-
1940727
ᠤᠢᠮᠠᠨ ᠡᠪᠡᠳᠴᠢᠨ ᠡᠭᠦᠰᠭᠡᠳᠡᠭ ᠡᠶᠢᠮᠦᠷᠬᠦ ︽ᠡᠨᠧᠷᠬᠢ ᠲᠠᠢ ᠴᠢᠯᠠᠭᠤ︾ ᠠᠴᠠ ᠵᠠᠶᠢᠳᠠᠭᠠᠷᠠᠢ
2019-12-25 12:40
197
0
ᠤᠢᠢᠷ᠎ᠠ ᠶᠢᠨ ᠵᠢᠯ ᠳᠤ᠂ ᠡᠯᠳᠡᠪ ᠶᠠᠩᠵᠤ ᠶᠢᠨ ︽ᠡᠨᠧᠷᠬᠢ ᠲᠠᠢ ᠴᠢᠯᠠᠭᠤ︾ ᠨᠢ ᠡᠷᠡᠭᠦᠯ ᠮᠠᠨᠳᠤ ᠪᠠᠨ ᠠᠩᠬᠠᠷᠤᠬᠴᠢᠳ ᠤᠨ ᠬᠠᠯᠠᠭᠤᠨ ᠬᠦᠷᠢᠶᠡᠯᠡᠯ ᠢ ᠤᠯᠵᠤ᠂ ᠵᠠᠬ᠎ᠠ ᠲᠡᠯᠭᠡᠭᠦᠷ ᠲᠤ ᠪᠤᠷᠤᠯᠠᠭᠤᠯᠭ᠎ᠠ ᠰᠠᠶᠢᠳᠠᠢ ᠪᠤᠯᠵᠤ ᠪᠤᠢ᠃
ᠡᠳᠡᠭᠡᠷ ︽ᠡᠨᠧᠷᠬᠢ ᠲᠠᠢ ᠴᠢᠯᠠᠭᠤ︾ ᠶᠢᠨ ᠵᠠᠷᠢᠮ ᠨᠢ ᠮᠠᠰᠢ ᠦᠨᠡᠳᠡᠢ᠂ ᠬᠤᠳᠠᠯᠳᠤᠭᠠᠴᠢᠳ ᠤᠨ ᠬᠡᠯᠡᠳᠡᠭ ᠢᠶᠠᠷ ᠶᠠᠮᠠᠷᠪᠠ ᠡᠪᠡᠳᠴᠢᠨ ᠲᠠᠬᠤᠯ ᠢ ᠪᠦᠷ ᠵᠠᠰᠠᠵᠤ ᠡᠳᠡᠭᠡᠷᠡᠭᠦᠯᠳᠡᠭ ᠷᠢᠳᠢ ᠰᠢᠳᠢ ᠲᠠᠢ ᠭᠡᠨ᠎ᠠ᠃
ᠭᠡᠲᠡᠯ᠎ᠠ ᠪᠤᠲᠠᠲᠠᠢ ᠪᠠᠶᠢᠳᠠᠯ ᠨᠢ ᠦᠨᠡᠬᠡᠷ ᠲᠡᠶᠢᠮᠦ ᠭᠡᠵᠦ ᠤᠤ︖
ᠤᠢᠢᠷ᠎ᠠ ᠳᠤ᠂ ᠳ᠋ᠠᠯᠢᠶᠠᠨ ᠤᠨᠢᠰᠭᠡᠯ ᠤᠨ ᠪᠠᠭᠤᠳᠠᠯ ᠤᠨ ᠠᠵᠢᠯᠲᠠᠨ ᠠᠴᠠ ᠠᠶᠠᠨᠴᠢᠳ ᠲᠤ ᠠᠮᠤᠷ ᠲᠦᠪᠰᠢᠨ ᠤ ᠪᠠᠶᠢᠴᠠᠭᠠᠯᠲᠠ ᠬᠢᠵᠦ ᠪᠠᠶᠢᠬᠤ ᠳᠤ ᠪᠠᠨ ᠨᠢᠭᠡᠨ ᠡᠮᠡᠭᠲᠡᠢ ᠶᠢᠨ ᠪᠤᠭᠴᠤᠨ ᠠᠴᠠ ᠨᠢᠭᠡ ᠵᠦᠢᠯ ᠤᠨ ᠬᠠᠴᠢᠨ ᠴᠢᠯᠠᠭᠤ ᠶᠢ ᠢᠯᠡᠷᠡᠭᠦᠯᠵᠦ᠂ ᠴᠦᠮ᠎ᠠ ᠶᠢᠨ ᠰᠠᠴᠤᠷᠠᠭ ᠤᠨ ᠮᠠᠰᠢᠨ ᠢᠶᠠᠷ ᠪᠠᠶᠢᠴᠠᠭᠠᠭᠰᠠᠨ ᠤ ᠦᠷ᠎ᠠ ᠳ᠋ᠦᠩ ᠳᠤ ᠲᠤᠭ᠎ᠠ ᠬᠡᠮᠵᠢᠶ᠎ᠠ ᠨᠢ ᠪᠠᠷᠢᠮᠵᠢᠶ᠎ᠠ ᠠᠴᠠ 112 ᠲᠠᠬᠢᠨ ᠭᠡᠳᠦᠷᠡᠭᠰᠡᠨᠪᠠᠶᠢᠵᠠᠢ᠃
— ᠮᠢᠨᠦ ᠦᠬᠢᠨ ᠡᠨᠡᠬᠦ ︽ᠭᠦᠨ ᠲᠠᠯᠠᠢ ᠶᠢᠨ ᠡᠨᠧᠷᠬᠢ ᠲᠠᠢ ᠴᠢᠯᠠᠭᠤ︾ ᠶᠢ ᠪᠡᠶ᠎ᠡ ᠳᠤ ᠪᠠᠨ ᠵᠠᠭᠦᠭᠰᠡᠨ 3 ᠰᠠᠷ᠎ᠠ ᠶᠢᠨ ᠬᠤᠭᠤᠴᠠᠭᠠᠨ ᠳᠤ ᠬᠠᠮᠠᠷ ᠠᠴᠠ ᠨᠢ ᠴᠢᠰᠤ ᠭᠠᠷᠬᠤ ᠦᠵᠡᠭᠳᠡᠯ ᠵᠦᠩᠳᠡᠭᠡᠨ ᠡᠭᠦᠰᠦᠭᠰᠡᠨ᠂ ᠤᠲᠤ ᠡᠷᠭᠢᠴᠡᠭᠦᠯᠦᠨ ᠪᠤᠳᠤᠬᠤ ᠳᠤ ᠡᠶᠢᠮᠦᠷᠬᠦ ︽ᠡᠨᠧᠷᠬᠢ ᠲᠠᠢ ᠴᠢᠯᠠᠭᠤ︾ ᠶᠢᠨ ᠪᠠᠷᠢᠮᠵᠢᠶ᠎ᠠ ᠠᠴᠠ ᠬᠡᠲᠤ ᠲᠠᠪᠠᠭᠰᠠᠨ ᠴᠦᠮ᠎ᠠ ᠶᠢᠨ ᠰᠠᠴᠤᠷᠠᠭ ᠲᠠᠢ ᠬᠤᠯᠪᠤᠭᠠᠲᠠᠢ ᠪᠠᠶᠢᠬᠤ ᠡᠭᠡᠵᠤ ᠲᠡᠷᠡ ᠪᠦᠰᠡᠭᠦᠢ ᠲᠠᠭᠠᠮᠠᠬᠯᠠᠵᠤ ᠪᠠᠶᠢᠯ᠎ᠠ᠃
︽ᠡᠨᠧᠷᠬᠢ ᠲᠠᠢ ᠴᠢᠯᠠᠭᠤ︾ ᠭᠡᠳᠡᠭ ᠨᠢ ᠦᠨᠡᠨᠳᠡᠭᠡᠨ ᠰᠠᠴᠤᠷᠠᠭ ᠴᠢᠨᠠᠷᠲᠡᠢ ᠴᠦᠮ᠎ᠠ ᠶᠢᠨ ᠡᠯᠧᠮᠧᠨ᠋ᠲ ᠪᠠᠶᠢᠵᠤ᠂ ᠪᠠᠰᠠ ᠲᠤᠭᠲᠠᠪᠦᠷᠢ ᠦᠭᠡᠢ ᠴᠦᠮ᠎ᠠ ᠶᠢᠨ ᠡᠯᠧᠮᠧᠨ᠋ᠲ ᠭᠡᠳᠡᠭ᠃ 2017 ᠤᠨ ᠤ 10 ᠰᠠᠷ᠎ᠠ ᠶᠢᠨ 27 ᠤ ᠡᠳᠦᠷ ᠤᠨ ᠲᠡᠯᠡᠬᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠲᠠ ᠳᠤ ᠬᠠᠷᠢᠶᠠᠯᠠᠭᠳᠠᠬᠤ ᠤᠯᠠᠨ ᠤᠯᠤᠰ ᠤᠨ ᠦᠮᠡᠨ ᠡᠪᠡᠳᠴᠢᠨ ᠰᠤᠳᠤᠯᠬᠤ ᠪᠠᠶᠢᠭᠤᠯᠤᠮᠵᠢ ᠶᠢᠨ ᠨᠡᠶᠢᠲᠡᠯᠡᠭᠰᠡᠨ ᠦᠮᠡᠨ ᠡᠪᠡᠳᠴᠢᠨ ᠡᠭᠦᠰᠭᠡᠬᠦ ᠪᠤᠳᠠᠰ ᠤᠨ ᠨᠡᠷᠡᠰ ᠲᠤ ᠲᠡᠮᠳᠡᠭᠯᠡᠭᠰᠡᠨ ᠢᠶᠠᠷ᠂ ᠡᠶᠢᠮᠤᠷᠬᠦ ︽ᠡᠨᠧᠷᠬᠢ ᠲᠠᠢ ᠴᠢᠯᠠᠭᠤ︾ ᠶᠢᠨ ᠴᠦᠮ᠎ᠠ ᠶᠢᠨ ᠡᠯᠧᠮᠧᠨ᠋ᠲ ᠶᠢᠨ ᠰᠠᠴᠤᠷᠠᠭ ᠨᠢ ᠬᠦᠮᠦᠨ ᠤ ᠪᠡᠶ᠎ᠠ ᠶᠢᠨ ᠡᠰ ᠡᠷᠬᠡᠲᠡᠨ ᠢ ᠭᠡᠮᠲᠦᠭᠡᠵᠦ᠂ ᠦᠮᠡᠨ ᠡᠪᠡᠳᠴᠢᠨ ᠡᠭᠦᠰᠭᠡᠬᠦ ᠪᠤᠳᠠᠰ ᠢᠶᠠᠷ ᠬᠢᠨᠠᠨ ᠲᠤᠭᠲᠠᠭᠠᠭᠳᠠᠪᠠ᠃
ᠰᠠᠨᠠᠭᠤᠯᠬᠤ ᠨᠢ᠄
ᠢᠷᠡᠯᠲᠡ ᠨᠢ ᠲᠤᠳᠤᠷᠬᠠᠢ ᠦᠭᠡᠢ᠂ ᠲᠠᠩᠰᠠ ᠲᠡᠮᠳᠡᠭᠯᠡᠯ ᠨᠢ ᠪᠦᠷᠢᠨ ᠪᠤᠰᠤ ︽ᠡᠨᠧᠷᠬᠢ ᠲᠠᠢ ᠪᠤᠳᠠᠰ︾ ᠢ ᠬᠤᠳᠠᠯᠳᠤᠨ ᠠᠪᠬᠤ ᠳᠠᠭᠠᠨ ᠬᠢᠴᠢᠶᠡᠭᠡᠷᠡᠢ᠂ ᠢᠯᠠᠩᠭᠤᠶ᠎ᠠ ᠨᠠᠰᠤᠳᠠᠶᠢᠴᠤᠳ ᠴᠢᠳᠠᠬᠤ ᠶᠢᠨ ᠲᠤᠲᠤᠷ᠎ᠠ ᠵᠠᠶᠢᠯᠠᠰᠬᠢᠭᠡᠷᠡᠢ᠃ ᠤᠢᠢᠷ᠎ᠠ ᠶᠢᠨ ᠵᠢᠯ ᠳᠤ ᠴᠦᠬᠡᠨ ᠪᠤᠰᠤ ᠬᠤᠳᠠᠯᠳᠤᠭᠠᠴᠢᠳ ︽ᠡᠨᠧᠷᠬᠢ ᠲᠠᠢ ᠴᠢᠯᠠᠭᠤ︾ ︽ᠡᠨᠧᠷᠬᠢ ᠲᠠᠢ ᠪᠤᠳᠠᠰ︾ ᠭᠡᠳᠡᠭᠵᠢᠡᠷ ᠬᠠᠯᠬᠠᠪᠴᠢ ᠪᠤᠯᠭᠠᠨ ᠲᠠᠮᠵᠢᠨ ᠪᠤᠷᠤᠯᠠᠭᠤᠯᠭ᠎ᠠ ᠵᠡᠷᠭᠡ ᠬᠠᠤᠯᠢ ᠠᠴᠠ ᠵᠦᠷᠢᠴᠡᠭᠰᠡᠨ ᠠᠵᠢᠯᠯᠠᠭ᠎ᠠ ᠦᠷᠨᠢᠭᠦᠯᠵᠦ᠂ ᠦᠨᠡᠨ ᠪᠤᠳᠠᠳᠤ ᠪᠠᠶᠢᠳᠠᠯ ᠢ ᠤᠢᠢᠯᠠᠭᠠᠬᠤ ᠦᠭᠡᠢ ᠬᠡᠷᠡᠭᠯᠡᠭᠴᠢᠳ ᠤᠨ ᠠᠵᠤ ᠠᠬᠤᠢ ᠵᠢᠴᠢ ᠪᠡᠶ᠎ᠠ ᠰᠡᠳᠭᠢᠴᠡ ᠳᠤ ᠬᠦᠨᠲᠤ ᠬᠤᠬᠢᠷᠠᠯ ᠠᠪᠴᠢᠷᠠᠵᠤ ᠪᠤᠢ᠃ ᠡᠳᠡᠭᠡᠷ ᠠᠴᠠ ᠶᠠᠭᠠᠬᠢᠭᠰᠠᠨ ᠴᠤ ᠪᠤᠯᠭᠤᠮᠵᠢᠯᠠᠭᠠᠷᠠᠢ︕