ᠬᠠᠳᠠᠭ ᠬᠦᠨᠳᠦᠯᠡᠬᠦ ᠶᠣᠰᠣᠨ
ᠡᠷᠳᠠ ᠲᠡᠬᠡᠷ᠎ᠡ ᠦᠶ᠎ᠡ ᠠᠴᠠ ᠬᠠᠳᠠᠭ ᠢ ᠡᠷᠬᠢᠮᠯᠡᠭᠰᠡᠬᠡᠷ ᠢᠷᠡᠵᠡᠢ᠃ ᠬᠠᠳᠠᠭ ᠨᠢ ᠲᠦᠪᠡᠳ ᠢᠶᠠᠷ ︽ᠦᠩᠬᠡ︾ ᠬᠡᠰᠡᠨ ᠤᠳᠬ᠎ᠠ ᠲᠠᠢ ᠦᠬᠡ᠃ ᠬᠠᠳᠠᠭ ᠬᠠᠳᠠᠭ ᠤᠨ ᠠᠮᠨ ᠶᠢ ᠲᠤᠬᠠᠢ ᠶᠢᠨ ᠭᠦᠮᠤᠨ ᠤ ᠪᠠᠨ ᠦᠬᠡᠳᠠ ᠠᠴᠠ ᠬᠠᠷᠠᠭᠤᠯᠤᠨ ᠬᠤᠶᠠᠷ ᠭᠠᠷ ᠢᠶᠠᠷ ᠢᠶᠠᠨ ᠦᠭᠳᠡᠭ ᠨᠢ ︽ᠠᠷᠢᠭᠤᠨ ᠰᠠᠶᠢᠬᠠᠨ ᠰᠠᠳᠬᠢᠯ ᠤᠨ ᠡᠭᠦᠳᠠᠨ ᠠᠴᠠ ᠪᠠᠷᠢᠵᠤ ᠪᠠᠶᠢᠭ᠎ᠠ ᠪᠡᠯᠡᠭ᠂ ᠲᠠᠨ ᠳᠤ ᠦᠯᠵᠡᠢ ᠲᠠᠢ ᠪᠤᠯᠤᠭ᠂ ᠪᠢᠳᠠᠨ ᠤ ᠡᠶ᠎ᠡ ᠡᠪ ᠬᠤᠶᠢᠰᠢᠳᠠ ᠴᠤ ᠴᠡᠪᠡᠷ ᠠᠷᠢᠭᠤᠨ ᠪᠠᠶᠢᠨ᠎ᠠ︾ ᠬᠡᠰᠡᠨ ᠤᠳᠬ᠎ᠠ ᠲᠠᠢ ᠠᠵᠢ᠃ ᠬᠠᠳᠠᠭ ᠢ ᠬᠤᠶᠠᠷ ᠭᠠᠷ ᠲᠠᠭᠠᠨ ᠠᠪᠤᠭᠠᠳ ᠲᠤᠯᠤᠭᠠᠢ ᠲᠠᠯ᠎ᠠ ᠶᠢ ᠨᠢ ᠪᠠᠷᠠᠭᠤᠨ ᠭᠠᠷ ᠲᠡᠬᠡᠷ᠎ᠡ ᠪᠠᠨ ᠲᠠᠯᠪᠢᠳᠠᠭ᠃ ᠡᠨᠡ ᠨᠢ ᠬᠠᠳᠠᠭ ᠤᠨ ᠬᠡ ᠲᠤᠯᠤᠭᠠᠢ ᠶᠢ ᠲᠤᠷᠤᠭᠰᠢ ᠬᠠᠷᠠᠭᠤᠯᠳᠠᠭ ᠦᠭᠡᠢ ᠲᠠᠢ ᠬᠤᠯᠪᠤᠭ᠎ᠠ ᠲᠠᠢ᠃ ᠬᠠᠷᠢᠨ ᠭᠠᠰᠢᠭᠤᠳᠠᠯ ᠤᠨ ᠬᠠᠳᠠᠭ ᠢ ᠡᠪᠬᠡᠵᠤ ᠦᠭᠳᠡᠭ᠃ ᠬᠠᠳᠠᠭ ᠢ ᠪᠤᠩᠬᠤᠨ ᠳᠤ ᠬᠢᠳᠡᠭ ᠶᠤᠰᠤ ᠤᠭᠳᠤ ᠦᠭᠡᠢ ᠶᠤᠮ᠃ ᠬᠠᠳᠠᠭ ᠨᠢ ᠴᠠᠭᠠᠨ᠂ ᠭᠦᠬᠡ ᠂ ᠰᠢᠷ᠎ᠠ᠂ ᠤᠯᠠᠭᠠᠨ᠂ ᠨᠤᠭᠤᠭᠠᠨ ᠬᠡᠰᠡᠨ ᠦᠨᠳᠤᠰᠤᠨ ᠲᠠᠪᠤᠨ ᠦᠩᠬᠡ ᠲᠠᠢ ᠪᠠᠶᠢᠳᠠᠭ ᠪᠠ ᠲᠤᠰ ᠲᠤᠰ ᠲᠠᠭᠠᠨ ᠵᠠᠩ ᠦᠢᠯᠨ᠂ ᠪᠡᠯᠬᠡᠳᠡᠯ ᠢ ᠠᠭᠤᠯᠳᠠᠭ ᠪᠠᠶᠢᠨ᠎ᠠ᠃
ᠴᠠᠭᠠᠨ ᠦᠩᠬᠡ ᠶᠢᠨ ᠬᠠᠳᠠᠭ᠄ ︽ᠲᠡᠬᠡᠳᠤ ᠶᠢᠨ ᠰᠢᠳᠢ ᠪᠦᠳᠤᠬᠡᠯ︾ ᠢ ᠪᠡᠯᠬᠡᠳᠡᠭᠦ ᠪᠦᠬᠡᠳ ᠡᠷᠳᠡᠮ ᠨᠤᠮ ᠤᠨ ᠤᠷᠬᠢᠯ ᠳᠤ ᠭᠦᠷᠭᠦ ᠮᠦᠨ ᠴᠢᠨᠡᠷ ᠤᠨ ᠪᠡᠯᠬᠡᠳᠡᠯ ᠠᠭᠤᠯᠤᠭᠰᠡᠨ ᠪᠠᠶᠢᠳᠠᠭ᠃ ᠶᠡᠬᠡᠪᠴᠢᠯᠡᠨ ᠨᠤᠮ ᠤᠨ ᠦᠢᠯᠨ ᠳᠤ ᠬᠡᠷᠡᠭᠯᠡᠳᠡᠭ ᠠᠵᠢ᠃
ᠰᠢᠷ᠎ᠠ ᠦᠩᠬᠡ ᠶᠢᠨ ᠬᠠᠳᠠᠭ ᠄ ︽ᠲᠡᠯᠬᠡᠷᠡᠩᠭᠦᠢ ᠶᠢᠨ ᠦᠢᠯᠨ︾ ᠶᠢᠨ ᠢᠳᠠ ᠰᠢᠳᠢ ᠶᠢ ᠪᠡᠯᠬᠡᠳᠡᠭᠦ ᠪᠠ ᠨᠠᠰᠤ ᠪᠤᠶᠠᠨ᠂ ᠡᠷᠳᠡᠮ ᠴᠢᠳᠠᠯ ᠤᠨ ᠭᠦᠴᠤ ᠶᠢ ᠠᠭᠤᠯᠳᠠᠭ᠃ ᠶᠡᠬᠡᠪᠴᠢᠯᠡᠨ ᠱᠠᠰᠢᠨ ᠪᠤᠯᠤᠨ ᠭᠦᠨᠳᠤᠳᠬᠡᠯ ᠤᠨ ᠦᠢᠯᠨ ᠳᠤ ᠪᠠᠷᠢᠳᠠᠭ ᠪᠠᠶᠢᠨ᠎ᠠ᠃
ᠭᠦᠬᠡ ᠦᠩᠬᠡ ᠶᠢᠨ ᠬᠠᠳᠠᠭ᠄ ︽ᠠᠮᠢᠷᠠᠯᠠᠭᠤᠯᠬᠤᠢ ᠦᠢᠯᠨ︾ ᠶᠢᠨ ᠰᠢᠳᠢ ᠶᠢ ᠪᠡᠯᠬᠡᠳᠡᠭᠦ ᠪᠠ ᠡᠪᠡᠳᠴᠢᠨ᠂ ᠠᠳᠠ ᠪᠠᠷᠴᠢᠳ ᠢ ᠲᠠᠷᠤᠬᠤ ᠶᠢᠨ ᠰᠢᠳᠤᠬᠡᠨ ᠪᠠᠷᠢᠯᠳᠤᠯᠭ᠎ᠠ ᠪᠤᠯᠳᠠᠭ᠃ ᠪᠠᠰᠠ ᠨᠠᠶᠢᠳᠠ ᠶᠢᠨ ᠭᠦᠨᠳᠤᠳᠬᠡᠯ ᠤᠨ ᠵᠠᠩ ᠦᠢᠯᠨ ᠳᠤ ᠬᠡᠷᠡᠭᠯᠡᠳᠡᠭ᠃
ᠤᠯᠠᠭᠠᠨ ᠦᠩᠬᠡ ᠶᠢᠨ ᠬᠠᠳᠠᠭ᠄ ︽ᠡᠷᠢᠬᠡᠨ ᠦᠢᠯᠨ︾ ᠶᠢᠨ ᠢᠳᠠ ᠰᠢᠳᠢ ᠶᠢ ᠪᠡᠯᠬᠡᠳᠡᠭᠦ ᠪᠠ ᠡᠨᠡ ᠨᠢ ᠠᠯᠳᠠᠷ ᠨᠡᠷ᠎ᠡ ᠲᠡᠭᠦᠰ ᠡᠳ᠋ᠯᠡᠯ ᠤᠨ ᠪᠠᠶᠠᠯᠢᠭ ᠬᠤᠷᠠᠬᠤᠶᠢᠴᠠ ᠰᠢᠳᠤᠬᠡᠨ ᠪᠠᠷᠢᠯᠳᠤᠯᠭ᠎ᠠ ᠲᠠᠢ᠂ ᠡᠶᠢᠮᠤ ᠳᠡᠭᠡᠨ ᠲᠦᠷᠤ ᠶᠢᠨ ᠶᠡᠬᠡᠰ ᠲᠡᠬᠡᠳᠤᠰ ᠲᠤ ᠪᠠᠷᠢᠬᠤ ᠪᠠ ᠭᠦᠨᠳᠤᠳᠬᠡᠯ ᠤᠨ ᠢᠳᠡᠭᠡ ᠶᠢ ᠪᠦᠳᠡᠬᠡᠳᠡᠭ ᠪᠠᠶᠢᠨ᠎ᠠ᠃
ᠨᠤᠭᠤᠭᠠᠨ ᠦᠩᠬᠡ ᠶᠢᠨ ᠬᠠᠳᠠᠭ᠄ ︽ᠬᠠᠳᠠᠭᠤ ᠦᠢᠯᠨ︾ ᠶᠢᠨ ᠰᠢᠳᠢ ᠶᠢ ᠪᠡᠯᠬᠡᠳᠡᠭᠦ ᠪᠠ ᠲᠠᠶᠢᠰᠤᠨ᠂ ᠰᠠᠭᠠᠳ ᠲᠦᠳᠬᠡᠷ᠂ ᠠᠳᠠ ᠴᠢᠳᠭᠦᠷ ᠢ ᠵᠠᠶᠢᠯᠠᠭᠤᠯᠬᠤ ᠶᠢᠨ ᠭᠦᠴᠤ ᠶᠢ ᠬᠠᠶᠢᠷᠠᠯᠠᠳᠠᠭ᠂ ᠱᠠᠰᠢᠨ ᠤ ᠬᠠᠳᠠᠭᠤ ᠦᠢᠯᠨ ᠶᠢᠨ ᠲᠠᠭᠠᠤᠬᠠᠯ ᠳᠤ ᠪᠠᠷᠢᠳᠠᠭ ᠪᠠᠶᠢᠵᠠᠢ᠃