ᠠᠢ ᠬᠦᠬᠡᠷᠦᠬᠦᠢ᠂ ᠨᠠᠮᠥᠷ ᠡ ᠭᠡᠵᠦ ᠵᠢᠪᠠᠷ ᠡ
2020-10-24 01:32
229
0
ᠠᠢ ᠬᠦᠭᠡᠷᠦᠬᠦᠢ᠂ ᠨᠠᠮᠤᠷ ᠡ ᠬᠡᠵᠦ ᠵᠢᠪᠠᠷ ᠡ
ᠶᠤᠨᠳᠤᠨ ᠤ ᠪᠢᠯᠢᠭ᠍ᠪᠠᠭᠠᠲᠤᠷ
ᠨᠠᠮᠤᠷ ᠤᠨ ᠠᠳᠤᠭᠤᠳ ᠨᠠᠶᠢᠭᠤᠨ᠎ᠠ
ᠨᠠᠪᠴᠢᠰ ᠡᠪᠡᠰᠦ ᠰᠢᠷᠭᠠᠯᠲᠠᠨᠠ
ᠨᠠᠷᠠᠨ ᠠᠯᠤᠰᠷᠠᠨ ᠡᠭᠦᠯᠡᠰ ᠡᠪᠬᠡᠷᠡᠨᠠ
ᠨᠠᠮ᠎ᠠ ᠶᠢ ᠮᠡᠳᠡᠬᠦ ᠬᠦᠮᠦᠰ ᠴᠦᠬᠡᠷᠡᠨᠡ ᠡ
ᠠᠢ ᠬᠦᠭᠡᠷᠦᠬᠦᠢ᠂ ᠨᠠᠮᠤᠷ ᠡ ᠭᠡᠵᠦ
ᠳᠡᠡᠭᠳᠡᠭᠦᠦ ᠬᠤᠯᠠᠬᠠᠨ ᠮᠦᠷᠦᠭᠡᠳᠦᠯ ᠰᠢᠭ
ᠠᠢ ᠲᠦᠮᠡᠨ᠂ ᠨᠠᠮᠤᠷ ᠡ ᠭᠡᠵᠦ
ᠳᠡᠯᠡᠬᠡᠢ ᠤᠶᠢᠷᠠᠬᠠᠨ ᠤᠬᠠᠭᠠᠷᠠᠯ ᠰᠢᠭ᠋
ᠪᠤᠷᠤᠬᠠᠨ ᠮᠠᠩᠬ᠎ᠠ ᠪᠦᠯᠢᠶᠡᠰᠤᠨᠠ
ᠪᠤᠷᠭᠠᠰᠤᠨ ᠦᠨᠦᠷ ᠬᠠᠩᠬᠤᠯᠠᠨ᠎ᠠ
ᠪᠤᠳᠤᠯ ᠪᠤᠳᠤᠭᠰᠢᠨ ᠵᠢᠮᠢᠰ ᠤᠯᠠᠭᠠᠷᠠᠨᠠ
ᠪᠤᠲᠤᠭᠤ ᠪᠤᠶᠢᠯᠠᠨ ᠭᠤᠪᠢ ᠤᠨᠢᠶᠠᠷᠲᠠᠨᠠ
ᠠᠢ ᠬᠦᠭᠡᠷᠦᠬᠦᠢ᠂ ᠨᠠᠮᠤᠷ ᠡ ᠭᠡᠵᠦ
ᠡᠪᠦᠷ ᠲᠤ ᠪᠠᠭᠲᠠᠬᠤ ᠰᠠᠯᠬᠢ ᠪᠢᠯᠢᠦ
ᠵᠠᠢ ᠮᠢᠩᠭᠠᠨ᠂ ᠨᠠᠮᠤᠷ ᠡ ᠭᠡᠵᠦ
ᠡᠪᠦᠬᠡᠨ ᠬᠦᠮᠦᠨ ᠦ ᠶᠠᠷᠢᠶ᠎ᠠ ᠪᠠᠶᠢᠪᠠᠤ
ᠲᠡᠭᠷᠢ ᠶᠢᠨ ᠬᠠᠶᠠᠭ᠎ᠠ ᠨᠠᠮᠢᠷᠠᠨ᠎ᠠ
ᠲᠡᠮᠡᠬᠡᠳ ᠠᠭᠤᠯᠠᠰ ᠦᠨᠳᠡᠯᠵᠡᠨᠡ
ᠬᠤᠯᠠᠬᠢ ᠬᠢᠵᠠᠭᠠᠷ ᠠᠴᠠ ᠰᠤᠷᠠᠭ ᠢᠷᠡᠨ᠎ᠡ
ᠬᠤᠶᠢᠳᠤᠨ ᠵᠢᠯ ᠦᠨ ᠤᠷᠤᠭ ᠶᠠᠭᠠᠬᠢᠨ᠎ᠠ
ᠠᠢ ᠬᠦᠭᠡᠷᠦᠬᠦᠢ᠂ ᠨᠠᠮᠤᠷ ᠡ ᠬᠡᠵᠦ
ᠤᠶᠤᠲᠠᠨ ᠤ ᠤᠯᠠᠷᠢᠯ ᠲᠡᠷᠪᠡᠬᠦ ᠨᠢ᠌᠌ ᠁
ᠦᠢ ᠲᠦᠮᠡᠨ᠂ ᠨᠠᠮᠤᠷ ᠡ ᠬᠡᠵᠦ
ᠦᠢᠯᠡ ᠶᠢᠨ ᠦᠷ᠎ᠡ ᠪᠤᠯᠪᠠᠰᠤᠷᠠᠬᠤ ᠨᠢ ᠁
ᠦᠯᠢᠭᠡᠷ ᠦᠨ ᠪᠠᠭᠠᠳᠤᠳ ᠦᠭᠡᠶᠢᠯᠡᠭᠳᠡᠨ᠎ᠡ
ᠠᠯᠢᠮᠠᠨ ᠴᠢᠷᠠᠶᠢᠳᠠᠳ ᠮᠢᠰᠢᠶᠡᠨᠡ
ᠵᠢᠡᠭ ᠦᠨ ᠳᠠᠭᠤᠨ ᠡᠯᠢᠭᠡ ᠲᠡᠪᠲᠡᠬᠡᠨᠡ
ᠵᠡᠷᠬᠡᠯᠬᠡᠨ ᠦ ᠲᠡᠯᠡᠮᠡᠨ ᠬᠠᠳᠠᠷᠢᠭ᠎ᠠ ᠮᠢᠷᠡᠯᠵᠠᠨᠠ
ᠠᠢ ᠬᠦᠭᠡᠷᠦᠬᠦᠢ᠂ ᠨᠠᠮᠤᠷ ᠡ ᠬᠡᠵᠦ
ᠠᠶᠢᠰᠤᠢ ᠴᠠᠭ ᠤᠨ ᠠᠮᠢᠰᠬᠤᠭ᠎ᠠ ᠵᠦᠬᠡᠯᠡᠨ
ᠵᠦᠢ ᠲᠦᠮᠡᠨ᠂ ᠨᠠᠮᠤᠷ ᠡ ᠬᠡᠵᠦ
ᠵᠦᠪᠬᠡᠨ ᠵᠦᠪ ᠯᠠ ᠠᠮᠢᠳᠤᠷᠠᠬᠤ ᠠᠴᠠ᠁
ᠰᠢᠷ᠎ᠠ ᠰᠦᠮ᠎ᠡ ᠬᠠᠭᠤᠴᠢᠷᠠᠨ᠎ᠠ
ᠬᠦᠬᠡ ᠲᠠᠭᠲᠠᠭ᠎ᠠ ᠬᠦᠳᠬᠦᠨᠡᠨᠡ
ᠬᠦᠭᠰᠢᠳ ᠡᠪᠦᠬᠡᠳ ᠡᠬᠡᠪᠦᠷ ᠲᠦ ᠨᠠᠷᠠᠯᠠᠨ᠎ᠠ
ᠬᠡᠤᠬᠡᠳ ᠬᠦᠯᠦᠬᠡ ᠦᠶᠡᠷᠡᠬᠡᠨ ᠨᠠᠭᠠᠳᠤᠨ᠎ᠠ
ᠠᠢ ᠬᠦᠭᠡᠷᠦᠬᠦᠢ᠂ ᠨᠠᠮᠤᠷ ᠡ ᠬᠡᠵᠦ
ᠨᠠᠶᠠᠨ ᠨᠢᠬᠡᠨ ᠤᠨᠢᠰᠤᠭ᠎ᠠ ᠶᠤᠮ ᠡ
ᠰᠠᠶ᠎ᠠ ᠲᠦᠮᠡᠨ᠂ ᠨᠠᠮᠤᠷ ᠡ ᠬᠡᠵᠦ
ᠰᠠᠨᠰᠠᠷ ᠬᠤᠷᠸ᠎ᠠ ᠶᠢᠨ ᠵᠢᠪᠠᠷ ᠡ
ᠨᠤᠭᠤᠭᠠᠨ ᠭᠤᠯᠢᠶᠠᠳ ᠡᠮᠡᠬᠡᠷᠡᠨᠡ
ᠨᠠᠭᠦᠭᠦ ᠭᠠᠯᠠᠭᠤᠳ ᠨᠢᠯᠪᠤᠰᠤᠷᠠᠨᠠ
ᠨᠤᠲᠤᠭ ᠤᠨ ᠪᠠᠷ᠎ᠠ ᠯᠠ ᠨᠢᠳᠦᠨ ᠳᠦ ᠲᠤᠨᠤᠯᠵᠠᠨ᠎ᠠ
ᠨᠤᠮᠤᠬᠠᠨ ᠡᠮᠸ ᠮᠢᠨᠢ ᠯᠠ ᠵᠢᠵᠢᠭᠷᠡᠨᠡ ᠡ
ᠠᠢ ᠬᠦᠬᠡᠷᠦᠬᠦᠢ᠂ ᠨᠠᠮᠤᠷ ᠡ ᠬᠡᠵᠦ
ᠵᠠᠮ ᠤᠨ ᠦᠵᠦᠬᠦᠷ ᠬᠠᠳᠠᠭ ᠰᠢᠭ᠋ ᠰᠡᠮᠡᠷᠡᠨᠬᠦ ᠨᠢ ᠁
ᠵᠠᠭᠤᠨ ᠲᠦᠮᠡᠨ᠂ ᠨᠠᠮᠤᠷ ᠡ ᠬᠡᠵᠦ
ᠵᠠᠶᠠᠭᠠᠨ ᠤ ᠬᠢᠵᠠᠭᠠᠷ ᠵᠢᠩᠬᠡᠷᠡᠳᠡᠬᠦ ᠨᠢ ᠁
2020,10,21-10,24 ᠦᠦᠷ᠃
ᠰᠢᠯᠤᠭᠤᠨ ᠬᠦᠬᠡ ᠶᠢᠨ ᠱᠠᠡᠭᠳᠦ ᠬᠤᠳᠠᠬᠠᠨ ᠡᠴᠡ
ᠰᠢᠯᠢ ᠶᠢᠨ ᠬᠤᠲᠠ ᠬᠦᠷᠬᠦ ᠵᠠᠮ ᠵᠠᠭᠤᠷ᠎ᠠ ᠪᠤᠶᠤ
ᠨᠤᠮ ᠤᠨ ᠥᠷᠦᠬᠡᠨ ᠳᠡᠬᠡᠨ ᠵᠤᠬᠢᠶᠠᠪᠠᠢ᠃
ᠮᠠᠰᠢᠳᠠ ᠪᠠᠶᠠᠰᠬᠤᠢ ᠮᠦᠴᠡ᠁