- ᠪᠤᠷᠵᠢᠬᠢᠨ ᠪᠣᠦ ᠵᠦ
ᠨᠠᠢ᠌ᠮᠠᠨ ᠬᠣᠰᠢᠭᠤ
966
︽ ᠮᠣᠩᠭᠤᠯ ᠤᠨ ᠨᠢᠭᠤᠴᠠ ᠲᠣᠪᠴᠢᠶᠠᠨ︾ ᠠᠴᠠ ᠲᠡᠭᠦᠭᠰᠡᠨ ᠴᠥᠪᠦᠳᠡᠯ︵ ᠬᠤᠶᠠᠷ︶
2022-08-18 13:23
67
0
ᠥᠭᠡᠳᠡᠢ ᠬᠠᠭᠠᠨ ᠤ ᠨᠡᠢᠰᠯᠠᠯ ᠪᠠᠢᠭᠰᠠᠨ ᠭᠠᠵᠠᠷ ᠢ ᠭᠡᠷᠥᠯᠦᠨ ᠤ ᠬᠥᠳᠡᠭᠡ ᠠᠷᠠᠯ ᠭᠡᠳᠡᠭ᠂ ᠤᠯᠠᠭᠠᠨᠪᠠᠭᠠᠲᠤᠷ ᠠᠴᠠ ᠵᠠᠭᠦᠨ ᠡᠮᠦᠨ᠎ᠠ ᠪᠤᠢ ᠪᠠᠶᠠᠬᠤᠯᠠᠭᠠᠨ ᠭᠡᠳᠡᠭ ᠠᠭᠤᠯᠠ ᠮᠦᠨ ᠪᠣᠯᠤᠯᠲᠠᠢ᠃ ᠡᠨᠡ ᠠᠭᠤᠯᠠ᠂ ᠮᠣᠩᠭᠤᠯ ᠤᠨ ᠳᠤᠮᠳᠠ ᠬᠡᠭᠡᠷ᠎ᠡ ᠲᠠᠯ᠎ᠠ ᠶᠢᠨ ᠪᠦᠰᠡᠯᠡᠭᠦᠷ ᠲᠤ ᠤᠷᠤᠭᠰᠢ ᠰᠢᠷᠭᠤᠵᠦ ᠣᠷᠤᠭᠰᠠᠨ ᠥᠨᠳᠦᠷᠯᠢᠭ ᠶᠡᠬᠡ ᠠᠭᠤᠯᠠ ᠪᠥᠭᠡᠳ ᠡᠪᠡᠰᠦ ᠤᠰᠤ ᠪᠠᠷ ᠮᠠᠰᠢ ᠡᠯᠪᠡᠭ᠃ ᠭᠡᠷᠥᠯᠦᠨ ᠭᠣᠣᠯ ᠬᠡᠨᠳᠡᠢ ᠠᠴᠠ ᠭᠠᠷᠴᠤ ᠪᠠᠷᠠᠭᠤᠨ ᠤᠷᠤᠭᠰᠢ ᠤᠷᠤᠰᠤᠭᠠᠳ ᠵᠡᠭᠦᠨ ᠲᠡᠢᠰᠢ ᠡᠷᠭᠢᠭᠰᠡᠨ ᠤ ᠳᠣᠲᠤᠷᠠᠬᠢ ᠨᠢᠭᠡᠨ ᠶᠡᠬᠡ ᠲᠣᠬᠤᠢ ᠳᠤ ᠤᠷᠥᠰᠢᠬᠤ ᠪᠥᠭᠡᠳ ᠳᠣᠲᠤᠷ᠎ᠠ ᠪᠠᠨ ᠬᠡᠳᠦ ᠬᠡᠳᠦᠨ ᠪᠤᠯᠠᠭ ᠤᠰᠤ ᠪᠤᠢ᠃ ᠭᠡᠷᠥᠯᠦᠨ ᠤ ᠲᠣᠬᠤᠢ ᠳᠤ ᠪᠤᠢ ᠡᠨᠡ ᠠᠭᠤᠯᠠ ᠶᠢᠨ ᠵᠠᠭᠦᠨ ᠰᠤᠭᠤ ᠪᠠᠷ ᠴᠡᠩᠬᠡᠷ ᠤᠨ ᠭᠣᠣᠯ ᠤᠷᠤᠰᠴᠤ ᠤᠷᠤᠭᠰᠢ ᠶᠠᠪᠤᠭᠰᠠᠭᠠᠷ ᠭᠡᠷᠥᠯᠦᠨ ᠳᠤ ᠨᠡᠢᠯᠡᠬᠦ ᠲᠤᠯᠠ ᠡᠨᠡ ᠠᠭᠤᠯᠠ ᠶᠢ ᠨᠢᠭᠡ ᠶᠡᠬᠡ ᠠᠷᠠᠯ ᠤᠨ ᠬᠡᠯᠪᠡᠷᠢ ᠲᠠᠢ ᠪᠣᠯᠭᠠᠮᠤᠢ᠃ ᠲᠡᠭᠦᠨ ᠠᠴᠠ ᠭᠠᠳᠠᠨ᠎ᠠ ᠤᠢ ᠮᠣᠳᠤ ᠲᠠᠢ ᠬᠠᠩᠭᠠᠢ ᠭᠠᠵᠠᠷ ᠠᠴᠠ ᠢᠯᠭᠠᠪᠤᠷᠢᠯᠠᠵᠦ᠂ ᠲᠠᠯ᠎ᠠ ᠬᠡᠭᠡᠷ᠎ᠡ ᠭᠠᠵᠠᠷ ᠢ ᠮᠣᠩᠭᠤᠯᠴᠤᠳ ᠬᠥᠳᠡᠭᠡ ᠭᠠᠵᠠᠷ ᠭᠡᠵᠦ ᠨᠡᠷᠡᠯᠡᠳᠡᠭ ᠤᠳᠠᠭ᠎ᠠ ᠪᠠᠢᠨ᠎ᠠ᠃ ᠡᠢᠮᠦ ᠤᠴᠢᠷ ᠠᠴᠠ ᠬᠥᠳᠡᠭᠡ ᠠᠷᠠᠯ ᠭᠡᠳᠡᠭ ᠢ ᠬᠡᠭᠡᠷ᠎ᠡ ᠶᠢᠨ ᠠᠷᠠᠯ᠂ ᠲᠠᠯ᠎ᠠ ᠶᠢᠨ ᠠᠷᠠᠯ ᠭᠡᠵᠦ ᠤᠬᠠᠵᠦ ᠪᠣᠯᠤᠮᠤᠢ᠃ ᠬᠥᠳᠡᠭᠡ ᠠᠷᠠᠯ ᠭᠡᠳᠡᠭ ᠪᠠᠶᠠᠬᠤᠯᠠᠭᠠᠨ ᠠᠭᠤᠯᠠ ᠮᠦᠨ ᠪᠣᠯᠬᠤ ᠶᠢᠨ ᠲᠤᠬᠠᠢ ᠥᠭᠡᠷ᠎ᠡ ᠨᠢᠭᠡᠨ ᠲᠠᠰᠢᠷᠠᠮ ᠤᠨ ᠪᠠᠷᠢᠮᠲᠠ ᠶᠢ ᠬᠡᠯᠡᠪᠡᠰᠦ᠂ ᠨᠢᠭᠡᠨ ᠮᠢᠩᠭᠠᠨ ᠶᠢᠰᠦᠨ ᠵᠠᠭᠤᠨ ᠬᠣᠷᠢᠨ ᠭᠡᠳᠦᠨ ᠣᠨ ᠤ ᠦᠶ᠎ᠡ ᠳᠤ ᠲᠠᠩᠵᠠᠨ ᠬᠡᠮᠡᠭᠴᠢ ᠶᠢᠨ ᠵᠣᠬᠢᠶᠠᠭᠰᠠᠨ︽ ᠡᠷᠳᠡᠨᠢ ᠴᠢᠨᠳᠠᠮᠤᠨᠢ ᠶᠢᠨ ᠬᠦᠦ ᠰᠠᠩ︾ ᠬᠡᠮᠡᠬᠦ ᠪᠢᠴᠢᠮᠡᠯ ᠴᠠᠭᠠᠨ ᠲᠣᠯᠤᠭᠠᠢ ᠶᠢᠨ ᠳᠣᠲᠤᠷ᠎ᠠ ᠬᠡᠯᠡᠭᠰᠡᠨ ᠢᠨᠦ᠄︽ ᠲᠡᠮᠦᠵᠢᠨ ᠬᠣᠷᠢᠨ ᠨᠠᠢ᠍ᠮᠠᠨ ᠨᠠᠰᠤᠨ ᠳᠤ ᠪᠠᠨ ᠭᠡᠷᠥᠯᠦᠨ ᠤ ᠬᠥᠳᠡᠭᠡ ᠠᠷᠠᠯ ᠳᠡᠯᠭᠡᠷ ᠬᠠᠨ ᠬᠡᠮᠡᠬᠦ ᠭᠠᠵᠠᠷ᠎ᠠ ᠨᠠᠢᠰᠯᠡᠯ ᠣᠷᠳᠤᠨ ᠪᠠᠢᠭᠤᠯᠵᠦ᠂ ᠪᠦᠬᠦ ᠮᠣᠩᠭᠤᠯ ᠤᠨ ᠬᠠᠭᠠᠨ ᠰᠢᠷᠡᠭᠡᠨ᠎ᠡ ᠰᠠᠭᠤᠪᠠ᠃︾ ᠬᠡᠮᠡᠵᠦᠬᠦᠢ᠃ ᠦᠨᠡᠬᠡᠷ ᠪᠠᠶᠠᠬᠤᠯᠠᠭᠠᠨ ᠠᠭᠤᠯᠠ ᠶᠢᠨ ᠬᠤᠶᠠᠷ ᠣᠷᠭᠢᠯ ᠤᠨ ᠨᠢᠭᠡ ᠶᠢ ᠪᠠᠶᠠᠨ ᠬᠠᠨ᠂ ᠨᠥᠭᠥᠭᠡ ᠶᠢ ᠳᠡᠯᠭᠡᠷ ᠬᠠᠨ ᠭᠡᠳᠡᠭ ᠪᠠᠢᠨ᠎ᠠ᠃
ᠡᠨᠡ ᠬᠡᠰᠡᠭ ᠢ ᠤᠩᠰᠢᠬᠤ ᠲᠠᠢ ᠵᠡᠷᠭᠡ ᠲᠡᠷᠡ ᠭᠠᠵᠠᠷ ᠨᠢ ᠴᠣᠬᠤᠮ ᠬᠠᠮᠢᠭᠠᠰᠢ ᠪᠠᠢᠳᠠᠭ ᠢ᠂ ᠬᠠᠮᠢᠭ᠎ᠠ ᠪᠠᠢᠳᠠᠭ ᠢ᠂ ᠬᠡᠳᠦᠢ ᠬᠤᠯᠠ ᠪᠠᠢᠳᠠᠭ ᠢ ᠲᠡᠷᠡ ᠳᠠᠷᠤᠢ ᠭᠠᠵᠠᠷ ᠤᠨ ᠵᠢᠷᠤᠭ ᠳᠡᠭᠡᠷ᠎ᠡ ᠠᠴᠠ ᠡᠷᠢᠵᠦ ᠦᠵᠡᠯ᠎ᠡ︙ ᠬᠡᠷᠪᠠ ᠬᠡᠵᠢᠶ᠎ᠡ ᠨᠢᠭᠡ ᠡᠳᠦᠷ ᠬᠦᠷᠴᠦ ᠣᠴᠢᠪᠠᠯ ᠶᠠᠭᠠᠬᠢᠭᠰᠠᠨ ᠭᠣᠶᠤ᠂ ᠶᠠᠭᠠᠬᠢᠯᠲᠠᠢ ᠰᠠᠢᠬᠠᠨ ᠠᠵᠠ ᠲᠣᠬᠢᠶᠠᠯ᠂ ᠶᠠᠮᠠᠷ ᠶᠡᠬᠡ ᠵᠣᠯ ᠵᠢᠷᠭᠠᠯ ᠪᠢᠯᠡ︕ ᠳᠡᠯᠢᠭᠦᠨ ᠪᠣᠯᠳᠤᠭ᠂ ᠪᠤᠷᠬᠠᠨ ᠬᠠᠯᠳᠤᠨ ᠂ ᠬᠡᠨᠳᠡᠢ ᠬᠠᠩᠭᠠᠢ ᠂ ᠠᠯᠳᠠᠢ ᠬᠠᠨ᠂ ᠲᠦᠩᠭᠡᠯᠢᠭ ᠭᠣᠷᠤᠬᠠᠨ᠂ ᠭᠡᠷᠥᠯᠦᠨ ᠭᠣᠣᠯ᠂ ᠤᠨᠤᠨ ᠮᠥᠷᠡᠨ᠂ ᠡᠷᠭᠦᠨ᠎ᠡ ᠮᠥᠷᠡᠨ᠂ ᠰᠡᠯᠡᠩᠭᠡ ᠮᠥᠷᠡᠨ᠂ ᠲᠠᠮᠢᠷ ᠤᠨ ᠭᠣᠣᠯ᠂ ᠪᠣᠭᠳᠠ ᠬᠠᠨ ᠠᠭᠤᠯᠠ᠂ ᠪᠠᠶᠠᠬᠤᠯᠠᠭᠠᠨ᠂ ᠮᠤᠨᠢ ᠠᠭᠤᠯᠠ᠂ ᠷᠠᠰᠢᠶᠠᠨ ᠠᠭᠤᠯᠠ᠂ ᠱᠣᠩᠬᠤᠷ ᠤᠨ ᠠᠭᠤᠯᠠ︙ ᠮᠣᠩᠭᠤᠯ ᠤᠨ ᠰᠠᠢᠬᠠᠨ ᠲᠠᠯ᠎ᠠ ᠨᠤᠲᠤᠭ᠂ ᠠᠭᠤᠯᠠ ᠤᠰᠤ ᠮᠢᠨᠢ ᠡ︕
2022 ᠣᠨ ᠤ 8 ᠰᠠᠷ᠎ᠠ ᠶᠢᠨ 18 ᠤ ᠡᠳᠦᠷ