-
2134651
ᠬᠤᠬ ᠨᠤᠪᠰᠢ ᠪᠠᠨ ᠰᠦᠨᠢ ᠪᠠᠷ ᠬᠤᠯᠠᠭᠠᠢᠢᠯᠠᠨ ᠬᠠᠶᠠᠬᠤ ᠠᠰᠠᠭᠤᠳᠠᠯ ᠢ ᠭᠡᠨ ᠬᠢᠨᠡᠨ ᠬᠠᠮᠢᠶᠠᠷᠬᠤ ᠪᠤᠢ︖
2019-10-13 20:18
287
0
︽ᠬᠤᠪᠢ ᠬᠦᠮᠦᠨ ᠤ ᠳᠠᠭᠠᠭᠠᠴᠢᠯᠠᠬᠰᠠᠨ ᠭᠠᠵᠠᠷ ᠰᠢᠷᠤᠢ ᠳᠤ ᠬᠤᠯᠪᠤᠭᠳᠠᠯ ᠪᠦᠬᠦᠢ ᠰᠠᠯᠠᠭ᠎ᠠ ᠮᠦᠴᠢᠷ ᠵᠢᠴᠢ ᠶᠠᠮᠠᠷᠪᠠ ᠬᠦᠮᠦᠨ ᠤ ᠵᠦᠪᠰᠢᠶᠡᠷᠡᠯ ᠦᠭᠡᠢ ᠪᠠᠷ 200 ᠭᠠᠷᠤᠢ ᠲᠡᠷᠭᠡ ᠬᠤᠬ ᠨᠤᠪᠰᠢ ᠬᠠᠶᠠᠵᠤ᠂ ᠲᠠᠷᠢᠶᠠᠨ ᠭᠠᠵᠠᠷ ᠠᠴᠠ 1 ᠮᠧᠲᠷ ᠬᠦᠷᠬᠦ ᠦᠭᠡᠢ ᠵᠠᠶᠢᠳᠠᠢ ᠭᠠᠵᠠᠷ ᠲᠤ ᠬᠤᠬ ᠨᠤᠪᠰᠢ ᠠᠭᠤᠯᠠ ᠮᠡᠳᠦ ᠤᠪᠤᠭᠠᠷᠠᠨ᠂ ᠦᠮᠡᠭᠡᠢ ᠦᠨᠦᠷ ᠰᠡᠩᠬᠢᠨᠡᠵᠦ᠂ ᠪᠤᠷᠤᠭᠠᠨ ᠤ ᠤᠯᠠᠷᠢᠯ ᠳᠤ ᠬᠤᠬ ᠨᠤᠪᠰᠢ ᠢᠯᠵᠢᠷᠠᠨ ᠬᠦᠷᠦᠰᠦᠨ ᠳᠤᠤᠷ᠎ᠠ ᠨᠡᠪᠴᠢᠨ ᠤᠷᠤᠵᠤ ᠪᠤᠢ᠂ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠬᠢᠨ ᠡᠨᠡ ᠬᠦ ᠠᠰᠠᠭᠤᠳᠠᠯ ᠢ ᠰᠢᠢᠳᠪᠤᠷᠢᠯᠡᠵᠦ᠂ ᠤᠷᠴᠢᠨ ᠲᠤᠭᠤᠷᠢᠨ ᠢ ᠬᠠᠮᠠᠭᠠᠯᠠᠨ ᠦᠷ᠎ᠠ ᠬᠤᠶᠢᠴᠢᠰ ᠲᠠᠭᠠᠨ ᠪᠤᠶᠠᠨ ᠦᠢᠯᠡᠳᠬᠦ ᠶᠢ ᠬᠦᠰᠡᠵᠦ ᠪᠠᠶᠢᠨ᠎ᠠ︾᠂ ︽ᠶᠠᠮᠠᠷ ᠨᠢᠭᠡᠴᠢ ᠨᠢ ᠲᠦᠩᠯᠢᠶᠤᠤ ᠬᠤᠳᠠ ᠶᠢᠨ ᠴᠢᠩ ᠾᠧ ᠪᠠᠯᠭᠠᠰᠤᠨ ᠤ ᠳ᠋ᠠ ᠳ᠋ᠧ ᠴᠢᠤᠸᠠᠨ ᠲᠤᠰᠬᠤᠨ ᠤ ᠬᠤᠪᠢ ᠬᠦᠮᠦᠨ ᠤ ᠭᠠᠵᠠᠷ ᠲᠤ ᠶᠡᠭᠡ ᠭᠡᠮᠵᠢᠶᠠᠨ ᠤ ᠠᠮᠢᠳᠤᠷᠠᠯ ᠤᠨ ᠬᠤᠬ ᠨᠤᠪᠰᠢ ᠬᠠᠶᠠᠬᠰᠠᠨ ᠢ ᠮᠡᠳᠡᠬᠦ ᠦᠭᠡᠢ᠂ ᠬᠤᠬ ᠨᠤᠪᠰᠢ ᠠᠭᠤᠯᠠ ᠰᠢᠬ ᠤᠪᠤᠭᠠᠷᠠᠪᠠ᠂ ᠵᠠᠰᠠᠭ ᠤᠨ ᠤᠷᠳᠤᠨ ᠤ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠬᠢᠨ ᠡᠨᠡ ᠬᠦ ᠠᠰᠠᠭᠤᠳᠠᠯ ᠢ ᠰᠢᠢᠳᠪᠤᠷᠢᠯᠡᠵᠦ᠂ ᠤᠯᠠᠨ ᠲᠦᠮᠡᠨ ᠳᠤ ᠬᠦᠭᠡᠮᠳᠦᠭ ᠨᠤᠭᠤᠭᠠᠨ ᠠᠭᠤᠯᠠ ᠤᠰᠤ ᠶᠢ ᠪᠤᠴᠠᠭᠠᠨ ᠦᠭᠴᠦ᠂ ᠠᠷᠠᠳ ᠢᠷᠭᠡᠨ ᠤ ᠬᠤᠪᠢ ᠶᠢᠨ ᠡᠳ᠋ ᠬᠦᠷᠦᠩᠭᠡ ᠬᠠᠯᠳᠠᠯᠭ᠎ᠠ ᠳᠤ ᠤᠴᠠᠷᠠᠬᠤ ᠦᠭᠡᠢ ᠪᠠᠶᠢᠬᠤ ᠶᠢ ᠬᠠᠮᠠᠭᠠᠯᠠᠬᠤ ᠶᠢ ᠬᠦᠰᠡᠵᠦ ᠪᠠᠶᠢᠨ᠎ᠠ︾ ᠁ ᠱᠠᠯᠠᠪᠳᠠᠭᠤᠯᠤᠨ ᠪᠠᠶᠢᠴᠠᠭᠠᠬᠤ ᠲᠤᠭᠤᠢᠢᠯᠠᠩ ᠲᠦᠩᠯᠢᠶᠤᠤ ᠬᠤᠳᠠ ᠳᠤ ᠤᠷᠤᠵᠦ ᠰᠠᠭᠤᠮᠠᠭᠴᠠ ᠮᠠᠰᠢ ᠤᠯᠠᠨ ᠬᠦᠮᠦᠨ ᠢᠯᠡᠴᠢᠯᠡᠨ ᠮᠡᠳᠡᠬᠦᠯᠵᠤ᠂ ᠬᠤᠷᠴᠢᠨ ᠲᠤᠭᠤᠷᠢᠭ ᠤᠨ ᠬᠤᠬ ᠨᠤᠪᠰᠢ ᠶᠢᠨ ᠪᠤᠬᠢᠷᠳᠤᠯ ᠤᠨ ᠠᠰᠠᠭᠤᠳᠠᠯ ᠢ ᠲᠤᠰᠬᠠᠵᠠᠢ᠃
ᠨᠢᠭᠡ᠂ ᠦᠨᠳᠦᠰᠦᠨ ᠪᠠᠶᠢᠳᠠᠯ
ᠴᠢᠩ ᠾᠧ ᠪᠠᠯᠭᠠᠰᠤᠨ ᠤ ᠳ᠋ᠠ ᠳ᠋ᠧ ᠴᠢᠤᠸᠠᠨ ᠲᠤᠰᠬᠤᠨ ᠬᠤᠷᠴᠢᠨ ᠲᠤᠭᠤᠷᠢᠭ ᠤᠨ ᠵᠡᠬᠦᠨ ᠡᠮᠦᠨ᠎ᠠ ᠪᠡᠶ᠎ᠡ ᠳᠤ ᠪᠠᠶᠢᠷᠢᠯᠠᠵᠦ᠂ ᠲᠦᠩᠯᠢᠶᠤᠤ ᠬᠤᠳᠠ ᠶᠢᠨ ᠲᠤᠭᠤᠷᠢᠭ ᠠᠴᠠ 2 ᠺᠢᠯᠦᠮᠧᠲᠷ ᠤᠨ ᠵᠠᠶᠢᠲᠠᠢ ᠪᠤᠢ᠂ ᠲᠤᠰᠬᠤᠨ ᠳᠤ 1600 ᠰᠢᠬᠠᠮ ᠰᠠᠭᠤᠭᠠᠯᠢ ᠠᠷᠠᠳ ᠲᠠᠢ᠂ ᠤᠤᠯ ᠨᠢ ᠨᠠᠮᠵᠢᠭᠤᠨ ᠰᠡᠯᠡᠬᠦᠨ᠂ ᠦᠵᠡᠰᠬᠦᠯᠡᠩᠳᠦ ᠰᠠᠶᠢᠬᠠᠨ ᠬᠦᠳᠡᠭᠡ ᠲᠤᠰᠬᠤᠨ ᠪᠠᠶᠢᠪᠠ᠃ 2019 ᠤᠨ ᠤ 7 ᠰᠠᠷ᠎ᠠ ᠠᠴᠠ ᠡᠬᠢᠯᠡᠨ᠂ ᠭᠠᠳᠠᠨᠠᠬᠢ ᠮᠠᠰᠢᠨ ᠳᠡᠷᠭᠡ ᠰᠦᠨᠢ ᠪᠠᠷ ᠳ᠋ᠠ ᠳ᠋ᠧ ᠴᠢᠤᠸᠠᠨ ᠲᠤᠰᠬᠤᠨ ᠤ ᠰᠢᠷᠤᠢ ᠮᠠᠯᠳᠠᠭᠰᠠᠨ ᠨᠦᠭᠡ ᠵᠢᠴᠢ ᠡᠷᠬᠢᠨ ᠲᠤᠭᠤᠷᠢᠨ ᠤ ᠭᠠᠵᠠᠷ ᠢᠶᠠᠷ ᠶᠡᠭᠡ ᠭᠡᠮᠵᠢᠶᠡᠨ ᠤ ᠠᠮᠢᠳᠤᠷᠠᠯ ᠤᠨ ᠬᠤᠬ ᠨᠤᠪᠰᠢ ᠪᠠ ᠪᠠᠷᠢᠯᠭ᠎ᠠ ᠶᠢᠨ ᠬᠤᠬ ᠨᠤᠪᠰᠢ ᠬᠠᠶᠠᠵᠦ᠂ ᠲᠤᠬᠠᠢ ᠶᠢᠨ ᠭᠠᠵᠠᠷ ᠤᠨ ᠤᠯᠠᠨ ᠲᠦᠮᠡᠨ ᠤ ᠤᠷᠤᠰᠢᠨ ᠠᠮᠢᠳᠤᠷᠠᠬᠤ ᠤᠷᠴᠢᠨ ᠲᠤᠭᠤᠷᠢᠨ ᠢ ᠪᠤᠬᠢᠷᠳᠤᠭᠤᠯᠤᠬᠰᠠᠨ ᠠᠴᠠ ᠰᠦᠯᠵᠢᠶ᠎ᠠ ᠪᠠᠷ ᠳᠠᠮᠵᠢᠭᠤᠯᠤᠨ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠬᠢᠨ ᠡᠨᠡ ᠬᠦ ᠠᠰᠠᠭᠤᠳᠠᠯ ᠢ ᠰᠢᠢᠳᠪᠤᠷᠢᠯᠡᠵᠦ᠂ ᠬᠦᠭᠡᠮᠳᠦᠭ ᠨᠤᠭᠤᠭᠠᠨ ᠠᠭᠤᠯᠠ ᠤᠰᠤ ᠪᠠ ᠰᠠᠶᠢᠨ ᠰᠠᠶᠢᠬᠠᠨ ᠠᠮᠢᠳᠤᠷᠠᠯ ᠤᠨ ᠤᠷᠴᠢᠨ ᠲᠤᠭᠤᠷᠢᠨ ᠢ ᠰᠡᠷᠬᠦᠭᠡᠨ ᠦᠭᠬᠦ ᠶᠢ ᠬᠦᠰᠡᠨ ᠱᠠᠭᠠᠷᠳᠠᠵᠠᠢ᠃
2019 ᠤᠨ ᠤ 8 ᠰᠠᠷ᠎ᠠ ᠶᠢᠨ 31 ᠤ ᠡᠳᠦᠷ᠂ ᠦᠪᠡᠷᠲᠡᠭᠡᠨ ᠵᠠᠰᠠᠬᠤ ᠤᠷᠤᠨ ᠤ ᠤᠷᠴᠢᠨ ᠲᠤᠭᠤᠷᠢᠨ ᠤ ᠬᠠᠮᠠᠭᠠᠯᠠᠯᠳᠠ ᠶᠢᠨ ᠱᠠᠯᠠᠪᠳᠠᠭᠤᠯᠤᠨ ᠪᠠᠶᠢᠴᠠᠭᠠᠬᠤ ᠬᠤᠶᠠᠳᠤᠭᠠᠷ ᠲᠤᠭᠤᠢᠢᠯᠠᠩ ᠲᠦᠩᠯᠢᠶᠤᠤ ᠬᠤᠳᠠ ᠳᠤ ᠤᠷᠤᠵᠦ ᠰᠠᠭᠤᠮᠠᠭᠴᠠ ᠳᠠᠷᠤᠢ ᠲᠦᠷᠭᠡᠨ ᠲᠤᠬᠠᠢ ᠶᠢᠨ ᠲᠠᠯᠠᠪᠠᠢ ᠳᠤ ᠬᠦᠷᠴᠦ ᠪᠠᠶᠢᠴᠠᠭᠠᠨ ᠬᠠᠷᠭᠤᠭᠤᠯᠪᠠ᠂ ᠤᠯᠠᠨ ᠲᠦᠮᠡᠨ ᠤ ᠢᠯᠡᠴᠢᠯᠡᠨ ᠮᠡᠳᠡᠬᠦᠯᠦᠭᠰᠡᠨ ᠬᠤᠬ ᠨᠤᠪᠰᠢ ᠶᠢᠨ ᠠᠭᠤᠯᠠ ᠶᠢ ᠨᠢᠭᠡᠨᠳᠡ ᠲᠡᠭᠰᠢᠯᠡᠨ ᠰᠢᠷᠤᠢ ᠪᠠᠷ ᠪᠤᠯᠠᠵᠦ ᠬᠠᠶᠠᠭᠰᠠᠨ ᠪᠤᠯᠪᠠᠴᠦ᠂ ᠨᠦᠬᠡᠨ ᠤ ᠡᠷᠬᠢᠨ ᠲᠤᠭᠤᠷᠢᠨ ᠳᠤ ᠪᠠᠰᠠ ᠪᠠᠷᠢᠯᠭ᠎ᠠ ᠶᠢᠨ ᠬᠤᠬ ᠨᠤᠪᠰᠢ ᠶᠢ ᠦᠷᠬᠦᠯᠵᠢᠯᠡᠨ ᠬᠠᠶᠠᠵᠤ ᠪᠠᠶᠢᠬᠤ ᠪᠠᠶᠢᠳᠠᠯ ᠢ ᠤᠯᠵᠦ ᠬᠠᠷᠠᠪᠠ᠃
ᠬᠤᠶᠠᠷ᠂ ᠤᠷᠤᠰᠢᠵᠦ ᠪᠠᠶᠢᠬᠤ ᠠᠰᠠᠭᠤᠳᠠᠯ
ᠱᠠᠯᠠᠪᠳᠠᠭᠤᠯᠤᠨ ᠪᠠᠶᠢᠴᠠᠭᠠᠬᠤ ᠲᠤᠭᠤᠢᠢᠯᠠᠩ ᠳ᠋ᠠ ᠳ᠋ᠧ ᠴᠢᠤᠸᠠᠨ ᠲᠤᠰᠬᠤᠨ ᠤ ᠡᠷᠬᠢᠨ ᠲᠤᠭᠤᠷᠢᠨ ᠭᠠᠵᠠᠷ ᠤᠳ ᠢᠶᠠᠷ ᠪᠠᠶᠢᠴᠠᠭᠠᠨ ᠰᠤᠷᠪᠤᠯᠵᠢᠯᠠᠵᠦ ᠶᠠᠪᠤᠬᠤ ᠳᠠᠭᠠᠨ ᠡᠯ᠎ᠠ ᠲᠦᠷᠦᠯ ᠤᠨ ᠬᠤᠬ ᠨᠤᠪᠰᠢ ᠶᠢ ᠲᠤᠷ᠎ᠠ ᠪᠠᠷ ᠢᠶᠠᠨ ᠬᠠᠶᠠᠬᠤ ᠠᠰᠠᠭᠤᠳᠠᠯ ᠮᠠᠰᠢ ᠲᠤᠪᠤᠶᠢᠮ᠎ᠠ ᠪᠠᠶᠢᠬᠤ ᠶᠢ ᠢᠯᠡᠷᠡᠬᠦᠯᠵᠤ ᠮᠡᠳᠡᠵᠠᠢ᠃ ᠳ᠋ᠠ ᠳ᠋ᠧ ᠴᠢᠤᠸᠠᠨ ᠲᠤᠰᠬᠤᠨ ᠤ ᠭᠠᠵᠠᠷ ᠲᠤ ᠶᠡᠭᠡ ᠭᠡᠮᠵᠢᠶᠠᠨ ᠤ ᠪᠠᠷᠢᠯᠭ᠎ᠠ ᠶᠢᠨ ᠬᠤᠬ ᠨᠤᠪᠰᠢ ᠪᠠ ᠠᠮᠢᠳᠤᠷᠠᠯ ᠤᠨ ᠬᠤᠬ ᠨᠤᠪᠰᠢ ᠶᠢ ᠬᠠᠶᠠᠵᠤ᠂ ᠵᠠᠷᠢᠮ ᠨᠢ ᠨᠢᠭᠡᠨᠳᠠ ᠲᠠᠷᠢᠶᠠᠨ ᠭᠠᠵᠠᠷ ᠢ ᠡᠵᠡᠯᠡᠵᠦ᠂ ᠬᠤᠬ ᠨᠤᠪᠰᠢ ᠶᠢᠨ ᠪᠤᠬᠢᠷ ᠤᠰᠤ ᠨᠢ ᠪᠤᠷᠤᠭᠠᠨ ᠤ ᠤᠰᠤ ᠲᠠᠢ ᠬᠤᠯᠢᠯᠳᠤᠭᠠᠳ ᠲᠠᠷᠢᠶᠠᠨ ᠭᠠᠵᠠᠷ ᠪᠠ ᠡᠷᠬᠢᠨ ᠲᠤᠭᠤᠷᠢᠨ ᠤ ᠬᠦᠷᠦᠰᠦ ᠶᠢ ᠪᠤᠬᠢᠷᠳᠤᠭᠤᠯᠵᠦ᠂ ᠬᠤᠬ ᠨᠤᠪᠰᠢ ᠠᠴᠠ ᠬᠠᠮᠠᠷ ᠭᠠᠳᠠᠮ᠎ᠠ ᠦᠮᠡᠭᠡᠢ ᠦᠨᠦᠷ ᠰᠡᠩᠭᠢᠨᠡᠵᠤ᠂ ᠬᠦᠳᠡᠭᠡ ᠲᠤᠰᠬᠤᠨ ᠤ ᠠᠮᠢ ᠠᠬᠤᠢ ᠤᠷᠴᠢᠨ ᠲᠤᠭᠤᠷᠢᠨ ᠪᠠ ᠤᠷᠤᠰᠢᠨ ᠠᠮᠢᠳᠤᠷᠠᠬᠤ ᠤᠷᠴᠢᠨ ᠲᠤᠭᠤᠷᠢᠨ ᠢ ᠬᠦᠨᠳᠦ ᠨᠤᠴᠢᠳᠠᠢ ᠨᠦᠯᠦᠭᠡᠯᠡᠵᠤ ᠪᠠᠶᠢᠨ᠎ᠠ᠃
ᠱᠠᠯᠠᠪᠳᠠᠭᠤᠯᠤᠨ ᠪᠠᠶᠢᠴᠠᠭᠠᠬᠤ ᠲᠤᠭᠤᠢᠢᠯᠠᠩ ᠪᠠᠶᠢᠴᠠᠭᠠᠨ ᠰᠤᠷᠪᠤᠯᠵᠢᠯᠠᠬᠤ ᠬᠡᠪᠴᠢᠶ᠎ᠠ ᠪᠠᠨ ᠦᠷᠭᠡᠳᠭᠡᠵᠦ᠂ ᠳ᠋ᠠ ᠳ᠋ᠧ ᠴᠢᠤᠸᠠᠨ ᠲᠤᠰᠬᠤᠨ ᠤ ᠡᠷᠬᠢᠨ ᠲᠤᠭᠤᠷᠢᠨ ᠳᠠᠬᠢ ᠵᠢᠢ ᠱᠠᠨ ᠲᠦᠨ ᠲᠤᠰᠬᠤᠨ᠂ ᠪᠠᠷᠠᠭᠤᠨ ᠵᠢᠶᠠᠩ ᠵᠢᠶᠠ ᠸᠧᠢ ᠫᠦ᠋ ᠳᠤᠰᠬᠤᠨ᠂ ᠡᠮᠤᠨ᠎ᠠ ᠵᠣ ᠲᠤᠰᠬᠤᠨ ᠵᠡᠷᠭᠡ ᠨᠢ ᠴᠦᠮ ᠬᠤᠬ ᠨᠤᠪᠰᠢ ᠶᠢᠨ ︽ᠲᠦᠷᠢᠮᠡᠭᠡᠶᠢᠯᠡᠯ︾ ᠳᠤ ᠤᠴᠠᠷᠠᠵᠦ ᠪᠠᠶᠢᠬᠤ ᠪᠦᠭᠡᠳ ᠪᠠᠶᠢᠳᠠᠯ ᠮᠠᠰᠢ ᠬᠦᠨᠳᠦ ᠨᠤᠴᠢᠳᠠᠢ ᠪᠠᠶᠢᠬᠤ ᠶᠢ ᠢᠯᠡᠷᠡᠬᠦᠯᠵᠤ ᠮᠡᠳᠡᠪᠡ᠃
ᠵᠢᠢ ᠱᠠᠨ ᠲᠦᠨ ᠲᠤᠰᠬᠤᠨ ᠤ ᠰᠤᠯᠠ ᠲᠠᠯᠪᠢᠬᠳᠠᠵᠤ ᠪᠠᠶᠢᠭ᠎ᠠ ᠭᠠᠵᠠᠷ ᠲᠤ ᠶᠡᠭᠡ ᠭᠡᠮᠵᠢᠶᠡᠨ ᠤ ᠪᠠᠷᠢᠯᠭ᠎ᠠ ᠶᠢᠨ ᠬᠤᠬ ᠨᠤᠪᠰᠢ ᠤᠪᠤᠭᠠᠷᠠᠵᠦ ᠪᠤᠢ᠂ ᠲᠤᠬᠠᠢ ᠶᠢᠨ ᠭᠠᠵᠠᠷ ᠤᠨ ᠰᠠᠭᠤᠭᠠᠯᠢ ᠠᠷᠠᠳ ᠠᠴᠠ ᠤᠢᠢᠯᠠᠭᠠᠭᠰᠠᠨ ᠢᠶᠠᠷ᠂ ᠵᠢᠢ ᠱᠠᠨ ᠲᠦᠨ ᠲᠤᠰᠬᠤᠨ ᠤ ᠰᠤᠯᠠ ᠲᠠᠯᠪᠢᠬᠳᠠᠵᠤ ᠪᠠᠶᠢᠭ᠎ᠠ ᠭᠠᠵᠠᠷ ᠪᠤᠯ ᠵᠠᠰᠠᠭ ᠤᠨ ᠤᠷᠳᠤᠨ ᠠᠴᠠ ᠳᠠᠳᠠᠪᠤᠷᠢᠯᠠᠬᠰᠠᠨ ᠭᠠᠵᠠᠷ ᠪᠤᠯᠤᠨ᠎ᠠ᠂ ᠭᠡᠪᠡᠴᠦ ᠤᠯᠠᠨ ᠵᠦᠢᠯ ᠤᠨ ᠰᠢᠯᠳᠠᠭᠠᠨ ᠠᠴᠠ ᠪᠤᠯᠵᠦ ᠶᠡᠷᠦ ᠨᠢ ᠨᠡᠭᠡᠭᠡᠨ ᠠᠰᠢᠬᠯᠠᠵᠦ ᠪᠦᠳᠦᠭᠡᠨ ᠪᠠᠶᠢᠭᠤᠯᠤᠯᠳᠠ ᠬᠢᠭᠡᠳᠦᠢ ᠪᠠᠶᠢᠭᠰᠠᠭᠠᠷ᠂ ᠲᠡᠷᠡ ᠮᠦᠷᠳᠡᠭᠡᠨ ᠪᠦᠳᠦᠮᠵᠢᠳᠠᠢ ᠬᠢᠨᠡᠨ ᠬᠠᠮᠢᠶᠠᠷᠤᠯᠳᠠ ᠦᠭᠡᠢ ᠠᠴᠠ ᠡᠨᠡ ᠬᠡᠰᠡᠭ ᠭᠠᠵᠠᠷ ᠨᠢ ᠬᠠᠮᠢᠶᠠᠷᠬᠤ ᠬᠦᠮᠦᠨ ᠦᠭᠡᠢ ᠭᠠᠵᠠᠷ ᠪᠤᠯᠵᠦ᠂ ᠰᠦᠨᠢ ᠲᠤᠵᠢ ᠮᠠᠰᠢᠨ ᠳᠡᠷᠭᠡ ᠪᠠᠷ ᠬᠤᠬ ᠨᠤᠪᠰᠢ ᠬᠠᠶᠠᠵᠤ᠂ ᠭᠡᠳᠦᠭᠡᠨ ᠵᠢᠯ ᠤᠨ ᠬᠤᠭᠤᠴᠠᠭᠠᠨ ᠳᠤ ᠪᠠᠷᠤᠭ 30 ᠮᠦ ᠰᠢᠬᠠᠮ ᠲᠠᠯᠠᠪᠠᠢ ᠲᠠᠢ ᠨᠡᠶᠢᠳᠡ ᠶᠢᠨ ᠬᠤᠬ ᠨᠤᠪᠰᠢ ᠶᠢᠨ ᠲᠠᠯᠠᠪᠠᠢ ᠪᠤᠯᠤᠬᠰᠠᠨ ᠪᠠᠶᠢᠨ᠎ᠠ᠃
ᠪᠠᠷᠠᠭᠤᠨ ᠵᠢᠶᠠᠩ ᠵᠢᠶᠠ ᠸᠧᠢ ᠫᠦ᠋ ᠳᠤᠰᠬᠤᠨ ᠤ ᠰᠠᠭᠤᠭᠠᠯᠢ ᠠᠷᠠᠳ ᠤᠨ ᠪᠠᠶᠢᠰᠢᠩ ᠤᠨ ᠡᠮᠦᠨ᠎ᠠ ᠬᠤᠶᠢᠨ᠎ᠠ ︽ᠬᠤᠬ ᠨᠤᠪᠰᠢ︾ ᠶᠢᠨ ᠠᠭᠤᠯᠠ ᠪᠤᠰᠴᠦ᠂ ᠬᠤᠳᠠ ᠶᠢᠨ ᠡᠯ᠎ᠠ ᠵᠦᠢᠯ ᠤᠨ ᠬᠤᠬ ᠨᠤᠪᠰᠢ ᠶᠢᠨ ᠳᠡᠷᠭᠡ ᠰᠦᠨᠢ ᠪᠠᠷ ᠵᠠᠮ ᠤᠨ ᠬᠤᠶᠠᠷ ᠬᠠᠵᠠᠭᠤ ᠳᠤ ᠶᠡᠭᠡ ᠭᠡᠮᠵᠢᠶᠡᠨ ᠤ ᠪᠠᠷᠢᠯᠭ᠎ᠠ ᠶᠢᠨ ᠬᠤᠬ ᠨᠤᠪᠰᠢ ᠪᠠ ᠠᠮᠢᠳᠤᠷᠠᠯ ᠤᠨ ᠬᠤᠬ ᠨᠤᠪᠰᠢ ᠬᠠᠶᠠᠬᠤ ᠶᠢᠨ ᠵᠡᠷᠭᠡ ᠪᠠᠷ ᠤᠳᠬᠤᠭᠤᠷ ᠳᠡᠷᠭᠡ ᠪᠠᠷ ᠤᠪᠤᠭᠠᠯᠠᠨ᠂ ᠬᠤᠶᠠᠷ ᠬᠤᠬ ᠨᠤᠪᠰᠢ ᠶᠢᠨ ᠤᠪᠤᠭ᠎ᠠ ᠪᠤᠰᠬᠠᠵᠦ᠂ ᠨᠠᠰᠢ ᠴᠠᠰᠢ ᠶᠠᠪᠤᠬᠤ ᠮᠠᠰᠢᠨ ᠳᠡᠷᠭᠡᠨ ᠤ ᠬᠡᠪ ᠤᠨ ᠠᠶᠠᠯᠠᠯ ᠢ ᠨᠦᠯᠦᠭᠡᠯᠡᠵᠤ ᠪᠠᠶᠢᠨ᠎ᠠ᠃
ᠡᠮᠤᠨ᠎ᠠ ᠵᠣ ᠲᠤᠰᠬᠤᠨ ᠤ ᠲᠠᠷᠢᠶᠠᠨ ᠭᠠᠵᠠᠷ ᠤᠨ ᠬᠠᠵᠠᠭᠤ᠂ ᠲᠤᠰᠬᠤᠨ ᠤ ᠵᠠᠮ ᠤᠨ ᠬᠤᠶᠠᠷ ᠲᠠᠯ᠎ᠠ ᠳᠤ ᠶᠡᠭᠡ ᠭᠡᠮᠵᠢᠶᠡᠨ ᠤ ᠪᠠᠷᠢᠯᠭ᠎ᠠ ᠶᠢᠨ ᠬᠤᠬ ᠨᠤᠪᠰᠢ ᠪᠠ ᠠᠮᠢᠳᠤᠷᠠᠯ ᠤᠨ ᠬᠤᠬ ᠨᠤᠪᠰᠢ ᠤᠪᠤᠭᠠᠷᠠᠵᠦ᠂ ᠵᠠᠮ ᠤᠨ ᠬᠠᠵᠠᠭᠤ ᠪᠠᠷ ᠭᠡᠳᠦᠨ ᠵᠠᠭᠤᠨ ᠮᠧᠳ᠋ᠷ ᠤᠷᠳᠤ ᠪᠦᠬᠦᠢ ᠭᠠᠵᠠᠷ ᠲᠤ ᠬᠤᠬ ᠨᠤᠪᠰᠢ ᠶᠢᠨ ᠪᠦᠰᠨ ᠪᠤᠯᠤᠨ ᠪᠦᠷᠢᠯᠳᠦᠵᠤ᠂ ᠵᠠᠷᠢᠮ ᠬᠤᠬ ᠨᠤᠪᠰᠢ ᠶᠢᠨ ᠪᠦᠰᠡ ᠨᠢ ᠲᠡᠮᠦᠷ ᠵᠠᠮ ᠤᠨ ᠬᠠᠵᠠᠭᠤ ᠬᠦᠷᠳᠡᠯ᠎ᠠ ᠦᠷᠬᠦᠯᠵᠢᠯᠡᠭᠡᠳ᠂ ᠲᠤᠬᠠᠢ ᠶᠢᠨ ᠭᠠᠵᠠᠷ ᠤᠨ ᠤᠯᠠᠨ ᠲᠦᠮᠡᠨ ᠤ ᠬᠡᠪ ᠤᠨ ᠠᠮᠢᠳᠤᠷᠠᠯ ᠢ ᠨᠦᠯᠦᠭᠡᠯᠡᠵᠤ ᠪᠠᠶᠢᠨ᠎ᠠ᠃
ᠵᠢᠢ ᠱᠠᠨ ᠳᠦᠨ ᠳᠤᠰᠬᠤᠨ ᠤ ᠠᠷᠠᠳ ᠤᠨ ᠵᠦᠪᠯᠡᠯ ᠤᠨ ᠠᠵᠢᠯᠳᠠᠨ ᠠᠴᠠ ᠪᠠᠶᠢᠳᠠᠯ ᠢ ᠠᠰᠠᠭᠤᠵᠤ ᠤᠢᠢᠯᠠᠭᠠᠬᠤ ᠳᠤ᠂ ᠳᠤᠰ ᠠᠵᠢᠯᠳᠠᠨ ᠮᠠᠨ ᠤ ᠳᠤᠰᠬᠤᠨ ᠳᠤ ᠠᠮᠢᠳᠤᠷᠠᠯ ᠤᠨ ᠬᠤᠬ ᠨᠤᠪᠰᠢ ᠬᠠᠶᠠᠬᠤ ᠳᠤᠰᠬᠠᠢ ᠴᠡᠭ ᠲᠠᠢ᠂ ᠳᠤᠬᠳᠠᠬᠰᠠᠨ ᠬᠤᠭᠤᠴᠠᠭᠠᠨ ᠳᠤ ᠮᠠᠰᠢᠨ ᠳᠡᠷᠬᠡ ᠪᠠᠷ ᠬᠤᠬ ᠨᠤᠪᠰᠢ ᠶᠢ ᠲᠡᠭᠡᠭᠡᠪᠤᠷᠢᠯᠡᠨ ᠰᠢᠢᠳᠪᠤᠷᠢᠯᠡᠵᠤ ᠪᠠᠶᠢᠬᠤ ᠶᠢᠨ ᠬᠠᠮᠳᠤ᠂ ᠪᠠᠰᠠ ᠳᠦᠷᠢᠮ ᠳᠤᠬᠳᠠᠭᠠᠯ ᠳᠤᠬᠳᠠᠭᠠᠨ ᠳᠤᠰᠬᠤᠨ ᠤ ᠠᠷᠠᠳ ᠤᠨ ᠬᠤᠬ ᠨᠤᠪᠰᠢ ᠳᠤᠷ᠎ᠠ ᠪᠠᠷ ᠬᠠᠶᠠᠬᠤ ᠶᠢ ᠬᠤᠷᠢᠬᠯᠠᠵᠦ ᠪᠠᠶᠢᠨ᠎ᠠ᠃ ᠬᠡᠪᠡᠴᠤ ᠲᠤᠰᠬᠤᠨ ᠤ ᠠᠷᠠᠳ ᠤᠨ ᠵᠦᠪᠯᠡᠯ ᠤᠨ ᠬᠢᠨ ᠭᠠᠳᠠᠨᠠᠬᠢ ᠳᠡᠷᠬᠡ ᠰᠦᠨᠢ ᠪᠠᠷ ᠬᠤᠬ ᠨᠤᠪᠰᠢ ᠬᠤᠯᠠᠭᠠᠢᠢᠯᠠᠨ ᠬᠠᠶᠠᠬᠤ ᠠᠰᠠᠭᠤᠳᠠᠯ ᠢ ᠬᠢᠨᠡᠨ ᠬᠠᠮᠢᠶᠠᠷᠬᠤ ᠡᠷᠬᠡ ᠦᠬᠡᠢ᠂ ᠳᠡᠬᠡᠳᠦ ᠱᠠᠳᠤᠨ ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠪᠦᠳᠦᠮᠵᠢᠳᠡᠢ ᠬᠢᠨᠠᠯᠳᠠ ᠬᠠᠮᠢᠶᠠᠷᠤᠯᠳᠠ ᠬᠢᠵᠦ ᠳᠡᠶᠢᠯᠬᠦ ᠦᠬᠡᠢ ᠪᠠᠶᠢᠬᠤ ᠤᠴᠢᠷ ᠠᠴᠠ ᠤᠳᠤᠬᠠᠨ ᠳᠤ ᠬᠤᠬ ᠨᠤᠪᠰᠢ ᠭᠠᠵᠠᠷ ᠰᠠᠢ ᠦᠬᠡᠢ ᠬᠠᠶᠠᠬᠳᠠᠵᠦ ᠪᠠᠶᠢᠭ᠎ᠠ ᠪᠠᠶᠢᠳᠠᠯ ᠤᠷᠤᠰᠢᠵᠦ ᠪᠠᠶᠢᠨ᠎ᠠ ᠬᠡᠵᠦ ᠬᠡᠯᠡᠪᠡ᠃ ᠡᠬᠦᠨ ᠤ ᠬᠠᠮᠳᠤ ᠳᠤᠰ ᠠᠵᠢᠯᠳᠠᠨ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠬᠢᠨᠠᠨ ᠬᠠᠮᠢᠶᠠᠷᠴᠤ ᠬᠠᠤᠯᠢ ᠬᠡᠷᠡᠭᠵᠢᠬᠦᠯᠬᠦ ᠡᠩᠨᠡᠭᠡ ᠶᠢ ᠪᠠᠶᠢᠭᠤᠯᠵᠦ᠂ ᠬᠤᠬ ᠨᠤᠪᠰᠢ ᠶᠢ ᠳᠤᠷ᠎ᠠ ᠪᠠᠷ ᠬᠠᠶᠠᠬᠤ ᠠᠵᠢᠯᠯᠠᠭ᠎ᠠ ᠶᠢ ᠵᠢᠷᠤᠮᠵᠢᠭᠤᠯᠵᠦ᠂ ᠬᠦᠳᠡᠭᠡ ᠳᠤᠰᠬᠤᠨ ᠤ ᠤᠷᠤᠰᠢᠨ ᠰᠠᠭᠤᠬᠤ ᠰᠠᠶᠢᠨ ᠰᠠᠶᠢᠬᠠᠨ ᠤᠷᠴᠢᠨ ᠳᠤᠭᠤᠷᠢᠨ ᠢ ᠬᠠᠮᠠᠭᠠᠯᠠᠬᠤ ᠪᠤᠯᠳᠤᠭᠠᠢ ᠬᠡᠵᠦ ᠬᠦᠰᠡᠨ ᠱᠠᠭᠠᠷᠳᠠᠪᠠ᠃
ᠭᠤᠷᠪᠠ᠂ ᠰᠢᠯᠳᠠᠭᠠᠨ ᠤ ᠳᠤᠬᠠᠢ ᠵᠠᠳᠠᠯᠤᠯᠳᠠ
ᠠᠮᠢ ᠠᠬᠤᠢ ᠨᠢ ᠤᠷᠤᠰᠢᠨ ᠰᠠᠭᠤᠬᠤ ᠳᠤ ᠲᠤᠬᠢᠷᠠᠮᠵᠢᠳᠠᠢ ᠪᠠᠶᠢᠬᠤ ᠪᠤᠯ ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢᠨ ᠴᠢᠬᠤᠯᠠ ᠡᠬᠦᠷᠬᠡ ᠪᠤᠯᠤᠨ᠎ᠠ᠂ ᠡᠨᠡ ᠨᠢ ᠦᠵᠡᠰᠬᠦᠯᠡᠩᠳᠦ ᠰᠠᠶᠢᠬᠠᠨ ᠬᠦᠳᠡᠭᠡ ᠳᠤᠰᠬᠤᠨ ᠢ ᠤᠷᠤᠬᠰᠢᠳᠠᠢ ᠰᠠᠶᠢᠬᠠᠨ ᠪᠦᠳᠦᠬᠡᠨ ᠪᠠᠶᠢᠭᠤᠯᠵᠦ ᠳᠡᠶᠢᠯᠬᠦ ᠡᠰᠡᠬᠦ ᠶᠢ ᠳᠤᠬᠳᠠᠭᠠᠵᠦ ᠪᠠᠶᠢᠭ᠎ᠠ ᠶᠤᠮ᠃ ᠭᠤᠷᠪᠠᠨ ᠶᠡᠭᠡ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠨᠢᠬᠡ ᠪᠤᠯᠬᠤ ᠪᠤᠬᠢᠷᠳᠤᠯ ᠢ ᠵᠠᠰᠠᠬᠤ ᠪᠤᠯ ᠮᠦᠨ ᠴᠤ ᠬᠦᠳᠡᠭᠡ ᠳᠤᠰᠬᠤᠨ ᠤ ᠵᠠᠰᠠᠯᠳᠠ ᠶᠢᠨ ᠴᠢᠬᠤᠯᠠ ᠠᠰᠠᠭᠤᠳᠠᠯ ᠪᠤᠯᠤᠨ᠎ᠠ᠃ ᠳᠤᠬᠠᠢ ᠶᠢᠨ ᠭᠠᠵᠠᠷ ᠤᠨ ᠵᠠᠰᠠᠬ ᠤᠨ ᠤᠷᠳᠤᠨ ᠪᠤᠯᠤᠨ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠢᠨ ᠬᠠᠷᠢᠶ᠎ᠠ ᠳᠤᠭᠤᠷᠢᠬ ᠤᠨ ᠢᠶᠠᠨ ᠰᠦᠨᠢ ᠪᠠᠷ ᠬᠤᠬ ᠨᠤᠪᠰᠢ ᠬᠤᠯᠠᠭᠠᠢᠢᠯᠠᠨ ᠬᠠᠶᠠᠵᠦ ᠪᠠᠶᠢᠭ᠎ᠠ ᠠᠰᠠᠭᠤᠳᠠᠯ ᠢ ᠦᠯᠦ ᠬᠠᠮᠢᠶᠠᠷᠴᠦ᠂ ᠬᠢᠨᠠᠯᠳᠠ ᠳᠠᠯᠪᠢᠬᠤ᠂ ᠪᠠᠶᠢᠴᠠᠭᠠᠬᠤ᠂ ᠰᠢᠢᠳᠪᠤᠷᠢᠯᠡᠬᠦ ᠵᠡᠷᠬᠡ ᠲᠠᠯ᠎ᠠ ᠶᠢᠨ ᠠᠰᠠᠭᠤᠳᠠᠯ ᠤᠳ ᠢ ᠪᠤᠳᠠᠳᠠᠢ ᠨᠠᠶᠢᠳᠠᠪᠤᠷᠢᠵᠢᠭᠤᠯᠤᠬᠰᠠᠨ ᠦᠭᠡᠢ᠂ ᠬᠢᠨᠠᠨ ᠬᠠᠮᠢᠶᠠᠷᠬᠤ ᠳᠠᠯ᠎ᠠ ᠪᠠᠷ ᠬᠦᠨᠳᠦ ᠨᠤᠴᠢᠳᠠᠢ ᠬᠠᠷᠢᠭᠤᠴᠠᠯᠭ᠎ᠠ ᠠᠯᠳᠠᠵᠦ ᠪᠠᠶᠢᠨ᠎ᠠ᠃
︵ᠨᠢᠬᠡ︶ ᠳᠤᠬᠠᠢ ᠶᠢᠨ ᠭᠠᠵᠠᠷ ᠤᠨ ᠵᠠᠰᠠᠬ ᠤᠨ ᠤᠷᠳᠤᠨ ᠬᠤᠬ ᠨᠤᠪᠰᠢ ᠶᠢ ᠳᠤᠷ᠎ᠠ ᠪᠠᠷ ᠬᠠᠶᠠᠵᠦ ᠪᠠᠶᠢᠭ᠎ᠠ ᠶᠠᠪᠤᠳᠠᠯ ᠢ ᠴᠢᠬᠤᠯᠠᠴᠢᠯᠠᠨ ᠦᠵᠡᠬᠦ ᠲᠠᠯ᠎ᠠ ᠪᠠᠷ ᠬᠦᠷᠦᠯᠴᠡᠬᠦ ᠦᠭᠡᠢ᠂ ᠬᠠᠮᠢᠶᠠᠷᠤᠯᠳᠠ ᠶᠢᠨ ᠳᠠᠯ᠎ᠠ ᠪᠠᠷ ᠬᠦᠷᠦᠯᠴᠡᠬᠦ ᠦᠬᠡᠢ ᠪᠠᠶᠢᠨ᠎ᠠ᠃ ᠬᠠᠤᠯᠢ ᠪᠤᠰᠤ ᠪᠠᠷ ᠬᠤᠬ ᠨᠤᠪᠰᠢ ᠬᠠᠶᠠᠬᠤ ᠠᠰᠠᠭᠤᠳᠠᠯ ᠢ ᠨᠠᠷᠢᠨ ᠬᠢᠨᠠᠮᠠᠭᠠᠢ ᠰᠤᠳᠤᠯᠤᠬᠰᠠᠨ ᠦᠬᠡᠢ᠂ ᠪᠦᠳᠦᠮᠵᠢᠳᠡᠢ ᠠᠷᠭ᠎ᠠ ᠬᠡᠮᠵᠢᠶ᠎ᠠ ᠠᠪᠴᠤ ᠪᠠᠶᠢᠭᠠᠳ ᠰᠦᠨᠢ ᠪᠠᠷ ᠬᠤᠬ ᠨᠤᠪᠰᠢ ᠬᠤᠯᠠᠭᠠᠢᠢᠯᠠᠨ ᠬᠠᠶᠠᠬᠤ ᠠᠰᠠᠭᠤᠳᠠᠯ ᠢ ᠬᠤᠷᠢᠬᠯᠠᠵᠤ ᠵᠤᠬᠰᠤᠭᠠᠬᠰᠠᠨ ᠦᠬᠡᠢ᠂ ᠬᠤᠬ ᠨᠤᠪᠰᠢ ᠶᠢ ᠴᠡᠪᠡᠷᠯᠡᠬᠦ᠂ ᠵᠢᠷᠤᠮᠵᠢᠭᠤᠯᠤᠨ ᠰᠢᠢᠳᠪᠤᠷᠢᠯᠡᠬᠦ᠂ ᠠᠷᠬᠠᠬ ᠬᠡᠮ ᠢ ᠠᠷᠢᠯᠭᠠᠬᠤ ᠵᠡᠷᠬᠡ ᠳᠠᠯ᠎ᠠ ᠶᠢᠨ ᠠᠵᠢᠯ ᠤᠳ ᠢ ᠭᠦᠢᠴᠡᠳᠭᠡᠭᠰᠡᠨ ᠦᠬᠡᠢ᠂ ᠬᠠᠷᠢᠨ ᠳᠦᠬᠦᠮ ᠠᠷᠭ᠎ᠠ ᠬᠡᠯᠪᠡᠷᠢ ᠪᠠᠷ ᠬᠤᠬ ᠨᠤᠪᠰᠢ ᠶᠢ ᠪᠤᠯᠠᠵᠦ ᠬᠠᠶᠠᠭᠠᠳ ᠠᠯᠪᠡ ᠬᠠᠰᠢᠬᠰᠠᠨ ᠶᠠᠪᠤᠳᠠᠯ ᠤᠷᠤᠰᠢᠵᠦ ᠪᠠᠶᠢᠨ᠎ᠠ᠃
︵ᠬᠤᠶᠠᠷ︶ ᠠᠵᠢᠯ ᠳᠦᠷᠦᠯ ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ ᠬᠢᠨ ᠤ ᠬᠢᠨᠠᠯᠳᠠ ᠬᠠᠮᠢᠶᠠᠷᠤᠯᠳᠠ ᠰᠤᠯᠠ ᠪᠠᠶᠢᠨ᠎ᠠ᠃ ︽ᠬᠤᠳᠠ ᠶᠢᠨ ᠪᠠᠷᠢᠯᠭ᠎ᠠ ᠶᠢᠨ ᠬᠤᠬ ᠨᠤᠪᠰᠢ ᠶᠢ ᠬᠠᠮᠢᠶᠠᠷᠬᠤ ᠳᠤᠬᠳᠠᠭᠠᠯ︾ ᠳᠤ᠂ ᠬᠤᠳᠠ ᠶᠢᠨ ᠠᠷᠠᠳ ᠤᠨ ᠵᠠᠰᠠᠬ ᠤᠨ ᠤᠷᠳᠤᠨ ᠤ ᠬᠤᠳᠠ ᠶᠢᠨ ᠳᠦᠷᠰᠦ ᠪᠠᠶᠢᠳᠠᠯ ᠤᠷᠴᠢᠨ ᠳᠤᠭᠤᠷᠢᠨ ᠡᠷᠡᠬᠦᠯ ᠬᠠᠮᠠᠭᠠᠯᠠᠯ ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ ᠬᠢᠨ ᠳᠤᠰ ᠵᠠᠰᠠᠬ ᠵᠠᠬᠢᠷᠭᠠᠨ ᠤ ᠬᠠᠷᠢᠶᠠᠨ ᠳᠠᠬᠢ ᠪᠠᠷᠢᠯᠭ᠎ᠠ ᠶᠢᠨ ᠬᠤᠬ ᠨᠤᠪᠰᠢ ᠶᠢ ᠰᠢᠢᠳᠪᠤᠷᠢᠯᠡᠬᠦ ᠠᠵᠢᠯ ᠢ ᠬᠠᠮᠢᠶᠠᠷᠬᠤ ᠬᠡᠷᠡᠭᠳᠡᠢ ᠬᠡᠵᠦ ᠳᠤᠳᠤᠷᠬᠠᠢ ᠳᠤᠬᠳᠠᠭᠠᠵᠠᠢ᠂ ᠳᠤᠰ ᠳᠤᠬᠳᠠᠭᠠᠯ ᠤᠨ ᠠᠷᠪᠠᠨ ᠳᠠᠪᠤᠳᠤᠭᠠᠷ ᠵᠦᠢᠯ ᠳᠤ ᠪᠠᠰᠠ ᠶᠠᠮᠠᠷᠪᠠ ᠨᠢᠬᠡᠴᠢ ᠪᠤᠯᠤᠨ ᠬᠤᠪᠢ ᠬᠦᠮᠦᠨ ᠳᠤᠷ᠎ᠠ ᠪᠠᠷ ᠪᠠᠷᠢᠯᠭ᠎ᠠ ᠶᠢᠨ ᠬᠤᠬ ᠨᠤᠪᠰᠢ ᠬᠠᠶᠠᠬᠤ᠂ ᠰᠠᠴᠤᠬᠤ ᠪᠤᠶᠤ ᠤᠪᠤᠭᠠᠯᠠᠵᠤ ᠪᠤᠯᠬᠤ ᠦᠬᠡᠢ ᠬᠡᠵᠦ ᠳᠤᠬᠳᠠᠭᠠᠵᠠᠢ︔ ᠠᠷᠪᠠᠨ ᠳᠤᠯᠤᠳᠤᠭᠠᠷ ᠵᠦᠢᠯ ᠳᠤ ᠶᠠᠮᠠᠷᠪᠠ ᠨᠢᠬᠡᠴᠢ ᠪᠤᠯᠤᠨ ᠬᠤᠪᠢ ᠬᠦᠮᠦᠨ ᠵᠡᠬᠡᠯᠢ ᠭᠤᠳᠤᠮᠵᠢ ᠶᠢᠨ ᠬᠤᠶᠠᠷ ᠲᠠᠯ᠎ᠠ ᠪᠠᠷ ᠪᠤᠶᠤ ᠤᠯᠠᠨ ᠨᠡᠶᠢᠳᠡ ᠶᠢᠨ ᠳᠠᠯᠡᠪᠤᠷ ᠲᠤ ᠳᠤᠷ᠎ᠠ ᠪᠠᠷ ᠬᠠᠶᠠᠬᠳᠠᠮᠠᠯ ᠡᠳ᠋ ᠬᠠᠶᠠᠵᠦ ᠤᠪᠤᠭᠠᠯᠠᠵᠦ ᠪᠤᠯᠬᠤ ᠦᠬᠡᠢ ᠬᠡᠵᠦ ᠳᠤᠬᠳᠠᠭᠠᠵᠠᠢ᠃
ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ︽ᠬᠠᠳᠠᠭᠤ ᠪᠡᠶᠡᠳᠦ ᠬᠠᠶᠠᠬᠳᠠᠮᠠᠯ ᠡᠳ᠋ ᠤᠨ ᠪᠤᠬᠢᠷᠳᠤᠯ ᠢ ᠰᠡᠷᠬᠡᠶᠢᠯᠡᠨ ᠵᠠᠰᠠᠬᠤ ᠳᠤᠬᠠᠢ ᠬᠠᠤᠯᠢ︾ ᠶᠢᠨ ᠳᠦᠴᠢᠳᠦᠬᠡᠷ ᠵᠦᠢᠯ ᠳᠤ᠄ ᠬᠤᠳᠠ ᠶᠢᠨ ᠠᠮᠢᠳᠤᠷᠠᠯ ᠤᠨ ᠬᠤᠬ ᠨᠤᠪᠰᠢ ᠶᠢ ᠡᠷᠬᠡᠪᠰᠢ ᠤᠷᠴᠢᠨ ᠳᠤᠭᠤᠷᠢᠨ ᠤ ᠡᠷᠡᠬᠦᠯ ᠬᠠᠮᠠᠭᠠᠯᠠᠯ ᠤᠨ ᠵᠠᠰᠠᠬ ᠵᠠᠬᠢᠷᠭᠠᠨ ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ ᠳᠤᠬᠳᠠᠭᠠᠯ ᠶᠤᠰᠤᠭᠠᠷ᠂ ᠳᠤᠬᠳᠠᠬᠰᠠᠨ ᠭᠠᠵᠠᠷ ᠴᠡᠭ ᠲᠤ ᠬᠠᠶᠠᠬᠤ ᠬᠡᠷᠡᠭᠳᠡᠢ᠂ ᠳᠤᠷ᠎ᠠ ᠪᠠᠷ ᠬᠠᠶᠠᠵᠦ᠂ ᠰᠠᠴᠤᠬᠤ ᠪᠤᠶᠤ ᠤᠪᠤᠭᠠᠯᠠᠵᠦ ᠪᠤᠯᠬᠤ ᠦᠬᠡᠢ ᠬᠡᠵᠦ ᠳᠤᠬᠳᠠᠭᠠᠵᠠᠢ᠃
ᠤᠷᠤᠨ ᠨᠤᠳᠤᠬ ᠤᠨ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠢᠨ ᠬᠤᠯᠪᠤᠬᠳᠠᠯ ᠪᠦᠬᠦᠢ ᠬᠠᠤᠯᠢ ᠴᠠᠭᠠᠵᠠ ᠬᠠᠤᠯᠢ ᠳᠦᠷᠢᠮ ᠢ ᠬᠡᠷᠡᠭᠵᠢᠬᠦᠯᠬᠦ ᠲᠠᠯ᠎ᠠ ᠪᠠᠷ ᠬᠦᠷᠦᠯᠴᠡᠬᠦ ᠦᠬᠡᠢ ᠪᠠᠶᠢᠨ᠎ᠠ᠂ ᠪᠠᠷᠢᠯᠭ᠎ᠠ ᠶᠢᠨ ᠬᠤᠬ ᠨᠤᠪᠰᠢ᠂ ᠠᠮᠢᠳᠤᠷᠠᠯ ᠤᠨ ᠬᠤᠬ ᠨᠤᠪᠰᠢ ᠳᠤ ᠬᠢᠨᠠᠯᠳᠠ ᠬᠠᠮᠢᠶᠠᠷᠤᠯᠳᠠ ᠬᠢᠬᠦ ᠬᠠᠷᠢᠭᠤᠴᠠᠯᠭ᠎ᠠ ᠪᠠᠨ ᠰᠠᠶᠢᠳᠤᠷ ᠭᠦᠢᠴᠡᠳᠭᠡᠭᠰᠡᠨ ᠦᠭᠡᠢ᠂ ᠬᠤᠳᠠ ᠵᠢᠴᠢ ᠡᠷᠭᠢᠨ ᠳᠤᠭᠤᠷᠢᠨ ᠳᠤ ᠬᠤᠬ ᠨᠤᠪᠰᠢ ᠳᠤᠷ᠎ᠠ ᠪᠠᠷ ᠬᠠᠶᠠᠬᠤ ᠪᠡ ᠡᠮᠬᠢ ᠵᠠᠮᠪᠠᠷᠠᠭ᠎ᠠ ᠦᠬᠡᠢ ᠤᠪᠤᠭᠠᠯᠠᠬᠤ ᠠᠰᠠᠭᠤᠳᠠᠯ ᠢ ᠦᠯᠦ ᠠᠩᠬᠠᠷᠴᠦ᠂ ᠬᠤᠬ ᠨᠤᠪᠰᠢ ᠪᠠᠨ ᠰᠦᠨᠢ ᠪᠠᠷ ᠬᠤᠯᠠᠭᠠᠢᠢᠯᠠᠨ ᠬᠠᠶᠠᠬᠤ ᠠᠰᠠᠭᠤᠳᠠᠯ ᠢ ᠴᠢᠩᠭ᠎ᠠ ᠴᠠᠭᠠᠵᠠᠯᠠᠬᠤ ᠳᠠᠯ᠎ᠠ ᠪᠠᠷ ᠬᠢᠨᠡᠯᠳᠡ ᠬᠠᠮᠢᠶᠠᠷᠤᠯᠳᠠ ᠲᠤᠳᠠᠭᠤᠳᠠᠬᠰᠠᠨ ᠠᠴᠠ ᠤᠷᠴᠢᠨ ᠳᠤᠭᠤᠷᠢᠨ ᠢ ᠪᠤᠬᠢᠷᠳᠤᠭᠤᠯᠬᠤ ᠠᠰᠠᠭᠤᠳᠠᠯ ᠤᠷᠳᠤ ᠬᠤᠭᠤᠴᠠᠭ᠎ᠠ ᠪᠠᠷ ᠤᠷᠤᠰᠢᠵᠦ ᠪᠠᠶᠢᠨ᠎ᠠ᠃
︵ᠭᠤᠷᠪᠠ︶ ᠤᠷᠳᠤ ᠬᠤᠭᠤᠴᠠᠭᠠᠨ ᠤ ᠪᠦᠳᠦᠮᠵᠢᠳᠠᠢ ᠬᠢᠨᠡᠯᠳᠡ ᠬᠠᠮᠢᠶᠠᠷᠤᠯᠳᠠ ᠶᠢᠨ ᠳᠤᠬᠳᠠᠴᠠ ᠶᠢ ᠪᠠᠶᠢᠭᠤᠯᠬᠤ ᠴᠢᠬᠤᠯᠠᠳᠠᠢ ᠪᠠᠶᠢᠨ᠎ᠠ᠃ ᠠᠵᠢᠯ ᠳᠦᠷᠦᠯ ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ ᠬᠢᠨ ᠬᠤᠬ ᠨᠤᠪᠰᠢ ᠪᠠᠨ ᠰᠦᠨᠢ ᠪᠠᠷ ᠬᠤᠯᠠᠭᠠᠢᠢᠯᠠᠨ ᠬᠠᠶᠠᠬᠤ ᠠᠵᠢᠯᠯᠠᠭ᠎ᠠ ᠳᠤ ᠴᠢᠭᠯᠡᠬᠦᠯᠦᠯᠳᠦ ᠴᠢᠨᠠᠷᠳᠠᠢ ᠰᠤᠳᠤᠯᠭᠠᠨ ᠬᠢᠬᠦ ᠪᠠ ᠪᠦᠳᠦᠮᠵᠢᠳᠡᠢ ᠬᠢᠨᠠᠯᠳᠠ ᠬᠠᠮᠢᠶᠠᠷᠤᠯᠳᠠ ᠬᠢᠬᠦ ᠠᠷᠭ᠎ᠠ ᠪᠠᠷᠢᠯ ᠬᠦᠷᠦᠯᠴᠡᠬᠦ ᠦᠬᠡᠢ ᠪᠠᠶᠢᠬᠤ ᠤᠴᠢᠷ ᠠᠴᠠ ᠬᠤᠬ ᠨᠤᠪᠰᠢ ᠶᠢ ᠴᠡᠪᠡᠷᠯᠡᠬᠦ ᠳᠠᠯ᠎ᠠ ᠶᠢᠨ ᠳᠤᠬᠳᠠᠴᠠ ᠶᠢ ᠪᠦᠷᠢᠨᠰᠢᠬᠦᠯᠬᠦ ᠴᠢᠬᠤᠯᠠᠳᠠᠢ ᠪᠠᠶᠢᠨ᠎ᠠ᠃ ᠳᠦᠩᠯᠢᠶᠤᠤ ᠬᠤᠳᠠ ᠨᠢᠬᠡᠨᠳᠡ ᠬᠤᠳᠠ ᠶᠢᠨ ᠪᠠᠷᠢᠯᠭ᠎ᠠ ᠶᠢᠨ ᠬᠤᠬ ᠨᠤᠪᠰᠢ ᠶᠢ ᠴᠡᠪᠡᠷᠯᠡᠵᠤ ᠬᠠᠶᠠᠬᠤ ᠳᠠᠯᠠᠪᠤᠷ ᠪᠤᠯᠤᠨ ᠠᠮᠢᠳᠤᠷᠠᠯ ᠤᠨ ᠬᠤᠬ ᠨᠤᠪᠰᠢ ᠶᠢ ᠬᠤᠤᠷᠳᠠᠯ ᠦᠬᠡᠢ ᠪᠠᠷ ᠰᠢᠢᠳᠪᠤᠷᠢᠯᠡᠬᠦ ᠳᠠᠯᠠᠪᠤᠷ ᠪᠠᠶᠢᠭᠤᠯᠵᠠᠢ᠂ ᠳᠡᠷᠡᠴᠢᠯᠡᠨ ᠡᠳᠡᠬᠡᠷ ᠳᠠᠯᠠᠪᠤᠷ ᠨᠢ ᠳ᠋ᠠ ᠳ᠋ᠧ ᠴᠢᠤᠸᠠᠨ ᠳᠤᠰᠬᠤᠨ᠂ ᠵᠢᠢ ᠱᠠᠨ ᠲᠦᠨ ᠳᠤᠰᠬᠤᠨ᠂ ᠪᠠᠷᠠᠭᠤᠨ ᠵᠢᠶᠠᠩ ᠵᠢᠶᠠ ᠸᠧᠢ ᠫᠦ᠋ ᠳᠤᠰᠬᠤᠨ᠂ ᠡᠮᠤᠨ᠎ᠠ ᠵᠣ᠋ ᠵᠡᠷᠬᠡ ᠬᠤᠳᠠ ᠶᠢᠨ ᠤᠢᠢᠷᠠᠯᠴᠠᠭᠠᠬᠢ ᠳᠤᠰᠬᠤᠨ ᠠᠴᠠ 1 ᠺᠢᠯᠦᠮᠧᠲᠷ ᠯᠡ ᠵᠠᠶᠢᠳᠠᠢ ᠪᠠᠶᠢᠵᠦ᠂ ᠬᠤᠳᠠ ᠶᠢᠨ ᠠᠮᠢᠳᠤᠷᠠᠯ ᠤᠨ ᠬᠤᠬ ᠨᠤᠪᠰᠢ ᠶᠢ ᠬᠤᠤᠷᠳᠠᠯ ᠦᠬᠡᠢ ᠪᠠᠷ ᠰᠢᠢᠳᠪᠤᠷᠢᠯᠡᠬᠦ ᠳᠠᠯᠠᠪᠤᠷ ᠠᠴᠠ ᠴᠤ 10 ᠺᠢᠯᠤᠮᠧᠲᠷ ᠤᠨ ᠵᠠᠢ ᠦᠬᠡᠢ ᠪᠠᠶᠢᠨ᠎ᠠ᠃ ᠡᠯ᠎ᠠ ᠳᠦᠷᠦᠯ ᠤᠨ ᠬᠤᠬ ᠨᠤᠪᠰᠢ ᠶᠢ ᠵᠢᠷᠤᠮᠵᠢᠭᠤᠯᠤᠨ ᠰᠢᠢᠳᠪᠤᠷᠢᠯᠡᠬᠦ ᠠᠵᠢᠯ ᠤᠳᠠᠯ ᠦᠬᠡᠢ ᠪᠡᠶᠡᠯᠡᠭᠳᠡᠨ᠎ᠠ᠂ ᠭᠡᠪᠡᠴᠦ ᠬᠢᠨᠠᠨ ᠬᠠᠮᠢᠶᠠᠷᠬᠤ ᠰᠠᠯᠠᠭ᠎ᠠ ᠮᠦᠴᠢᠷ ᠤᠨ ᠬᠢᠨ ᠤ ᠡᠬᠦᠷᠬᠡ ᠬᠠᠷᠢᠭᠤᠴᠠᠯᠭ᠎ᠠ ᠪᠠᠨ ᠨᠠᠷᠢᠨ ᠬᠢᠨᠠᠮᠠᠭᠠᠢ ᠬᠦᠢᠴᠡᠳᠬᠡᠬᠦ ᠶᠠᠪᠤᠳᠠᠯ ᠯᠡ ᠬᠡᠳᠦᠢ ᠵᠠᠶᠢᠳᠠᠢ ᠪᠠᠶᠢᠬᠤ ᠶᠢ ᠦᠯᠦ ᠮᠡᠳᠡᠨ᠎ᠡ᠃
ᠳᠡᠬᠡᠷ᠎ᠠ ᠳᠤᠷᠠᠳᠤᠬᠰᠠᠨ ᠠᠰᠠᠭᠤᠳᠠᠯ ᠤᠳ ᠲᠤ ᠴᠢᠭᠯᠡᠬᠦᠯᠦᠨ᠂ ᠱᠠᠯᠠᠪᠳᠠᠭᠤᠯᠤᠨ ᠪᠠᠶᠢᠴᠠᠭᠠᠬᠤ ᠳᠤᠭᠤᠢᠢᠯᠠᠩ ᠤᠨ ᠬᠢᠨ ᠬᠠᠮᠢᠶ᠎ᠠ ᠪᠦᠬᠦᠢ ᠪᠠᠶᠢᠳᠠᠯ ᠤᠳ ᠢ ᠴᠢᠨᠠᠬᠰᠢᠳᠠ ᠪᠠᠶᠢᠴᠠᠭᠠᠨ ᠬᠠᠷᠭᠤᠭᠤᠯᠵᠦ᠂ ᠳᠦᠩᠯᠢᠶᠤᠤ ᠬᠤᠳᠠ ᠶᠢᠨ ᠬᠢᠨ ᠢ ᠬᠠᠤᠯᠢ ᠶᠤᠰᠤᠭᠠᠷ ᠪᠠᠶᠢᠴᠠᠭᠠᠨ ᠰᠢᠢᠳᠪᠤᠷᠢᠯᠡᠵᠦ᠂ ᠳᠤᠭᠤᠰᠢᠳᠠᠢ ᠨᠠᠶᠢᠳᠠᠪᠤᠷᠢᠵᠢᠭᠤᠯᠬᠤ ᠬᠡᠷᠡᠭᠳᠡᠢ ᠬᠡᠵᠦ ᠱᠠᠭᠠᠷᠳᠠᠪᠠ᠃
︵ᠦᠪᠡᠷᠳᠡᠬᠡᠨ ᠵᠠᠰᠠᠬᠤ ᠤᠷᠤᠨ ᠤ ᠠᠮᠢ ᠠᠬᠤᠢ ᠤᠷᠴᠢᠨ ᠳᠤᠭᠤᠷᠢᠨ ᠤ ᠬᠠᠮᠠᠭᠠᠯᠠᠯᠳᠠ ᠶᠢᠨ ᠱᠠᠯᠠᠪᠳᠠᠭᠤᠯᠤᠨ ᠪᠠᠶᠢᠴᠠᠭᠠᠬᠤ ᠬᠤᠶᠠᠳᠤᠭᠠᠷ ᠳᠤᠭᠤᠢᠢᠯᠠᠩ︶