-
152904
ᠣᠶᠢᠷᠠᠳ ᠠᠶᠠᠯᠭᠤ ᠶᠢᠨ ᠣᠨᠴᠠᠯᠢᠭ
2016-12-08 17:57
656
5
ᠣᠶᠢᠷᠠᠳ ᠠᠶᠠᠯᠭᠤ ᠶᠢᠨ ᠣᠨᠴᠠᠯᠢᠭ
a. ︽ᠮᠣᠩᠭᠣᠯ ᠤᠨ ᠨᠢᠭᠤᠴᠠ ᠲᠣᠪᠴᠢᠶ᠎ᠠ ︾ ᠮᠡᠲᠦ ᠶᠢᠨ ᠰᠤᠷᠪᠤᠯᠵᠢ ᠲᠡᠬᠢ ᠦᠭᠡᠰ ᠦᠨ ᠡᠷᠲᠡᠨ ᠦ ᠰᠢᠨᠵᠢ ᠶᠢ ᠬᠣᠷᠢᠨ ᠨᠢᠭᠡᠳᠦᠭᠡᠷ ᠵᠠᠭᠤᠨ ᠤ ᠠᠷᠪᠠᠭᠠᠳ ᠣᠨ ᠬᠦᠷᠲᠡᠯ᠎ᠡ ᠠᠮᠢᠳᠤ ᠶᠠᠷᠢᠶᠠᠨ ᠳᠠᠭᠠᠨ ᠬᠠᠳᠠᠭᠠᠯᠠᠭᠰᠠᠭᠠᠷ ᠬᠡᠯᠡᠵᠦ ᠪᠠᠶᠢᠨ᠎ᠠ᠃
b. ᠨᠡᠶᠢᠲᠡ ᠮᠣᠩᠭᠣᠯ ᠬᠡᠯᠡᠨ ᠦ ᠦᠭᠡ ᠶᠢᠨ ᠰᠠᠩ ᠢ ᠪᠠᠶᠠᠵᠢᠭᠤᠯᠬᠤᠶᠢᠴᠠ ᠴᠡᠪᠡᠷ ᠠᠶᠠᠯᠭᠤᠨ ᠤ ᠠᠮᠢᠳᠤ ᠦᠭᠡ ︵ᠲᠠᠮᠠᠬᠢ ᠤᠮᠯᠠᠭᠠᠬᠤ᠂ ᠱᠤᠮᠠᠷ ᠠᠰᠠᠭᠠᠬᠤ ᠂ ᠦᠯᠢᠬᠡᠷ ᠬᠢᠬᠦ᠂᠂᠂᠂︶ ᠠᠷᠪᠢᠨ ᠬᠡᠯᠡᠨ᠎ᠡ ᠃
c. [ə] ᠶᠢ [e] ᠪᠡᠷ︔ [ɵ] ᠶᠢ [ø] ᠪᠡᠷ ︔ [ʉ] ᠶᠢ [ʏ] ᠪᠡᠷ ᠬᠡᠯᠡᠨ᠎ᠡ ᠃
d. [i] ᠨᠤᠭᠤᠷᠠᠯ ᠬᠤᠪᠢᠷᠠᠯ ᠦᠭᠡᠢ ᠬᠡᠯᠡᠨ᠎ᠡ᠃
e. ᠬᠣᠣᠰ ᠦᠭᠡᠢ᠂ ᠴᠥᠮ ᠢ ᠤᠷᠲᠤ ᠢᠶᠡᠷ ᠬᠡᠯᠡᠨ᠎ᠡ ᠃
f. ᠤᠷᠤᠭᠰᠢᠯᠠᠬᠤ ᠨᠥᠬᠥᠴᠡᠯ ᠳ᠋ᠥ ᠂ [ɑ] ᠶᠢ [æ]᠂ [ɔ] ᠶᠢ [œ]᠂ [ʊ] ᠶᠢ [ʏ] ᠪᠣᠯᠭᠠᠵᠤ ᠤᠷᠳᠤᠭᠤᠷ ᠬᠡᠯᠡᠨ᠎ᠡ᠃
g. ᠳᠠᠭᠠᠯᠲᠠ ᠦᠶ᠎ᠡ ᠶᠢᠨ ᠪᠣᠭᠣᠨᠢ ᠢ ᠶᠡᠬᠡ ᠪᠡᠷ ᠪᠠᠯᠠᠷᠬᠠᠶᠢᠰᠢᠭᠤᠯᠵᠤ ᠬᠡᠯᠡᠨ᠎ᠡ ᠃
h. [ʧ] ᠢ ᠰᠠᠯᠪᠤᠷᠢᠯᠠᠠ [ʦ] ᠪᠣᠯᠭᠠᠵᠤ ᠂ [ʤ] ᠢ ᠰᠠᠯᠪᠤᠷᠢᠯᠠᠨ [ʣ] ᠪᠣᠯᠭᠠᠵᠤ ᠬᠡᠯᠡᠨ᠎ᠡ ᠃
i. ᠭᠡᠶᠢᠭᠦᠯᠦᠭᠴᠢ [x] ᠢ ᠴᠢᠩᠭ᠎ᠠ ᠦᠭᠡ ᠳ᠋ᠥ [x] ᠢᠶᠡᠷ ᠂ ᠬᠥᠨᠳᠡᠢ ᠦᠭᠡ ᠪᠤᠶᠤ ᠴᠢᠩᠭ᠎ᠠ ᠦᠭᠡ ᠶᠢᠨ [i] ᠶᠢᠨ ᠡᠮᠥᠨᠡᠬᠢ [x] ᠢ [k] ᠢᠶᠡᠷ ᠬᠡᠯᠡᠨ᠎ᠡ ᠃
j. ᠭᠡᠶᠢᠭᠦᠯᠦᠭᠴᠢ [ɡ] ᠢ ᠬᠣᠶᠢᠭᠤᠷᠬᠢ [ɢ] ᠬᠢᠭᠡᠳ ᠤᠷᠳᠤᠭᠤᠷᠬᠢ [ɡ] ᠭᠡᠵᠦ ᠮᠠᠰᠢ ᠢᠯᠭᠠᠪᠤᠷᠢᠲᠠᠢ ᠬᠡᠯᠡᠨ᠎ᠡ ᠃
k. ᠨᠡᠷ᠎ᠡ ᠦᠭᠡ ᠶᠢᠨ ᠬᠥᠳᠡᠯᠬᠦ ᠳᠠᠭᠠᠪᠤᠷᠢ -[n] ᠢ ︽ᠤᠰᠤ ᠤᠤᠭᠤᠬᠤ ᠂ ᠤᠰᠤᠨ ᠵᠠᠮ︾ ᠮᠡᠲᠦ ᠠᠮᠢᠳᠤᠯᠢᠭ ᠬᠡᠷᠡᠭᠯᠡᠨ᠎ᠡ ᠃
l. ᠨᠡᠶᠢᠲᠡ ᠮᠣᠩᠭᠣᠯ ᠬᠡᠯᠡᠨ ᠦ ᠣᠯᠠᠨ ᠲᠣᠭᠠᠨ ᠤ ᠠᠢ ᠶᠢᠨ ᠳᠠᠭᠠᠪᠤᠷᠢ ᠡᠴᠡ ᠭᠠᠳᠠᠨ᠎ᠠ ᠶᠡᠷᠦᠩᠬᠡᠢ ᠳᠡᠬᠡᠨ [-mʊ:d /-mu:d] ᠭᠡᠬᠦ ᠳᠠᠭᠠᠪᠤᠷᠢ ᠪᠡᠷ ᠬᠡᠯᠡᠨ᠎ᠡ ᠃
m. ᠨᠡᠶᠢᠲᠡ ᠮᠣᠩᠭᠣᠯ ᠬᠡᠯᠡᠨ ᠦ ︽ᠯᠤᠭ᠎ᠠ᠂ ᠯᠦ᠋ᠭᠡ︾ ᠲᠡᠢ ᠲᠥᠰᠥᠲᠡᠢ ᠬᠣᠯᠪᠣᠬᠤ ᠶᠢᠨ ᠲᠡᠶᠢᠨ ᠢᠯᠭᠠᠯ ᠤᠨ [-lɑ: /lᴂ:] ᠳᠠᠭᠠᠪᠤᠷᠢ ᠲᠠᠢ ᠴᠤ ᠬᠡᠯᠡᠨ᠎ᠡ ᠃
n. ᠦᠢᠯᠡ ᠥᠭᠦᠯᠡᠬᠦᠨ ᠦ ᠡᠵᠡᠨ ᠪᠡᠶ᠎ᠡ ᠶᠢᠨ ᠭᠠᠨᠴᠠ ᠪᠠ ᠣᠯᠠᠨ ᠲᠣᠭ᠎ᠠ ᠶᠢ ᠲᠤᠰᠬᠠᠢ ᠢᠯᠡᠳᠬᠡᠳᠡᠭ ᠳᠠᠭᠠᠪᠤᠷᠢ [-b] [bt] [-bʧ] [-bdn] ᠪᠠᠷ ᠬᠡᠯᠡᠨ᠎ᠡ ᠃
-
2016-12-25
-
2016-12-23
-
2016-12-23