-
25566
ᠬᠡᠢᠷᠬᠡᠯ
2022-11-14 10:10
57
0
ᠬᠡᠢᠷᠬᠡᠯ
ᠪᠣ ᠴᠡᠭ
︵ᠤᠶᠠᠬᠠᠨ ᠳᠤᠩᠭ᠋ᠠᠯᠠᠭ ᠲᠠᠨᠢᠯ ᠪᠦᠰᠡᠭᠦᠢ ᠳᠤ ᠪᠢᠴᠢᠭᠰᠡᠨ ᠲᠠᠳᠠᠯᠭ᠎ᠠ︶
ᠬᠠᠷ᠎ᠠ ᠬᠠᠷᠠᠬᠠᠨ ᠨᠢᠳᠦ ᠨᠢ
ᠬᠠᠢᠷ᠎ᠠ ᠶᠢᠨ ᠭᠡᠭᠡ ᠲᠠᠢ ᠳᠤᠭᠳᠤᠯᠤᠮᠠ
ᠬᠠᠪᠢᠷᠭᠠᠨ ᠰᠠᠷᠠᠨ ᠬᠦᠮᠤᠰᠬᠡ ᠨᠢ
ᠬᠠᠨᠢ ᠶᠢᠨ ᠵᠢᠷᠭᠠᠯ ᠲᠠᠢ ᠤᠶᠠᠰᠤᠮᠠ
ᠤᠶᠠᠬᠠᠨ ᠲᠤᠩᠭᠠᠯᠠᠭ ᠮᠡᠯᠮᠡᠢ ᠳ᠋ᠤᠨᠢ
ᠤᠬᠠᠭᠠᠨ ᠠᠯᠳᠠᠨ ᠳᠡᠷᠪᠡᠮᠡ
ᠤᠷᠤᠭᠤᠯ ᠤᠨ ᠬᠤᠨᠳᠤᠨ ᠡᠩᠰᠡᠭᠡ ᠳ᠋ᠤᠨᠢ
ᠤᠴᠠᠷᠠᠯ ᠢᠶᠡᠨ ᠵᠦᠩᠨᠡᠨ ᠵᠢᠷᠭᠠᠮᠠ
ᠨᠢᠯᠪᠤᠰᠤ ᠢᠪᠡᠯᠡᠭᠦᠯᠦᠭ᠍ᠰᠡᠨ ᠬᠠᠷᠠᠴᠠᠨ ᠳ᠋ᠤᠨᠢ
ᠨᠢᠭᠤᠴᠠᠬᠠᠨ ᠬᠠᠢᠷ᠎ᠠ ᠶᠢᠨ ᠪᠣᠯᠠᠭ ᠲᠠᠢ
ᠨᠢᠭᠤᠵᠤ ᠪᠣᠯᠳᠠᠭ ᠦᠭᠡᠢ ᠳᠤᠷᠠᠯᠠᠯ
ᠨᠢᠭᠡᠨ ᠯᠠ ᠤᠬᠠᠭᠠᠨ ᠤ ᠲᠡᠮᠤᠯᠡᠯ ᠲᠠᠢ
ᠴᠢᠷᠠᠢᠯᠢᠭ ᠪᠦᠰᠡᠭᠦᠢ ᠶᠢᠨ ᠵᠢᠰᠦᠨ ᠳ᠋ᠤᠨᠢ
ᠴᠡᠪᠡᠷᠬᠡᠨ ᠢᠨᠠᠭ ᠤᠨ ᠲᠤᠶᠠᠭ᠎ᠠ ᠲᠠᠢ
ᠴᠢᠨᠳᠠᠭᠠᠨ ᠴᠠᠭᠠᠨ ᠡᠪᠠᠢ᠌ ᠰᠡᠳᠭᠢᠯ ᠮᠢᠨᠦ
ᠴᠢᠮ᠎ᠠ ᠳ᠋ᠤ ᠯᠠ ᠬᠦᠷᠬᠦ ᠪᠣᠯᠭᠢᠭᠠ ᠲᠠᠢ
ᠬᠤᠭᠤᠰᠤᠨ ᠣᠷᠤ ᠳ᠋ᠤ ᠨᠢ ᠰᠠᠭᠠᠲᠠᠵᠦ
ᠬᠠᠵᠠᠭᠤ ᠳᠤ ᠨᠢ ᠬᠣᠷᠭᠤᠳᠠᠮᠠᠷ ᠰᠠᠨᠠᠭᠳᠠᠬᠤ ᠶᠤᠮ
ᠬᠤᠶᠠᠷ ᠰᠢᠯ ᠠᠷᠢᠬᠢ ᠵᠢ ᠨᠢ ᠠᠮᠰᠠᠵᠦ
ᠬᠠᠨᠢᠰᠴᠤ ᠰᠠᠭᠤᠮᠠᠷ ᠪᠣᠳᠤᠭᠳᠠᠬᠤ ᠶᠤᠮ
ᠡᠷᠭᠥᠭ᠍ᠰᠡᠨ ᠴᠣᠮᠤ ᠲᠠᠢ ᠫᠢᠶᠤᠪ ᠤᠨ
ᠥᠩᠭᠡ ᠲᠠᠢ ᠨᠢ ᠬᠣᠣᠰᠯᠠᠵᠦ ᠵᠢᠷᠭᠠᠬᠤ ᠶᠤᠮᠰᠠᠨ
ᠦᠩᠭᠡᠷᠡᠭ᠍ᠴᠢ ᠰᠦᠨᠢ ᠶᠢᠨ ᠵᠣᠭᠤᠭ ᠢᠶᠡᠨ
ᠦᠭᠦᠯᠡᠨ ᠳᠤᠷᠠᠰᠴᠤ ᠤᠶᠠᠰᠬᠤ ᠶᠤᠮᠰᠠᠨ
ᠱᠠᠭᠠᠵᠠᠩ ᠯᠤᠩᠲᠠᠢ᠌ ᠠᠷᠢᠬᠢ ᠵᠢ ᠨᠢ
ᠱᠠᠯᠠᠭ᠎ᠠ ᠴᠦ ᠦᠭᠡᠢ ᠤᠤᠭᠤᠬᠤ ᠶᠤᠮᠰᠠᠨ
ᠱᠠᠩᠨᠠᠯ ᠦᠭ᠍ᠭᠦᠮᠡᠷ ᠲᠣᠨᠢᠷᠬᠠᠯ ᠢ ᠨᠢ
ᠱᠠᠩᠳᠠᠭᠤᠷᠬᠠᠨ ᠰᠠᠨᠠᠵᠦ ᠬᠦᠯᠢᠶᠡᠬᠦ ᠶᠤᠮᠰᠠᠨ
ᠬᠠᠷᠠᠬᠤ ᠨᠢᠳᠤᠨ ᠤ ᠰᠤᠷᠮᠤᠰᠤ ᠵᠢ ᠨᠢ
ᠬᠠᠴᠠᠷ ᠲᠡᠭᠡᠷ᠎ᠠ ᠪᠠᠨ ᠨᠠᠭᠠᠯᠭᠠᠬᠤ ᠶᠤᠮᠰᠠᠨ
ᠬᠠᠩᠭᠢᠰ ᠴᠢᠩᠭᠢᠰ ᠢᠨᠢᠶᠳᠤ ᠵᠢ ᠨᠢ
ᠬᠠᠷᠠᠮᠨᠠᠵᠦ ᠦᠪᠡᠷ ᠲᠤ ᠪᠠᠨ ᠨᠢᠭᠤᠬᠤ ᠶᠤᠮᠰᠠᠨ᠃
2020.11.14