-
152910
ᠬᠡᠯᠡᠬᠦ ᠦᠭᠡᠢ ᠦᠭᠡ
2016-12-17 17:49
775
1
ᠬᠡᠯᠡᠬᠦ ᠦᠭᠡᠢ ᠪᠠᠶᠢᠬᠤ ᠶᠢᠨ ᠠᠷᠭ᠎ᠠ ᠦᠭᠡᠢ ᠬᠡᠳᠦᠨ ᠠᠮᠠᠨ ᠦᠭᠡ
︽ ︾ ︵ http://www.holvoo.net/article/articleView.do?id=874bb81e-9159-41ff-b018-77c 624312cec ᠡᠴᠡ ᠦᠵᠡᠭᠡᠷᠡᠢ᠃︶ ᠶᠢ ᠤᠩᠰᠢᠭᠠᠳ
ᠣᠳᠣᠬᠢ ᠨᠠᠮᠤᠭᠤᠬᠠᠨ ᠪᠠᠶᠢᠲᠠᠯ᠎ᠠ ᠪᠠᠨ ᠰᠢᠷᠦᠭᠦᠲᠡᠢ ᠵᠠᠩᠭᠢᠴᠢᠯᠠᠯᠲᠠ ᠶᠢᠨ ᠤᠷᠤᠰᠬᠠᠯ ᠳ᠋ᠥ ᠬᠡᠯᠡ ᠪᠡᠨ ᠬᠡᠯᠡᠵᠤ ᠬᠥᠯ ᠢᠶᠡᠨ ᠭᠢᠰᠭᠢᠰᠡᠭᠡᠢ ᠭᠡᠰᠡᠨ ᠤᠬᠠᠭᠠᠯᠢᠭ ᠵᠠᠯᠠᠭᠤᠰ ᠮᠠᠨᠢ ᠭᠠᠷ ᠤᠲᠠᠰᠤ ᠂ ᠺᠣᠮᠫᠢᠦ᠋ᠲ᠋ᠧᠷ ᠵᠡᠷᠭᠡ ᠪᠠᠭᠠᠵᠢ ᠳᠡᠭᠡᠷ᠎ᠡ ᠲᠥᠷᠥᠯᠬᠢ ᠬᠡᠯᠡ ᠰᠣᠶᠣᠯ ᠢᠶᠠᠷ ᠢᠶᠠᠨ ᠠᠵᠢᠯᠯᠠᠵᠤ ᠠᠮᠢᠳᠤᠷᠠᠬᠤ ᠪᠠᠷ ᠣᠷᠣᠯᠳᠤᠭᠠᠳ 20 ᠵᠢᠯ ᠦᠨ ᠨᠢᠭᠤᠷ ᠦᠵᠡᠵᠦ ᠪᠤᠢ ᠃ ᠭᠡᠪᠡᠴᠦ ᠭᠠᠷ ᠤᠲᠠᠰᠤ ᠲᠦᠭᠡᠮᠡᠯᠵᠢᠭᠰᠡᠨ ᠥᠨᠥᠳᠥᠷ ᠮᠣᠩᠭᠣᠯ ᠪᠢᠴᠢᠭ ᠮᠠᠨᠢ ᠺᠣᠳ᠋ ᠤᠨ ᠪᠤᠯᠢᠶᠠᠯᠳᠤᠭᠠᠨ ᠳ᠋ᠥ ᠺᠢᠳᠤᠭᠳᠠᠵᠤ ᠮᠥᠬᠥᠬᠦ ᠣᠶᠢᠷᠠᠲᠤᠭᠰᠠᠨ ᠨᠢ ᠦᠨᠡᠨ ᠃
ᠣᠳᠣ ᠪᠢᠳᠡᠨ ᠳ᠋ᠥ ᠳᠠᠪᠬᠤᠷ ᠬᠠᠷᠢᠭᠤᠴᠠᠯᠭ᠎ᠠ ᠣᠨᠣᠭᠳᠠᠵᠤ ᠪᠤᠢ ᠄ ᠨᠢᠭᠡ ᠨᠢ ᠲᠥᠷᠥᠯᠬᠢ ᠬᠡᠯᠡ ᠪᠡᠨ ᠲᠡᠷᠡ ᠬᠡᠪ ᠢᠶᠡᠷ ᠨᠢ ᠠᠪᠴᠤ ᠶᠠᠪᠤᠬᠤ ᠪᠠᠷ ᠪᠠᠷᠠᠬᠤ ᠦᠭᠡᠢ ᠴᠢᠨᠠᠭᠰᠢᠳᠠ ᠬᠥᠭᠵᠢᠭᠦᠯᠵᠦ ᠶᠠᠪᠤᠬᠤ ᠬᠠᠷᠢᠭᠤᠴᠠᠯᠭ᠎ᠠ ᠪᠣᠯᠣᠨ᠎ᠠ ︔ ᠨᠥᠭᠥᠭᠡ ᠨᠢ ᠮᠣᠩᠭᠣᠯ ᠪᠢᠴᠢᠭ ----- ᠲᠡᠭᠷᠢ ᠡᠴᠡ ᠵᠠᠶᠠᠭᠠᠲᠠᠢ ᠪᠢᠴᠢᠭ ᠂ ᠣᠷᠴᠢᠯᠠᠩ ᠳ᠋ᠥ ᠬᠣᠣᠰ ᠦᠭᠡᠢ ᠭᠠᠶᠢᠬᠠᠮᠰᠢᠭᠲᠤ ᠪᠢᠴᠢᠭ ᠭᠡᠵᠦ ᠰᠠᠭᠰᠠᠭᠤᠷᠠᠭᠰᠠᠭᠠᠷ ᠢᠷᠡᠭᠰᠡᠨ ᠪᠣᠰᠣᠭ᠎ᠠ ᠮᠣᠩᠭᠣᠯ ᠪᠢᠴᠢᠭ ᠢᠶᠡᠨ ᠶᠠᠭᠠᠬᠢᠵᠤ ᠤᠨᠠᠳᠠᠭ ᠦᠭᠡᠢ ᠪᠣᠰᠣᠭ᠎ᠠ ᠪᠢᠴᠢᠭ ᠪᠣᠯᠭᠠᠨ ᠬᠥᠭᠵᠢᠭᠦᠯᠵᠦ ᠬᠡᠷᠡᠭᠯᠡᠵᠦ ᠶᠠᠪᠤᠬᠤ ᠪᠤᠢ ᠭᠡᠰᠡᠨ ᠬᠦᠨᠳᠦ ᠬᠠᠷᠢᠭᠤᠴᠠᠯᠭ᠎ᠠ ᠪᠣᠯᠣᠨ᠎ᠠ ᠃
ᠡᠨᠡ ᠬᠣᠶᠠᠷ ᠬᠠᠷᠢᠭᠤᠴᠠᠯᠭ᠎ᠠ ᠬᠥᠬᠡ ᠲᠣᠯᠪᠣᠲᠠᠨ ᠤ ᠡᠮᠦᠨ᠎ᠡ ᠡᠴᠡ ᠨᠢ ᠭᠠᠯᠲᠤ ᠲᠡᠷᠭᠡᠨ ᠦ ᠳᠠᠪᠬᠢᠯᠲᠠ ᠪᠠᠷ ᠠᠶᠢᠰᠤᠢ ᠃ ᠢᠲᠡᠭᠡᠬᠦ ᠦᠭᠡᠢ ᠪᠣᠯ ᠥᠰᠢᠶᠡᠲᠡᠨ ᠳᠠᠶᠢᠰᠤᠨ ᠤ ᠪᠠᠬ᠎ᠠ ᠬᠠᠩᠬᠤ ᠲᠡᠷᠡ ᠡᠳᠦᠷ ᠢ ᠬᠦᠯᠢᠶᠡᠬᠦ ᠯᠡ ᠬᠡᠷᠡᠭ᠂ ᠲᠡᠷᠡ ᠡᠳᠦᠷ ᠢ ᠬᠦᠯᠢᠶᠡᠬᠦ ᠦᠭᠡᠢ ᠪᠣᠯ ᠬᠥᠳᠡᠯᠦᠯᠴᠡᠨ ᠪᠣᠰᠴᠤ ᠪᠣᠳᠠᠲᠤ ᠠᠵᠢᠯ ᠬᠢᠬᠦ ᠬᠡᠷᠡᠭᠲᠡᠢ ᠠᠴᠠ ᠪᠢᠰᠢ ᠰᠢᠯᠦᠭ ᠰᠢᠭ ᠬᠣᠭᠣᠰᠤᠨ ᠤᠷᠢᠶ᠎ᠠ ᠪᠠᠷ ᠢᠷᠡᠭᠡᠳᠦᠢ ᠶᠢ ᠵᠥᠩᠨᠡᠨ ᠰᠠᠭᠤᠵᠤ ᠪᠣᠯᠬᠤ ᠦᠭᠡᠢ ᠡ᠃
ᠲᠡᠭᠡᠪᠡᠯ ᠶᠠᠭᠤ ᠬᠢᠬᠦ ᠪᠣᠢ ᠭᠡᠪᠡᠯ᠄
ᠨᠢᠭᠡᠨ ᠳ᠋ᠥ᠂ ᠨᠡᠶᠢᠲᠡ ᠶᠢᠨ ᠠᠪᠢᠶᠠᠯᠠᠪᠤᠷᠢ ᠶᠢᠨ ᠪᠠᠷᠢᠮᠵᠢᠶ᠎ᠠ ᠳᠠᠭᠤᠳᠠᠯᠭ᠎ᠠ ᠶᠢᠨ ᠲᠣᠳᠣᠷᠬᠠᠢ ᠠᠪᠢᠶᠠᠯᠠᠭ᠎ᠠ ᠪᠣᠯᠣᠨ ᠨᠡᠶᠢᠲᠡ ᠶᠢᠨ ᠠᠪᠢᠶᠠᠯᠠᠪᠤᠷᠢ ᠶᠢᠨ ᠪᠠᠷᠢᠮᠵᠢᠶ᠎ᠠ ᠳᠠᠭᠤᠳᠠᠯᠭ᠎ᠠ ᠶᠢᠨ ᠲᠣᠳᠣᠷᠬᠠᠢ ᠭᠠᠯᠢᠭ ︵ IPA ᠪᠣᠯᠪᠠᠴᠤ ︶ ᠢ ᠨᠤᠷᠰᠢᠯᠲᠠ ᠦᠭᠡᠢ ᠲᠣᠳᠣᠯᠠᠨ ᠪᠡᠬᠢᠯᠡᠭᠰᠡᠨ ᠳᠠᠭᠤ ᠳᠦᠷᠰᠦᠲᠦ ᠶᠢ ᠪᠦᠬᠦ ᠤᠯᠤᠰ ᠤᠨ ᠥᠨᠴᠥᠭ ᠪᠤᠯᠤᠩ ᠬᠦᠷᠲᠡᠯ᠎ᠡ ᠬᠦᠷᠭᠡᠭᠡᠰᠡᠢ᠃ ᠲᠣᠳᠣᠷᠠᠭᠤᠯᠪᠠᠯ ᠂ ᠶᠠᠳᠠᠬᠤ ᠳᠠᠭᠠᠨ ᠦᠨᠳᠦᠰᠦᠨ ᠳᠣᠯᠣᠭᠠᠨ ᠡᠭᠡᠰᠢᠭ ᠦᠨ ᠲᠣᠳᠣᠷᠬᠠᠢ ᠵᠠᠭᠠᠭ ᠱᠤᠭᠤᠮ ᠢ ᠡᠭᠡᠯ ᠠᠷᠠᠳ ᠤᠨ ᠰᠣᠨᠣᠷ ᠲᠤ ᠬᠦᠷᠲᠡᠯ᠎ᠡ ᠢᠯᠭᠠᠭᠰᠠᠨ ᠪᠠᠶᠢᠪᠠᠯ ᠶᠠᠭᠤᠲᠠᠢ ᠰᠠᠶᠢᠨ︔ ᠡᠵᠢ ᠶᠢᠨ ᠡ ᠶᠢ 额 ᠭᠡᠵᠦ᠂ ᠣᠷᠣᠨ᠂ ᠤᠷᠠᠨ᠂ ᠥᠷᠥᠨ᠂ ᠦᠷᠡᠨ ᠦ ᠨᠢᠭᠡᠳᠦᠭᠡᠷ ᠡᠭᠡᠰᠢᠭ ᠵᠡᠷᠭᠡ ᠤᠭ ᠲᠠᠭᠠᠨ ᠲᠡᠭᠷᠢ ᠭᠠᠵᠠᠷ ᠰᠢᠭ ᠢᠯᠭᠠᠮᠵᠢᠲᠠᠢ ᠪᠠᠶᠢᠭᠰᠠᠨ ᠢ ᠬᠤᠳᠬᠤᠬᠤ ᠳᠠᠭᠠᠨ ᠰᠢᠨᠡᠬᠡᠨ ᠮᠣᠩᠭᠣᠯ ᠬᠡᠯᠡ ᠰᠤᠷᠴᠤ ᠪᠠᠶᠢᠭ᠎ᠠ ᠪᠤᠰᠤᠳ ᠤᠳᠤᠮ ᠤᠨ ᠠᠬ᠎ᠠ ᠳᠡᠭᠦᠦ ᠨᠡᠷ ᠮᠡᠲᠦ ᠤᠩᠰᠢᠪᠠᠯ ᠶᠠᠭᠠᠬᠢᠲᠠᠯᠠ ᠪᠠᠨ ᠡᠪ ᠦᠭᠡᠢ ᠰᠣᠨᠣᠰᠳᠠᠬᠤ ᠪᠢᠯᠡ᠃ ᠲᠣᠪᠴᠢᠯᠠᠵᠤ ᠬᠡᠯᠡᠪᠡᠯ᠂ ᠠᠪᠢᠶ᠎ᠠ᠂ ᠠᠪᠢᠶᠠᠯᠠᠪᠤᠷᠢ ᠶᠢᠨ ᠢᠶᠡᠨ ᠰᠠᠨᠠᠭ᠎ᠠ ᠰᠡᠳᠬᠢᠯ ᠢᠶᠡᠨ ᠮᠡᠳᠡᠯᠴᠡᠵᠦ ᠰᠣᠶᠣᠯ ᠪᠣᠯᠪᠠᠰᠤᠨ ᠢᠶᠠᠨ ᠬᠥᠭᠵᠢᠭᠦᠯᠬᠦ ᠨᠢᠭᠡᠳᠦᠯ ᠦᠨ ᠦᠢᠯᠡᠰ ᠲᠦ ᠠᠰᠢᠭ ᠦᠭᠡᠢ ᠨᠢᠭᠡ ᠲᠠᠯ᠎ᠠ ᠶᠢ ᠨᠢ ᠵᠦᠭᠰᠢᠷᠡᠭᠦᠯᠪᠡᠯ ᠵᠣᠬᠢᠨ᠎ᠠ᠃
ᠬᠣᠶᠠᠷ ᠲᠤ᠂ ᠮᠣᠩᠭᠣᠯ ᠪᠢᠴᠢᠭ ᠢ ᠰᠤᠷᠬᠤ ᠳ᠋ᠥ ᠠᠮᠠᠷ ᠬᠡᠷᠡᠭᠯᠡᠬᠦ ᠳ᠋ᠥ ᠲᠦᠷᠭᠡᠨ ᠴᠢᠭᠯᠡᠯ ᠢᠶᠡᠷ ︔ ᠪᠠᠷᠢᠮᠵᠢᠶ᠎ᠠ ᠠᠪᠢᠶ᠎ᠠ ᠶᠢ ᠳᠡᠯᠭᠡᠷᠡᠭᠦᠯᠬᠦ ᠳ᠋ᠥ ᠠᠰᠢᠭᠲᠠᠢ ᠴᠢᠭᠯᠡᠯ ᠢᠶᠡᠷ︔ ᠪᠢᠷ ᠴᠠᠭᠠᠰᠤᠨ ᠳ᠋ᠥ ᠪᠢᠰᠢ ᠪᠠᠭᠠᠵᠢ ᠲᠣᠨᠣᠭ ᠲᠤ ᠰᠠᠭᠠᠳ ᠦᠭᠡᠢ ᠨᠡᠪᠲᠡᠷᠡᠳᠡᠭ ᠴᠢᠭᠯᠡᠯ ᠢᠶᠠᠷ ᠬᠠᠯᠠᠨ ᠰᠠᠶᠢᠵᠢᠷᠠᠭᠤᠯᠬᠤ ᠬᠡᠷᠡᠭᠲᠡᠢ᠃
ᠡᠳᠡᠭᠡᠷ ᠢ ᠪᠡᠶᠡᠯᠡᠵᠦ ᠴᠢᠳᠠᠬᠤ ᠦᠭᠡᠢ ᠪᠣᠯ ᠪᠣᠰᠣᠭ᠎ᠠ ᠮᠣᠩᠭᠣᠯ ᠪᠢᠴᠢᠭ ᠲᠠᠯ᠎ᠠ ᠨᠤᠲᠤᠭ ᠤᠨ ᠬᠦᠮᠦᠨ ᠴᠢᠯᠠᠭᠤᠨ ᠪᠣᠯᠬᠤ ᠨᠢ ᠢᠯᠡᠷᠬᠡᠢ ᠮᠡᠳᠡᠭᠳᠡᠵᠦ ᠪᠠᠶᠢᠨ᠎ᠠ᠂ ᠪᠠᠭᠠᠴᠤᠳ ᠬᠡᠦᠬᠡᠳ ᠰᠤᠷᠬᠤ ᠳᠤᠷ᠎ᠠ ᠦᠭᠡᠢ ᠪᠠᠶᠢᠨ᠎ᠠ᠂ ᠶᠠᠭᠠᠬᠢᠭᠠᠳ ᠭᠡᠪᠡᠯ᠂ ︽ ᠲᠠᠢ ᠹᠤ ᠽᠠ ᠯᠠ ᠲᠠᠢ ᠯᠣᠣ᠋ ᠬᠤ ᠯᠧ᠄ ᠯᠢᠶᠠᠨ ᠶᠢ ᠭᠧ ᠳ᠋ᠦᠸᠠᠨ ᠱᠢᠨ ᠳ᠋ᠥ ᠹᠠ ᠪᠤ ᠯᠢᠶᠠᠤ᠂ ᠹᠠ ᠶᠢ ᠵᠢᠦᠢ ᠬᠤᠸᠠ ᠹᠧᠢ ᠪᠠᠨ ᠲᠢᠶᠠᠨ ᠱᠢ ᠵᠢᠶᠠᠨ᠂ ᠱᠦᠸᠧ ᠶᠧᠦ ᠰᠠ ᠶᠤᠩ᠃ ︾ ᠭᠡᠨ᠎ᠡ᠃ ᠪᠡᠶᠡᠴᠢ ᠪᠡᠷ ᠪᠢᠰᠢ ᠪᠤᠰᠤᠳᠴᠢ ᠪᠠᠷ ᠪᠣᠳᠣᠵᠤ ᠦᠵᠡᠪᠡᠯ ᠢᠩᠭᠢᠵᠦ ᠬᠡᠯᠡᠬᠦ ᠨᠢ ᠴᠤ ᠦᠨᠳᠦᠰᠦ ᠪᠠᠷᠢᠮᠲᠠ ᠲᠠᠢ ᠪᠠᠶᠢᠨ᠎ᠠ᠃ ᠵᠢᠱᠢᠶᠡᠯᠡᠪᠡᠯ᠂ ᠲᠥᠷᠥᠯᠬᠢ ᠪᠢᠰᠢ ᠬᠡᠯᠡ ᠪᠡᠷ ᠰᠤᠷᠴᠤ ᠪᠠᠶᠢᠬᠤ ᠤᠶᠢᠭᠤᠷ ᠬᠠᠰᠠᠭ ᠬᠡᠦᠬᠡᠳ ᠠᠪᠤ ᠡᠵᠢ ᠳᠡᠬᠡᠨ ᠴᠠᠭᠠᠰᠤᠨ ᠵᠠᠬᠢᠶ᠎ᠠ ᠪᠠᠶᠢᠲᠤᠭᠠᠢ ᠴᠠᠬᠢᠮ ᠵᠠᠬᠢᠶ᠎ᠠ ᠢᠯᠡᠭᠡᠭᠡᠳ ᠵᠢᠪᠬᠤᠭᠠᠲᠠᠢ ᠶᠠᠪᠤᠵᠤ ᠪᠤᠢ᠂ ᠤᠴᠢᠷ ᠨᠢ ᠲᠡᠳᠡᠨᠦᠰ ᠪᠢᠴᠢᠭ ᠢᠶᠡᠨ ᠰᠢᠨᠡᠴᠢᠯᠡᠭᠡᠳ ᠴᠠᠭ ᠦᠶ᠎ᠡ ᠲᠡᠢ ᠠᠯᠬᠤᠴᠠ ᠨᠢᠭᠡᠳᠬᠡᠭᠡᠳ ᠠᠮᠵᠢᠵᠠᠢ︔ ᠮᠥᠨ ᠲᠡᠳᠡᠨᠦᠰ ᠦᠨ ᠮᠡᠷᠭᠡᠳ ᠨᠢ ᠳᠠᠷᠤᠪᠴᠢ ᠪᠠᠷ ᠪᠢᠴᠢᠭᠯᠡᠬᠦ ᠪᠢᠰᠢ ᠬᠠᠷᠢᠨ ᠶᠠᠷᠢᠵᠤ ᠣᠷᠣᠭᠤᠯᠪᠠᠯ ᠬᠢᠲᠠᠳ ᠠᠩᠭ᠍ᠯᠢ ᠤᠶᠢᠭᠤᠷ ᠪᠢᠴᠢᠭ ᠢᠶᠠᠷ ᠢᠯᠡᠷᠡᠬᠦ ᠲᠣᠨᠣᠭ ᠬᠡᠷᠡᠭᠯᠡᠭᠡᠳ ᠭᠢᠯᠠᠷᠠᠭᠤᠯᠵᠤ ᠶᠠᠪᠤᠨ᠎ᠠ᠃
ᠰᠦᠯᠵᠢᠶᠡᠨ ᠡᠴᠡ ᠮᠣᠩᠭᠣᠯ ︽ᠫᠢᠨᠶ᠋ᠢᠨ ︾ ᠬᠠᠶᠢᠭᠠᠳ ᠣᠯᠢᠭᠲᠠᠢ ᠶᠠᠭᠤᠮ᠎ᠠ ᠣᠯᠣᠭᠰᠠᠨ ᠦᠭᠡᠢ᠂ ᠦᠨᠡᠬᠡᠷ ᠴᠤ ᠡᠵᠡᠭᠦᠢ ᠬᠣᠴᠣᠷᠪᠠ ᠭᠡᠵᠦ ᠦᠦ︖︕
ᠠᠢ ᠴᠠᠪᠠᠰᠤ᠂ ᠡᠨᠡ ᠬᠡᠳᠦᠬᠡᠨ ᠲᠦᠭᠦᠬᠡᠢ ᠪᠣᠳᠣᠯ ᠢᠶᠠᠨ ᠪᠣᠯᠪᠠᠴᠤ ᠪᠢᠴᠢᠭᠡᠳ ᠰᠡᠳᠬᠢᠯ ᠦᠨ ᠵᠣᠪᠠᠨᠢᠯ ᠢᠶᠠᠨ ᠬᠤᠪᠢᠶᠠᠯᠴᠠᠭᠠᠰᠠᠢ᠂ ᠰᠢᠩᠭᠡᠬᠦ ᠨᠠᠷᠨ ᠠᠴᠠ ᠬᠣᠯᠠ ᠮᠠᠨᠳᠤᠬᠤ ᠨᠠᠷᠠᠨ ᠳ᠋ᠥ ᠣᠶᠢᠷ᠎ᠠ ᠪᠠᠶᠢᠭ᠎ᠠ ᠮᠢᠬᠠᠨ ᠶᠠᠰᠤ ᠨᠠᠷ ᠮᠢᠨᠢ ᠰᠠᠨᠠᠭᠠᠨ ᠳᠠᠭᠠᠨ ᠴᠤ ᠨᠢᠭᠡ ᠪᠣᠳᠣᠬᠤ ᠪᠠᠶᠢᠬ᠎ᠠ ᠳ᠋ᠠ᠃
-
2016-12-27