 

ᠠᠯᠳᠠᠨ ᠲᠤᠪᠴᠢᠶ᠎ᠠ 9 (4)

2016-09-01 12:08
  509
  0

ᠠᠯᠳᠠᠨ ᠲᠤᠪᠴᠢᠶ᠎ᠠ
ᠶᠢᠰᠦᠳᠦᠭᠡᠷ ᠬᠠᠭᠤᠳᠠᠰᠤ

ᠶᠢᠰᠦᠨ ᠦᠷᠯᠦᠭ  ᠦᠨ ᠦᠭᠡ (4)


ᠪᠠᠰᠠ ᠰᠦᠪᠥᠳᠡᠢ ᠪᠠᠭᠠᠲᠤᠷ᠂ ᠲᠦᠮᠦᠷ ᠲᠡᠯᠡᠨ ᠎ ᠳᠦ (ᠲᠡᠷᠭᠡ ᠳᠦ) ᠮᠡᠷᠬᠢᠳ ᠦᠨ ᠲᠣᠭᠲᠠᠭ᠎ᠠ ᠶᠢᠨ ᠬᠤᠳᠤ᠂ ᠴᠢᠯᠠᠭᠤᠨ 
ᠲᠡᠷᠢᠭᠦᠨ ᠬᠦᠪᠡᠭᠦᠨ ᠢ ᠨᠢ ᠠᠶᠠᠨᠴᠢ ᠬᠤᠷᠠᠯᠠᠵᠤ (ᠨᠡᠬᠡᠨ ᠳᠣᠪᠲᠣᠯᠵᠤ)᠂ ᠴᠤᠦᠢ ᠮᠦᠷᠡᠨ᠎ᠡ ᠭᠦᠢᠴᠡᠵᠦ ᠮᠣᠬᠠᠳᠬᠠᠵᠤ ᠢᠷᠡᠪᠡ᠃ ᠪᠠᠰᠠ ᠵᠡᠪᠡ᠂ ᠨᠠᠶᠢᠮᠠᠨ ᠤ ᠬᠦᠯᠦᠭ ᠬᠠᠭᠠᠨ ᠢ ᠨᠡᠬᠡᠵᠦ᠂ ᠬᠢᠷᠢᠰ ᠭᠣᠣᠯ ᠳᠤ ᠭᠦᠢᠴᠡᠵᠦ ᠬᠦᠯᠦᠭ ᠬᠠᠭᠠᠨ ᠢ ᠮᠣᠬᠠᠳᠬᠠᠵᠤ ᠢᠷᠡᠪᠡ᠃ ᠤᠶᠢᠭᠤᠳ ᠤᠨ ᠢᠳᠠᠭ ᠤᠳ (ᠢᠳᠡᠭᠦᠳ) ᠪᠣᠭᠳᠠ ᠴᠢᠩᠭᠢᠰ ᠬᠠᠭᠠᠨ ᠳᠤ ᠡᠯᠴᠢ ᠢᠯᠡᠭᠡᠵᠦ ᠠᠪᠢᠷᠭ᠎ᠠ (ᠠᠳᠬᠠᠷᠢᠭ) ᠲᠠᠷᠠᠪᠠᠢ ᠬᠣᠶᠠᠷ ᠡᠯᠴᠢ ᠪᠡᠷ ᠦᠴᠢᠵᠤ ᠢᠯᠡᠭᠡᠭᠰᠡᠨ ᠨᠢ᠄ ᠡᠭᠦᠯᠡ ᠠᠷᠢᠯᠵᠤ᠂ ᠭᠡᠭᠡᠨ ᠨᠠᠷᠠᠨ ᠦᠵᠡᠭᠰᠡᠨ ᠮᠡᠲᠦ᠂ ᠮᠦᠰᠦᠨ ᠬᠠᠶᠢᠯᠠᠵᠤ ᠮᠦᠷᠡᠨ ᠤᠰᠤ ᠣᠯᠤᠭᠰᠠᠨ ᠮᠡᠲᠦ᠂ ᠪᠣᠭᠳᠠ ᠴᠢᠩᠭᠢᠰ ᠬᠠᠭᠠᠨ ᠤ ᠨᠡᠷ᠎ᠡ ᠠᠯᠳᠠᠷ ᠢ ᠰᠣᠨᠣᠰᠴᠤ ᠮᠠᠰᠢ ᠶᠡᠬᠡ ᠪᠠᠶᠠᠰᠪᠠ᠃ ᠬᠠᠭᠠᠨ ᠰᠣᠶᠣᠷᠬᠠᠪᠠᠰᠤ ᠠᠯᠲᠠᠨ ᠪᠦᠰᠡ ᠶᠢᠨ ᠭᠣᠷᠭᠢᠨ ᠠᠴᠠ᠂ ᠠᠯᠠ (ᠠᠷᠢᠭᠤᠨ ) ᠳᠡᠪᠡᠯ ᠦᠨ ᠦᠷᠳᠦᠭᠰᠡᠨ ᠡᠴᠡ ᠣᠯᠵᠤ᠂ ᠲᠠᠪᠤᠳᠤᠭᠠᠷ ᠬᠦᠪᠡᠭᠦᠨ ᠴᠢᠨᠢ ᠪᠣᠯᠵᠤ ᠬᠦᠴᠤ ᠦᠭᠰᠦ ᠬᠡᠮᠡᠨ ᠦᠴᠢᠵᠤ ᠢᠯᠡᠭᠡᠵᠡᠢ᠃ ᠲᠡᠷᠡ ᠦᠭᠡ ᠶᠢ ᠪᠣᠭᠳᠠ ᠴᠢᠩᠭᠢᠰ ᠬᠠᠭᠠᠨ ᠰᠣᠶᠣᠷᠬᠠᠵᠤ ᠦᠭᠦᠯᠡᠵᠡᠢ ᠢᠯᠡᠭᠡᠭᠰᠡᠨ ᠨᠢ᠄ ᠦᠭᠡ ᠦᠭᠭᠦᠶ᠎ᠡ᠃ ᠲᠠᠪᠤᠳᠤᠭᠠᠷ ᠬᠦᠪᠡᠭᠦᠨ ᠪᠣᠯᠲᠤᠭᠠᠢ᠃ ᠠᠯᠲᠠᠨ᠂ ᠮᠦᠨ ᠢᠦᠨ᠂ ᠰᠤᠪᠤᠳ᠂ ᠲᠠᠨ᠎ᠠ᠂ ᠳᠠᠷᠤᠳᠠᠭ᠂ ᠨᠠᠴᠢᠨ᠂ ᠲᠣᠷᠭ᠎ᠠ ᠳᠤ ᠠᠪᠤᠭᠠᠳ ᠢᠳᠠᠭ ᠤᠳ ᠢᠷᠲᠤᠭᠡᠢ ᠬᠡᠮᠡᠵᠦ ᠢᠯᠡᠭᠡᠪᠡᠰᠦ ᠢᠳᠠᠭ ᠤᠳ ᠰᠣᠶᠣᠷᠬᠠᠭᠳᠠᠪᠠ ᠬᠡᠮᠡᠨ ᠪᠠᠶᠠᠰᠴᠤ᠂ ᠠᠯᠲᠠ᠂ ᠮᠦᠩᠭᠦ᠂ ᠰᠤᠪᠤᠳ᠂ ᠲᠠᠨ᠎ᠠ᠂ ᠲᠣᠷᠭ᠎ᠠ᠂ ᠨᠠᠴᠢᠨ᠂ ᠳᠠᠷᠤᠳᠠᠭ ᠠᠭᠤᠷᠠᠰᠤ ᠠᠪᠤᠭᠠᠳ ᠢᠷᠡᠵᠦ ᠢᠳᠠᠭ ᠤᠳ ᠴᠢᠩᠭᠢᠰ ᠬᠠᠭᠠᠨ ᠲᠠᠢ ᠠᠭᠤᠯᠵᠠᠪᠠ᠃ ᠢᠳᠠᠭ ᠤᠳ ᠢ ᠰᠣᠶᠣᠷᠬᠠᠵᠤ ᠢᠤᠯᠲᠤᠩ (ᠠᠯᠤᠯᠲᠤᠩ) ᠪᠡᠬᠢ ᠶᠢ ᠦᠭᠭᠦᠪᠡ᠃ ᠤᠶᠢᠭᠤᠳ ᠤᠨ ᠢᠳᠠᠭ ᠤᠳ ᠲᠤ ᠢᠤᠯᠲᠤᠩ ᠪᠡᠬᠢ ᠶᠢ ᠦᠭᠴᠦ ᠡᠭᠦᠰᠭᠡᠬᠦᠢ ᠋ᠳᠦ ᠪᠣᠭᠳᠠ ᠴᠢᠩᠭᠢᠰ ᠬᠠᠭᠠᠨ ᠰᠣᠶᠣᠨ ᠵᠠᠷᠯᠢᠭ ᠪᠣᠯᠤᠭᠰᠠᠨ ᠨᠢ᠄ ᠬᠠᠲᠤᠭᠲᠠᠢ ᠬᠦᠮᠦᠨ ᠭᠤᠷᠪᠠᠨ ᠡᠷ᠎ᠡ ᠳᠦ ᠪᠣᠯᠠᠢ᠃ ᠠᠯᠢ ᠭᠤᠷᠪᠠᠨ ᠡᠷ᠎ᠡ ᠬᠡᠮᠡᠪᠡᠰᠦ ᠲᠡᠷᠢᠭᠦᠨ ᠲᠦᠷᠦ ᠡᠷ᠎ᠡ ᠪᠤᠢ᠃ ᠲᠡᠭᠦᠨ ᠎᠎᠋ᠨᠤ ᠬᠣᠶᠢᠨ᠎ᠠ ᠨᠡᠷ᠎ᠡ ᠡᠷ᠎ᠡ ᠪᠤᠢ᠃ ᠲᠡᠭᠦᠨ ᠋ᠨᠦ ᠬᠣᠶᠢᠨ᠎ᠠ ᠠᠪᠤᠭᠰᠠᠨ ᠡᠷ᠎ᠡ ᠪᠤᠢ᠃ ᠭᠤᠷᠪᠠᠨ ᠡᠷ᠎ᠡ ᠬᠡᠮᠡᠭᠳᠡᠬᠦ ᠡᠨᠡ᠃ ᠲᠦᠷᠦ ᠡᠷ᠎ᠡ ᠶᠢ ᠬᠠᠲᠠᠭᠤᠵᠢᠪᠠᠰᠤ ᠨᠡᠷ᠎ᠡ ᠡᠷ᠎ᠡ ᠪᠡᠯᠡᠨ ᠡᠰᠡᠨ ᠪᠤᠢ᠃ ᠪᠡᠯᠡᠨ ᠨᠡᠷ᠎ᠡ ᠡᠷ᠎ᠡ ᠶᠢ ᠪᠡᠬᠢᠯᠡᠪᠡᠰᠦ ᠠᠪᠤᠭᠰᠠᠨ ᠡᠷ᠎ᠡ ᠬᠣᠯᠠ ᠠᠩᠭᠢᠳᠠ ᠠᠯᠤᠰ ᠬᠡᠳᠦᠢ ᠬᠠᠮᠢᠭ᠎ᠠ ᠣᠳᠬᠤ ᠬᠡᠮᠡᠨ ᠵᠠᠷᠯᠢᠭ ᠪᠣᠯᠤᠭᠰᠠᠨ ᠠᠵᠤᠭᠤ᠃ ᠪᠠᠰᠠ ᠲᠠᠤᠯᠠᠢ ᠵᠢᠯ ᠵᠦᠴᠢ ᠵᠢ᠂ ᠪᠠᠷᠠᠭᠤᠨ ᠭᠠᠷ ᠤᠨ ᠴᠡᠷᠢᠭ ᠎᠋ᠤᠳ ᠳᠡᠭᠡᠷ᠎ᠡ ᠣᠢ ᠶᠢᠨ ᠢᠷᠭᠡᠨ ᠳᠦ ᠢᠯᠤᠭᠤᠯᠪᠠ᠃ ᠪᠤᠬ᠎ᠠ ᠭᠠᠵᠠᠷᠴᠢᠯᠠᠵᠤ ᠣᠳᠪᠠ᠃ ᠣᠶᠢᠷᠠᠳ ᠤᠨ ᠬᠤᠲᠤᠭ᠎ᠠ ᠪᠡᠬᠢ ᠲᠦᠮᠡᠨ ᠣᠶᠢᠠᠳ ᠤᠷᠠᠳ ᠡᠯᠰᠡᠨ ᠣᠷᠣᠵᠤ ᠢᠷᠡᠪᠡ᠃ ᠢᠷᠡᠵᠦ᠂ ᠵᠦᠴᠢ ᠵᠢ ᠤᠳᠤᠷᠢᠳᠴᠤ ᠲᠦᠮᠡᠨ ᠣᠶᠢᠷᠠᠳ ᠲᠤ ᠭᠠᠵᠠᠷᠴᠢᠯᠠᠵᠤ᠂ ᠰᠢᠩᠰᠢᠨ ᠳᠤ ᠣᠷᠣᠭᠤᠯᠪᠠ᠃ ᠵᠦᠴᠢ ᠣᠶᠢᠷᠠᠳ᠂ ᠪᠤᠷᠢᠶᠠᠳ᠂ ᠪᠠᠷᠭᠤ᠂ ᠤᠪᠱᠤᠰ (ᠤᠷᠠᠰᠤ ᠳᠤ)᠂ ᠬᠠᠪᠰᠠᠭ (ᠭᠠᠪᠠᠭᠠᠨᠠᠰ)᠂ ᠲᠤᠮᠪᠠᠰ ᠢ (ᠲᠤᠪᠠ ᠠᠶᠢᠮᠠᠭ ᠢ) ᠣᠷᠣᠭᠤᠯᠤᠭᠠᠳ ᠲᠦᠮᠡᠨ ᠬᠢᠷᠭᠢᠰ ᠳᠦ ᠬᠦᠷᠪᠡᠰᠦ᠂ ᠬᠢᠷᠭᠢᠰ ᠦᠨ ᠨᠣᠶᠠᠳ ᠡᠳ᠋ ᠢᠨᠠᠯ᠂ ᠠᠯᠳᠠᠢ ᠡᠷ᠎ᠡ (ᠠᠯᠴᠢ ᠪᠡᠷ ᠡᠷ᠎ᠡ)᠂ ᠦᠷᠪᠡᠭ ᠲᠢᠭᠢᠳ ᠦᠨ (ᠦᠯᠦ ᠲᠢᠭᠢᠨ) ᠨᠣᠶᠠᠳ ᠡᠯᠰᠡᠨ ᠣᠷᠣᠵᠤ ᠴᠠᠭᠠᠨ ᠱᠣᠩᠬᠣᠷ᠂ ᠴᠠᠭᠠᠨ ᠠᠭᠲᠠ᠂ ᠬᠠᠷ᠎ᠠ ᠪᠤᠯᠠᠭ᠎ᠠ ᠠᠪᠤᠨ ᠢᠷᠡᠵᠦ ᠵᠦᠴᠢ ᠲᠡᠢ ᠠᠭᠤᠯᠵᠠᠪᠠ᠃ ᠰᠢᠪᠢᠷ᠂ ᠬᠡᠰᠦᠳᠡᠮ᠂ ᠪᠠᠶᠠᠳ᠂ ᠲᠤᠨᠤᠭ (ᠲᠤᠬᠤᠰ)᠂ ᠲᠡᠯᠢᠩ ᠢ᠂ ᠲᠦᠭᠦᠡᠰᠡᠲᠦᠨ ᠪᠢᠴᠢᠭᠲᠦ ᠡᠴᠡ ᠨᠠᠭᠠᠰᠢᠬᠢ ᠣᠢ ᠶᠢᠨ ᠢᠷᠭᠡᠨ ᠢ ᠵᠦᠴᠢ ᠣᠷᠣᠭᠤᠯᠵᠤ᠂ ᠬᠢᠷᠭᠢᠰ ᠦᠨ ᠲᠦᠮᠡᠲᠦ ᠶᠢᠨ᠂ ᠮᠢᠩᠭᠠᠲᠤ ᠶᠢᠨ ᠨᠣᠶᠠᠳ᠂ ᠣᠢ ᠶᠢᠨ ᠢᠷᠭᠡᠨ ᠦ ᠨᠣᠶᠠᠳ ᠢ ᠠᠪᠤᠭᠠᠳ ᠢᠷᠡᠵᠦ᠂ ᠪᠣᠭᠳᠠ ᠴᠢᠩᠭᠢᠰ ᠬᠠᠭᠠᠨ ᠳᠤ ᠴᠠᠭᠠᠨ ᠱᠣᠩᠬᠣᠷ᠂ ᠴᠠᠭᠠᠨ ᠠᠭᠲᠠ᠂ ᠬᠠᠷ᠎ᠠ ᠪᠤᠯᠭ᠎ᠠ ᠋ᠤᠳ ᠢᠶᠠᠷ ᠪᠡᠯᠡᠭᠯᠡᠵᠦ ᠠᠭᠤᠯᠵᠠᠪᠠ ᠣᠶᠢᠷᠠᠳ ᠬᠤᠲᠤᠭ᠎ᠠ ᠪᠡᠬᠢ ᠶᠢ ᠤᠭᠲᠤᠨ᠂ ᠲᠦᠮᠡᠨ ᠣᠶᠢᠷᠠᠳ ᠢᠶᠠᠨ ᠤᠳᠤᠷᠢᠳᠤᠨ ᠢᠷᠡᠪᠡ ᠬᠡᠮᠡᠨ ᠵᠠᠷᠯᠢᠭ ᠰᠣᠶᠣᠷᠬᠠᠵᠤ᠂ ᠬᠦᠪᠡᠭᠦᠨ ᠢᠨᠠᠯᠴᠢᠳ ᠰᠡᠵᠡᠶᠢᠬᠡᠨ ᠢ (ᠦᠬᠢᠨ ᠵᠢᠡᠨ) ᠦᠭᠭᠦᠪᠡ᠃ ᠢᠨᠠᠯᠴᠢ ᠶᠢᠨ ᠠᠬ᠎ᠠ ᠲᠦᠷᠦᠯᠴᠢ ᠋ᠳᠦ ᠵᠦᠴᠢ ᠶᠢᠨ ᠥᠬᠢᠨ ᠬᠠᠯᠤᠶᠢᠬᠠᠨ ᠢ (ᠣᠯᠤᠶᠢᠬᠠᠨ ᠢ) ᠦᠭᠭᠦᠪᠡ᠃ ᠰᠤᠤᠲᠤ ᠪᠣᠭᠳᠠ ᠴᠢᠩᠭᠢᠰ ᠬᠠᠭᠠᠨ ᠵᠦᠴᠢ ᠵᠢ ᠰᠣᠶᠣᠷᠬᠠᠵᠤ ᠦᠭᠦᠯᠡᠭᠰᠡᠨ ᠨᠢ᠄ ᠬᠦᠪᠡᠭᠦᠳ ᠋ᠤᠨ ᠮᠢᠨᠢ ᠠᠬ᠎ᠠ ᠵᠦᠴᠢ ᠴᠢ᠂ ᠭᠡᠷ ᠡᠴᠡ ᠰᠠᠶ᠋ᠢ ᠭᠠᠷᠴᠤ ᠮᠦᠷ ᠰᠠᠶᠢᠲᠠᠢ ᠣᠳᠤᠭᠰᠠᠨ ᠭᠠᠵᠠᠷ ᠢᠶᠠᠨ ᠡᠷ᠎ᠡ᠂ ᠠᠭᠲᠠ ᠶᠢ ᠦᠯᠦ ᠰᠢᠷᠭᠢᠭᠡᠨ (ᠭᠠᠵᠠᠷᠳᠠᠨ)᠂ ᠦᠯᠦ ᠵᠣᠪᠠᠭᠠᠨ᠂ ᠦᠯᠵᠡᠶᠢᠲᠦ ᠣᠢ ᠶᠢᠨ ᠢᠷᠭᠡᠨ ᠢ ᠣᠷᠣᠭᠤᠯᠵᠤ ᠢᠷᠡᠪᠡ ᠴᠢ᠃ ᠡᠳᠡᠭᠡᠷ ᠢᠷᠭᠡᠨ ᠢ ᠴᠢᠮ᠎ᠠ ᠳᠤ ᠦᠭᠰᠦ ᠬᠡᠮᠡᠨ ᠵᠠᠷᠯᠢᠭ ᠪᠣᠯᠪᠠ᠃ ᠪᠣᠭᠳᠠ ᠴᠢᠩᠭᠢᠰ ᠬᠠᠭᠠᠨ ᠰᠡᠵᠡᠶᠢᠬᠡᠨ ᠠᠬᠠᠢ ᠶᠢ ᠣᠶᠢᠷᠠᠳ ᠤᠨ ᠢᠨᠠᠯᠴᠢ ᠋ᠳᠦ ᠦᠭᠴᠦ ᠡᠭᠦᠰᠭᠡᠬᠦᠢ ᠋ᠳᠦ ᠪᠣᠭᠣᠷᠴᠢ ᠨᠣᠶᠠᠨ ᠢ ᠰᠣᠶᠣ ᠬᠡᠮᠡᠪᠡᠰᠦ ᠪᠣᠭᠣᠷᠴᠢ ᠨᠣᠶᠠᠨ ᠰᠣᠶᠣᠭᠰᠠᠨ ᠨᠢ᠄ ᠰᠡᠵᠡᠶᠢᠬᠡᠨ ᠠᠬᠠᠢ ᠰᠣᠨᠣᠰ᠃ ᠬᠠᠭᠠᠨ ᠡᠴᠢᠭᠡ ᠴᠢᠨᠢ ᠴᠢᠮᠠᠢ᠂ ᠥᠬᠢᠨ ᠲᠦᠷᠦᠭᠰᠡᠨ ᠦ ᠲᠤᠯᠠ ᠣᠶᠢᠷᠠᠳ ᠢᠷᠭᠡᠨ ᠢ ᠳᠠᠷᠤᠭᠤᠯᠤᠨ ᠨᠤᠲᠤᠭᠯᠠᠪᠠ᠃ ᠡᠷᠲᠡ ᠪᠣᠰᠴᠤ᠂ ᠣᠷᠣᠢ ᠬᠡᠪᠲᠦ ᠃ ᠦᠪᠡᠷ ᠡᠴᠡ ᠶᠡᠬᠡᠰ ᠬᠠᠳᠠᠮ ᠤᠳ ᠢᠶᠠᠨ ᠡᠭᠦᠷᠢᠳᠡ ᠭᠠᠳᠠᠨ᠎ᠠ ᠪᠦᠦ ᠪᠠᠶᠢᠯᠭ᠎ᠠ ᠃ ᠡᠳᠦᠷ ᠰᠦᠨᠢ ᠨᠢᠭᠡᠨ ᠰᠡᠳᠬᠢᠯ ᠢᠶᠡᠷ ᠬᠠᠲᠠᠭᠤᠵᠢ᠃ ᠠᠮᠠᠨ ᠤ ᠤᠬᠠᠭᠠᠨ ᠪᠢᠯᠢᠭ ᠢᠶᠡᠨ ᠲᠣᠭᠲᠠᠭ᠎ᠠ᠃ ᠠᠯᠠᠨ ᠤ ᠪᠤᠷᠲᠠᠭ ᠢᠶᠠᠨ ᠬᠠᠳᠠᠭᠠᠯᠠᠨ ᠡᠰᠡ ᠰᠤᠷᠠᠭᠰᠠᠨ ᠮᠠᠭᠤ ᠶᠢ ᠡᠨᠳᠡ ᠲᠠᠯᠪᠢᠵᠤ ᠣᠳ᠃ ᠰᠤᠷᠠᠭᠰᠠᠨ ᠰᠠᠶᠢᠨ ᠢ ᠪᠠᠨ ᠠᠪᠤᠭᠠᠳ ᠣᠳ᠃ ᠣᠶᠢᠷᠠᠳ ᠢᠷᠭᠡᠨ ᠢᠶᠡᠨ ᠰᠡᠯᠪᠢᠨ ᠬᠣᠯᠪᠣᠨ ᠰᠣᠶᠣᠷᠬᠠᠭᠲᠤᠨ ᠬᠡᠮᠡᠨ ᠰᠣᠶᠣᠭᠰᠠᠨ ᠠᠵᠤᠭᠤ᠃ ᠪᠠᠰᠠ ᠪᠣᠷᠬᠤᠯ ᠨᠣᠶᠠᠨ ᠢ ᠬᠣᠷᠢ ᠲᠦᠮᠡᠳ ᠢᠷᠭᠡᠨ ᠳᠦ ᠴᠣᠬᠣᠷᠯᠠᠭᠤᠯᠪᠠ (ᠮᠣᠷᠳᠠᠭᠤᠯᠪᠠ)᠃ ᠲᠦᠮᠡᠳ ᠢᠷᠭᠡᠨ ᠦ ᠨᠣᠶᠠᠨ ᠳᠠᠶᠢᠳᠤᠭᠤᠯ ᠰᠠᠬᠤᠷ ᠢ ᠦᠬᠦᠭᠰᠡᠨ ᠦ ᠬᠣᠶᠢᠨ᠎ᠠ ᠡᠮ᠎ᠡ ᠨᠢ ᠪᠣᠲᠤᠬᠠᠢ ᠲᠠᠷᠬᠠᠨ ᠲᠦᠮᠡᠳ ᠢᠷᠭᠡᠨ ᠢ ᠮᠡᠳᠡᠵᠦ ᠠᠵᠤᠭᠤ᠃ ᠪᠣᠷᠬᠤᠯ ᠨᠣᠶᠠᠨ ᠬᠦᠷᠴᠦ᠂ ᠭᠤᠷᠪᠠᠨ ᠠᠷᠠᠨ (ᠬᠦᠮᠦᠨ ᠳᠠᠭᠠᠭᠤᠯᠤᠨ) ᠶᠡᠬᠡ ᠴᠡᠷᠢᠭ ᠦᠨ ᠤᠷᠢᠳᠤ ᠶᠠᠪᠤᠬᠤ ᠪᠠᠷ ᠣᠳᠴᠤ ᠦᠳ ᠵᠢᠯᠢᠳᠦᠨ (ᠦᠳᠡᠰᠢ) ᠤᠬᠠᠮᠰᠠᠷ ᠪᠡᠷᠬᠡ ᠣᠢ ᠳᠤ ᠣᠷᠣᠮᠠᠷ (ᠨᠠᠷᠢᠨ ᠬᠠᠷᠭᠤᠢ ) ᠶᠠᠪᠤᠵᠤ ᠪᠠᠶᠢᠲᠠᠯ᠎ᠠ ᠬᠠᠷᠠᠭᠤᠯ ᠨᠢ ᠬᠣᠷᠢᠭᠠᠳ ᠳᠠᠷᠤᠮᠳᠠᠴᠤ (ᠭᠡᠨᠡᠳᠲᠡ) ᠣᠷᠣᠨ ᠪᠠᠭᠤᠵᠤ ᠪᠣᠷᠬᠤᠯ ᠨᠣᠶᠠᠨ ᠢ ᠪᠠᠷᠢᠵᠤ ᠠᠯᠠᠵᠠᠢ᠃ ᠲᠦᠮᠡᠳ ᠢᠷᠭᠡᠨ ᠪᠣᠷᠬᠤᠯ ᠢ ᠠᠯᠠᠪᠠ ᠬᠡᠮᠡᠨ ᠮᠡᠳᠡᠵᠦ᠂ ᠪᠣᠭᠳᠠ ᠴᠢᠩᠭᠢᠰ ᠬᠠᠭᠠᠨ ᠮᠠᠰᠢ ᠬᠢᠯᠢᠩᠨᠡᠵᠦ᠂ ᠦᠪᠡᠷ ᠵᠢᠡᠨ ᠮᠣᠷᠢᠯᠠᠬᠤ ᠶᠢ ᠲᠤᠭᠤᠷᠪᠢᠪᠠᠰᠤ (ᠵᠠᠪᠳᠤᠪᠠᠰᠤ ) ᠪᠣᠭᠣᠷᠴᠢ᠂ ᠮᠤᠬᠤᠯᠠᠢ ᠬᠣᠶᠠᠷ ᠪᠠᠶᠢᠯᠭᠠᠨ ᠢᠳᠬᠠᠪᠠᠰᠤ ᠵᠢᠴᠢ ᠳᠦᠷᠪᠡᠳ ᠦᠨ ᠳᠦᠷᠪᠡ ᠳᠣᠭᠰᠢᠨ ᠢ ᠢᠯᠡᠭᠡᠭᠰᠡᠨ ᠨᠢ᠄ ᠴᠡᠷᠢᠭ ᠢ ᠬᠠᠲᠠᠭᠤ ᠵᠠᠰᠠᠵᠤ᠂ ᠮᠦᠩᠬᠡ ᠲᠩᠷᠢ ᠶᠢ ᠵᠠᠯᠪᠠᠷᠢᠵᠤ᠂ ᠲᠦᠮᠡᠳ ᠢᠷᠭᠡᠨ ᠢ ᠣᠷᠣᠭᠤᠯᠤᠨ ᠰᠣᠷᠢ ᠬᠡᠮᠡᠨ ᠵᠠᠷᠯᠢᠭ ᠪᠣᠯᠪᠠ᠃ ᠳᠦᠷᠪᠡ᠂ ᠴᠡᠷᠢᠭ ᠢᠶᠡᠨ ᠵᠠᠰᠠᠭᠠᠳ᠂ ᠤᠷᠢᠳᠤ ᠴᠡᠷᠢᠭ ᠋ᠤᠳ ᠶᠠᠪᠤᠬᠤ ᠬᠠᠷᠠᠭᠤᠯ ᠤᠨ ᠰᠠᠭᠤᠬᠤ ᠮᠦᠷ ᠣᠷᠣᠮ ᠰᠤᠪᠠᠭ ᠲᠤ ᠤᠭᠳᠤᠷᠬᠤ ᠢᠪᠡᠭᠡᠯ ᠢᠶᠡᠷ ᠰᠠᠬᠢᠭᠤᠯᠵᠤ᠂ ᠤᠯᠠᠭᠠᠨ ᠪᠤᠬ᠎ᠠ ᠶᠢᠨ ᠶᠠᠪᠤᠭᠰᠠᠨ ᠰᠠᠨᠮᠦᠷ ᠪᠡᠷ ᠴᠡᠷᠢᠭ ᠢᠶᠡᠨ ᠵᠠᠰᠠᠭᠤᠯᠪᠠ (ᠳᠠᠪᠰᠢᠭᠤᠯᠪᠠ)᠃ ᠲᠣᠭᠠᠲᠤ ᠬᠦᠮᠦᠨ ᠵᠦᠷᠭᠡᠨ ᠶᠠᠳᠠᠪᠠᠰᠤ (ᠰᠢᠨᠲᠠᠷᠠᠪᠠᠰᠤ) ᠡᠰᠢᠬᠤᠶ᠎ᠠ (ᠵᠠᠨᠴᠢᠬᠤ ᠶᠢᠨ) ᠲᠤᠯᠠ ᠡᠷ᠎ᠡ ᠲᠤᠲᠤᠮ ᠠᠷᠪᠠᠨ ᠮᠦᠰ (ᠰᠠᠪᠠ ᠪᠠᠨ ) ᠡᠭᠦᠷᠡᠭᠦᠯᠵᠦ ᠂ ᠰᠦᠬᠡ᠂ ᠣᠭᠣᠯᠢ᠂ ᠬᠦᠷ᠎ᠡ᠂ ᠴᠡᠭᠦᠭᠡᠴᠡᠭᠡᠷ ᠵᠡᠷ ᠵᠡᠪᠰᠡᠭ ᠵᠠᠰᠠᠭᠤᠯᠵᠤ᠂ ᠤᠯᠠᠭᠠᠨ ᠪᠤᠬ᠎ᠠ ᠶᠢᠨ ᠶᠠᠪᠤᠭᠰᠠᠨ ᠮᠦᠷ ᠲᠤ ᠪᠠᠶᠢᠭᠰᠠᠨ ᠮᠣᠳᠣ ᠶᠢ ᠣᠭᠲᠣᠯᠤᠨ ᠴᠠᠪᠴᠢᠨ ᠭᠦᠷᠢᠶᠡᠳᠦᠭᠦᠯᠵᠦ ᠮᠦᠷ ᠪᠣᠯᠭᠠᠵᠤ ᠠᠭᠤᠯᠠᠨ ᠳᠡᠭᠡᠷ᠎ᠡ ᠭᠠᠷᠴᠤ᠂ ᠲᠦᠮᠡᠳ ᠢᠷᠭᠡᠨ ᠦ ᠦᠷᠬ (ᠣᠷᠣᠢ) ᠳᠡᠭᠡᠷ᠎ᠡ ᠡᠴᠡ ᠭᠡᠷᠡᠭᠦᠳ ᠳ᠋ᠦ ᠬᠤᠷᠢᠮᠯᠠᠨ ᠰᠠᠭᠤᠬᠤᠢ ᠳᠤ ᠳᠠᠦ᠋ᠯᠤᠪᠠᠢ (ᠳᠣᠪᠲᠣᠯᠤᠨ ᠤᠷᠤᠪᠠ)᠃ ᠤᠷᠢᠳᠤ ᠬᠣᠷᠴᠢ ᠨᠣᠶᠠᠨ᠂ ᠬᠤᠲᠤᠭ᠎ᠠ ᠪᠡᠬᠢ ᠬᠣᠶᠠᠷ ᠲᠦᠮᠡᠳ ᠲᠦ ᠪᠠᠷᠢᠭᠳᠠᠵᠤ ᠪᠣᠲᠤᠬᠠᠢ ᠲᠠᠷᠠᠬᠤᠨ ᠳᠤ ᠠᠵᠤᠭᠤ᠃ ᠬᠣᠷᠴᠢ ᠶᠢᠨ ᠪᠠᠷᠢᠭᠳᠠᠭᠰᠠᠨ ᠶᠣᠰᠣᠨ ᠨᠢ᠄ ᠲᠦᠮᠡᠳ ᠢᠷᠭᠡᠨ ᠦ ᠥᠬᠢᠨ᠂ ᠬᠡᠭᠦᠬᠡᠨ ᠭᠤᠴᠢᠨ ᠡᠮ᠎ᠡ ᠠᠪᠲᠤᠭᠠᠢ ᠬᠡᠮᠡᠨ ᠵᠠᠷᠯᠢᠭ ᠪᠣᠯᠤᠭᠰᠠᠨ ᠳᠤ ᠲᠦᠮᠡᠳ ᠢᠷᠭᠡᠨ ᠡᠴᠡ ᠥᠬᠢᠨ ᠠᠪᠬᠤ ᠬᠡᠮᠡᠨ ᠣᠴᠢᠲᠠᠯ᠎ᠠ᠂ ᠤᠷᠢᠳᠤ ᠡᠶᠡᠯᠳᠡᠭᠰᠡᠨ (ᠳᠠᠭᠠᠭᠰᠠᠨ) ᠢᠷᠭᠡᠨ ᠵᠢᠴᠢ ᠪᠤᠯᠬ᠎ᠠ (ᠳᠠᠶᠢᠰᠤᠨ) ᠪᠣᠯᠵᠤ ᠬᠣᠷᠴᠢ ᠨᠣᠶᠠᠨ ᠢ ᠪᠠᠷᠢᠵᠠᠢ᠃ ᠬᠣᠷᠴᠢ ᠲᠦᠮᠡᠳ ᠲᠦ ᠪᠠᠷᠢᠭᠳᠠᠵᠠᠢ ᠬᠡᠮᠡᠨ ᠪᠣᠭᠳᠠ ᠴᠢᠩᠭᠢᠰ ᠬᠠᠭᠠᠨ ᠮᠡᠳᠡᠵᠦ᠂ ᠣᠢ ᠶᠢᠨ ᠢᠷᠭᠡᠨ ᠦ ᠶᠠᠪᠤᠳᠠᠯ ᠬᠤᠲᠤᠭ᠎ᠠ ᠮᠡᠳᠡᠵᠦ ᠵᠠ ᠬᠡᠮᠡᠵᠦ ᠢᠯᠡᠭᠡᠪᠡᠰᠦ ᠬᠤᠲᠤᠭ᠎ᠠ ᠪᠡᠬᠢ ᠪᠠᠰᠠ ᠪᠠᠷᠢᠭᠳᠠᠵᠠᠢ᠃ ᠲᠦᠮᠡᠳ ᠢᠷᠭᠡᠨ ᠢ ᠣᠷᠣᠭᠤᠯᠤᠨ ᠪᠠᠷ᠎ᠠ ᠳᠤ᠂ ᠪᠣᠷᠬᠤᠯ ᠤᠨ ᠶᠠᠰᠤᠨ ᠤ ᠲᠤᠯᠠ ᠵᠠᠭᠤᠨ ᠲᠦᠮᠡᠳᠡᠢ ᠶᠢ ᠦᠭᠭᠦᠪᠡ᠃ ᠬᠣᠷᠴᠢ ᠳᠤ ᠭᠤᠴᠢᠨ ᠥᠬᠢᠨ ᠦᠭᠭᠦᠪᠡ᠃ ᠬᠤᠲᠤᠭ᠎ᠠ ᠪᠡᠬᠢ ᠳᠦ ᠪᠣᠲᠤᠬᠠᠢ ᠲᠠᠷᠠᠬᠤᠨ ᠢ ᠦᠭᠭᠦᠪᠡ᠃ ᠪᠠᠰᠠ ᠡᠩ ᠢᠦᠳ᠋ᠢ ᠶᠢᠨ ᠤᠷᠠᠨ ᠬᠢᠩᠢᠦᠢ ᠭᠤᠴᠢᠨ ᠨᠢᠭᠡᠨ ᠣᠲᠣᠭ ᠢ ᠠᠪᠴᠤ ᠤᠨᠠᠬᠤ ᠨᠠᠷᠠᠨ ᠤ ᠬᠣᠶᠢᠭᠤᠷ ᠬᠠᠷᠢ ᠪᠣᠯᠤᠮ᠎ᠠ ᠭᠡᠵᠦ ᠡᠴᠢᠪᠡ᠃ ᠡᠵᠡᠨ᠂ ᠬᠠᠰᠠᠷ ᠬᠣᠶᠠᠷ ᠨᠡᠬᠡᠵᠦ ᠭᠦᠢᠴᠡᠪᠡ᠃ ᠲᠡᠭᠡᠬᠦ ᠳᠦ ᠡᠵᠡᠨ ᠦ ᠰᠠᠶᠢᠨ ᠰᠠᠮᠤᠵᠢᠨ ᠢ ᠬᠠᠰᠠᠷ ᠤᠨᠠᠵᠤ᠂ ᠬᠦᠪᠡᠭᠦᠨ ᠲᠣᠭᠲᠤᠩᠭ᠎ᠠ ᠪᠠᠭᠠᠲᠤᠷ ᠢ ᠤᠳᠤᠷᠢᠳᠤᠨ ᠬᠣᠰᠢᠭᠤᠴᠢᠯᠠᠵᠤ᠂ ᠰᠠᠮᠤᠵᠢᠨ ᠢ ᠴᠢᠰᠤᠨ ᠵᠡᠭᠡᠷᠳᠡ ᠪᠣᠯᠲᠠᠯ᠎ᠠ ᠤᠷᠤᠯᠳᠤᠵᠤ (ᠪᠠᠶᠢᠯᠳᠤᠵᠤ)
ᠳᠠᠷᠤᠭᠠᠳ ᠠᠪᠴᠤ ᠢᠷᠡᠪᠡ᠃ ᠬᠠᠰᠠᠷ᠂ ᠪᠤᠮᠪᠤᠯᠤᠩ ᠨᠡᠷᠡᠲᠦ ᠡᠮ ᠢ ᠱᠠᠩ ᠠᠪᠤᠪᠠ᠃ ᠲᠡᠭᠦᠨ ᠋ᠨᠤ ᠬᠣᠶᠢᠨ᠎ᠠ ᠤᠷᠠᠨ ᠬᠢᠩ ᠦᠭᠡᠢ᠂ ᠬᠤᠪᠢᠯᠭᠠᠨ ᠰᠡᠴᠡᠨ ᠬᠠᠭᠠᠨ ᠳᠤ ᠰᠢᠯᠢ ᠰᠤᠪᠤᠷᠭ᠎ᠠ ᠬᠦᠷᠭᠡᠭᠰᠡᠨ ᠳᠦ ᠠᠯ ᠠᠯᠲᠠᠨ ᠨᠡᠷᠡᠲᠦ ᠦᠬᠢᠨ ᠵᠢᠡᠨ ᠦᠭᠭᠦᠪᠡ᠃ ᠠᠯᠲᠠᠨ ᠭᠤᠷᠭᠤᠤᠯᠳᠠᠢ ᠨᠡᠷᠡᠲᠦ ᠦᠬᠢᠨ ᠵᠢᠡᠨ ᠰᠣᠯᠣᠩᠭᠣᠳ ᠤᠨ ᠨᠠᠷᠢᠨ ᠬᠠᠭᠠᠨ ᠳᠤ ᠦᠭᠭᠦᠪᠡ ᠭᠡᠬᠦ᠃ ᠪᠣᠭᠳᠠ ᠡᠵᠡᠨ ᠦ ᠲᠦᠷᠪᠡᠨ ᠲᠡᠭᠦᠦ ᠨᠢ ᠬᠠᠰᠠᠷ᠂ ᠪᠡᠯᠡᠭᠦᠲᠡᠢ᠂ ᠣᠴᠢᠬᠤ᠂ ᠬᠠᠴᠢᠬᠤ ᠪᠤᠶᠤ᠃ ᠪᠦᠷᠳᠦᠭᠦᠯᠵᠢᠨ ᠭᠣᠸ᠎ᠠ ᠬᠠᠲᠤᠨ ᠠᠴᠠ ᠵᠦᠴᠢ᠂ ᠴᠠᠭᠠᠳᠠᠢ᠂ ᠦᠭᠥᠳᠡᠢ᠂ ᠲᠤᠯᠤᠢ᠂ ᠬᠡᠮᠡᠬᠦ ᠲᠦᠷᠪᠡᠨ ᠬᠦᠪᠡᠭᠦᠨ ᠪᠤᠶᠤ᠃ ᠪᠠᠰᠠ ᠠᠯᠢᠬ᠎ᠠ ᠪᠡᠬᠢ᠂ ᠢᠤᠯᠲᠤᠩ (ᠠᠯᠤᠯᠲᠤᠩ) ᠪᠡᠬᠢ᠂ ᠰᠡᠵᠡᠶᠢᠬᠡᠨ ᠬᠡᠮᠡᠬᠦ ᠭᠤᠷᠪᠠᠨ ᠭᠦᠩᠵᠦ ᠪᠦᠯᠦᠭᠡ᠃ ᠬᠤᠯᠠᠨ ᠬᠠᠲᠤᠨ ᠠᠴᠠ ᠭᠦᠯᠦᠭᠡ ᠭᠦᠩᠵᠦ᠂ ᠶᠢᠰᠦᠢ ᠬᠠᠲᠤᠨ ᠠᠴᠠ ᠶᠦᠴᠢᠪᠠᠢ ᠭᠦᠩᠵᠦ ᠪᠤᠶᠤ᠃ ᠶᠢᠰᠦᠭᠡᠨ ᠬᠠᠲᠤᠨ ᠠᠴᠠ ᠬᠠᠷᠠᠴᠠᠷ᠂ ᠬᠠᠷᠬᠠᠳᠤ᠂ ᠴᠢᠭᠤᠷ ᠡᠳᠡ ᠭᠤᠷᠪᠠ ᠪᠦᠯᠦᠭᠡ᠃
ᠰᠤᠤᠲᠤ ᠪᠣᠭᠳᠠ ᠴᠢᠩᠭᠢᠰ ᠬᠠᠭᠠᠨ ᠵᠠᠷᠯᠢᠭ ᠪᠣᠯᠵᠤ᠂ ᠡᠬᠡ᠂ ᠬᠦᠪᠡᠭᠦᠳ᠂ ᠳᠡᠭᠦᠦ ᠨᠠᠷ ᠲᠤ ᠪᠠᠨ ᠢᠷᠡᠭᠰᠡᠨ ᠤᠯᠤᠰ ᠢ ᠦᠮᠴᠢ ᠦᠭᠭᠦᠶ᠎ᠡ ᠬᠡᠮᠡᠨ ᠦᠭᠭᠦᠭᠰᠡᠨ ᠨᠢ᠄ ᠤᠯᠤᠰ ᠬᠤᠷᠢᠶᠠᠨ ᠶᠠᠪᠤᠭᠰᠠᠨ ᠡᠬᠡ ᠮᠢᠨᠢ ᠪᠤᠢ᠎ᠠ᠃ ᠬᠦᠪᠡᠭᠦᠳ ᠋ᠤᠨ ᠮᠠᠨᠢ ᠠᠬ᠎ᠠ ᠵᠦᠴᠢ ᠪᠤᠢ᠎ᠠ᠃ ᠳᠡᠭᠦᠦ ᠨᠠᠷ ᠤᠨ ᠮᠠᠨᠢ ᠨᠢᠯᠬ᠎ᠠ ᠣᠲᠴᠢᠭᠢᠨ ᠪᠤᠢ᠎ᠠ ᠬᠡᠮᠡᠨ᠂ ᠡᠬᠡ ᠳᠦ ᠪᠡᠨ ᠣᠲᠴᠢᠭᠢᠨ ᠤ ᠬᠤᠪᠢ ᠯᠤᠭ᠎ᠠ ᠲᠦᠮᠡᠨ ᠢᠷᠭᠡᠨ ᠢ ᠡᠬᠡ ᠣᠳᠬᠠᠨ ᠳᠡᠭᠦᠦ ᠬᠣᠶᠠᠷ ᠲᠤ ᠦᠭᠭᠦᠪᠡ᠃ ᠡᠬᠡ ᠴᠢᠮᠠᠯᠠᠨ ᠡᠰᠡ ᠳᠣᠩᠭᠣᠳᠪᠠ᠃ ᠵᠦᠴᠢ ᠳᠦ ᠶᠢᠰᠦᠨ ᠮᠢᠩᠭᠠᠨ ᠢᠷᠭᠡᠨ ᠦᠭᠭᠦᠪᠡ᠃ ᠴᠠᠭᠠᠳᠠᠢ ᠳᠤ ᠨᠠᠶᠢᠮᠠᠨ ᠮᠢᠩᠭᠠᠨ ᠢᠷᠭᠡᠨ ᠦᠭᠭᠦᠪᠡ ᠃ ᠦᠭᠥᠳᠡᠢ ᠳᠦ ᠲᠠᠪᠤᠨ ᠮᠢᠩᠭᠠᠨ ᠢᠷᠭᠡᠨ ᠦᠭᠭᠦᠪᠡ᠃ ᠲᠤᠯᠤᠢ ᠳᠤ ᠲᠠᠪᠤᠨ ᠮᠢᠩᠭᠠᠨ ᠢᠷᠭᠡᠨ ᠦᠭᠭᠦᠪᠡ᠃ ᠬᠠᠰᠠᠷ ᠲᠤ ᠲᠦᠷᠪᠡᠨ ᠮᠢᠩᠭᠠᠨ ᠢᠷᠭᠡᠨ ᠦᠭᠭᠦᠪᠡ᠃ ᠠᠯᠴᠢᠳᠠᠢ ᠳᠤ ᠬᠣᠶᠠᠷ ᠮᠢᠩᠭᠠᠨ ᠢᠷᠭᠡᠨ ᠦᠭᠭᠦᠪᠡ᠃ ᠪᠡᠯᠡᠭᠦᠲᠡᠢ ᠳᠦ ᠨᠢᠭᠡᠨ ᠮᠢᠩᠭ᠎ᠠ ᠲᠠᠪᠤᠨ ᠵᠠᠭᠤᠨ ᠢᠷᠭᠡᠨ ᠦᠭᠭᠦᠪᠡ᠃ ᠳᠠᠷᠢᠳᠠᠢ ᠶᠢ ᠬᠡᠷᠡᠶᠢᠳ ᠯᠤᠭᠡ ᠪᠣᠯᠤᠯᠴᠠᠪᠠ (ᠨᠡᠶᠢᠯᠡᠵᠦ ᠶᠠᠪᠤᠭᠰᠠᠨ) ᠬᠡᠮᠡᠨ ᠨᠢᠳᠦᠨ ᠦ ᠡᠴᠢᠨ᠎ᠡ ᠵᠦᠲᠡᠭᠡᠶ᠎ᠡ (ᠳᠠᠯᠳᠠ ᠪᠣᠯᠭᠠᠶ᠎ᠠ) ᠬᠡᠮᠡᠪᠡᠰᠦ ᠪᠣᠭᠣᠷᠴᠢ ᠮᠤᠬᠤᠯᠠᠢ᠂ ᠰᠢᠭᠢᠬᠤᠲᠤᠭ ᠭᠤᠷᠪᠠᠭᠤᠯᠠ ᠳᠤᠷᠠᠳᠬᠠᠭᠰᠠᠨ ᠨᠢ᠄ ᠭᠠᠯ ᠢᠶᠠᠨ ᠰᠦᠨᠦᠭᠡᠬᠦ ᠮᠡᠲᠦ᠂ ᠦᠪᠡᠷ ᠤᠨ ᠭᠡᠷ᠎ ᠵᠢᠡᠨ ᠡᠪᠳᠦᠬᠦ ᠮᠡᠲᠦ᠂ ᠰᠠᠶᠢᠨ ᠡᠴᠢᠭᠡ ᠶᠢᠨ ᠴᠢᠨᠢ ᠭᠡᠷᠢᠶᠡᠰᠦ (ᠪᠣᠯᠵᠤ ᠦᠯᠳᠦᠭᠰᠡᠨ) ᠠᠪᠠᠭ᠎ᠠ ᠴᠢᠨᠢ ᠬᠤᠴᠤᠷᠠᠵᠤ ᠠᠮᠤ᠃ ᠬᠡᠷ ᠲᠡᠪᠴᠢᠬᠦ (ᠲᠡᠭᠦᠨ ᠢ ᠤᠰᠠᠳᠬᠠᠵᠤ ᠶᠠᠵᠠᠭᠠᠬᠢᠵᠤ ᠪᠣᠯᠤᠨ᠎ᠠ)᠃ ᠡᠰᠡ ᠤᠬᠤᠭᠰᠠᠨ ᠳᠤ ᠪᠦᠲᠦᠭᠡᠢ (ᠠᠭᠤᠴᠢᠯᠠᠲᠤᠭᠠᠢ)᠃ ᠰᠠᠶᠢᠨ ᠡᠴᠢᠭᠡ ᠶᠢᠨ ᠴᠢᠨᠢ ᠨᠢᠯᠬ᠎ᠠ ᠨᠤᠲᠤᠭᠡᠢ ᠨᠢ ᠪᠤᠲᠠᠷᠠᠭᠤᠯᠴᠢᠬ᠎ᠠ ᠠᠲᠤᠭᠠᠢ ᠬᠡᠮᠡᠨ ᠬᠠᠮᠠᠷ ᠠᠴᠠ ᠦᠨᠦᠷ ᠰᠡᠩᠭᠢᠲᠡᠯ᠎ᠡ ᠬᠠᠭᠠᠨ ᠬᠡᠯᠡᠭᠳᠡᠵᠡᠢ᠃ ᠳᠠᠯᠠᠢ ᠬᠡᠮᠡᠬᠦ ᠰᠠᠶᠢᠨ ᠡᠴᠢᠭᠡ ᠶᠢ ᠰᠡᠳᠬᠢᠵᠦ᠂ ᠪᠣᠭᠣᠷᠴᠢ᠂ ᠮᠤᠬᠤᠯᠠᠢ᠂ ᠰᠢᠭᠢᠬᠤᠲᠤᠭ ᠡᠳᠡ ᠭᠤᠷᠪᠠ ᠶᠢᠨ ᠬᠡᠯᠡᠨ ᠳᠦ (ᠦᠭᠡᠨ ᠳᠦ ᠣᠷᠣᠵᠤ) ᠠᠮᠤᠷᠯᠢᠪᠠ ᠵᠠ᠃ ᠡᠬᠡ ᠳᠦ ᠪᠡᠨ᠂ ᠣᠲᠴᠢᠭᠢᠨ ᠳᠤ ᠲᠦᠮᠡᠨ ᠢᠷᠭᠡᠨ ᠦᠭᠴᠡᠢ᠂ ᠨᠣᠶᠠᠳ ᠠᠴᠠ ᠬᠦᠴᠤᠦ᠂ ᠬᠦᠬᠡᠴᠦ᠂ ᠵᠤᠩᠬᠤᠷ᠂ ᠬᠤᠷᠬᠠᠰ ᠲᠤ ᠳᠦᠷᠪᠡ ᠵᠢ ᠲᠦᠰᠢᠪᠡ (ᠦᠭᠭᠦᠪᠡ)᠃ ᠵᠦᠴᠢ ᠳᠦ᠂ ᠬᠤᠨᠠᠨ᠂ ᠮᠦᠩᠬᠦᠷ᠂ ᠬᠡᠲᠡ ᠭᠤᠷᠪᠠ ᠶᠢ ᠲᠦᠰᠢᠪᠡ᠃ ᠴᠠᠭᠠᠳᠠᠢ ᠳᠤ ᠬᠠᠷᠠᠴᠠᠷ᠂ ᠮᠦᠨᠢᠶᠡ᠂ ᠢᠨᠳᠤᠬᠠᠳᠠᠢ ᠭᠤᠷᠪᠠ ᠶᠢ ᠲᠦᠰᠢᠪᠡ᠃ ᠪᠠᠰᠠ ᠵᠠᠷᠯᠢᠭ ᠪᠣᠯᠤᠭᠰᠠᠨ ᠨᠢ᠄ ᠴᠠᠭᠠᠳᠠᠢ ᠬᠡᠴᠡᠭᠦᠦ ᠪᠤᠶᠤ᠂ ᠬᠦᠬᠡᠴᠦᠰ ᠦᠳ ᠮᠠᠨᠠᠭᠠᠷ (ᠦᠷᠯᠦᠭᠡ ᠦᠳᠡᠰᠢ) ᠳᠡᠷᠭᠡᠳᠡ (ᠨᠢ) ᠠᠵᠤ (ᠪᠠᠶᠢᠵᠤ)᠂ ᠰᠡᠳᠬᠢᠭᠰᠡᠨ ᠢᠶᠡᠨ ᠬᠡᠯᠡᠨ ᠠᠲᠤᠭᠠᠢ ᠬᠡᠮᠡᠨ ᠵᠠᠷᠯᠢᠭ ᠪᠣᠯᠪᠠ ᠃ ᠦᠭᠥᠳᠡᠢ ᠳᠦ ᠢᠯᠤᠭᠠᠢ᠂ ᠲᠡᠭᠡᠢ ᠬᠣᠶᠠᠷ ᠢ ᠲᠦᠰᠢᠭᠦᠯᠡᠪᠡ᠃ ᠲᠤᠯᠤᠢ ᠳᠤ ᠵᠢᠳᠠᠢ᠂ ᠪᠠᠯ ᠬᠣᠶᠠᠷ ᠢ ᠲᠦᠰᠢᠭᠦᠯᠡᠪᠡ᠃ ᠬᠠᠰᠠᠷ ᠲᠤ ᠵᠢᠪᠭᠡ ᠢ ᠲᠦᠰᠢᠭᠦᠯᠡᠪᠡ᠃ ᠠᠯᠴᠢᠳᠠᠢ ᠳᠤ ᠴᠠᠭᠤᠷᠬᠠᠢ ᠶᠢ ᠲᠦᠰᠢᠭᠦᠯᠡᠪᠡ᠃ ᠰᠤᠤᠲᠤ ᠪᠣᠭᠳᠠ ᠴᠢᠩᠭᠢᠰ ᠬᠠᠭᠠᠨ ᠳᠦᠷᠪᠡᠨ ᠬᠦᠪᠡᠭᠦᠳ ᠳᠦ ᠰᠣᠶᠣᠨ ᠵᠠᠷᠯᠢᠭ ᠪᠣᠯᠤᠭᠰᠠᠨ ᠨᠢ᠄

ᠦᠨᠳᠦᠷ ᠠᠭᠤᠯᠠ ᠵᠢᠨ ᠬᠦᠳᠦᠯ ᠵᠣᠷᠢ
ᠦᠷᠭᠡᠨ ᠳᠠᠯᠠᠢ ᠶᠢᠨ ᠣᠯᠣᠮ ᠵᠣᠷᠢ
ᠬᠣᠯᠠ ᠬᠡᠮᠡᠨ ᠪᠦᠦ ᠴᠦᠬᠦ
ᠶᠠᠪᠤᠪᠠᠰᠤ ᠬᠦᠷᠢᠶᠤ᠃
ᠬᠦᠨᠳᠦ ᠬᠡᠮᠡᠨ ᠪᠦᠦ ᠴᠦᠬᠦ
ᠡᠷᠭᠦᠪᠡᠰᠦ ᠳᠠᠭᠠᠭᠠᠭᠳᠠᠶᠤ᠃
ᠮᠢᠬ᠎ᠠ ᠢᠳᠡᠬᠦ ᠰᠢᠳᠦ ᠠᠮᠠᠨ ᠳᠤ ᠠᠵᠤ᠂
ᠬᠦᠮᠦᠨ ᠢᠳᠡᠬᠦ ᠰᠢᠳᠦ ᠰᠡᠳᠬᠢᠯ ᠳᠦ ᠠᠵᠤ᠂
ᠪᠡᠶ᠎ᠡ ᠪᠦᠬᠡ ᠪᠦᠭᠡᠰᠦ ᠭᠠᠭᠴᠠ ᠶᠢ ᠢᠯᠠᠶᠤ᠂
ᠰᠡᠳᠬᠢᠯ ᠪᠦᠬᠡ ᠪᠦᠭᠡᠰᠦ ᠣᠯᠠᠨ ᠢ ᠢᠯᠠᠶᠤ
ᠬᠡᠮᠡᠬᠦ ᠵᠠᠷᠯᠢᠭ ᠪᠣᠯᠤᠭᠰᠠᠨ ᠠᠵᠤᠭᠤ᠃ ᠰᠤᠤᠲᠤ ᠪᠣᠭᠳᠠ ᠴᠢᠩᠭᠢᠰ ᠬᠠᠭᠠᠨ ᠳᠦᠷᠪᠡᠨ ᠬᠦᠪᠡᠭᠦᠳ ᠳᠦ ᠰᠣᠶᠣᠨ ᠵᠠᠷᠯᠢᠭ ᠪᠣᠯᠤᠭᠰᠠᠨ ᠨᠢ᠄

ᠭᠤᠷᠪᠠᠨ ᠮᠡᠷᠬᠢᠳ ᠲᠦ ᠠᠬᠤᠯᠳᠠᠵᠤ (ᠬᠦᠭᠡᠭᠲᠡᠵᠦ)
ᠪᠤᠷᠬᠠᠨ ᠬᠠᠯᠳᠤᠨ ᠳᠡᠭᠡᠷ᠎ᠡ ᠪᠤᠷᠤᠭᠤᠯᠠᠨ ᠭᠠᠷᠴᠤ
ᠡᠮᠦᠨ᠎ᠡ ᠡᠴᠡ ᠵᠦᠲᠡᠭᠡᠭᠦᠯᠵᠢ
ᠬᠣᠶᠢᠨ᠎ᠠ ᠠᠴᠠ ᠪᠠᠨ ᠬᠣᠴᠠᠭᠤᠯᠵᠤ (ᠨᠡᠬᠡᠬᠦᠯᠵᠦ)
ᠠᠷᠤ ᠪᠠᠷ᠎ᠠ ᠪᠣᠯᠤᠭᠰᠠᠨ ᠳᠤ (ᠠᠷᠠᠢ ᠪᠠᠷᠢᠭᠳᠠᠭ᠎ᠠ ᠶᠢᠦᠢᠳ)
ᠮᠦᠩᠬᠡ ᠲᠩᠷᠢ ᠳᠦ ᠢᠪᠡᠭᠡᠭᠳᠡᠵᠦ
ᠡᠭᠦᠳᠡᠨ ᠵᠣᠯᠠ ᠪᠠᠨ ᠨᠡᠬᠡᠵᠦ᠂
ᠡᠳᠡ ᠢᠷᠭᠡᠨ ᠢ ᠴᠤᠭᠯᠠᠭᠤᠯᠵᠤ᠂
ᠲᠠ ᠪᠡᠷ᠎ᠡ ᠤᠷᠲᠤ ᠴᠤᠯᠪᠤᠭᠤᠷ ᠳᠠᠬᠢ ᠪᠠᠷᠢᠬᠤᠶ᠎ᠠ
(ᠤᠷᠲᠤ ᠵᠢᠯᠣᠭᠣ ᠶᠢ ᠮᠢᠨᠢ ᠲᠠ ᠨᠠᠷ ᠪᠠᠷᠢᠵᠤ)
ᠠᠪᠠᠬᠠᠢ ᠡᠭᠦᠳᠡ ᠶᠢ ᠨᠡᠭᠡᠬᠦᠶ᠎ᠡ (ᠨᠡᠭᠡᠬᠦ ᠋ᠳᠦ)
(ᠡᠭᠦᠳᠡ ᠬᠠᠭᠠᠯᠭ᠎ᠠ ᠶᠢ ᠮᠢᠨᠢ ᠲᠠ ᠨᠠᠷ ᠨᠡᠭᠡᠵᠦ)
ᠨᠢᠭᠡᠨ ᠬᠣᠶᠠᠷ ᠬᠦᠮᠦᠨ ᠲᠡᠢ ᠪᠣᠯᠭᠠᠵᠤ
ᠬᠠᠮᠤᠭ ᠤᠨ ᠬᠠᠭᠠᠨ
ᠤᠯᠤᠰ ᠤᠨ ᠡᠵᠡᠨ ᠪᠣᠯᠪᠠᠢ ᠵᠠ (ᠪᠣᠯᠭᠠᠪᠠ)᠂
ᠪᠢ ᠮᠠᠨᠠᠭᠠᠷ ᠤᠨ ᠬᠣᠶᠢᠨ᠎ᠠ
(ᠬᠣᠵᠢᠮ ᠬᠣᠶᠢᠨ᠎ᠠ)
ᠲᠠ ᠤᠷᠤᠭ ᠤᠳ ᠮᠢᠨᠢ
ᠬᠠᠯᠲᠤᠷᠢᠵᠤ ᠣᠯᠤᠭᠰᠠᠨ
ᠬᠠᠭᠠᠨ ᠨᠡᠷ᠎ᠡ ᠶᠢ ᠮᠢᠨᠢ
ᠬᠠᠶᠢᠷᠠᠯᠠᠨ ᠰᠠᠬᠢᠭᠲᠤᠨ!
ᠲᠣᠭᠣᠷᠢᠵᠤ ᠣᠯᠤᠭᠰᠠᠨ
ᠲᠦᠭᠡᠷᠦᠭᠡᠢ ᠲᠦᠷᠦ ᠵᠢ ᠮᠢᠨᠢ
(ᠲᠦᠷᠦ ᠤᠯᠤᠰ ᠢ ᠮᠢᠨᠢ)
ᠲᠦᠪᠰᠢᠨ ᠪᠡᠬᠢᠯᠡᠭᠲᠦᠨ !

ᠬᠡᠮᠡᠨ ᠵᠠᠷᠯᠢᠭ ᠪᠣᠯᠤᠭᠰᠠᠨ ᠠᠵᠤᠭᠤ᠃
ᠰᠤᠤᠲᠤ ᠪᠣᠭᠳᠠ ᠴᠢᠩᠭᠢᠰ ᠬᠠᠭᠠᠨ ᠳᠦᠷᠪᠡᠨ ᠬᠦᠪᠡᠭᠦᠳ ᠵᠢᠡᠨ ᠰᠣᠶᠣᠨ ᠵᠠᠷᠯᠢᠭ ᠪᠣᠯᠤᠭᠰᠠᠨ ᠨᠢ᠄


ᠤᠷᠭᠤᠬᠤᠢ ᠠᠴᠠ ᠰᠢᠩᠭᠡᠬᠦᠢ ᠋ᠳᠦ ᠬᠦᠷᠲᠡᠯ᠎ᠡ
ᠤᠯᠤᠰ ᠢᠷᠭᠡᠨ ᠢ ᠬᠤᠷᠢᠶᠠᠵᠤ ᠶᠠᠪᠤᠵᠤ
ᠡᠩ ᠣᠯᠠᠨ᠂ ᠪᠦᠰᠡ ᠡᠯᠢᠭᠡᠲᠡᠨ ᠦ
ᠡᠯᠢᠭᠡ ᠶᠢ ᠨᠢᠭᠡᠳᠬᠡᠪᠡ ᠵᠠ ᠪᠢ᠃
ᠲᠤᠩ᠂ ᠪᠤᠰᠤ ᠲᠣᠯᠣᠭᠠᠶᠢᠲᠤ ᠶᠢᠨ
ᠲᠣᠯᠣᠭᠠᠢ ᠶᠢ ᠨᠢᠭᠡᠨ ᠪᠣᠯᠭᠠᠪᠠ ᠵᠠ ᠪᠢ᠃
ᠰᠡᠳᠬᠢᠯ ᠮᠠᠭᠤᠳᠤᠨ ᠤᠶᠢᠳᠬᠤ ᠲᠡᠳᠡ
ᠣᠢ ᠮᠠᠭᠤᠳᠤᠨ ᠴᠢᠯᠡᠬᠦ ᠲᠡᠳᠡ
ᠤᠷᠤᠭ ᠤᠳ ᠮᠢᠨᠢ ᠲᠠ
ᠣᠢ ᠳᠤ ᠪᠠᠨ ᠦᠯᠦ ᠤᠶᠢᠳᠤᠨ
ᠰᠡᠳᠬᠢᠯ ᠳᠦ ᠪᠡᠨ ᠦᠯᠦ ᠴᠢᠯᠡᠨ ᠬᠠᠲᠠᠭᠤᠵᠢᠭᠲᠤᠨ

ᠬᠡᠮᠡᠭᠰᠡᠨ ᠠᠵᠤᠭᠤ᠃ ᠪᠠᠰᠠ ᠳᠡᠭᠦᠦ ᠨᠠᠷ᠂ ᠬᠦᠪᠡᠭᠦᠳ ᠳᠦ ᠪᠠᠨ ᠰᠣᠶᠣᠨ ᠵᠠᠷᠯᠢᠭ ᠪᠣᠯᠤᠭᠰᠠᠨ ᠨᠢ᠄ ᠤᠷᠭᠤᠬᠤᠢ ᠠᠴᠠ ᠰᠢᠩᠭᠡᠬᠦᠢ ᠋ᠳᠦ ᠬᠦᠷᠲᠡᠯ᠎ᠡ᠂ ᠲᠩᠷᠢ ᠳᠦ ᠳᠡᠯᠡᠬᠡᠢ ᠲᠦᠭᠦᠰ ᠰᠣᠶᠣᠷᠬᠠᠭᠳᠠᠭᠰᠠᠨ ᠪᠦᠭᠡᠳᠡᠯ᠎ᠡ᠂ ᠲᠦᠷᠦ ᠵᠢ ᠲᠡᠳᠬᠦᠭᠡᠯᠡᠬᠦ ᠳᠡᠭᠦᠦ ᠨᠠᠷ᠂ ᠬᠦᠪᠡᠭᠦᠳ ᠲᠦᠷᠦᠯᠳᠦᠵᠦ (ᠲᠦᠷᠦᠵᠦ) ᠤᠯᠤᠰ ᠵᠠᠰᠠᠯᠳᠠᠬᠤ ᠦᠲᠡᠭᠦᠰ ᠪᠤᠬᠤᠨ ᠦᠭᠳᠡᠵᠦ (ᠨᠡᠮᠡᠭᠳᠡᠵᠦ)᠂ ᠬᠠᠮᠤᠭ ᠲᠦᠷᠦ ᠵᠢᠨ ᠬᠠᠭᠠᠳ ᠠᠴᠠ᠂ ᠣᠯᠠᠨ ᠤᠯᠤᠰ ᠤᠨ ᠠᠷᠭᠠᠮᠵᠢ ᠪᠣᠯᠪᠠ ᠵᠠ᠃ ᠪᠢ ᠬᠠᠭᠠᠳ ᠠᠴᠠ ᠪᠣᠯᠵᠤ ᠲᠦᠷᠦ ᠵᠢ ᠪᠡᠬᠢᠯᠡᠨ
ᠰᠠᠬᠢᠵᠤ᠂ ᠠᠷᠭᠠᠮᠵᠢ ᠪᠣᠯᠵᠤ ᠤᠯᠤᠰ ᠢ ᠪᠠᠷᠢᠨ ᠬᠠᠲᠠᠭᠤᠵᠢᠰᠤ᠃ ᠲᠡᠭᠦᠦ ᠨᠠᠷ᠂ ᠬᠦᠪᠡᠭᠦᠳ ᠮᠢᠨᠢ ᠲᠠ ᠨᠠᠷ᠂ ᠲᠦᠪ ᠢᠵᠠᠭᠤᠷ ᠢ ᠰᠠᠬᠢ᠂ ᠲᠦᠷᠦ ᠵᠢᠨ ᠲᠤᠯᠠ ᠲᠦᠷᠢᠯᠳᠦᠨ (ᠵᠢᠳᠬᠦᠵᠦ) ᠰᠣᠶᠣᠨ ᠬᠠᠲᠠᠭᠤᠵᠢᠭᠲᠤᠨ ᠃ ᠦᠲᠡᠭᠦᠰ ᠨᠤᠭᠤ ᠨᠤᠭᠤᠳ ᠮᠢᠨᠢ ᠲᠠ ᠨᠠᠷ᠂ ᠦᠪᠡᠷ ᠢ ᠪᠠᠨ ᠦᠯᠦ ᠰᠠᠨᠠᠨ (ᠦᠪᠡᠷ ᠤᠨ ᠲᠤᠰᠠ ᠶᠢ ᠪᠣᠳᠣᠯᠭᠦᠢ)᠂ ᠤᠯᠤᠰ ᠤᠨ ᠲᠤᠯᠠ ᠦᠭᠦᠯᠡᠨ ᠳᠤᠷᠳᠤᠬᠠᠨ ᠠᠬᠤᠨ (ᠦᠭᠦᠯᠡᠵᠦ ᠵᠦᠪᠯᠡᠵᠦ ᠪᠠᠶᠢᠬᠤᠭᠲᠤᠨ)᠃ ᠡᠷᠳᠡᠮᠲᠦ ᠪᠢᠯᠢᠭᠲᠦ ᠬᠦᠮᠦᠨ ᠢ ᠣᠯᠪᠠᠰᠤ᠂ ᠲᠠ ᠦᠪᠡᠷ ᠤᠨ ᠪᠡᠶᠡᠰ ᠬᠣᠯᠠ ᠦᠯᠦ ᠪᠣᠯᠭᠠᠭᠳᠠᠬᠤᠢ (ᠪᠦᠦ ᠪᠠᠶᠢᠯᠭ᠎ᠠ)᠃ ᠬᠡᠷᠪᠡ ᠡᠷᠳᠡᠮᠳᠦ ᠪᠢᠯᠢᠭᠲᠦ ᠶᠢ ᠣᠯᠤᠭᠠᠳ ᠡᠷᠳᠡᠨᠢ ᠦᠭᠴᠦ ᠣᠯᠣᠮᠯᠠᠨ ᠳᠤᠷ᠎ᠠ ᠶᠢ ᠨᠢ ᠠᠪᠤᠪᠠᠰᠤ ᠠᠴᠢ ᠲᠤᠰᠠ ᠨᠢ ᠲᠠᠨ ᠳᠤ ᠶᠡᠬᠡ ᠪᠣᠯᠬᠤ᠃ ᠬᠠᠨ ᠲᠩᠷᠢ ᠳᠦ ᠪᠡᠨ (ᠦᠷᠰᠢᠶᠡᠭᠦᠯᠬᠦ ᠪᠡᠷ) ᠬᠠᠮᠤᠭ ᠪᠦᠭᠦᠳᠡ ᠲᠦᠷᠦ ᠢ ᠲᠦᠭᠰᠦᠭᠡᠲᠡᠪᠡᠢ ᠵᠠ (ᠪᠠᠶᠢᠭᠤᠯᠪᠠ) ᠪᠢ᠃ ᠲᠠ ᠬᠦᠪᠡᠭᠦᠳ᠂ ᠤᠷᠤᠭ ᠤᠳ ᠮᠢᠨᠢ ᠮᠦᠨ ᠬᠣᠶᠢᠨ᠎ᠠ ᠵᠣᠪᠠᠨ ᠪᠦᠲᠦᠭᠡᠭᠰᠡᠨ ᠲᠦᠷᠦ ᠵᠢ ᠮᠢᠨᠢ ᠵᠣᠩᠬᠢᠯᠠᠨ᠂ ᠡᠭᠦᠳᠡ ᠪᠡᠨ ᠪᠦᠲᠦᠭᠡᠭᠰᠡᠨ ᠢ ᠮᠢᠨᠢ ᠰᠠᠬᠢᠵᠤ ᠮᠠᠨᠠᠨ ᠬᠠᠲᠠᠭᠤᠵᠢᠭᠲᠤᠨ ᠲᠠ (ᠪᠡᠬᠢᠯᠡᠭᠳᠦᠨ) ᠃ ᠡᠭᠦᠳᠴᠦ ᠪᠦᠲᠦᠭᠡᠵᠦ ᠰᠠᠬᠢᠨ ᠡᠰᠡ ᠬᠠᠲᠠᠭᠤᠵᠢᠪᠠᠰᠤ ᠦᠲᠡᠷᠡ ᠡᠪᠳᠡᠷᠡᠶᠤ ᠃ ᠡᠭᠦᠳᠡᠭᠰᠡᠨ ᠢᠶᠡᠷ ᠵᠣᠪᠠᠭᠰᠠᠨ ᠲᠠᠨ ᠤ ᠲᠤᠰᠠ ᠡᠰᠡ ᠪᠣᠯᠤᠶᠤ (ᠡᠭᠦᠳᠡ ᠪᠡᠨ ᠪᠦᠲᠦᠭᠡᠬᠦ ᠪᠡᠷ ᠵᠣᠪᠠᠭᠰᠠᠨ ᠲᠠᠨᠢ ᠲᠤᠰᠠ ᠦᠯᠦ ᠪᠣᠯᠤᠶᠤ)᠃ ᠪᠦᠲᠦᠭᠡᠭᠰᠡᠨ ᠡᠴᠡ ᠰᠠᠬᠢᠭᠰᠠᠨ ᠮᠢᠨᠢ ᠳᠡᠭᠡᠷ᠎ᠡ ᠪᠤᠶᠤ᠃ ᠲᠠ ᠤᠷᠤᠭ ᠤᠳ ᠮᠢᠨᠢ ᠪᠢ ᠬᠡᠮᠡᠨ ᠰᠡᠳᠬᠢᠯ᠎ᠡ᠃ ᠪᠢᠯᠢᠭ ᠲᠦ ᠪᠡᠨ ᠲᠣᠭᠲᠠᠭᠠᠲᠤᠭᠠᠢ᠃ ᠶᠡᠬᠡ ᠳᠤᠷᠠᠨ ᠪᠠᠷᠢᠲᠠᠯ᠎ᠠ ᠵᠦᠪ ᠰᠠᠶᠢᠨ ᠢᠶᠠᠷ ᠵᠠᠰᠠᠭᠠᠳ᠄

ᠠᠮᠠᠨ ᠳᠤ ᠪᠠᠨ ᠬᠦᠷᠬᠦ ᠠᠭᠤᠰᠬᠢ ᠪᠠᠨ ᠳᠠᠷᠤᠨ ᠴᠢᠳᠠᠪᠠᠰᠤ
ᠠᠷᠰᠯᠠᠨ ᠢ ᠳᠠᠷᠤᠭᠰᠠᠨ ᠮᠡᠲᠦ ᠢᠯᠡᠭᠦᠦ ᠪᠤᠢ᠃
ᠠᠮᠠᠨ ᠳᠤ ᠪᠠᠨ ᠬᠦᠷᠬᠦ ᠠᠭᠤᠰᠬᠢ ᠪᠠᠨ ᠳᠠᠷᠤᠨ ᠶᠠᠳᠠᠪᠠᠰᠤ
ᠠᠭᠤᠷᠯᠠᠵᠤ ᠬᠦᠴᠦᠯᠡᠵᠦ ᠬᠡᠨ ᠢ ᠴᠢᠳᠠᠬᠤ ᠲᠠ᠃
ᠬᠦᠵᠦᠭᠦᠨ ᠋ᠳᠦ ᠬᠦᠷᠬᠦ ᠠᠭᠤᠰᠬᠢ ᠪᠠᠨ ᠳᠠᠷᠤᠨ ᠴᠢᠳᠠᠪᠠᠰᠤ
ᠬᠦᠴᠦᠳᠦ ᠵᠠᠭᠠᠨ ᠪᠦᠬᠦᠢ ᠶᠢ ᠳᠠᠷᠤᠭᠰᠠᠨ ᠰᠢᠳ ᠦᠯᠡᠭᠦᠦ (ᠢᠯᠡᠭᠦᠦ) ᠪᠤᠢ
ᠬᠦᠵᠦᠭᠦᠨ ᠋ᠳᠦ ᠬᠦᠷᠬᠦ ᠠᠭᠤᠰᠬᠢ ᠪᠠᠨ ᠳᠠᠷᠤᠨ ᠶᠠᠳᠠᠪᠠᠰᠤ
ᠬᠦᠴᠦᠯᠡᠵᠦ ᠠᠭᠤᠷᠯᠠᠵᠤ ᠬᠡᠨ ᠢ ᠴᠢᠳᠠᠬᠤ ᠲᠠ ᠤᠷᠤᠭ ᠤᠳ ᠮᠢᠨᠢ
ᠠᠭᠤᠯᠠ ᠮᠡᠲᠦ ᠦᠨᠳᠦᠷ ᠪᠦᠦ ᠠᠪᠤᠷᠢᠯᠠᠭᠲᠤᠨ
ᠠᠭᠤᠯᠠ ᠬᠡᠳᠦᠢ ᠪᠡᠷ ᠦᠨᠳᠦᠷ ᠪᠣᠯᠪᠠᠴᠤ
ᠠᠮᠢᠲᠠᠨ᠎ᠠ ᠠᠪᠠᠷᠢᠭᠳᠠᠵᠤ ᠳᠡᠭᠡᠷ᠎ᠡ ᠪᠡᠨ ᠭᠠᠷᠭᠠᠶᠤ᠃
ᠳᠠᠯᠠᠢ ᠮᠡᠲᠦ ᠭᠦᠨ ᠠᠭᠤᠤ ᠰᠡᠳᠬᠢᠯᠳᠦ ᠪᠣᠯᠪᠠᠰᠤ
ᠳᠡᠭᠡᠷ᠎ᠡ ᠬᠦᠮᠦᠨ ᠦᠯᠦ ᠦᠭᠶᠤ᠃
ᠬᠦᠮᠦᠨ ᠋ᠳᠦ ᠦᠯᠦ ᠳᠠᠪᠲᠠᠭᠳᠠᠬᠤ ᠪᠣᠯᠪᠠᠰᠤ
ᠬᠦᠮᠦᠨ ᠲᠦᠷᠦᠭᠰᠡᠨ ᠦ ᠪᠢᠯᠢᠭ ᠲᠡᠷᠡ ᠪᠤᠢ᠃
ᠠᠮᠠᠨ ᠲᠠᠨᠢ ᠬᠡᠳᠦᠢ ᠪᠡᠷ ᠣᠯᠠᠨ ᠪᠣᠯᠵᠤ
ᠠᠶᠠᠯᠭᠤᠰ ᠲᠠᠨᠢ ᠴᠦᠬᠡᠨ ᠪᠣᠯᠪᠠᠰᠤ ᠲᠤᠰᠠ ᠦᠭᠡᠢ 
ᠠᠯᠢᠪᠠ ᠶᠣᠰᠣ ᠪᠠᠨ ᠠᠳᠠᠯᠢᠳᠬᠠᠨ ᠠᠪᠤᠷᠢᠯᠠᠨ ᠰᠤᠷᠠᠭᠲᠤᠨ᠃
ᠠᠯᠢᠪᠠ ᠦᠢᠯᠡᠴᠢᠨ ᠡᠴᠡ
ᠠᠶᠠᠯᠭᠤᠲᠤ ᠪᠢᠯᠢᠭᠲᠦ ᠬᠦᠮᠦᠨ ᠬᠡᠷᠡᠭᠲᠡᠢ᠃
ᠲᠦᠮᠡᠨ ᠲᠦᠮᠡᠨ ᠬᠦᠮᠦᠨ ᠡᠴᠡ
ᠨᠢᠭᠡᠨ ᠲᠦᠷᠦ ᠪᠡᠨ ᠮᠡᠳᠡᠬᠦ ᠬᠦᠮᠦᠨ ᠳᠡᠭᠡᠷ᠎ᠡ ᠪᠤᠢ᠃
ᠬᠠᠷ᠎ᠠ ᠣᠢ ᠶᠢ ᠠᠪᠠᠯᠠᠪᠠ ᠵᠠ᠃
ᠬᠠᠪᠤᠩ ᠪᠦᠬᠦᠢ ᠶᠢ ᠬᠠᠶᠢᠯᠠᠳᠯᠠ ᠪᠠᠷᠢᠵᠤ ᠦᠭᠭᠦᠪᠡ ᠵᠠ ᠪᠢ᠃
ᠬᠤᠪᠢᠨ ᠤ ᠤᠷᠤᠭ ᠤᠳ ᠢ ᠭᠠᠷᠯᠠᠨ ᠠᠰᠠᠷᠠᠨ ᠶᠠᠳᠠᠪᠠᠰᠤ
ᠬᠠᠷ᠎ᠠ ᠣᠶ ᠋ᠳᠦ ᠪᠠᠨ ᠬᠠᠳᠠᠷᠴᠤ ᠭᠠᠷᠴᠤ ᠣᠳᠪᠠᠰᠤ
ᠬᠠᠷᠠᠬᠤ ᠪᠡᠶ᠎ᠡ ᠳᠦ ᠲᠠᠨᠢ ᠡᠮᠭᠡᠭ ᠪᠤᠢ᠎ᠠ᠃
ᠦᠨᠳᠦᠷ ᠠᠭᠤᠯᠠ ᠶᠢ ᠠᠪᠠᠯᠠᠪᠠ ᠵᠠ ᠪᠢ
ᠦᠲᠡᠭᠡ (ᠪᠠᠭᠠᠪᠠᠭᠠᠢ) ᠍ ᠦᠨ ᠬᠦᠪᠡᠭᠦᠳ ᠶᠢ
ᠦᠷᠭᠡᠷᠡᠲᠡᠯ᠎ᠡ ᠪᠠᠷᠢᠵᠤ ᠲᠠᠨ᠎ᠠ ᠦᠭᠪᠡ ᠵᠠ ᠪᠢ᠃
ᠦᠲᠡᠭᠡ ᠶᠢᠨ ᠬᠦᠪᠡᠭᠦᠳ ᠶᠢ ᠣᠯᠣᠮᠯᠠᠨ ᠡᠰᠡ ᠠᠰᠠᠷᠠᠪᠠᠰᠤ
ᠦᠨᠳᠦᠷ ᠠᠭᠤᠯᠠᠨ ᠳᠤ ᠪᠠᠨ ᠭᠠᠷᠴᠤ ᠣᠳᠪᠠᠰᠤ
ᠦᠪᠡᠷ ᠤᠨ ᠪᠡᠶ᠎ᠡ ᠳᠦ ᠲᠠᠨᠢ ᠵᠣᠪᠠᠯᠠᠩ ᠪᠤᠢ᠎ᠠ᠃
ᠬᠠᠭᠤᠴᠢᠨ ᠳᠡᠪᠡᠯ ᠬᠠᠭᠠᠷᠠᠨ ᠤᠷᠤᠭᠳᠠᠪᠠᠰᠤ

ᠬᠠᠷᠭᠠᠨ᠎ᠠ ᠪᠤᠲᠤᠩ ᠳᠤ ᠲᠣᠷᠠᠶᠤ᠃
ᠬᠠᠷᠢ ᠰᠢᠷᠢ ᠬᠣᠶᠠᠷ ᠲᠡᠰᠬᠢᠨ ᠬᠠᠭᠠᠴᠠᠪᠠᠰᠤ
ᠬᠠᠨ ᠬᠠᠷᠠᠴᠤ ᠬᠣᠶᠠᠷ ᠰᠠᠴᠠᠭᠤ ᠪᠣᠯᠤᠶᠤ᠃
ᠰᠢᠨ᠎ᠡ ᠳᠡᠪᠡᠯ ᠰᠡᠲᠡᠷᠡᠨ ᠤᠳᠤᠷᠠᠪᠠᠰᠤ
ᠰᠢᠷᠠᠯᠵᠢ ᠪᠤᠲᠤᠩ ᠳᠤ ᠲᠣᠷᠠᠶᠤ᠃
ᠰᠢᠷᠢ ᠬᠠᠷᠢ ᠬᠣᠶᠠᠷ ᠲᠡᠰᠬᠢᠨ ᠬᠠᠭᠠᠴᠠᠪᠠᠰᠤ
ᠰᠢᠪᠡᠭᠴᠢᠨ ᠬᠠᠲᠤᠨ ᠬᠣᠶᠠᠷ ᠰᠠᠴᠠᠭᠤ ᠪᠣᠯᠤᠶᠤ᠃
ᠠᠷᠭ᠎ᠠ ᠪᠢᠯᠢᠭ ᠢ ᠡᠰᠡ ᠮᠡᠳᠡᠪᠡᠰᠦ 
ᠠᠯᠠᠭ ᠢᠮᠠᠭᠠᠨ ᠤ ᠢᠰᠢᠭᠡ ᠶᠢ ᠴᠤ
ᠠᠯᠠᠵᠤ ᠢᠳᠡᠬᠦᠶ᠎ᠡ ᠪᠡᠷᠬᠡ ᠪᠣᠯᠠᠢ᠃
ᠠᠷᠭ᠎ᠠ ᠪᠢᠯᠢᠭ ᠢ ᠮᠡᠳᠡᠪᠡᠰᠦ
ᠠᠭᠤᠯᠠᠨ ᠳᠤ ᠪᠦᠭᠡᠨ ᠶᠠᠪᠤᠬᠤ
ᠠᠷᠭᠠᠯᠢ ᠵᠢᠨ ᠵᠤᠯᠵᠠᠭ᠎ᠠ ᠶᠢ
ᠠᠯᠠᠵᠤ ᠢᠳᠡᠬᠦᠶ᠎ᠡ ᠬᠢᠯᠪᠠᠷ ᠪᠣᠯᠠᠢ᠃
ᠬᠠᠷᠢ ᠶᠢ ᠦᠴᠤᠬᠡᠨ ᠬᠡᠮᠡᠭᠰᠡᠭᠡᠷ
ᠬᠠᠲᠤᠳ ᠢ ᠤᠬᠢᠯᠠᠭᠤᠯᠤᠭᠰᠠᠨ ᠣᠯᠠᠨ ᠪᠤᠢ᠎ᠠ᠃
ᠬᠠᠳᠤᠷᠤᠨ ᠵᠢᠭᠠᠰᠤ ᠶᠢ ᠦᠴᠤᠬᠡᠨ ᠬᠡᠮᠡᠭᠰᠡᠭᠡᠷ
ᠭᠠᠷ ᠤᠨ ᠠᠯᠠᠭ᠎ᠠ ᠶᠢ ᠬᠦᠷᠦᠭᠡᠯᠡᠨ ᠡᠰᠡᠭᠦᠯᠦᠭᠰᠡᠨ ᠣᠯᠠᠨ ᠪᠤᠢ᠎ᠠ᠃
ᠣᠮᠤᠭ ᠬᠦᠴᠦᠨ ᠢ ᠲᠠᠷᠠᠭᠠᠵᠤ
ᠣᠯᠠᠨ ᠠᠷᠭ᠎ᠠ ᠪᠠᠷ ᠪᠠᠷᠢᠭᠰᠠᠨ ᠤ ᠲᠤᠯᠠ
ᠣᠯᠠᠨ ᠤ ᠡᠵᠡᠨ ᠪᠣᠯᠬᠤ ᠪᠤᠢ᠎ᠠ᠃
ᠬᠠᠳᠠ ᠰᠠᠶᠢᠲᠤ ᠦᠨᠡᠭᠡ ᠪᠡᠷᠬᠡ
ᠪᠣᠷᠣᠯᠵᠢᠨ ᠰᠠᠶᠢᠲᠤ ᠲᠠᠤᠯᠠᠢ ᠪᠡᠷᠬᠡ
ᠪᠤᠷᠠᠨᠲᠠᠭ ᠰᠠᠶᠢᠲᠤ ᠦᠬᠡᠷ ᠪᠡᠷᠬᠡ
ᠬᠠᠭᠠᠨ ᠰᠠᠶᠢᠲᠤ ᠬᠠᠷᠠᠴᠤ ᠶᠢᠨ ᠦᠨᠢᠦ
ᠤᠯᠠᠭᠠᠨ ᠬᠠᠳᠠ ᠰᠠᠶᠢᠲᠤ ᠢᠮᠠᠭᠠᠨ ᠤ
ᠣᠯᠬᠣᠷᠬᠠᠢ (ᠬᠣᠳᠣᠭᠣᠳᠣ) ᠳᠦᠭᠦᠷᠦᠨ᠃
ᠬᠠᠭᠠᠨ ᠬᠦᠮᠦᠨ ᠵᠢᠷᠭᠠᠬᠤ ᠳᠤ ᠪᠠᠨ
ᠲᠦᠷᠦ ᠵᠢᠨ ᠵᠢᠡᠨ ᠰᠠᠶᠢᠨ ᠳᠤ ᠵᠢᠷᠭᠠᠶᠤ
ᠬᠠᠷᠠᠴᠠ ᠬᠦᠮᠦᠨ ᠵᠢᠷᠭᠠᠬᠤ ᠳᠤ ᠪᠠᠨ
ᠬᠠᠭᠠᠨ ᠤ ᠪᠠᠨ ᠰᠠᠶᠢᠨ ᠳᠤ ᠵᠢᠷᠭᠠᠶᠤ᠃
ᠬᠠᠭᠠᠯᠭᠠᠳᠤ ᠭᠡᠷ ᠲᠦ ᠰᠠᠭᠤᠭᠰᠠᠨ
ᠬᠠᠲᠤᠨ ᠬᠦᠮᠦᠨ ᠵᠢᠷᠭᠠᠬᠤ ᠳᠤ ᠪᠠᠨ
ᠡᠷ᠎ᠡ ᠶᠤᠭᠡᠨ ᠰᠠᠶᠢᠨ ᠳᠤ ᠵᠢᠷᠭᠠᠶᠤ᠂
ᠬᠠᠮᠤᠭ ᠪᠦᠭᠦᠳᠡ ᠵᠢᠷᠭᠠᠬᠤ ᠳᠤ ᠪᠠᠨ
ᠡᠪ᠂ ᠡᠶ᠎ᠡ ᠶᠢᠨ ᠢᠶᠡᠨ ᠰᠠᠶᠢᠨ ᠳᠤ ᠵᠢᠷᠭᠠᠮᠤᠢ᠎ᠠ᠃
ᠬᠠᠭᠠᠨ ᠤ ᠪᠠᠨ ᠰᠠᠶᠢᠨ ᠢ
ᠬᠠᠷᠠᠴᠠ ᠦᠯᠦ ᠮᠡᠳᠡᠶᠤ᠃
ᠬᠠᠭᠠᠨ ᠠᠴᠠ ᠬᠠᠭᠠᠴᠠᠨ ᠪᠠᠷᠠᠭᠰᠠᠨ ᠳᠤ
ᠬᠠᠭᠠᠨ ᠤ ᠪᠠᠨ ᠰᠠᠶᠢᠨ ᠢ ᠲᠡᠨᠳᠡ ᠮᠡᠳᠡᠶᠤ᠃
ᠡᠷ᠎ᠡ ᠶᠤᠭᠡᠨ ᠰᠠᠶᠢᠨ ᠢ
ᠡᠮ᠎ᠡ ᠦᠯᠦ ᠮᠡᠳᠠᠶᠤ᠃
ᠡᠷ᠎ᠡ ᠡᠴᠡ ᠪᠡᠨ ᠬᠠᠭᠠᠴᠠᠨ ᠪᠠᠷᠠᠭᠰᠠᠨ ᠳᠤ
ᠡᠷ᠎ᠡ ᠶᠤᠭᠡᠨ ᠰᠠᠶᠢᠨ ᠢ ᠲᠡᠨᠳᠡ ᠮᠡᠳᠡᠶᠤ᠃
ᠬᠠᠭᠠᠨ ᠬᠦᠮᠦᠨ
ᠬᠠᠷᠠᠴᠠ ᠬᠦᠮᠦᠨ ᠢ ᠠᠪᠤᠷᠢ ᠠᠪᠤᠷᠢᠯᠠᠪᠠᠰᠤ
ᠬᠠᠮᠤᠭ ᠤᠯᠤᠰ ᠢᠶᠠᠨ ᠠᠯᠠᠳᠠᠶᠤ᠃
ᠬᠠᠷᠠᠴᠠ ᠬᠦᠮᠦᠨ
ᠬᠠᠭᠠᠨ ᠬᠦᠮᠦᠨ ᠢ ᠠᠪᠤᠷᠢ ᠠᠪᠤᠷᠢᠯᠠᠪᠠᠰᠤ
ᠬᠠᠷ᠎ᠠ ᠲᠡᠷᠢᠭᠦᠳᠡᠨ ᠵᠢᠡᠨ ᠪᠠᠷᠢᠶᠤ᠃
ᠬᠠᠨ ᠲᠩᠷᠢ ᠶᠢ ᠰᠢᠳᠦᠪᠡᠰᠦ ᠪᠣᠯᠤᠶᠤ᠃
ᠬᠠᠷ᠎ᠠ ᠤᠰᠤ ᠶᠢ ᠴᠢᠨᠠᠪᠠᠰᠤ ᠦᠯᠦ ᠪᠣᠯᠤᠶᠤ
ᠬᠠᠲᠤᠨ ᠡᠮᠡᠰ ᠢ ᠢᠲᠡᠭᠡᠪᠡᠰᠦ ᠦᠯᠦ ᠪᠣᠯᠤᠶᠤ

ᠬᠡᠮᠡᠨ ᠰᠣᠶᠣᠵᠠᠢ᠃
ᠪᠠᠰᠠ ᠰᠤᠤᠲᠤ ᠴᠢᠩᠭᠢᠰ ᠬᠠᠭᠠᠨ᠂ ᠬᠠᠰᠠᠷ ᠲᠡᠷᠢᠭᠦᠳᠡᠨ ᠳᠡᠭᠦᠦ ᠨᠠᠷ ᠪᠠᠨ ᠰᠣᠶᠣᠨ ᠵᠠᠷᠯᠢᠭ ᠪᠣᠯᠤᠭᠰᠠᠨ ᠨᠢ᠄

ᠣᠨᠣᠨ ᠮᠦᠷᠡᠨ ᠦ ᠡᠷᠭᠢ ᠶᠢ
ᠤᠬᠠᠨ ᠴᠢᠪᠴᠢᠵᠤ ᠣᠯᠣᠮ ᠪᠣᠯᠭᠠᠬᠤ ᠳᠤ ᠪᠠᠨ
ᠤᠷᠤᠭ ᠤᠨ ᠤᠷᠤᠭ ᠤᠨ ᠲᠤᠯᠠᠳᠠ
ᠣᠷᠳᠣ ᠭᠡᠷ ᠦᠨ ᠢᠶᠡᠨ ᠲᠤᠯᠠᠳᠠ
ᠣᠯᠣᠮ ᠪᠣᠯᠭᠠᠪᠠ ᠵᠠ ᠪᠢ᠃
ᠬᠡᠷᠯᠡᠨ ᠮᠦᠷᠡᠨ ᠦ ᠡᠷᠭᠢ ᠶᠢ
ᠬᠡᠮᠬᠡᠯᠵᠦ ᠭᠡᠲᠦᠯᠭᠡᠨ ᠪᠣᠯᠭᠠᠬᠤ ᠳᠤ ᠪᠠᠨ
ᠬᠡᠷᠡᠭᠲᠦ ᠤᠷᠤᠭ ᠤᠨ ᠢᠶᠠᠨ ᠲᠤᠯᠠᠳᠠ
ᠭᠡᠷ ᠲᠡᠷᠭᠡᠨ ᠦ ᠪᠡᠨ ᠲᠤᠯᠠᠳᠠ
ᠭᠡᠲᠦᠯᠭᠡᠨ ᠪᠣᠯᠭᠠᠪᠠ ᠵᠠ ᠪᠢ᠃

ᠮᠦᠨ ᠬᠣᠶᠢᠨ᠎ᠠ ᠲᠠ ᠳᠡᠭᠦᠦ ᠨᠠᠷ ᠮᠢᠨᠢ ᠤᠷᠤᠭ ᠢᠶᠠᠷ ᠪᠣᠯᠵᠤ᠂ ᠣᠷᠣᠰᠢᠭᠤᠯᠤᠭᠰᠠᠨ ᠣᠯᠣᠮ ᠢ ᠮᠢᠨᠢ ᠪᠦᠦ ᠣᠭᠲᠣᠯᠤᠭᠲᠤᠨ᠃ ᠣᠯᠠᠨ ᠤ ᠦᠭᠡᠨ ᠳᠦ ᠣᠷᠣᠵᠤ ᠣᠭᠲᠣᠯᠤᠨ ᠰᠡᠳᠬᠢᠪᠡᠰᠦ ᠣᠯᠬᠤᠨ ᠮᠡᠲᠦ ᠪᠡᠶᠡᠰ ᠢᠶᠡᠨ ᠣᠭᠲᠣᠯᠤᠭᠲᠤᠨ ᠲᠠ᠃ ᠲᠩᠷᠢ ᠶᠢᠨ ᠢᠪᠡᠭᠡᠯ ᠢᠶᠡᠷ ᠪᠣᠯᠤᠭᠰᠠᠨ ᠮᠦᠷ ᠢ ᠮᠢᠨᠢ ᠪᠦᠦ ᠮᠦᠰᠢᠭᠦᠭᠲᠦᠨ᠃ ᠪᠤᠰᠤ ᠰᠡᠳᠬᠢᠯᠲᠡᠨ ᠦ ᠦᠭᠡᠨ ᠳᠦ ᠣᠷᠣᠵᠤ᠂ ᠮᠦᠰᠢᠭᠦᠨ ᠰᠡᠳᠬᠢᠪᠡᠰᠦ ᠮᠦᠨ ᠵᠠᠷᠯᠢᠭ ᠵᠠᠰᠠᠭ ᠢᠶᠠᠷ ᠮᠦᠬᠦᠭᠡᠭᠳᠦᠨ (ᠰᠢᠳᠬᠡᠭᠲᠦᠨ) ᠲᠠ᠃ ᠪᠤᠰᠤ ᠪᠣᠯᠤᠭᠰᠠᠨ ᠠᠬ᠎ᠠ ᠳᠡᠭᠦᠦ ᠪᠠᠨ ᠢᠴᠢᠭᠦᠪᠲᠦᠷ ᠪᠣᠯᠤᠭᠤᠵᠠᠢ᠃ ᠪᠣᠭᠳᠠ ᠴᠢᠩᠭᠢᠰ ᠬᠠᠭᠠᠨ ᠮᠡᠩᠭᠡᠲᠦ ᠰᠡᠴᠡᠨ ᠢ ᠦᠭᠦᠯᠠ ᠬᠡᠮᠡᠨ ᠵᠠᠷᠯᠢᠭ ᠪᠣᠯᠪᠠᠰᠤ ᠮᠡᠩᠭᠡᠲᠦ ᠰᠡᠴᠡᠨ ᠦᠴᠢᠭᠰᠡᠨ ᠨᠢ᠄ ᠡᠷᠲᠡ ᠮᠢᠩᠭᠠᠨ ᠲᠦᠷᠦᠭᠦᠳᠦ ᠭᠠᠭᠴᠠ ᠰᠡᠭᠦᠯᠳᠦ ᠮᠣᠭᠠᠢ ᠠᠵᠤᠭᠤ᠃ ᠣᠯᠠᠨ ᠲᠦᠷᠦᠭᠦᠨ ᠨᠢ ᠵᠦᠭ ᠵᠦᠭ ᠲᠠᠲᠠᠯᠠᠯᠳᠤᠬᠤᠢ ᠳᠤ ᠲᠡᠷᠭᠡᠨ ᠢᠶᠡᠨ ᠳᠠᠷᠤᠭᠳᠠᠵᠤ ᠠᠯᠠᠭᠳᠠᠵᠠᠢ᠃ ᠪᠠᠰᠠ ᠮᠢᠩᠭᠠᠨ ᠰᠡᠭᠦᠯᠳᠦ ᠭᠠᠭᠴᠠ ᠲᠦᠷᠦᠭᠦᠳᠦ ᠮᠣᠭᠠᠢ ᠠᠵᠤᠭᠤ᠃ ᠰᠡᠭᠦᠯ ᠨᠤᠭᠤᠳ ᠨᠢ ᠭᠠᠭᠴᠠ ᠲᠡᠷᠢᠭᠦᠨ ᠋ᠨᠤ ᠪᠠᠨ ᠬᠣᠶᠢᠨ᠎ᠠ ᠠᠴᠠ ᠳᠠᠭᠠᠵᠤ ᠨᠢᠭᠡᠨ ᠨᠦᠬᠡᠨ ᠳᠦ ᠣᠷᠣᠵᠤ ᠲᠡᠷᠭᠡᠨ᠎ᠡ ᠡᠰᠡ ᠳᠠᠷᠤᠭᠳᠠᠵᠠᠢ ᠃ ᠡᠭᠦᠨ ᠋ᠨᠤ ᠮᠡᠲᠦ ᠮᠢᠩᠭᠠᠨ ᠰᠡᠭᠦᠯ ᠴᠢᠨᠢ ᠪᠣᠯᠵᠤ᠂ ᠬᠦᠴᠦᠨ ᠦᠭᠭᠦᠶ᠎ᠡ ᠬᠠᠲᠠᠭᠤᠵᠢᠰᠤᠭᠠᠢ ᠬᠡᠮᠡᠨ ᠦᠴᠢᠭᠡᠳ᠄

ᠬᠤᠷᠢᠮ ᠢ ᠡᠪᠳᠡᠭᠴᠢ ᠬᠣᠣᠷᠯᠠᠭᠴᠢᠨ
ᠠᠪᠠ ᠶᠢ ᠡᠪᠳᠡᠭᠴᠢ ᠨᠤᠷᠠᠩᠭᠢ
ᠵᠠᠩᠭᠤ ᠶᠢ ᠡᠪᠳᠡᠭᠴᠢ ᠦᠨᠡᠭᠡ᠂
ᠵᠤᠳ ᠢ ᠡᠪᠳᠡᠭᠴᠢ ᠮᠠᠭᠤ ᠡᠯᠢᠭᠡ ᠪᠤᠢ᠎ᠠ ᠬᠡᠮᠡᠪᠡ᠃

ᠪᠣᠭᠳᠠ ᠴᠢᠩᠭᠢᠰ ᠬᠠᠭᠠᠨ ᠳᠤ᠂ ᠣᠲᠴᠢᠭᠢᠨ ᠨᠣᠶᠠᠨ ᠰᠠᠯᠠᠬᠤ ᠳᠤ ᠪᠠᠨ ᠪᠢᠰᠢᠷᠡᠨ ᠦᠴᠢᠭᠰᠡᠨ ᠠᠵᠤᠭᠤ᠃ ᠬᠠᠭᠠᠨ ᠠᠬ᠎ᠠ ᠶᠠᠭᠤ ᠶᠢ ᠪᠠᠨ ᠳᠠᠭᠠᠨ ᠶᠠᠪᠤᠵᠤ᠂ ᠰᠠᠭᠠᠳᠠᠭ ᠲᠤ ᠰᠤᠮᠤ ᠪᠣᠯᠵᠤ ᠰᠣᠭᠣᠰᠤ ᠡᠰᠡ ᠬᠤᠴᠤᠷᠪᠠ ᠵᠠ᠃ ᠬᠦᠳᠡᠯᠦᠭᠡ ᠮᠣᠷᠢ ᠪᠣᠯᠵᠤ᠂ ᠴᠠᠪᠴᠢᠨ ᠡᠰᠡ ᠲᠠᠲᠠᠪᠠ ᠵᠠ᠃ ᠰᠢᠪᠠᠳᠠᠰᠤ (ᠪᠠᠶᠢᠯᠳᠤᠭᠠᠨ) ᠭᠡᠬᠦᠢ ᠋ᠳᠦ ᠡᠪᠰᠡᠯᠡᠯᠳᠦᠪᠡ ᠵᠠ᠃ ᠵᠠᠯᠳᠠᠰᠤ ᠭᠡᠬᠦᠢ ᠋ᠳᠦ ᠤᠰᠤᠯᠠᠯᠳᠤᠪᠠ ᠵᠠ᠃ ᠴᠢᠨᠣ᠎ᠠ ᠶᠢᠨ ᠪᠦᠷ ᠲᠤ ᠪᠦᠷᠢᠳᠭᠡᠯᠡᠬᠦᠢ ᠋ᠳᠦ ᠪᠦᠷᠢᠳᠯᠡᠯᠳᠦᠪᠡ ᠵᠠ ᠃ ᠦᠨᠢᠭᠡᠨ ᠦ ᠰᠠᠶᠢᠨ ᠰᠢᠷ᠎ᠠ ᠰᠢᠷᠠᠯᠠᠬᠤᠢ ᠳᠤ ᠰᠢᠷᠠᠯᠠᠯᠳᠤᠪᠠ ᠵᠠ᠃ ᠲᠡᠶᠢᠨ ᠶᠠᠪᠤᠯᠴᠠᠵᠤ ᠲᠦᠮᠡᠨ ᠢᠷᠭᠡᠨ ᠢ ᠳᠠᠷᠤᠭᠠᠯᠠᠭᠤᠯᠪᠠ ᠵᠠ ᠬᠡᠮᠡᠨ ᠪᠢᠰᠢᠷᠡᠨ ᠦᠴᠢᠭᠰᠡᠨ ᠠᠵᠤᠭᠤ᠃ ᠪᠣᠭᠳᠠ ᠴᠢᠩᠭᠢᠰ ᠬᠠᠭᠠᠨ᠂ ᠳᠡᠭᠡᠷ᠎ᠡ ᠲᠩᠷᠢ ᠶᠢ ᠪᠢᠰᠢᠷᠡᠨ ᠵᠠᠷᠯᠢᠭ ᠪᠣᠯᠤᠭᠰᠠᠨ ᠨᠢ᠄ ᠦᠪᠡᠷ ᠤᠨ ᠲᠦᠷᠡᠭᠦᠷ ᠢᠲᠡᠭᠡᠨ ᠦ ᠳᠡᠭᠡᠷ᠎ᠡ ᠨᠠᠳᠠ ᠠᠴᠠ ᠪᠤᠰᠤ ᠳᠡᠭᠡᠷ᠎ᠡ ᠬᠦᠴᠦᠲᠡᠨ ᠢ ᠡᠰᠡ ᠪᠣᠯᠭᠠᠪᠠ ᠴᠢ᠃ ᠮᠢᠨᠦ ᠳᠡᠭᠡᠷ᠎ᠡ ᠮᠠᠯᠠᠭᠠᠢ ᠮᠢᠨᠢ ᠪᠤᠢ᠎ᠠ ᠬᠡᠮᠡᠨ ᠮᠠᠯᠠᠭᠠᠢ ᠶᠢ ᠪᠠᠨ ᠲᠠᠶᠢᠯᠤᠨ ᠠᠪᠴᠤ ᠬᠣᠶᠢᠮᠣᠷ ᠲᠠᠯᠪᠢᠵᠤ ᠮᠦᠷᠭᠦᠭᠡᠳ ᠲᠡᠷᠡ ᠡᠳᠦᠷ ᠳᠠᠷᠠᠰᠤ ᠶᠢ ᠶᠡᠬᠡᠳᠡ ᠬᠠᠯᠠᠭᠤᠴᠠᠲᠠᠯ᠎ᠠ ᠵᠣᠭᠣᠭᠯᠠᠭᠰᠠᠨ ᠠᠵᠤᠭᠤ᠃

ᠶᠢᠰᠦᠳᠦᠭᠡᠷ ᠬᠠᠭᠤᠳᠠᠰᠤ ᠲᠠᠭᠤᠰᠪᠠᠢ ᠃



  
     
     