-
100875
ᠬᠦᠨᠳᠦ ᠬᠦᠩᠭᠡᠨ ᠦ ᠰᠤᠷᠭᠠᠯ
2024-02-01 20:40
50
0
ᠬᠦᠨᠳᠦ ᠬᠦᠩᠭᠡᠨ ᠦ ᠰᠤᠷᠭᠠᠯ
ᠯᠤᠪᠰᠠᠩᠳᠠᠮᠪᠢᠵᠠᠯᠰᠠᠨ ᠭᠡᠭᠡᠨ
ᠪᠤᠷᠬᠠᠨ ᠪᠠᠭᠰᠢ ᠶᠢᠨ ᠨᠤᠮᠯᠠᠭᠰᠠᠨ
ᠵᠠᠷᠯᠢᠭ ᠨᠢᠭᠡᠨ ᠬᠦᠨᠳᠦ ᠃
ᠪᠤᠭᠳᠠ ᠪᠠᠭᠰᠢ ᠶᠢᠨ ᠬᠠᠢᠷᠠᠯᠠᠭᠰᠠᠨ
ᠰᠡᠳᠬᠢᠯ ᠨᠢᠭᠡᠨ ᠬᠦᠨᠳᠦ ᠃
ᠪᠤᠶᠠᠨᠳᠠᠨ ᠢ ᠡᠷᠭᠦᠭᠰᠡᠨ
ᠦᠭᠯᠢᠭᠡ ᠨᠢᠭᠡᠨ ᠬᠦᠨᠳᠦ ᠪᠤᠢ ᠃
ᠪᠤᠳᠤᠴᠢᠯᠠᠨ ᠤᠯᠤᠭᠰᠠᠨ
ᠬᠡᠰᠢᠭ ᠨᠢᠭᠡᠨ ᠬᠦᠨᠳᠦ ᠪᠤᠢ ᠃
ᠬᠤᠳᠤᠭ ᠶᠡᠬᠡ ᠪᠤᠭᠳᠠᠰ ᠨᠢ
ᠱᠠᠰᠢᠨ ᠳ᠋ᠠᠭᠠᠨ ᠦᠨᠡᠨᠴᠢ ᠪᠤᠢ ᠃
ᠰᠠᠢᠨ ᠶᠤᠰᠤᠳᠠᠢ ᠱᠠᠪᠢ ᠨᠢ
ᠰᠠᠨᠸᠠᠷ ᠶᠠᠭᠤ ᠪᠠᠨ ᠰᠠᠬᠢᠨ ᠪᠤᠢ ᠃
ᠬᠤᠨ ᠰᠢᠪᠠᠭᠤᠨ ᠭᠡᠭᠴᠢ ᠨᠢ
ᠤᠰᠤᠨ ᠳ᠋ᠠᠭᠠᠨ ᠴᠢᠮᠡᠭ ᠪᠤᠢ ᠃
ᠬᠤᠸᠠᠷᠠᠭ ᠬᠦᠮᠦᠨ ᠭᠡᠭᠴᠢ ᠨᠢ
ᠬᠤᠷᠠᠯ ᠳ᠋ᠠᠭᠠᠨ ᠴᠢᠮᠡᠭ ᠪᠤᠢ ᠃
ᠰᠠᠢᠨ ᠦᠷ᠎ᠡ ᠭᠡᠭᠴᠢ ᠨᠢ
ᠤᠯᠠᠨ ᠤ ᠲᠤᠮᠳᠠ ᠪᠠᠨ ᠴᠢᠮᠡᠭ ᠪᠤᠢ ᠃
ᠰᠠᠢᠨ ᠡᠬᠡᠨᠠᠷ ᠭᠡᠭᠴᠢ ᠨᠢ
ᠭᠡᠷ ᠦᠨ ᠲᠤᠮᠳᠠ ᠪᠠᠨ ᠴᠢᠮᠡᠭ ᠪᠤᠢ ᠃
ᠰᠠᠢᠨ ᠦᠭᠡ ᠰᠤᠨᠤᠰᠪᠠᠯ
ᠴᠢᠬᠢᠨ ᠳ᠋ᠡᠭᠡᠨ ᠴᠢᠮᠡᠭ ᠪᠤᠢ ᠃
ᠰᠠᠨᠠᠭ᠎ᠠ ᠠᠮᠤᠷ ᠶᠠᠪᠤᠪᠠᠯ
ᠵᠢᠷᠭᠠᠯ ᠳ᠋ᠤᠷ ᠴᠢᠮᠡᠭ ᠪᠤᠢ ᠃
ᠭᠡᠳᠡᠷᠭᠦ ᠪᠡᠨ ᠬᠠᠷᠠᠪᠠᠯ
ᠲᠦᠭᠡᠷᠡᠬᠦ ᠦᠭᠡᠢ ᠪᠡᠨ ᠲᠡᠮᠳᠡᠭᠯᠡᠨ ᠃
ᠬᠢᠰᠬᠢᠬᠦ ᠭᠠᠵᠠᠷ ᠢᠶᠠᠨ ᠬᠠᠷᠠᠪᠠᠯ
ᠤᠨᠠᠬᠤ ᠦᠭᠡᠢ ᠪᠡᠨ ᠲᠡᠮᠳᠡᠭᠯᠡᠨ ᠃
ᠬᠡᠢ ᠦᠭᠡᠢ ᠶᠠᠪᠤᠪᠠᠯ
ᠬᠡᠷᠰᠡᠦᠵᠢᠬᠦ ᠪᠡᠨ ᠲᠡᠮᠳᠡᠭᠯᠡᠨ ᠃
ᠭᠡᠮ ᠦᠭᠡᠢ ᠶᠠᠪᠤᠪᠠᠯ
ᠨᠢᠭᠦᠯ ᠦᠭᠡᠢ ᠪᠡᠨ ᠲᠡᠮᠳᠡᠭᠯᠡᠨ ᠃
ᠦᠮᠴᠢ ᠨᠢᠭᠡ ᠪᠤᠯᠪᠠᠰᠤ
ᠡᠪᠡᠳᠡᠷᠡᠬᠦ ᠦᠭᠡᠢ ᠪᠡᠨ ᠲᠡᠮᠳᠡᠭᠯᠡᠨ ᠃
ᠦᠰᠢᠷᠡᠬᠦ ᠪᠤᠯᠪᠠᠰᠤ
ᠴᠤᠴᠠᠷᠠᠬᠤ ᠦᠭᠡᠢ ᠪᠡᠨ ᠲᠡᠮᠳᠡᠭᠯᠡᠨ ᠃
ᠠᠮᠢᠨᠴᠢᠯᠠᠨ ᠬᠠᠢᠷᠠᠯᠠᠪᠠᠰᠤ
ᠬᠠᠳᠠᠭᠠᠯᠠᠬᠤ ᠪᠠᠨ ᠲᠡᠮᠳᠡᠭᠯᠡᠨ ᠃
ᠠᠪᠬᠤ ᠶᠤᠭᠠᠨ ᠰᠢᠮᠳᠡᠪᠡᠰᠦ
ᠠᠩᠬᠠᠷᠠᠬᠤ ᠪᠠᠨ ᠲᠡᠮᠳᠡᠭᠯᠡᠨ ᠃
ᠮᠤᠩᠬᠠᠷᠠᠭᠰᠠᠨ ᠬᠦᠮᠦᠨ ᠳᠦ
ᠡᠷᠳᠡᠮ ᠪᠢᠯᠢᠭ ᠬᠤᠯᠠ ᠪᠤᠢ
ᠮᠤᠬᠤᠷᠳᠠᠭᠰᠠᠨ ᠬᠦᠮᠦᠨ ᠳᠦ
ᠡᠳ᠋ ᠡᠷᠳᠡᠨᠢ ᠬᠤᠯᠠ ᠪᠤᠢ ᠃
ᠢᠷᠸ᠎ᠠ ᠶᠢᠨ ᠵᠠᠩ ᠲᠠᠢ ᠬᠦᠮᠦᠨ ᠳᠦ
ᠬᠠᠨᠢ ᠨᠦᠬᠦᠷ ᠬᠤᠯᠠ ᠪᠤᠢ ᠃
ᠶᠠᠳᠠᠷᠠᠭᠰᠠᠨ ᠬᠦᠮᠦᠨ ᠳᠦ
ᠭᠠᠵᠠᠷ ᠵᠠᠮ ᠬᠤᠯᠠ ᠪᠤᠢ ᠃
ᠪᠡᠯᠡ ᠲᠡᠢᠬᠡᠨ ᠬᠦᠮᠦᠨ ᠳᠦ
ᠨᠤᠶᠠᠨ ᠬᠦᠮᠦᠨ ᠲᠦᠳᠡ ᠪᠤᠢ ᠃
ᠪᠢᠯᠢᠭ ᠲᠡᠢᠬᠡᠨ ᠬᠦᠮᠦᠨ ᠳᠦ
ᠨᠤᠮᠴᠢ ᠬᠦᠮᠦᠨ ᠲᠦᠳᠡ ᠪᠤᠢ ᠃
ᠡᠳ᠋ ᠲᠡᠢᠬᠡᠨ ᠬᠦᠮᠦᠨ ᠳᠦ
ᠢᠵᠢᠯᠢ ᠨᠦᠬᠦᠷ ᠲᠦᠳᠡ ᠪᠤᠢ ᠃
ᠡᠶ᠎ᠡ ᠰᠠᠢᠳᠤ ᠬᠦᠮᠦᠨ ᠳᠦ
ᠡᠯᠳᠡᠪ ᠤᠯᠠᠨ ᠲᠦᠳᠡ ᠪᠤᠢ ᠃
ᠬᠤᠳᠠᠯ ᠬᠡᠯᠡᠳᠡᠭ ᠬᠦᠮᠦᠨ ᠳᠦ
ᠦᠨᠡᠨ ᠦᠭᠡ ᠬᠠᠷᠰᠢ ᠪᠤᠢ ᠃
ᠬᠤᠯᠭᠠᠢᠴᠢ ᠬᠦᠮᠦᠨ ᠳᠦ
ᠪᠠᠶᠠᠨ ᠬᠦᠮᠦᠨ ᠬᠠᠷᠰᠢ ᠪᠤᠢ ᠃
ᠬᠤᠪ ᠵᠦᠭᠡᠳᠡᠭ ᠬᠦᠮᠦᠨ ᠳᠦ
ᠰᠢᠯᠤᠭᠤᠨ ᠬᠦᠮᠦᠨ ᠬᠠᠷᠰᠢ ᠪᠤᠢ ᠃
ᠬᠤᠮᠠᠢ ᠪᠠᠷᠳᠠᠮ ᠬᠦᠮᠦᠨ ᠳᠦ
ᠬᠤᠯᠠ ᠤᠢᠷ᠎ᠠ ᠶᠢᠨ ᠬᠠᠷᠰᠢ ᠪᠤᠢ ᠃
ᠮᠦᠩᠬᠡᠷᠡᠬᠦ ᠬᠦᠮᠦᠨ ᠳᠦ
ᠡᠪᠡᠷᠡᠬᠦ ᠶᠢᠨ ᠲᠠᠢᠰᠤᠨ ᠪᠤᠢ ᠃
ᠦᠳᠡᠯᠡᠭᠰᠡᠨ ᠬᠦᠮᠦᠨ ᠳᠦ
ᠨᠠᠰᠤᠨ ᠰᠡᠭᠦᠳᠡᠷ ᠲᠠᠢᠰᠤᠨ ᠪᠤᠢ ᠃
ᠡᠪᠡᠳᠦᠭᠰᠡᠨ ᠬᠦᠮᠦᠨ ᠳᠦ
ᠮᠠᠬᠠᠪᠤᠳ ᠨᠢ ᠲᠠᠢᠰᠤᠨ ᠪᠤᠢ ᠃
ᠦᠩᠭᠡᠷᠡᠭᠰᠡᠨ ᠬᠦᠮᠦᠨ ᠳᠦ
ᠡᠷᠢᠵᠦ ᠤᠯᠬᠤ ᠨᠢ ᠲᠠᠢᠰᠤᠨ ᠪᠤᠢ ᠃
ᠦᠨᠳᠦᠷ ᠡᠴᠡ ᠪᠠᠭᠤᠭᠰᠠᠨ
ᠦᠶᠡᠷ ᠨᠢᠭᠡᠨ ᠭᠠᠯᠵᠠᠭᠤ ᠃
ᠦᠯᠦᠩ ᠳ᠋ᠤᠨᠢ ᠰᠢᠳᠠᠭᠰᠠᠨ
ᠲᠦᠢᠮᠡᠷ ᠨᠢᠭᠡᠨ ᠭᠠᠯᠵᠠᠭᠤ ᠃
ᠰᠠᠮᠠᠳᠢ ᠳ᠋ᠠᠭᠠᠨ ᠲᠠᠰᠤᠭᠰᠠᠨ
ᠪᠠᠭᠰᠢ ᠨᠢᠭᠡᠨ ᠨᠤᠮᠤᠬᠨ ᠃
ᠰᠠᠷᠬᠤᠳ ᠲᠤᠷ ᠰᠤᠭᠳᠤᠭᠰᠠᠨ
ᠪᠡᠴᠢᠨ ᠨᠢᠭᠡᠨ ᠨᠤᠮᠤᠬᠨ ᠃
ᠬᠤᠯᠤᠭᠠᠨ ᠢ ᠪᠠᠷᠢᠭᠴᠢ
ᠮᠢᠭᠤᠢ ᠨᠢᠭᠡᠨ ᠨᠤᠮᠤᠬᠨ ᠃
ᠬᠤᠶᠠᠷ ᠬᠦᠮᠦᠨ ᠢ ᠰᠠᠯᠭᠠᠭᠴᠢ
ᠬᠤᠪ ᠨᠢᠭᠡᠨ ᠨᠤᠮᠤᠬᠨ ᠃
ᠠᠬᠤᠢ ᠶᠡᠬᠡ ᠪᠠᠶᠠᠨᠳᠠᠨ ᠨᠢ
ᠵᠢᠷᠭᠠᠬᠤ ᠨᠢ ᠦᠨᠡᠨ ᠪᠤᠢ ᠃
ᠠᠷᠢᠯᠤᠭᠰᠠ① ᠬᠦᠮᠦᠨ ᠳᠦ
ᠪᠤᠷᠬᠠᠨ ᠪᠤᠯᠬᠤ ᠨᠢ ᠦᠨᠡᠨ ᠪᠤᠢ ᠃
ᠠᠮᠢᠳᠤ ᠶᠠᠪᠤᠬᠤ ᠪᠡᠶ᠎ᠡ ᠮᠢᠨᠢ
ᠦᠬᠦᠬᠦ ᠢᠨᠤ ᠦᠨᠡᠨ ᠪᠤᠢ ᠃
ᠦᠬᠦᠬᠰᠡᠨ ᠦ ᠬᠤᠢᠨ᠎ᠠ
ᠲᠠᠮᠤ ᠳᠤ ᠤᠴᠢᠬᠤ ᠨᠢ ᠦᠨᠡᠨ ᠪᠤᠢ ᠃
ᠡᠷᠳᠡᠮ ᠨᠤᠮ ᠢ ᠲᠡᠪᠴᠢᠪᠡᠯ
ᠪᠤᠷᠬᠠᠨ ᠪᠤᠯᠬᠤ ᠬᠤᠯᠠ ᠪᠤᠢ ᠃
ᠡᠴᠢᠭᠡ ᠡᠬᠡ ᠪᠡᠨ ᠲᠡᠪᠴᠢᠪᠡᠯ
ᠰᠠᠢᠨ ᠪᠤᠯᠬᠤ ᠨᠢ ᠬᠤᠯᠠ ᠪᠤᠢ ᠃
ᠠᠬ᠎ᠠ ᠲᠡᠭᠦᠦ ᠪᠡᠨ ᠲᠡᠪᠴᠢᠪᠡᠯ
ᠪᠠᠶᠠᠨ ᠪᠤᠯᠬᠤ ᠨᠢ ᠬᠤᠯᠠ ᠪᠤᠢ ᠃
ᠠᠢᠮᠠᠭ ᠢᠶᠠᠨ ᠲᠡᠪᠴᠢᠪᠡᠯ
ᠨᠤᠶᠠᠨ ᠪᠤᠯᠬᠤ ᠨᠢ ᠬᠤᠯᠠ ᠪᠤᠢ ᠃
①ᠠᠷᠢᠯᠤᠭᠰᠠ ᠭᠡᠵᠦ ᠠᠷᠢᠭᠤᠨ ᠪᠤᠯᠤᠭᠰᠠᠨ ᠂ ᠰᠡᠳᠬᠢᠯ ᠠᠷᠢᠭᠤᠨ ᠪᠤᠯᠤᠭᠰᠠᠨ ᠭᠡᠬᠦ ᠮᠡᠳᠦ ᠤᠢᠯᠭᠠᠵᠤ ᠮᠡᠳᠡᠬᠦ ᠬᠡᠷᠡᠭ᠍ᠳᠠᠢ ᠃
2024.2.1