 

ᠭᠠᠳᠠᠭᠠᠳᠤ ᠶᠢᠨ ᠡᠮᠴᠢ ᠨᠠᠷ ᠤᠨ ᠰᠤᠨᠢᠷᠬᠠᠯᠲᠠᠢ ᠰᠠᠨᠠᠭᠤᠯᠭ᠎ᠠ

2018-01-16 11:15
  286
  0
      ᠡᠮᠴᠢ ᠨᠠᠷ ᠡᠷᠡᠭᠦᠯ ᠡᠩᠬᠡ ᠪᠠᠶᠢᠬᠤ ᠶᠢᠨ ᠳᠦᠯᠦᠭᠡ ᠪᠡᠶ᠎ᠡ ᠪᠠᠨ ᠶᠠᠭᠠᠬᠢᠵᠤ ᠠᠪᠴᠤ ᠶᠠᠪᠤᠳᠠᠭ ᠪᠤᠯ ᠭᠡᠵᠦ ᠬᠦᠮᠦᠰ ᠰᠤᠨᠢᠭᠤᠴᠢᠯᠠᠳᠠᠭ ᠪᠠᠶᠢᠬ᠎ᠠ ᠡ᠃ ᠠᠩᠭ᠍ᠯᠢ ᠶᠢᠨ ︽ᠡᠳᠦᠷ ᠪᠤᠯᠭᠠᠨ ᠤ ᠰᠢᠦᠳᠠᠨ ᠰᠤᠨᠢᠨ︾ ᠤᠯᠠᠨ ᠰᠠᠯᠠᠭᠠᠨ ᠤ ᠡᠮᠴᠢ ᠨᠠᠷ ᠤᠨ ᠡᠨᠡᠬᠦ ᠰᠤᠨᠢᠭᠤᠴᠢᠯᠠᠯ ᠳᠤ ᠴᠢᠭᠯᠡᠭᠦᠯᠦᠭᠰᠡᠨ ᠰᠠᠨᠠᠭᠤᠯᠭ᠎ᠠ ᠶᠢ ᠨᠡᠶᠢᠳᠡᠯᠡᠭᠰᠡᠨ ᠪᠠᠶᠢᠨ᠎ᠠ᠃ ᠮᠠᠷᠢᠶ᠎ᠡ ᠰᠢᠭᠤᠷᠠᠭᠤᠯᠳᠠᠭ ᠡᠮᠴᠢ᠄ ᠬᠤᠭᠤᠯᠠ ᠪᠠᠨ ᠬᠠᠰᠤᠵᠤ ᠮᠠᠷᠢᠶ᠎ᠠ ᠪᠠᠨ ᠬᠤᠷᠳᠤᠨ ᠰᠢᠭᠤᠷᠠᠭᠤᠯᠵᠤ ᠪᠤᠯᠬᠤ ᠦᠭᠡᠢ  ᠳᠤᠰᠬᠠᠢ ᠮᠡᠷᠭᠡᠵᠢᠯᠳᠡᠨ᠄ ᠠᠩᠭ᠍ᠯᠢ ᠶᠢᠨ ᠮᠠᠷᠢᠶ᠎ᠡ ᠰᠢᠭᠤᠷᠠᠭᠤᠯᠬᠤ ᠳᠤᠰᠬᠠᠢ ᠮᠡᠷᠭᠡᠵᠢᠯᠳᠡᠨ ᠯᠠᠨ · ᠺᠠᠮᠫᠧᠷ ᠳ᠋ᠤᠺᠲ᠋ᠤᠷ  ᠰᠠᠨᠠᠭᠤᠯᠭ᠎ᠠ᠄ ᠬᠤᠭᠤᠯᠠ ᠪᠠᠨ ᠬᠠᠰᠤᠵᠤ ᠮᠠᠷᠢᠶ᠎ᠠ ᠪᠠᠨ ᠰᠢᠭᠤᠷᠠᠭᠤᠯᠬᠤ ᠨᠢ ᠳᠠᠭᠠᠭᠠᠮᠠᠭᠠᠢ ᠠᠮᠵᠢᠯᠳᠠ ᠤᠯᠵᠤ ᠳᠡᠶᠢᠯᠬᠦ ᠦᠭᠡᠢ ᠭᠡᠳᠡᠭ ᠢ ᠠᠯᠢ ᠤᠯᠠᠨ ᠳᠤᠭ᠎ᠠ ᠪᠠᠷᠢᠮᠳᠠ ᠭᠡᠷᠡᠴᠢᠯᠡᠭᠰᠡᠭᠡᠷ ᠪᠠᠶᠢᠨ᠎ᠠ᠃ ᠬᠦᠮᠦᠰ ᠢ ᠬᠠᠪᠰᠤᠷᠤᠨ ᠮᠠᠷᠢᠶ᠎ᠡ ᠶᠢ ᠨᠢ ᠰᠢᠭᠤᠷᠠᠭᠤᠯᠬᠤ ᠠᠵᠢᠯ ᠢ ᠪᠢ ᠠᠷᠪᠠᠭᠠᠳ ᠵᠢᠯ ᠬᠢᠵᠦ ᠪᠠᠶᠢᠨ᠎ᠠ᠂ ᠮᠢᠨᠦ ᠤᠯᠤᠭᠰᠠᠨ ᠳᠤᠷᠰᠢᠯᠭ᠎ᠠ ᠭᠡᠪᠡᠯ᠂ ᠮᠠᠷᠢᠶ᠎ᠡ ᠪᠠᠨ ᠠᠮᠵᠢᠯᠳᠠ ᠲᠠᠢ ᠰᠢᠭᠤᠷᠠᠭᠤᠯᠤᠭᠠᠳ ᠳᠠᠭᠢᠵᠤ ᠮᠠᠷᠢᠶᠠᠯᠠᠬᠤ ᠦᠭᠡᠢ ᠪᠠᠶᠢᠬᠤ ᠶᠢ ᠪᠠᠳᠤᠯᠠᠶ᠎ᠠ ᠭᠡᠪᠡᠯ᠂ ᠶᠠᠭᠠᠬᠢᠭᠠᠳ ᠰᠢᠬᠢᠷᠯᠢᠭ ᠢᠳᠡᠭᠡᠨ ᠳᠤ ᠳᠤᠷᠠᠯᠠᠳᠠᠭ ᠪᠤᠢ  ᠶᠠᠭᠠᠬᠢᠭᠠᠳ ᠦᠭᠡᠬᠦ ᠳᠤᠰᠤ ᠲᠠᠢ ᠢᠳᠡᠭᠡᠨ ᠳᠤ ᠳᠤᠷᠠᠯᠠᠳᠠᠭ ᠪᠤᠢ  ᠶᠠᠭᠠᠬᠢᠭᠠᠳ ᠠᠷᠢᠬᠢ ᠶᠡᠭᠡ ᠤᠤᠭᠤᠳᠠᠭ ᠪᠤᠢ  ᠶᠠᠭᠠᠬᠢᠭᠠᠳ ᠳᠠᠮᠢᠷ ᠤᠨ ᠬᠦᠳᠡᠯᠭᠡᠭᠡᠨ ᠤ ᠰᠤᠨᠢᠷᠬᠠᠯ ᠳᠦᠷᠦᠬᠦ ᠦᠭᠡᠢ ᠪᠤᠢ  ᠭᠡᠳᠡᠭ ᠠᠰᠠᠭᠤᠯᠳᠠ ᠶᠢᠨ ᠵᠦᠪ ᠬᠠᠷᠢᠭᠤᠯᠳᠠ ᠶᠢ ᠤᠯᠵᠤ᠂ ᠬᠠᠷᠠᠯᠳᠠ ᠲᠠᠢ ᠠᠷᠭ᠎ᠠ ᠬᠡᠮᠵᠢᠶ᠎ᠠ ᠠᠪᠬᠤ ᠬᠡᠷᠡᠭᠳᠡᠢ᠃ ᠪᠦᠲᠦᠮᠵᠢᠳᠠᠢ ᠮᠠᠷᠢᠶ᠎ᠡ ᠰᠢᠭᠤᠷᠠᠭᠤᠯᠬᠤ ᠠᠷᠭ᠎ᠠ ᠭᠡᠪᠡᠯ᠂ ᠳᠠᠳᠬᠠᠯ ᠢᠶᠠᠨ ᠬᠤᠪᠢᠷᠠᠭᠤᠯᠬᠤ  ᠢᠳᠡᠭᠡᠨ ᠤᠮᠳᠠᠭᠠᠨ ᠳᠠᠮᠢᠷ ᠤᠨ ᠬᠦᠳᠡᠯᠭᠡᠭᠡᠨ ᠤ ᠡᠳᠦᠷ ᠤᠨ ᠳᠡᠮᠳᠡᠭᠯᠡᠯ ᠬᠢᠵᠦ᠂ ᠳᠡᠭᠦᠨ ᠲᠠᠢ ᠪᠠᠨ ᠬᠠᠷᠠᠭᠠᠯᠵᠠᠭᠤᠯᠤᠨ ᠭᠡᠷᠡᠭᠵᠢᠭᠦᠯᠵᠦ ᠪᠤᠯᠬᠤᠢᠢᠴᠠ ᠮᠠᠷᠢᠶ᠎ᠡ ᠰᠢᠭᠤᠷᠠᠭᠤᠯᠬᠤ ᠬᠠᠷᠠᠯᠳᠠ ᠳᠤᠭᠳᠠᠭᠠᠬᠤ ᠵᠡᠷᠭᠡ ᠪᠤᠯᠤᠨ᠎ᠠ᠃ ᠳᠤᠤᠷ᠎ᠠ ᠨᠡᠭᠦᠷᠡᠰᠦ ᠤᠰᠤᠨ ᠤ ᠨᠢᠭᠡᠳᠪᠦᠷᠢ ᠶᠢᠨ ᠠᠷᠭ᠎ᠠ ᠪᠠ ︽5᠄ 2 ᠳᠦᠷᠭᠡᠨ ᠮᠠᠴᠠᠭ ᠪᠠᠷᠢᠬᠤ ᠠᠷᠭ᠎ᠠ︾ ︵ᠨᠢᠭᠡ ᠭᠠᠷᠠᠭ ᠤᠨ 5 ᠡᠳᠦᠷ ᠲᠤ ᠶᠠᠭᠤᠨ ᠳᠤ ᠳᠤᠷᠠᠯᠠᠪᠠᠯ ᠳᠡᠭᠦᠨ ᠢ ᠪᠠᠨ ᠢᠳᠡᠨ᠎ᠠ᠂ ᠦᠯᠡᠳᠡᠭᠰᠡᠨ 2 ᠡᠳᠦᠷ ᠮᠠᠴᠠᠭ ᠪᠠᠷᠢᠨ᠎ᠠ︶ ᠵᠡᠷᠭᠡ ᠵᠦᠪᠬᠡᠨ ᠬᠤᠭᠤᠯᠠ ᠪᠠᠨ ᠬᠠᠰᠤᠵᠤ ᠮᠠᠷᠢᠶ᠎ᠠ ᠰᠢᠭᠤᠷᠠᠭᠤᠯᠬᠤ ᠨᠢ ᠤᠬᠤᠷ ᠬᠤᠭᠤᠴᠠᠭᠠᠨ ᠤ ᠠᠷᠭ᠎ᠠ ᠬᠡᠮᠵᠢᠶ᠎ᠠ ᠪᠤᠯᠤᠨ᠎ᠠ᠂ ᠵᠢᠭᠠᠬᠠᠨ ᠬᠢᠴᠢᠶᠡᠬᠦ ᠦᠭᠡᠢ ᠪᠤᠯ ᠪᠡᠶ᠎ᠡ ᠶᠢᠨ ᠬᠦᠨᠳᠦ ᠨᠢ ᠡᠷᠭᠢᠭᠡᠳ ᠨᠡᠮᠡᠭᠳᠡᠴᠢᠬᠡᠨ᠎ᠠ᠃ 
       ᠳᠤᠳᠤᠷ ᠰᠠᠯᠠᠭᠠᠨ ᠤ ᠡᠮᠴᠢ᠄ ᠸᠢᠲ᠋ᠠᠮᠢᠨ C᠎ ᠶᠢ ᠵᠤᠷᠢᠭᠤᠳᠠ ᠨᠦᠬᠦᠬᠦ ᠬᠡᠷᠡᠭ ᠦᠭᠡᠢ  ᠳᠤᠰᠬᠠᠢ ᠮᠡᠷᠭᠡᠵᠢᠯᠳᠡᠨ᠄ ᠠᠩᠭ᠍ᠯᠢ ᠶᠢᠨ ᠤᠷᠢᠳᠤ ᠠᠮᠫᠲ᠋ᠦᠨ ᠶᠡᠭᠡ ᠰᠤᠷᠭᠠᠭᠤᠯᠢ ᠶᠢᠨ ᠡᠷᠡᠭᠦᠯ ᠡᠩᠬᠡ ᠶᠢᠨ ᠰᠤᠳᠤᠯᠭᠠᠨ ᠤ ᠫᠷᠦᠹᠧᠰᠰᠤᠷ᠂ ᠳᠤᠳᠤᠷ ᠰᠠᠯᠠᠭᠠᠨ ᠤ ᠳᠤᠰᠬᠠᠢ ᠮᠡᠷᠭᠡᠵᠢᠯᠳᠡᠨ ᠵᠤᠷᠵ · ᠷᠠᠶᠢᠸᠢᠰ  ᠰᠠᠨᠠᠭᠤᠯᠭ᠎ᠠ᠄ ᠸᠢᠲ᠋ᠠᠮᠢᠨ C ᠳᠠᠬᠰᠢᠭᠤᠷ ᠤᠨ ᠡᠳᠡᠭᠡᠷᠡᠬᠦ ᠴᠠᠭ ᠢ ᠲᠦᠷᠭᠡᠳᠭᠡᠵᠦ ᠳᠡᠶᠢᠯᠬᠦ ᠦᠭᠡᠢ᠂ ᠳᠠᠭᠰᠢᠭᠤᠷ ᠢ ᠰᠡᠷᠭᠡᠶᠢᠯᠡᠬᠦ ᠦᠢᠯᠡᠳᠦᠯ ᠲᠠᠢ ᠭᠡᠰᠡᠨ ᠪᠠᠷᠢᠮᠳᠠ ᠴᠤ ᠦᠭᠡᠢ ᠪᠠᠶᠢᠬᠰᠠᠭᠠᠷ᠃ ᠲᠠ ᠦᠪᠡᠷ ᠢᠶᠠᠨ ᠰᠠᠶᠢᠨ ᠰᠠᠶᠢᠬᠠᠨ ᠢᠳᠡᠭᠡᠨ ᠤᠮᠳᠠᠭᠠᠨ ᠤ ᠳᠠᠳᠬᠠᠯ ᠲᠠᠢ ᠶᠤᠮ ᠪᠤᠯ ᠤᠯᠠᠨ ᠵᠦᠢᠯ ᠤᠨ ᠵᠢᠮᠢᠰ ᠢᠳᠡᠰᠢᠨ ᠨᠤᠭᠤᠭ᠎ᠠ ᠳᠤᠳᠤᠷ᠎ᠠ ᠠᠴᠠ ᠬᠦᠷᠦᠯᠴᠡᠭᠦ᠋ᠢᠴᠡ ᠸᠢᠲ᠋ᠠᠮᠢᠨ C ᠤᠯᠵᠤ ᠪᠤᠯᠤᠨ᠎ᠠ᠂ ᠳᠡᠭᠡᠪᠡᠯ ᠦᠯᠦ ᠬᠠᠯᠳᠠᠭᠠᠬᠤ ᠴᠢᠳᠠᠪᠤᠷᠢ ᠴᠢᠨᠢ ᠠᠶᠠᠨᠳᠠᠭᠠᠨ ᠰᠠᠶᠢᠨ ᠪᠠᠶᠢᠬᠤ ᠪᠤᠯᠤᠨ᠎ᠠ᠃ ᠳᠡᠳᠡᠭᠡᠷ ᠸᠢᠲ᠋ᠠᠮᠢᠨ C᠎ ᠶᠢᠨ ᠠᠭᠤᠯᠤᠭᠳᠠᠴᠠ ᠪᠠᠷ ᠳᠤᠩ ᠦᠨᠳᠦᠷ᠂ ᠡᠳᠦᠷ ᠪᠤᠯᠭᠠᠨ 500%᠎ ᠢᠶᠠᠷ ᠨᠦᠬᠦᠨ᠎ᠠ ᠭᠡᠳᠡᠭ ᠰᠢᠮ᠎ᠡ ᠳᠡᠵᠢᠭᠡᠯ ᠤᠨ ᠡᠮ ᠪᠤᠯ ᠱᠠᠯ ᠳᠡᠮᠡᠢ ᠪᠦᠷᠢᠯᠭᠡᠯ ᠳᠡᠳᠦᠢ᠃ ᠡᠪᠡᠳᠴᠢᠨ ᠵᠦᠢ ᠶᠢᠨ ᠳᠤᠰᠬᠠᠢ ᠮᠡᠷᠭᠡᠵᠢᠯᠳᠡᠨ᠄ ᠰᠠᠪ ᠯᠡ ᠭᠡᠪᠡᠯ PSA ᠪᠠᠶᠢᠴᠠᠭᠠᠯᠳᠠ ᠬᠢᠬᠦ ᠴᠢᠬᠤᠯᠠ ᠦᠭᠡᠢ  ᠳᠤᠰᠬᠠᠢ ᠮᠡᠷᠭᠡᠵᠢᠯᠳᠡᠨ᠄ ᠠᠮᠧᠷᠢᠺᠠ ᠶᠢᠨ ᠠᠷᠢᠽᠤᠨᠠ ᠶᠡᠭᠡ ᠰᠤᠷᠭᠠᠭᠤᠯᠢ ᠶᠢᠨ ᠡᠮᠨᠡᠯᠭᠡ ᠶᠢᠨ ᠬᠤᠷᠢᠶᠠᠨ ᠤ ᠡᠪᠡᠳᠴᠢᠨ ᠵᠦᠢ ᠶᠢᠨ ᠫᠷᠤᠹᠧᠰᠰᠤᠷ ᠷᠢᠴᠠᠳ᠋ · ᠠᠪᠦ᠋ᠷᠢᠨ  ᠰᠠᠨᠠᠭᠤᠯᠭ᠎ᠠ᠄ ᠤᠷᠤᠭ ᠤᠨ ᠪᠤᠯᠴᠢᠷᠬᠠᠢ ᠶᠢᠨ ᠠᠨᠲ᠋ᠢᠪᠤᠳᠢ ︵PSA︶ ᠪᠤᠯ ᠤᠷᠤᠬ ᠤᠨ ᠪᠤᠯᠴᠢᠷᠬᠠᠢ ᠳᠤ ᠯᠠ ᠪᠠᠶᠢᠳᠠᠭ ᠠᠨᠲ᠋ᠢᠪᠤᠳᠢ ᠪᠤᠯᠤᠨ᠎ᠠ᠂ ᠪᠤᠰᠤᠳ ᠡᠷᠭᠡᠳᠡᠨ ᠳᠤ ᠦᠵᠡᠭᠳᠡᠭᠡ ᠦᠭᠡᠢ᠃ PSA᠎ ᠶᠢ ᠪᠠᠶᠢᠴᠠᠭᠠᠪᠠᠯ ᠤᠷᠤᠭ ᠤᠨ ᠪᠤᠯᠴᠢᠷᠬᠠᠢ ᠶᠢ ᠤᠭᠳᠤᠯᠵᠤ ᠠᠪᠤᠭᠰᠠᠨ ᠤ ᠳᠠᠷᠠᠭ᠎ᠠ ᠬᠦᠮᠦᠨ ᠤ ᠪᠡᠶ᠎ᠡ ᠳᠤ ᠪᠠᠰᠠ ᠦᠮᠡᠨ ᠤ ᠡᠰ ᠦᠯᠡᠳᠡᠵᠦ ᠪᠠᠶᠢᠬᠤ ᠡᠰᠡᠬᠦ ᠶᠢ ᠳᠤᠳᠤᠯᠠᠵᠤ ᠳᠡᠶᠢᠯᠦᠨ᠎ᠠ᠃ ᠡᠶᠢᠮᠦ ᠠᠴᠠ PSA᠎ ᠶᠢ ᠪᠠᠶᠢᠴᠠᠭᠠᠬᠤ ᠪᠠᠷ ᠳᠠᠮᠵᠢᠭᠤᠯᠤᠨ ᠤᠷᠤᠭ ᠤᠨ ᠪᠤᠯᠴᠢᠷᠬᠠᠢ ᠶᠢᠨ ᠦᠮᠡᠨ ᠢ ᠳᠤᠳᠤᠯᠠᠬᠤ ᠪᠤᠯ ᠪᠤᠷᠤᠭᠤ᠃ PSA᠎ ᠨᠢ ᠦᠨᠳᠦᠷ ᠪᠠᠶᠢᠪᠠᠯ ᠡᠷᠡᠭᠳᠡᠢ ᠡᠪᠡᠳᠴᠢᠳᠠᠨ ᠤ ᠤᠷᠤᠬ ᠤᠨ ᠪᠤᠯᠴᠢᠷᠬᠠᠢ ᠨᠢ ᠦᠷᠪᠢᠰᠦᠭᠰᠡᠨ ᠪᠤᠶᠤ ᠤᠷᠤᠭ ᠤᠨ ᠪᠤᠯᠴᠢᠷᠬᠠᠢ ᠨᠢ ᠳᠤᠮᠤᠷᠠᠭᠰᠠᠨ ︵ᠡᠩ ᠤᠨ ᠪᠠᠶᠢᠳᠠᠯ ᠳᠤ ᠬᠤᠤᠷᠠᠳᠤ ᠬᠠᠪᠤᠳᠠᠷ ᠪᠢᠰᠢ ᠪᠠᠶᠢᠳᠠᠭ︶᠎ ᠢ ᠬᠠᠷᠠᠭᠤᠯᠳᠠᠭ᠃ ᠤᠷᠤᠭ ᠤᠨ ᠪᠤᠯᠴᠢᠷᠬᠠᠢ ᠶᠢᠨ ᠦᠮᠡᠨ ᠤ ᠵᠠᠰᠠᠯ ᠬᠢᠯᠭᠡᠵᠦ ᠪᠠᠶᠢᠭ᠎ᠠ ᠡᠪᠡᠳᠴᠢᠳᠠᠨ᠂ ᠤᠷᠤᠭ ᠤᠨ ᠪᠤᠯᠴᠢᠷᠬᠠᠢ ᠶᠢᠨ ᠦᠮᠡᠨ ᠤ ᠭᠡᠷ ᠪᠦᠯᠢ ᠶᠢᠨ ᠳᠡᠦᠬᠡ ᠲᠠᠢ ᠡᠪᠡᠳᠴᠢᠳᠠᠨ ᠵᠢᠴᠢ ᠰᠢᠯᠦᠭᠤᠨ ᠭᠡᠳᠡᠰᠦ ᠪᠠᠷ ᠳᠠᠮᠵᠢᠭᠤᠯᠵᠤ ᠤᠷᠤᠭ ᠤᠨ ᠪᠤᠯᠴᠢᠷᠬᠠᠢ ᠶᠢᠨ ᠦᠮᠡᠨ ᠤ ᠪᠠᠶᠢᠴᠠᠭᠠᠯᠳᠠ ᠬᠢᠬᠦ ᠴᠢᠬᠤᠯᠠ ᠲᠠᠢ ᠡᠪᠡᠳᠴᠢᠳᠠᠨ PSA᠎ ᠪᠠᠨ ᠪᠠᠶᠢᠴᠠᠭᠠᠯᠭᠠᠪᠠᠯ ᠵᠤᠬᠢᠨ᠎ᠠ᠃ ᠲᠡᠶᠢᠮᠦ ᠪᠢᠰᠢ ᠪᠤᠯ ᠢᠯᠡᠭᠦᠴᠡ ᠵᠠᠰᠠᠯᠭ᠎ᠠ ᠬᠢᠵᠦ ᠪᠠᠶᠢᠭ᠎ᠠ ᠶᠠᠪᠤᠳᠠᠯ᠂ ᠡᠪᠡᠳᠴᠢᠳᠠᠨ ᠳᠤ ᠭᠡᠷᠡᠭᠴᠡᠭᠡ ᠦᠭᠡᠢ ᠰᠢᠷᠬ᠎ᠠ ᠰᠤᠷᠪᠢ ᠤᠷᠤᠭᠤᠯᠤᠨ ᠪᠠᠶᠢᠴᠠᠭᠠᠯᠳᠠ ᠬᠢᠭᠦ ᠶᠠᠪᠤᠳᠠᠯ ᠪᠤᠯᠤᠨ᠎ᠠ᠃ 
      ᠶᠠᠰᠤᠨ ᠤ ᠰᠠᠯᠠᠭᠠᠨ ᠤ ᠡᠮᠴᠢ᠄ ᠢᠳᠡᠷ ᠨᠠᠰᠤᠨ ᠳᠠᠭᠠᠨ ᠮᠠᠷᠠᠰᠤᠨ ᠤᠷᠤᠯᠳᠤᠭᠠᠨ ᠳᠤ ᠤᠷᠤᠯᠴᠠᠬᠤ ᠬᠡᠷᠡᠭ ᠦᠭᠡᠢ  ᠳᠤᠰᠬᠠᠢ ᠮᠡᠷᠭᠡᠵᠢᠯᠳᠡᠨ᠄ ᠠᠩᠭ᠍ᠯᠢ ᠶᠢᠨ ᠤᠷᠢᠳᠤ ᠠᠮᠫᠲ᠋ᠦᠨ ᠶᠡᠭᠡ ᠰᠤᠷᠭᠠᠭᠤᠯᠢ ᠶᠢᠨ ᠡᠮᠨᠡᠯᠭᠡ ᠶᠢᠨ ᠬᠤᠷᠢᠶᠠᠨ ᠤ ᠰᠡᠭᠦᠵᠢᠨ ᠦᠶ᠎ᠡ ᠶᠢ ᠳᠡᠭᠰᠢᠯᠡᠬᠦ ᠭᠠᠳᠠᠷ ᠰᠠᠯᠠᠭᠠᠨ ᠤ ᠡᠮᠴᠢ ᠵᠧᠷᠧᠮᠢ · ᠯᠠᠼᠠᠮ  ᠰᠠᠨᠠᠭᠤᠯᠭ᠎ᠠ᠄ ᠡᠩ ᠤᠨ ᠦᠶ᠎ᠠ ᠳᠡᠭᠡᠨ ᠳᠡᠮᠡᠢ ᠬᠦᠳᠡᠯᠭᠡᠭᠡᠨ ᠬᠢᠳᠡᠭ ᠦᠭᠡᠢ ᠢᠳᠡᠷ ᠨᠠᠰᠤᠨ ᠤ ᠬᠦᠮᠦᠰ ᠬᠡᠨᠡᠳᠳᠡ ᠪᠠᠷ ᠮᠠᠷᠠᠰᠤᠨ ᠮᠡᠳᠦ ᠶᠢᠨ ᠰᠢᠷᠦᠭᠦᠨ ᠬᠦᠳᠡᠯᠭᠡᠭᠡᠨ ᠳᠤ ᠤᠷᠤᠯᠴᠠᠪᠠᠯ ᠡᠪᠦᠳᠦᠭ ᠤᠨ ᠦᠶ᠎ᠠ᠂ ᠱᠠᠭ᠎ᠠ ᠶᠢᠨ ᠦᠶ᠎ᠠ ᠪᠠ ᠰᠡᠭᠦᠵᠢᠨ ᠦᠶ᠎ᠠ ᠨᠢ ᠠᠮᠠᠷᠬᠠᠨ ᠬᠡᠮᠳᠦᠳᠡᠭ᠃ ᠢᠳᠡᠷ ᠨᠠᠰᠤᠨ ᠳᠤ ᠬᠦᠷᠦᠭᠡᠳ ᠮᠠᠷᠢᠶ᠎ᠠ ᠪᠠᠨ ᠰᠢᠭᠤᠷᠠᠭᠤᠯᠤᠶ᠎ᠠ᠂ ᠪᠠᠶ᠎ᠠ ᠪᠠᠨ ᠴᠢᠬᠢᠷᠠᠬᠵᠢᠭᠤᠯᠤᠶ᠎ᠠ ᠭᠡᠵᠦ ᠪᠤᠳᠤᠪᠠᠯ ᠬᠠᠮᠤᠭ ᠤᠨ ᠰᠠᠶᠢᠨ ᠨᠢ ᠬᠤᠷᠳᠤᠨ ᠠᠯᠬᠤᠬᠤ᠂ ᠤᠰᠤᠨ ᠳᠤ ᠤᠮᠪᠠᠭ᠋ᠤ ᠪᠤᠶᠤ ᠳᠤᠭᠤᠢ ᠤᠨᠤᠵᠤ ᠪᠤᠯᠤᠨ᠎ᠠ᠂ ᠡᠳᠡᠭᠡᠷ ᠭᠦᠳᠡᠯᠭᠡᠭᠡᠨ ᠨᠢ ᠦᠶ᠎ᠡ ᠬᠡᠰᠢᠭᠦᠦ ᠶᠢᠨ ᠡᠷᠡᠭᠦᠯ ᠮᠡᠨᠳᠦ ᠳᠤ ᠳᠤᠰᠠᠳᠠᠢ ᠪᠠᠶᠢᠳᠠᠭ᠃ ᠪᠢ ᠦᠪᠡᠷ ᠢᠶᠠᠨ ᠭᠠᠷᠠᠭ ᠲᠤ 2 — 3 ᠤᠳᠠᠭ᠎ᠠ ᠬᠠᠭᠤᠷᠠᠢ ᠳᠤ ᠤᠩᠭᠤᠴᠠ ᠰᠡᠯᠢᠬᠦ ᠬᠦᠳᠡᠯᠭᠡᠭᠡᠨ ᠬᠢᠳᠡᠭ᠂ ᠡᠨᠡᠬᠦ ᠬᠦᠳᠡᠯᠭᠡᠭᠡᠨ ᠨᠢ ᠵᠢᠷᠦᠭᠡ ᠪᠠ ᠪᠦᠬᠦ ᠪᠡᠶ᠎ᠡ ᠶᠢᠨ ᠡᠷᠡᠭᠦᠯ ᠮᠡᠨᠳᠦ ᠳᠤ ᠳᠤᠰᠠᠳᠠᠢ᠂ ᠨᠡᠩ ᠴᠤ ᠬᠦᠳᠡᠯᠭᠡᠭᠡᠨ ᠭᠡᠳᠦᠷᠡᠭᠡᠳ ᠦᠶ᠎ᠠ ᠬᠡᠰᠢᠭᠦᠦ ᠶᠢ ᠬᠡᠮᠳᠦᠭᠦᠯᠬᠦ ᠠᠴᠠ ᠵᠤᠪᠠᠭ᠋ᠤ ᠶᠠᠪᠤᠳᠠᠯ ᠦᠭᠡᠢ᠃ ᠰᠢᠮ᠎ᠡ ᠳᠡᠵᠢᠭᠡᠯ ᠤᠨ ᠳᠤᠰᠬᠠᠢ ᠮᠡᠷᠭᠡᠵᠢᠯᠳᠡᠨ᠄ ᠦᠭᠡᠬᠦ ᠶᠢ ᠨᠢ ᠪᠠᠭᠤᠷᠠᠭᠤᠯᠤᠭᠰᠠᠨ ᠢᠳᠡᠭᠡᠨ ᠢᠳᠡᠬᠦ ᠦᠭᠡᠢ  ᠳᠤᠰᠬᠠᠢ ᠮᠡᠷᠭᠡᠵᠢᠯᠳᠡᠨ᠄ ᠠᠩᠭ᠍ᠯᠢ ᠶᠢᠨ ᠰᠢᠮ᠎ᠠ ᠳᠡᠵᠢᠭᠡᠯ ᠤᠨ ᠳᠤᠰᠬᠠᠢ ᠮᠡᠷᠭᠡᠵᠢᠯᠳᠡᠨ ᠬᠠᠶᠢᠯᠤᠨ · ᠪᠠᠩᠳ᠋ ᠰᠠᠨᠠᠭᠤᠯᠭ᠎ᠠ᠄ ᠪᠢ ᠦᠪᠡᠷ ᠢᠶᠠᠨ ︽ᠦᠭᠡᠬᠦ ᠶᠢ ᠨᠢ ᠪᠠᠭᠤᠷᠠᠭᠤᠯᠤᠭᠰᠠᠨ︾ ᠭᠡᠵᠦ ᠳᠤᠳᠤᠷᠬᠠᠢᠢᠯᠠᠬᠰᠠᠨ ᠢᠳᠡᠭᠡᠨ ᠢ ᠢᠳᠡᠳᠡᠭ ᠦᠭᠡᠢ᠂ ᠬᠡᠦᠬᠡᠳ ᠤᠳ ᠲᠡᠭᠡᠨ ᠴᠤ ᠢᠳᠡᠭᠦᠯᠳᠡᠭ ᠦᠭᠡᠢ᠃ ᠦᠭᠡᠬᠦ ᠶᠢ ᠪᠠᠭᠤᠷᠠᠭᠤᠯᠤᠭᠰᠠᠨ ᠦᠨᠳᠡᠭᠡᠨ ᠰᠢᠷ᠎ᠠ ᠶᠢᠨ ᠵᠢᠶᠠᠩ ᠪᠤᠶᠤ ᠦᠭᠡᠬᠦ ᠶᠢ ᠪᠠᠭᠤᠷᠠᠭᠤᠯᠤᠭᠰᠠᠨ ᠬᠠᠭᠤᠷᠠᠢ ᠬᠤᠷᠤᠳ ᠵᠡᠷᠭᠡ ᠶᠢᠨ ︽ᠦᠭᠡᠬᠦ ᠶᠢ ᠪᠠᠭᠤᠷᠠᠭᠤᠯᠤᠭᠰᠠᠨ ᠢᠳᠡᠭᠡᠨ︾ ᠭᠡᠳᠡᠭ ᠵᠦᠢᠯᠡᠰ ᠤᠨ ᠦᠭᠡᠭᠦ ᠶᠢᠨ ᠠᠭᠤᠯᠤᠭᠳᠠᠴᠠ ᠮᠦᠨ ᠯᠡ ᠳᠤᠩ ᠦᠨᠳᠦᠷ ᠪᠠᠶᠢᠳᠠᠭ᠃ ᠪᠢ ᠠᠶᠢᠷᠠᠭ ᠮᠡᠳᠦ ᠶᠢᠨ ᠦᠭᠡᠬᠦ ᠶᠢᠨ ᠠᠭᠤᠯᠤᠭᠳᠠᠴᠠ ᠪᠠᠷ ᠳᠤᠤᠷ᠎ᠠ ᠪᠤᠶᠤ ᠦᠭᠡᠬᠦ ᠦᠭᠡᠶᠢᠳᠡᠭᠦᠯᠦᠭᠰᠡᠨ ᠢᠳᠡᠭᠡᠨ ᠢ ᠰᠤᠩᠭᠤᠳᠠᠭ᠃ ᠦᠭᠡᠬᠦ ᠶᠢᠨ ᠠᠭᠤᠯᠤᠭᠳᠠᠴᠠ ᠳᠤᠤᠷ᠎ᠠ ᠢᠳᠡᠭᠡᠨ ᠢ ᠰᠤᠩᠭᠤᠬᠤ ᠳᠠᠭᠠᠨ ᠦᠭᠡᠬᠦ ᠶᠢ ᠨᠢ ᠰᠢᠬᠢᠷ ᠢᠶᠠᠷ ᠤᠷᠤᠯᠠᠭᠤᠯᠤᠭᠰᠠᠨ ᠪᠠᠶᠢᠵᠤ ᠮᠡᠳᠡᠬᠦ ᠶᠢ ᠠᠩᠬᠠᠷᠬᠤ ᠭᠡᠷᠡᠭᠳᠡᠢ᠂ ᠰᠢᠬᠢᠷ ᠶᠡᠭᠡ ᠢᠳᠡᠪᠡᠯ ᠡᠷᠡᠭᠦᠯ ᠮᠡᠨᠳᠦ ᠳᠤ ᠮᠦᠨ ᠠᠰᠢᠬ ᠦᠭᠡᠢ᠃ 
      ᠬᠢᠷᠬᠢᠷ᠎ᠡ ᠶᠢᠨ ᠳᠤᠰᠬᠠᠢ ᠮᠡᠷᠭᠡᠵᠢᠯᠳᠡᠨ᠄ ᠨᠠᠮᠳᠠᠭᠤᠯᠬᠤ ᠳᠦᠷᠦᠯ ᠤᠨ ᠡᠮ ᠢ ᠪᠠᠭ᠎ᠠ ᠬᠡᠷᠡᠭᠯᠡ  ᠳᠤᠰᠬᠠᠢ ᠮᠡᠷᠭᠡᠵᠢᠯᠳᠡᠨ᠄ ᠠᠩᠭ᠍ᠯᠢ ᠶᠢᠨ ᠤᠷᠢᠳᠤ ᠠᠮᠫᠲ᠋ᠦᠨ ᠶᠡᠭᠡ ᠰᠤᠷᠭᠠᠭᠤᠯᠢ ᠶᠢᠨ ᠠᠮᠢᠰᠬᠤᠯ ᠤᠨ ᠠᠨᠠᠭᠠᠬᠤ ᠤᠬᠠᠭᠠᠨ ᠪᠠ ᠬᠢᠷᠬᠢᠷ᠎ᠡ ᠶᠢᠨ ᠰᠤᠪᠢᠯᠠᠭ᠎ᠠ ᠶᠢᠨ ᠫᠷᠦᠹᠧᠰᠰᠤᠷ ᠮᠠᠶᠢᠺᠧ · ᠳᠤᠮᠰ  ᠰᠠᠨᠠᠭᠤᠯᠭ᠎ᠠ᠄ ᠶᠡᠭᠡ ᠤᠯᠠᠨ ᠡᠪᠡᠳᠴᠢᠳᠡᠨ ᠨᠠᠮᠳᠠᠭᠤᠯᠬᠤ ᠴᠢᠨᠠᠷᠳᠠᠢ ᠡᠮ ᠢᠯᠡᠭᠦᠦ ᠭᠡᠷᠡᠭᠯᠡᠵᠦ᠂ ᠡᠮ ᠠᠴᠠ ᠪᠠᠨ ᠰᠠᠯᠪᠠᠯ ᠶᠠᠭᠠᠬᠢᠬᠤ ᠪᠠᠨ ᠮᠡᠳᠡᠬᠦ ᠪᠠᠨ ᠪᠤᠯᠳᠠᠭ᠃ ᠳᠡᠭᠡᠬᠦ ᠳᠤ ᠡᠪᠡᠳᠴᠢᠨ ᠤ ᠪᠠᠶᠢᠳᠠᠯ ᠢ ᠨᠠᠮᠳᠠᠭᠤᠯᠬᠤ ᠡᠮ ᠢ ᠡᠪᠡᠳᠴᠢᠨ ᠤ ᠳᠦᠷᠭᠡᠨ ᠴᠢᠨᠠᠷᠳᠠᠢ ᠢᠯᠡᠷᠡᠯ ᠢ ᠨᠠᠮᠳᠠᠭᠤᠯᠬᠤ ᠳᠤ ᠵᠤᠷᠢᠭᠤᠯᠤᠭᠰᠠᠨ ᠪᠠᠶᠢᠳᠠᠭ ᠪᠦᠭᠡᠳ ᠤᠷᠳᠤ ᠬᠤᠭᠤᠴᠠᠭ᠎ᠠ ᠪᠠᠷ ᠬᠡᠷᠡᠭᠯᠡᠬᠦ ᠶᠢ ᠵᠦᠪᠰᠢᠶᠡᠷᠡᠳᠡᠭ ᠦᠭᠡᠢ᠃ ᠪᠠᠰᠠ ᠵᠠᠷᠢᠮ ᠡᠪᠡᠳᠴᠢᠳᠠᠨ ᠰᠲ᠋ᠧᠷᠦᠯᠴᠢᠷ ᠢ ᠶᠡᠭᠡ ᠬᠡᠮᠵᠢᠶ᠎ᠠ ᠪᠠᠷ ᠢᠳᠡᠵᠦ ᠬᠢᠷᠬᠢᠷ᠎ᠡ ᠶᠢ ᠳᠠᠷᠤᠵᠤ ᠪᠠᠶᠢᠨ᠎ᠠ᠂ ᠡᠨᠡ ᠨᠢ ᠶᠠᠰᠤᠨ ᠤ ᠨᠢᠬᠳᠠᠴᠠ ᠶᠢ ᠪᠠᠭᠤᠷᠠᠭᠤᠯᠵᠤ᠂ ᠰᠢᠬᠢᠷ ᠰᠢᠵᠢᠩ ᠡᠪᠡᠳᠴᠢᠨ ᠪᠠ ᠴᠢᠰᠤᠨ ᠳᠠᠷᠤᠯᠳᠠ ᠦᠨᠳᠦᠷ ᠡᠪᠡᠳᠴᠢᠨ ᠤ ᠠᠶᠤᠯ ᠢ ᠨᠡᠮᠡᠭᠳᠡᠭᠦᠯᠳᠡᠭ᠃ ᠮᠢᠨᠦ ᠰᠠᠨᠠᠭᠤᠯᠭ᠎ᠠ ᠪᠤᠯ ᠡᠪᠡᠳᠴᠢᠳᠠᠳ ᠡᠮᠴᠢ ᠶᠢᠨ ᠵᠢᠯᠤᠭᠤᠳᠤᠯᠭ᠎ᠠ ᠳᠤᠤᠷ᠎ᠠ ᠡᠪᠡᠳᠴᠢᠨ ᠤ ᠪᠠᠶᠢᠳᠠᠯ ᠢ ᠳᠤᠭᠳᠠᠪᠤᠷᠢᠵᠢᠭᠤᠯᠬᠤ ᠳᠦᠷᠦᠯ ᠤᠨ ᠡᠮ ᠤᠤᠭᠤᠵᠤ᠂ ᠳᠦᠭᠦᠮ ᠠᠮᠢᠰᠬᠤᠯ ᠤᠨ ᠪᠤᠯᠪᠠᠰᠤᠷᠠᠯ ᠪᠠ ᠵᠤᠪᠠᠨᠢᠬᠤ ᠶᠢ ᠬᠤᠷᠢᠬᠯᠠᠬᠤ ᠠᠷᠭ᠎ᠠ ᠬᠡᠮᠵᠢᠶ᠎ᠠ ᠠᠪᠴᠤ ᠡᠪᠡᠳᠴᠢᠨ ᠤ ᠪᠠᠶᠢᠳᠠᠯ ᠢᠶᠠᠨ ᠨᠠᠮᠳᠠᠭᠤᠯᠪᠠᠯ ᠵᠤᠬᠢᠨ᠎ᠠ᠃ ᠢᠢᠮᠦᠷᠬᠦ ᠪᠡᠶ᠎ᠡ ᠪᠠᠨ ᠪᠠᠷᠢᠬᠤ ᠠᠷᠭ᠎ᠠ ᠨᠢ ᠬᠢᠷᠬᠢᠷ᠎ᠡ ᠡᠪᠡᠳᠴᠢᠳᠠᠨ ᠤ ᠡᠮ ᠤᠤᠭᠤᠬᠤ ᠬᠡᠮᠵᠢᠶ᠎ᠠ ᠶᠢ ᠪᠠᠭᠠᠰᠬᠠᠵᠤ᠂ ᠠᠮᠢᠳᠤᠷᠠᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠤᠨ᠎ᠠ᠃ ᠬᠦᠩᠭᠡᠵᠢᠭᠦᠯᠬᠦ ᠰᠠᠯᠠᠭᠠᠨ ᠤ ᠡᠮᠴᠢ᠄ ᠭᠡᠷ ᠲᠡᠭᠡᠨ ᠬᠦᠩᠭᠡᠵᠢᠵᠤ ᠪᠤᠯᠬᠤ ᠦᠭᠡᠢ  ᠳᠤᠰᠬᠠᠢ ᠮᠡᠷᠭᠡᠵᠢᠯᠳᠡᠨ᠄ ᠠᠩᠭ᠍ᠯᠢ ᠶᠢᠨ ᠪᠠᠷᠨᠧᠲ ᠡᠮᠨᠡᠯᠭᠡ ᠶᠢᠨ ᠬᠤᠷᠢᠶᠠᠨ ᠤ ᠡᠮᠴᠢ ᠮᠤᠨᠧᠯᠢ · ᠺᠤᠯᠠᠷᠠ ᠰᠠᠨᠠᠭᠤᠯᠭ᠎ᠠ᠄ ᠵᠢᠷᠮᠦᠰᠦᠨ ᠬᠤᠭᠤᠴᠠᠭᠠᠨ ᠤ ᠬᠦᠨᠳᠦ ᠴᠢᠰᠦᠨ ᠳᠠᠷᠤᠯᠳᠠ ᠦᠨᠳᠦᠷ ᠡᠪᠡᠳᠴᠢᠨ ᠵᠡᠷᠭᠡ ᠪᠠᠶᠢᠳᠠᠯ ᠨᠢ ᠭᠤᠤᠯᠳᠠᠭᠤ ᠤᠤᠭᠠᠨ ᠬᠡᠦᠬᠡᠳ ᠢᠶᠠᠨ ᠵᠢᠷᠮᠦᠰᠦᠯᠡᠬᠦ ᠦᠶ᠎ᠡ ᠳᠤ ᠢᠯᠡᠷᠡᠳᠡᠭ᠂ ᠵᠠᠷᠢᠮ ᠠᠶᠤᠯ ᠲᠠᠢ ᠪᠠᠶᠢᠳᠠᠯ ᠴᠤ ᠬᠦᠩᠭᠡᠵᠢᠭᠦ ᠶᠠᠪᠤᠴᠠ ᠳᠤ ᠭᠠᠷᠳᠠᠭ᠃ ᠡᠳᠡᠭᠡᠷ ᠠᠶᠤᠯ ᠨᠢ ᠶᠡᠷᠦᠳᠡᠭᠡᠨ ᠴᠦᠭᠡᠨ ᠢᠯᠡᠷᠡᠳᠡᠭ ᠪᠤᠯᠪᠠᠴᠤ ᠪᠢ ᠯᠠᠪ ᠭᠡᠷ ᠲᠡᠭᠡᠨ ᠬᠦᠩᠭᠡᠵᠢᠬᠦ ᠦᠭᠡᠢ᠃ ᠪᠢ ᠯᠠᠪᠳᠠᠢ ᠡᠮᠴᠢᠯᠡᠭᠡᠨ ᠤ ᠳᠤᠨᠤᠭ ᠳᠦᠬᠦᠭᠡᠷᠦᠮᠵᠢ᠂ ᠨᠦᠬᠦᠴᠡᠯ ᠪᠦᠷᠢᠨ ᠡᠮᠨᠡᠯᠭᠡ ᠶᠢᠨ ᠬᠤᠷᠢᠶ᠎ᠡ ᠶᠢ ᠰᠤᠩᠭᠤᠵᠤ ᠬᠦᠩᠭᠡᠵᠢᠨ᠎ᠠ᠂ ᠳᠡᠭᠡᠪᠡᠯ ᠠᠶᠤᠯ ᠲᠠᠢ ᠪᠠᠶᠢᠳᠠᠯ ᠭᠠᠷᠬᠤ ᠪᠠᠷ ᠪᠤᠳᠤᠬᠤ ᠳᠤ ᠴᠠᠭ ᠳᠠᠷᠤᠢ ᠳᠤᠨᠢ ᠰᠢᠢᠳᠪᠦᠷᠢᠯᠡᠵᠦ ᠳᠡᠶᠢᠯᠦᠨ᠎ᠠ᠃ 
      ᠤᠨᠳᠠᠯᠭ᠎ᠠ ᠶᠢᠨ ᠳᠤᠰᠬᠠᠢ ᠮᠡᠷᠭᠡᠵᠢᠯᠳᠡᠨ᠄ ᠤᠨᠳᠠᠭᠤᠯᠬᠤ ᠡᠮ ᠪᠠᠭ᠎ᠠ ᠤᠤᠭᠤ  ᠳᠤᠰᠬᠠᠢ ᠮᠡᠷᠭᠡᠵᠢᠯᠳᠡᠨ᠄ ᠠᠩᠭ᠍ᠯᠢ ᠶᠢᠨ ᠤᠨᠳᠠᠯᠭ᠎ᠠ ᠶᠢᠨ ᠳᠤᠰᠬᠠᠢ ᠮᠡᠷᠭᠡᠵᠢᠯᠳᠡᠨ ᠭᠦᠶ᠋ᠢ · ᠮᠠᠶᠢᠳᠤᠧᠰ ᠰᠠᠨᠠᠭᠤᠯᠭ᠎ᠠ᠄ ᠤᠨᠳᠠᠭᠤᠯᠬᠤ ᠡᠮ ᠨᠢ ᠬᠦᠮᠦᠰ ᠤᠨ ᠦᠪᠡᠷ ᠢᠶᠠᠨ ᠠᠶᠠᠨᠳᠠᠭᠠᠨ ᠤᠨᠳᠠᠵᠤ ᠳᠡᠶᠢᠯᠦᠨ᠎ᠠ ᠭᠡᠳᠡᠭ ᠢᠳᠡᠭᠡᠯ ᠢ ᠠᠯᠳᠠᠭᠤᠯᠤᠨ᠎ᠠ᠂ ᠳᠡᠭᠡᠭᠡᠳ ︽ᠤᠨᠳᠠᠭᠤᠯᠬᠤ ᠡᠮ ᠤᠤᠭᠤᠬᠤ ᠦᠭᠡᠢ ᠪᠤᠯ ᠤᠨᠳᠠᠵᠤ ᠳᠡᠶᠢᠯᠬᠦ ᠦᠭᠡᠢ︾ ᠪᠡᠶ᠎ᠡ ᠰᠡᠳᠭᠢᠯ ᠢᠶᠠᠷ ᠢᠶᠠᠨ ᠲᠡᠭᠦᠨ ᠳᠤ ᠨᠠᠶᠢᠳᠠᠭᠰᠠᠨ ᠪᠠᠶᠢᠳᠠᠯ ᠳᠤ ᠤᠷᠤᠨ᠎ᠠ᠃ ᠤᠨᠳᠠᠭᠤᠯᠬᠤ ᠡᠮ ᠳᠤᠯᠤᠭᠠᠢ ᠡᠷᠭᠢᠬᠦ᠂ ᠳᠤᠯᠤᠭᠠᠢ ᠡᠪᠡᠳᠬᠦ᠂ ᠴᠡᠭᠡᠵᠢᠯᠡᠬᠦ ᠴᠢᠳᠠᠪᠤᠷᠢ ᠳᠤᠷᠦ᠋ᠢᠳᠠᠬᠤ ᠪᠠ ᠮᠡᠩᠳᠡᠭᠦᠷᠡᠭᠰᠡᠨ ᠪᠠᠶᠢᠳᠠᠯ ᠲᠠᠢ ᠪᠤᠯᠭᠠᠬᠤ ᠵᠡᠷᠭᠡ ᠰᠦᠷᠭᠡᠦ ᠦᠢᠯᠡᠳᠦᠯ ᠲᠠᠢ᠃ ᠤᠨᠳᠠᠭᠤᠯᠬᠤ ᠡᠮ ᠨᠢ ᠦᠭᠦᠯ ᠤᠨ ᠠᠶᠤᠯ ᠢ 4 ᠳᠠᠭᠢᠨ ᠢᠶᠠᠷ ᠨᠡᠮᠡᠭᠳᠡᠭᠦᠯᠳᠡᠭ ᠭᠡᠳᠡᠭ ᠢ ᠤᠢᠢᠷ᠎ᠠ ᠳᠤ ᠰᠤᠳᠤᠯᠭᠠᠨ ᠢᠶᠠᠷ ᠢᠯᠡᠷᠡᠭᠦᠯᠦᠭᠰᠡᠨ ᠪᠠᠶᠢᠨ᠎ᠠ᠃ ᠳᠡᠭᠡᠭᠡᠳ ᠶᠡᠷᠦᠨᠢ ᠤᠨᠳᠠᠭᠤᠯᠬᠤ ᠡᠮ ᠤᠤᠭᠤᠬᠤ ᠨᠢ ᠤᠨᠳᠠᠯᠭ᠎ᠠ ᠶᠢ 20 — 30 ᠮᠢᠨᠦ᠋ᠲ ᠯᠡ ᠤᠷᠳᠤᠳᠬᠠᠳᠠᠭ᠃ ᠠᠰᠢᠬ ᠬᠤᠤᠷ ᠨᠢ ᠢᠯᠡᠷᠭᠡᠢ ᠪᠠᠶᠢᠭ᠎ᠠ ᠪᠢᠵᠡ  ᠵᠠᠷᠢᠮ ᠬᠦᠨᠳᠦ ᠰᠦᠷᠡᠭᠡᠢ ᠤᠨᠳᠠᠯᠭ᠎ᠠ ᠶᠢᠨ ᠬᠠᠷᠰᠢᠯᠠᠯ ᠳᠤ ᠤᠴᠠᠷᠠᠭᠰᠠᠨ ᠦᠶ᠎ᠡ ᠳᠤ ᠤᠨᠳᠠᠭᠤᠯᠬᠤ ᠡᠮ ᠨᠢ ᠵᠤᠬᠢᠬᠤ ᠦᠢᠯᠡᠳᠦᠯ ᠭᠠᠷᠭᠠᠳᠠᠭ᠂ ᠭᠡᠪᠡᠴᠦ ᠤᠯᠠᠩᠭᠢ ᠬᠦᠮᠦᠨ ᠳᠤ ᠠᠪᠴᠤ ᠬᠡᠯᠡᠪᠡᠯ᠂ ᠤᠨᠳᠠᠵᠤ ᠳᠡᠶᠢᠯᠬᠦ ᠦᠭᠡᠢ ᠪᠠᠶᠢᠬᠤ ᠨᠢ ᠪᠦᠷ ᠡᠷᠭᠡᠪᠰᠢ ᠤᠨᠳᠠᠭᠤᠯᠬᠤ ᠡᠮ ᠤᠤᠭᠤᠬᠤ ᠬᠡᠮᠵᠢᠶᠡᠨ ᠳᠤ ᠬᠦᠷᠦᠭᠡᠳᠦᠢ ᠪᠠᠶᠢᠵᠤ᠂ ᠤᠨᠳᠠᠭᠤᠯᠬᠤ ᠡᠮ ᠨᠢ ᠶᠠᠮᠠᠷ ᠴᠤ ᠦᠢᠯᠡᠳᠦᠯ ᠭᠠᠷᠭᠠᠳᠠᠭ ᠦᠭᠡᠢ᠃       



  
     
     