- ᠰᠠᠶᠢᠵᠢᠷᠠ
31051
ᠪᠠᠭᠰᠢ ᠬᠦᠮᠥᠰ ᠦᠨ ᠠᠴᠢ
2018-12-05 13:18
132
0
ᠡᠷᠡᠭᠡᠨ ᠂ ᠰᠠᠶᠢᠵᠢᠷᠠ
ᠠᠷᠭ᠎ᠠ ᠤᠬᠠᠭᠠᠨ ᠠᠯᠠᠭ᠎ᠠ
ᠠᠯᠳᠠᠷᠠᠢ ᠪᠠᠭ᠎ᠠ ᠨᠠᠰᠤᠨ ᠠᠴᠠ ᠂
ᠠ ᠡ ᠡᠴᠡ ᠡᠬᠢᠯᠡᠨ ᠲᠠᠨᠢᠭᠤᠯᠤᠠ
ᠠᠷᠪᠠᠲᠤ ᠶᠢᠨ ᠪᠤᠲᠠᠷᠬᠠᠢ ᠶ᠋ᠢ ᠪᠤᠳᠤᠭᠤᠯᠤᠭᠰᠠᠨ ᠪᠠᠭᠰᠢ ᠃
ᠪᠢᠯᠢᠭ ᠤᠶᠤᠨ ᠪᠢᠳᠠᠭᠤ
ᠪᠢᠴᠢᠬᠠᠨ ᠬᠡᠤᠬᠡᠳ ᠪᠠᠶᠢᠬᠤ ᠠᠴᠠ ᠂
ᠪᠢᠴᠢᠭ ᠨᠤᠮ ᠵᠢᠭᠠᠨ
ᠪᠢᠰᠢᠯᠭᠠᠨ ᠰᠤᠷᠭᠠᠳᠠᠭ ᠪᠠᠭᠰᠢ ᠃
ᠪᠤᠳᠤᠯ ᠤᠨ ᠪᠤᠭᠤᠨᠢ ᠪᠤᠷᠤᠭᠤ ᠶ᠋ᠢ
ᠪᠤᠳᠤᠵᠥ ᠲᠤᠩᠭᠠᠬᠤ ᠶ᠋ᠢ ᠪᠤᠯᠪᠠᠰᠤᠷᠠᠭᠤᠯᠤᠨ ᠂
ᠰᠡᠳᠬᠢᠯ ᠦᠨ ᠰᠡᠭᠡᠭᠡ ᠰᠡᠴᠡ ᠶ᠋ᠢ
ᠰᠡᠩᠬᠡᠷᠡᠭᠦᠯᠥᠨ ᠰᠡᠷᠭᠭᠦᠭᠡᠭᠴᠢ ᠪᠠᠭᠰᠢ ᠃
ᠰᠤᠶᠤᠯ ᠤᠨ ᠪᠠᠯᠠᠢ ᠠᠴᠠ ᠬᠦᠮᠥᠰ ᠶ᠋ᠢ
ᠰᠤᠶᠤᠨ ᠰᠤᠷᠢᠨ ᠭᠡᠭᠡᠷᠡᠭᠥᠯᠵᠥ ᠂
ᠮᠡᠳᠡᠯᠭᠡ ᠮᠡᠬᠦᠰ ᠡᠴᠡ ᠨᠢ ᠬᠦᠮᠥᠨ ᠢ ᠶ᠋ᠢ
ᠮᠡᠳᠡᠷᠡᠭᠥᠯᠥᠨ ᠮᠡᠳᠡᠭᠦᠯᠥᠭᠴᠢ ᠪᠠᠭᠰᠢ ᠃
ᠡᠭᠡᠯ ᠳᠤᠤᠷᠠᠳᠤ ᠠᠴᠠ ᠨᠢ ᠬᠦᠮᠥᠨ ᠢ ᠶ᠋ᠢ
ᠡᠷᠳᠡᠮᠲᠡᠨ ᠪᠤᠯᠭᠠᠨ ᠬᠦᠮᠥᠵᠢᠭᠦᠯᠵᠥ ᠂
ᠴᠢᠩᠭ᠎ᠠ ᠨᠢᠮᠪᠠᠢ ᠵᠢᠯᠤᠭᠤᠳᠤᠨ
ᠴᠢᠳᠠᠪᠦᠷᠢᠲᠠᠨ ᠪᠤᠯᠭᠠᠭᠴᠢ ᠪᠠᠭᠰᠢ ᠃
ᠬᠦᠰᠡᠯ ᠡᠷᠡᠮᠡᠯᠵᠢᠯᠡᠯ ᠢᠷᠥᠭᠡᠳᠦᠢ ᠳ᠋ᠥ
ᠬᠦᠷᠬᠥ ᠵᠢᠭᠦᠷ ᠤᠷᠭᠤᠭᠤᠯᠤᠨ ᠂
ᠬᠦᠭᠵᠢᠯᠲᠡ ᠡᠭᠦᠳᠡᠯᠲᠡ ᠪᠦᠲᠦᠭᠡᠯ ᠶᠢ
ᠬᠦᠲᠥᠯᠥᠨ ᠦᠢᠯᠡᠰᠵᠢᠭᠦᠯᠥᠭᠴᠢ ᠪᠠᠭᠰᠢ ᠃
ᠡᠷᠲᠡ ᠤᠷᠢᠳᠤ ᠶᠢᠨ ᠦᠶ᠎ᠡ ᠳ᠋ᠥ
ᠡᠴᠢᠭᠡ ᠡᠬᠡ ᠪᠤᠯ ᠪᠠᠭᠰᠢ ᠂
ᠡᠪᠦᠭᠡ ᠡᠮᠡᠭᠡ ᠪᠤᠯ ᠶᠡᠬᠡ ᠪᠠᠭᠰᠢ
ᠡᠯᠢᠭᠡᠨ ᠲᠦᠮᠡᠨ ᠣ ᠳᠠᠭᠤᠷᠢᠶᠠᠯ ᠴᠦ ᠪᠠᠭᠰᠢ ᠪᠠᠶᠢᠯ᠎ᠠ ᠃
ᠡᠳᠦᠭᠡ ᠴᠠᠭ ᠤᠨ ᠨᠡᠶᠢᠬᠡᠮ ᠳ᠋ᠥ
ᠡᠷᠬᠡᠪᠡᠰᠢ ᠶᠡᠬᠡ ᠰᠤᠷᠭᠠᠭᠤᠯᠢ ᠲᠡᠭᠦᠰᠬᠡᠨ ᠂
ᠡᠷᠳᠡᠮ ᠤᠬᠠᠭᠠᠨ ᠪᠦᠷᠢᠳᠦᠭᠰᠡᠨ
ᠡᠷᠡᠨ ᠣ ᠢᠳᠡᠷᠬᠡᠭ ᠬᠦᠮᠥᠨ ᠪᠤᠯᠠᠬᠤ ᠬᠡᠷᠡᠭᠲᠡᠢ ᠃
ᠡᠷᠡᠭᠡᠨ ᠂ ᠪᠢᠯᠢᠭ᠍ᠪᠠᠰᠠᠩ ᠵᠤᠬᠢᠶᠠᠪᠠ ᠂
2018ᠤᠨ ᠣ9 ᠰᠠᠷᠠᠶᠢᠨ10 ᠣ ᠡᠳᠦᠷ
ᠪᠠᠭᠰᠢ ᠶᠢᠨ ᠪᠠᠶᠠᠷ ᠲᠣ ᠵᠤᠷᠢᠭᠤᠯᠪᠠᠢ ᠂
ᠬᠠᠶᠢᠯᠠᠷ ᠲᠤᠭᠤᠷᠢᠭ ᠲᠣ ᠪᠢᠴᠢᠪᠡ ᠃