠨ ᠰᠠᠨᠠᠭ᠎ᠠ ᠯᠠ ᠬᠥᠮᠦᠰ ᠢ ᠬᠡᠵᠢᠶᠡᠳᠡ ᠵᠣᠷᠢᠭᠵᠢᠭᠤᠯᠵᠤ ᠦᠭᠡᠳᠡᠷᠬᠡᠭ ᠪᠣᠯᠭᠠᠵᠤ ᠪᠠᠢᠢᠳᠠᠭ᠃ ᠬᠦᠮᠦᠨ ᠳᠤ ᠰᠠᠢᠢᠨ ᠲᠤᠰᠠ ᠬᠦᠷᠭᠡᠶ᠎ᠡ ᠭᠡᠳ ᠭᠠᠷ ᠢᠶᠠᠨ ᠰᠤᠩᠭᠠᠭᠠᠳ ᠪᠠᠢᠢᠪᠠᠯ ᠨᠥᠭᠦᠭᠡ ᠲᠠᠯ᠎ᠠ ᠪᠡᠷ ᠥᠪᠡᠷ ᠢᠶᠡᠨ ᠬᠥᠯ ᠳᠡᠭᠡᠷ᠎ᠡ ᠪᠡᠨ ᠪᠣᠰᠬᠤ ᠰᠡᠳᠬᠢᠯ ᠶᠢᠡᠨ ᠠᠯᠳᠠᠵᠤ᠂ ᠥᠪᠡᠷᠲᠡᠭᠡᠨ ᠲᠤᠰᠠᠯᠠᠬᠤ ᠶᠢᠨ ᠴᠢᠬᠤᠯᠠ ᠶᠢ ᠮᠠᠷᠲᠠᠳᠠᠭ᠃ ᠬᠠᠯᠠᠮᠵᠢ ᠪᠥᠭᠡᠴᠡᠢᠢᠯᠠᠯ ᠬᠢᠭᠡᠳ ᠬᠠᠲᠠᠭᠤᠷᠬᠠᠵᠤ ᠪᠠᠷᠢᠬᠤ ᠠᠯᠢ ᠠᠯᠢ ᠨᠢ ᠬᠢᠷᠢ ᠡᠴᠡ ᠪᠡᠨ ᠬᠡᠲᠦᠷᠡᠬᠦ ᠪᠡᠷ ᠲᠤᠰᠠ ᠪᠢᠰᠢ ᠤᠰᠤ ᠪᠣᠯᠵᠤ ᠬᠦᠴᠦ ᠴᠢᠳᠠᠯ ᠦᠭᠡᠢ ᠬᠥᠮᠦᠨ ᠢ ᠪᠤᠢ ᠪᠣᠯᠭᠠᠳᠠᠭ ᠨᠢ ᠦᠨᠡᠨ ᠶᠤᠮ᠃ ᠶᠠᠭᠠᠬᠢᠵᠤ ᠡᠢᠢᠭᠡᠳ ᠭᠠᠢᠢᠬᠠᠯᠲᠠᠢ ᠰᠢᠰᠲ᠋ᠧᠮ ᠲᠣᠬᠢᠷᠠᠭᠤᠯᠤᠯ᠎ᠠ ᠴᠤ ᠲᠡᠭᠦᠪᠡᠷ ᠬᠥᠮᠦᠰ ᠢ ᠠᠪᠤᠷᠠᠬᠤ ᠤᠴᠢᠷ ᠦᠭᠡᠢ᠃ ᠬᠠᠮᠤᠭ ᠤᠨ
ᠰᠠᠢᠢᠨ ᠨᠢ ᠶᠠᠭᠤ ᠴᠤ ᠬᠢᠯ ᠦᠭᠡᠢ ᠵᠦᠩ ᠢᠶᠡᠷ ᠨᠢ ᠣᠷᠬᠢᠬᠤ ᠶᠠᠪᠤᠳᠠᠯ ᠴᠤ ᠪᠠᠢᠢᠵᠤ ᠮᠠᠭᠠᠳ ᠦᠭᠡᠢ᠃ ᠲᠡᠭᠡᠪᠡᠯ ᠬᠥᠮᠦᠨ ᠥᠪᠡᠷ ᠦᠨ ᠢᠶᠡᠨ ᠴᠢᠳᠠᠯ ᠢᠶᠠᠷ ᠥᠪᠡᠷ ᠢ ᠪᠡᠨ ᠬᠥᠭᠵᠢᠭᠦᠯᠵᠦ᠂ ᠥᠪᠡᠷᠲᠡᠭᠡᠨ ᠪᠠᠢᠢᠭ᠎ᠠ ᠨᠥᠬᠦᠴᠡᠯ ᠪᠠᠢᠢᠳᠠᠯ ᠢ ᠵᠠᠰᠠᠨ ᠰᠠᠢᠢᠵᠠᠷᠠᠭᠤᠯᠵᠤ ᠶᠠᠪᠤᠬᠤ ᠪᠢᠵᠡ᠃