 

ᠮᠣᠩᠭᠤᠯᠴᠤᠳ ᠤᠨ ᠤᠯᠠᠮᠵᠢᠯᠠᠯᠲᠤ ᠭᠡᠷ ᠤᠨ ᠰᠤᠷᠭᠠᠯ

2019-08-25 16:29
  613
  0
   ᠮᠣᠩᠭᠤᠯ ᠲᠤᠭᠤᠷᠭᠠᠲᠠᠨ ᠪᠢᠴᠢᠭ ᠰᠣᠶᠤᠯ ᠤᠨ ᠪᠠᠶᠠᠯᠢᠭ ᠥᠪ ᠲᠠᠢ᠃ ᠡᠭᠦᠨ ᠳᠤ ᠲᠥᠷᠦᠭᠡᠳᠦᠢ ᠬᠡᠦᠬᠡᠳ ᠪᠡ ᠲᠡᠭᠦᠨ ᠤ ᠡᠭᠡ ᠶᠢ ᠠᠰᠠᠷᠠᠬᠤ ᠶᠣᠰᠤᠨ ᠠᠴᠠ ᠡᠬᠢᠯᠡᠭᠰᠡᠨ ᠦᠷ᠎ᠡ ᠬᠡᠦᠬᠡᠳ ᠢᠶᠠᠨ ᠥᠰᠭᠡᠨ ᠪᠦᠵᠢᠭᠤᠯᠵᠤ ᠬᠥᠮᠦᠵᠢᠭᠦᠯᠦᠨ ᠰᠤᠷᠭᠠᠬᠤ ᠤᠯᠠᠮᠵᠢᠯᠠᠯᠲᠤ ᠵᠠᠩ ᠦᠢᠯᠡ ᠨᠢ ᠥᠪ ᠳᠡᠯᠭᠡᠷ ᠦᠨᠳᠦᠰᠦ ᠭᠦᠨ ᠢᠶᠠᠷ ᠦᠷ᠎ᠡ ᠶᠢᠨ ᠡᠬᠢ ᠵᠠᠬ᠎ᠠ᠂ ᠡᠷᠡᠮᠪᠡ ᠳᠠᠷᠠᠭ᠎ᠠ ᠲᠠᠢ ᠦᠶ᠎ᠡ ᠤᠯᠠᠮᠵᠢᠯᠠᠨ ᠳᠠᠮᠵᠢᠭᠳᠠᠵᠤ ᠢᠷᠡᠭᠰᠡᠨ ᠢᠶᠠᠷ ᠢᠶᠠᠨ ᠮᠣᠩᠭᠤᠯ ᠰᠣᠶᠤᠯ ᠤᠨ ᠶᠡᠭᠡ ᠭᠦᠢᠯᠭᠡᠭᠡᠨ ᠳᠠᠬᠢ ᠤᠤᠷ ᠬᠡᠪ ᠪᠣᠯᠤᠭᠰᠠᠭᠠᠷ ᠢᠷᠡᠵᠡᠢ᠃
  ᠮᠣᠩᠭᠤᠯᠴᠤᠳ ᠤᠯᠠᠮᠵᠢᠯᠠᠯᠲᠤ ᠵᠠᠩ ᠦᠢᠯᠡ ᠪᠠᠷ ᠬᠡᠦᠬᠡᠳ ᠢᠶᠠᠨ ᠬᠥᠮᠦᠵᠢᠭᠦᠯᠬᠦ ᠠᠵᠢᠯ ᠢ ᠬᠡᠦᠬᠡᠳ ᠬᠡᠯᠡ ᠳᠤ ᠣᠷᠤᠵᠤ ᠮᠠᠳᠠᠭᠡᠵᠢᠬᠦ ᠠᠴᠠ ᠴᠢᠩᠭ᠎ᠠ ᠠᠳᠬᠤᠵᠥ᠂ ᠦᠭᠡ ᠪᠠᠷ ᠰᠤᠷᠭᠠᠬᠤ ᠪᠣᠯᠤᠨ ᠦᠯᠢᠭᠡᠷᠯᠡᠵᠦ ᠰᠤᠷᠭᠠᠬᠤ ᠶᠢ ᠬᠤᠣᠰᠯᠠᠭᠤᠯᠤᠨ ᠬᠥᠮᠦᠨ ᠬᠥᠮᠦᠨ ᠢᠶᠠᠨ ᠬᠦᠨᠳᠦᠳᠭᠡᠨ ᠶᠠᠪᠤᠬᠤ᠂ ᠬᠥᠮᠦᠨ ᠬᠥᠮᠦᠨ ᠳᠡᠭᠡᠨ ᠠᠴᠢᠯᠠᠵᠤ ᠲᠤᠰᠠᠯᠠᠵᠤ ᠶᠠᠪᠤᠬᠤ ᠪᠠᠷ ᠭᠤᠣᠯ ᠰᠢᠵᠢᠮ ᠪᠣᠯᠭᠠᠭᠰᠠᠨ ᠣᠯᠠᠨ ᠵᠦᠢᠯ ᠤᠨ ᠶᠣᠰᠤ ᠵᠠᠩᠰᠢᠯ ᠢ ᠡᠵᠡᠮᠰᠢᠭᠦᠯᠦᠨ ᠲᠠᠳᠬᠠᠯᠵᠢᠭᠤᠯᠵᠤ ᠡᠳᠦᠷ ᠲᠤᠲᠤᠮ ᠤᠨ ᠠᠮᠢᠳᠤᠷᠠᠯ ᠳᠤᠮᠳᠠ ᠠᠶᠠᠨᠳᠠᠭᠠᠨ ᠵᠢᠷᠤᠮᠯᠠᠬᠤ ᠤᠬᠠᠮᠰᠠᠷᠲᠤ ᠠᠵᠢᠯᠯᠠᠭ᠎ᠠ ᠪᠣᠯᠭᠠᠬᠤ ᠳᠠᠭᠠᠨ ᠥᠰᠦᠨ ᠪᠤᠶᠢᠵᠢᠬᠤ ᠱᠠᠳᠤ ᠬᠤᠭᠤᠴᠠᠭ᠎ᠠ᠂ ᠤᠬᠠᠭᠠᠵᠢᠨ ᠲᠣᠮᠤᠭᠠᠵᠢᠬᠤ ᠬᠢᠷᠢ ᠲᠦᠪᠰᠢᠨ᠂ ᠨᠠᠰᠤ ᠵᠢᠯ ᠤᠨ ᠨᠡᠮᠡᠭᠳᠡᠯ ᠥᠰᠦᠯᠲᠡ ᠳᠤ ᠵᠣᠬᠢᠴᠠᠭᠤᠯᠤᠨ ᠣᠯᠠᠨ ᠨᠠᠷᠢᠨ ᠵᠠᠩ ᠦᠢᠯᠡ ᠶᠢ ᠵᠢᠭᠠᠵᠤ ᠰᠤᠷᠭᠠᠳᠠᠭ᠃ ᠮᠣᠩᠭᠤᠯᠴᠤᠳ ᠤᠨ ᠦᠷ᠎ᠡ ᠬᠡᠦᠬᠡᠳ ᠢᠶᠠᠨ ᠬᠥᠮᠦᠵᠢᠭᠦᠯᠬᠦ ᠥᠪᠡᠷᠮᠢᠴᠡ ᠰᠢᠨᠵᠢᠲᠡᠢ ᠵᠠᠩ ᠵᠠᠩᠰᠢᠯ ᠨᠢ ᠤᠯᠠᠮᠵᠢᠯᠠᠯᠲᠤ ᠭᠡᠷ ᠤᠨ ᠰᠤᠷᠭᠠᠯ ᠳᠤ ᠢᠯᠡᠷᠡᠵᠦ ᠪᠠᠢᠳᠠᠭ᠃
  ᠨᠢᠭᠡ᠂ ᠮᠣᠩᠭᠤᠯᠴᠤᠳ ᠨᠡᠭᠦᠳᠡᠯᠴᠢᠨ ᠠᠢᠮᠠᠭ ᠤᠨ ᠨᠢᠭᠡ ᠪᠣᠯᠤᠭᠰᠠᠨ ᠤ ᠬᠤᠪᠢ ᠳᠤ ᠲᠡᠭᠦᠨ ᠤ ᠣᠷᠴᠢᠨ ᠠᠬᠤᠢ ᠶᠢᠨ ᠨᠥᠬᠦᠴᠡᠯ᠂ ᠠᠮᠢᠳᠤᠷᠠᠯ ᠤᠨ ᠵᠠᠩ ᠵᠠᠩᠰᠢᠯ ᠨᠢ ᠪᠤᠰᠤᠳ ᠦᠨᠳᠦᠰᠦᠲᠡᠨ ᠠᠴᠠ ᠬᠤᠯᠠ ᠣᠨᠳᠣᠣ ᠪᠠᠢᠳᠠᠭ᠃ ᠵᠥᠪᠬᠡᠨ ᠣᠷᠤᠨ ᠰᠠᠭᠤᠴᠠ ᠪᠠᠷ ᠠᠪᠴᠤ ᠬᠡᠯᠡᠬᠦ ᠳᠤ᠂ ᠮᠣᠩᠭᠤᠯᠴᠤᠳ ᠪᠣᠯ ᠴᠠᠭ ᠤᠯᠠᠷᠢᠯ ᠤᠨ ᠡᠭᠡᠯᠵᠢ ᠳᠠᠷᠠᠭ᠎ᠠ᠂ ᠠᠭᠤᠷ ᠠᠮᠢᠰᠭᠤᠯ ᠤᠨ ᠬᠠᠯᠠᠭᠤᠨ ᠬᠦᠢᠲᠡᠨ᠂ ᠤᠰᠤ ᠪᠡᠯᠴᠢᠭᠡᠷ ᠤᠨ ᠲᠠᠴᠢᠷ ᠰᠠᠬᠤᠯᠠᠭ᠂ ᠭᠠᠵᠠᠷ ᠤᠨ ᠪᠠᠶᠢᠴᠠ ᠶᠢᠨ ᠲᠠᠭᠰᠢ ᠲᠡᠨᠢᠭᠡᠷ ᠢ ᠦᠵᠡᠨ ᠨᠡᠭᠦᠳᠡᠯᠯᠡᠨ ᠮᠠᠯᠵᠢᠳᠠᠭ ᠲᠤᠯᠠ ᠥᠨᠦᠬᠡᠨ ᠪᠣᠯᠲᠠᠯ᠎ᠠ ᠣᠯᠠᠩᠬᠢ ᠭᠠᠵᠠᠷ ᠨᠢ ᠲᠣᠭᠲᠠᠮᠠᠯ ᠣᠷᠤᠨ ᠰᠠᠭᠤᠴᠠ᠂ ᠪᠠᠢᠩᠭᠤ ᠶᠢᠨ ᠭᠡᠷ ᠪᠠᠢᠰᠢᠩ ᠦᠭᠡᠢ ᠪᠠᠶᠢᠪᠠ᠃ ᠭᠡᠪᠡᠴᠦ ᠲᠠᠳᠠ ᠡᠷᠲᠡ ᠢᠵᠠᠭᠤᠷ ᠠᠴᠠ ᠴᠢᠭᠢᠷᠠᠭ ᠲᠣᠷᠨᠢᠭᠤᠨ ᠬᠡᠦᠬᠡᠳ ᠲᠠᠢ ᠪᠣᠯᠵᠤ ᠡᠷᠡᠭᠦᠯ ᠰᠠᠷᠠᠭᠤᠯ ᠥᠰᠭᠡᠨ ᠪᠦᠵᠢᠭᠤᠯᠬᠤ ᠶᠢ᠂ ᠣᠳᠤ ᠶᠢᠨ ᠦᠭᠡ ᠪᠠᠷ ᠬᠡᠯᠡᠪᠡᠯ ᠰᠠᠶᠢᠨ ᠲᠥᠷᠦᠵᠦ ᠰᠠᠶᠢᠬᠠᠨ ᠥᠰᠭᠡᠬᠦ ᠶᠢ ᠮᠠᠰᠢᠳᠠ ᠡᠷᠬᠢᠮᠯᠡᠵᠦ᠂ ᠲᠥᠷᠦᠭᠡᠳᠦᠢ ᠬᠡᠦᠬᠡᠳ ᠪᠡ ᠲᠡᠭᠦᠨ ᠤ ᠡᠭᠡ ᠶᠢ ᠠᠰᠠᠷᠠᠬᠤ ᠶᠣᠰᠤᠨ ᠢ ᠠᠮᠢᠳᠤᠷᠠᠯ ᠠᠬᠤᠢ ᠶᠢᠨ ᠣᠷᠴᠢᠨ ᠲᠣᠭᠤᠷᠢᠨ᠂ ᠦᠨᠳᠦᠰᠦᠲᠡᠨ ᠤ ᠵᠠᠩ ᠵᠠᠩᠰᠢᠯ ᠪᠡ ᠰᠢᠨᠵᠢᠯᠡᠬᠦ ᠤᠬᠠᠭᠠᠨᠴᠢ ᠶᠣᠰᠤ ᠵᠦᠢ ᠳᠤ ᠨᠡᠶᠢᠴᠡᠭᠦᠯᠥᠨ ᠲᠢᠭ ᠵᠢᠷᠤᠮ ᠲᠠᠢ ᠭᠦᠢᠴᠡᠳᠭᠡᠵᠦ ᠪᠠᠶᠢᠳᠠᠭ᠃
  ᠬᠤᠶᠠᠷ᠂ ᠮᠣᠩᠭᠤᠯᠴᠤᠳ ᠦᠷ᠎ᠡ ᠬᠡᠦᠬᠡᠳ ᠪᠣᠯᠤᠭᠰᠠᠳ ᠢ ᠬᠦᠦ ᠬᠡᠦᠬᠡᠨ ᠭᠡᠰᠡᠨ ᠦᠭᠡᠢ ᠬᠤᠶᠠᠷ ᠦᠭᠡᠢ ᠪᠤᠳᠤᠵᠤ ᠬᠤᠯᠢᠭ᠎ᠠ ᠦᠭᠡᠢ ᠬᠠᠶᠢᠷᠠᠯᠠᠵᠥ ᠰᠠᠨᠠᠳᠠᠭ ᠲᠤᠯᠠ ︽ᠡᠷᠡᠭᠲᠡᠢ ᠶᠢ ᠬᠦᠨᠳᠦᠳᠭᠡᠵᠦ ᠡᠮᠡᠭᠲᠡᠢ ᠶᠢ ᠬᠥᠩᠭᠡᠪᠴᠢᠯᠡᠬᠦ︾ ᠥᠷᠦᠭᠡᠯ ᠦᠵᠡᠯ ᠨᠠᠵᠠᠭᠠᠢ ᠪᠣᠳᠤᠯ ᠤᠨ ᠮᠥᠷ ᠰᠡᠭᠦᠳᠡᠷ ᠭᠡᠵᠦ ᠪᠠᠢᠳᠠᠭ ᠦᠭᠡᠢ᠂ ᠬᠠᠷᠢᠨ ᠪᠡᠶ᠎ᠡ ᠰᠡᠳᠭᠢᠯ ᠤᠬᠠᠭᠠᠨ ᠪᠣᠳᠤᠯ ᠵᠡᠷᠭᠡ ᠪᠦᠬᠦ ᠲᠠᠯ᠎ᠠ ᠪᠠᠷ ᠬᠥᠮᠦᠵᠢᠭᠦᠯᠦᠨ ᠰᠤᠷᠭᠠᠬᠤ ᠳᠠᠭᠠᠨ ᠬᠦᠦ ᠬᠡᠦᠬᠡᠨ ᠢ ᠨᠢᠭᠡ ᠯᠠ ᠠᠳᠠᠯᠢ ᠪᠤᠳᠤᠵᠤ᠂ ᠦᠨᠳᠦᠰᠦᠲᠡᠨ ᠤ ᠥᠪᠡᠷᠮᠢᠴᠡ ᠣᠨᠴᠠᠯᠢᠭ ᠢᠶᠠᠷ ᠢᠶᠠᠨ ᠠᠯᠠᠭᠠᠰᠠᠯ ᠦᠭᠡᠢ ᠰᠤᠷᠭᠠᠭᠰᠠᠭᠠᠷ ᠢᠷᠡᠵᠡᠢ᠃
  ᠭᠤᠷᠪᠠ᠂ ᠮᠣᠩᠭᠤᠯᠴᠤᠳ ᠬᠦᠦ ᠬᠡᠦᠬᠡᠨ ᠢ ᠭᠤᠯᠤᠭ᠎ᠠ ᠢᠯᠭᠠᠭ᠎ᠠ ᠦᠭᠡᠢ ᠦᠵᠡᠳᠡᠭ ᠲᠤᠯᠠ ᠥᠬᠢᠨ ᠲᠠᠢ ᠪᠣᠯᠤᠭᠰᠠᠨ ᠡᠬᠡᠨᠡᠷ ᠪᠡᠷᠢᠶᠡᠳ ᠢ ︽ᠦᠷ᠎ᠡ ᠦᠨᠳᠦᠰᠦ ᠶᠢ ᠲᠠᠰᠤᠯᠵᠤ ᠭᠠᠯ ᠭᠤᠯᠤᠮᠲᠠ ᠬᠠᠷᠠᠯᠠᠭᠤᠯᠤᠯ᠎ᠠ︾ ᠭᠡᠵᠦ ᠠᠳᠠ ᠦᠵᠡᠨ ᠬᠠᠷᠢᠶᠠᠨ ᠵᠦᠭᠡᠵᠤ ᠴᠣᠬᠢᠵᠤ ᠬᠠᠤᠯᠢᠳᠠᠠ ᠲᠠᠷᠴᠢᠯᠠᠭᠠᠨ ᠵᠣᠪᠠᠭᠠᠳᠠᠭ ᠦᠭᠡᠢ᠂ ᠬᠠᠷᠢᠨ ᠬᠦᠦ ᠲᠠᠢ ᠪᠣᠯᠤᠭᠰᠠᠨ ᠡᠬᠡᠨᠡᠷ ᠪᠡᠷᠢᠶᠡᠳ ᠲᠠᠢ ᠪᠠᠨ ᠨᠢᠭᠡᠨ ᠠᠳᠠᠯᠢ ᠲᠡᠳᠡᠨ ᠢ ᠠᠰᠠᠷᠠᠵᠤ ᠰᠤᠪᠢᠯᠠᠨ ᠰᠠᠷ᠎ᠠ ᠳᠦᠭᠦᠷᠭᠡᠵᠦ᠂ ᠤᠯᠠᠮᠵᠢᠯᠠᠯ ᠤᠳᠤᠮᠰᠢᠯ ᠤᠨ ᠪᠠᠶᠠᠷ ᠨᠠᠶᠢᠷ ᠢᠶᠠᠨ ᠬᠢᠵᠦ᠂ ᠭᠡᠷ ᠪᠦᠯᠢ ᠳᠡᠭᠡᠨ ᠮᠥᠨ ᠡᠵᠡᠭᠲᠡᠢ ᠬᠡᠪ ᠢᠶᠠᠷ ᠠᠪᠴᠤ ᠶᠠᠪᠤᠳᠠᠭ᠃ ᠥᠬᠢᠨ ᠦᠷ᠎ᠡ ᠶᠢ ᠵᠢᠭᠰᠢᠨ ᠭᠤᠯᠤᠵᠤ ᠬᠠᠶᠠᠵᠤ ᠣᠷᠬᠢᠬᠤ ᠶᠠᠪᠤᠳᠠᠯ ᠢ ᠦᠢᠯᠡᠳᠳᠡᠭ ᠦᠭᠡᠢ᠂ ᠬᠠᠷᠢᠨ ᠬᠦᠦ ᠲᠠᠢ ᠪᠠᠨ ᠠᠳᠠᠯᠢ ᠰᠠᠨᠠᠵᠤ ᠰᠠᠷᠪᠠᠶᠢᠨ ᠭᠡᠷ ᠤᠨ ᠡᠵᠡᠨ ᠪᠣᠯᠭᠠᠨ ᠬᠥᠮᠦᠵᠢᠭᠦᠯᠳᠡᠭ᠃
  ᠳᠥᠷᠪᠡ᠂ ᠡᠷ᠎ᠡ ᠨᠥᠬᠦᠷ ᠨᠢ ᠡᠪᠡᠳᠴᠢᠨ ᠡᠮᠭᠡᠭ᠂ ᠠᠶᠤᠯ ᠠᠳᠠᠯ ᠠᠴᠠ ᠪᠣᠯᠵᠤ ᠵᠠᠯᠠᠭᠤ ᠵᠠᠭᠤᠷᠮᠠᠭ ᠨᠠᠰᠤᠯᠠᠭᠰᠠᠨ ᠪᠠᠶᠢᠪᠠᠯ ᠪᠠᠷᠢ ᠨᠢ ᠵᠠᠪᠠᠯ ᠴᠢᠩ ᠵᠢᠷᠤᠮ ᠢ ᠰᠠᠬᠢ ᠭᠡᠵᠦ ᠠᠯᠪᠠᠳᠠᠨ ᠴᠠᠭᠠᠵᠠᠯᠠᠵᠤ ᠴᠠᠯ ᠵᠠᠯᠠᠭᠤ ᠪᠠᠷ ᠨᠢ ᠨᠠᠰᠤᠨ ᠤ ᠪᠡᠯᠪᠡᠰᠦᠨ ᠪᠣᠯᠭᠠᠳᠠᠭ ᠦᠭᠡᠢ᠃ ᠬᠠᠷᠢᠨ ᠵᠠᠩᠰᠢᠯ ᠶᠣᠰᠤᠨ ᠤ ᠭᠠᠰᠢᠭᠤᠳᠠᠯ ᠪᠡᠯᠪᠡᠰᠦᠷᠡᠯ ᠤᠨ ᠬᠤᠭᠤᠴᠠᠭ᠎ᠠ ᠳᠠᠭᠤᠰᠪᠠᠯ ᠥᠪᠡᠷ ᠤᠨ ᠳᠤᠷᠠᠰᠢᠯ ᠪᠤᠶᠤ ᠲᠥᠷᠬᠦᠮ ᠤᠨ ᠵᠢᠭᠠᠪᠤᠷᠢ ᠵᠢᠭᠠᠯᠲᠠ ᠪᠠᠷ ᠵᠢᠯᠢᠭᠴᠢ ︵ᠦᠬᠦᠵᠦ ᠠᠳᠡᠭᠰᠡᠨ ᠡᠷ᠎ᠡ ᠨᠥᠬᠦᠷ︶ ᠶᠢᠨ ᠠᠬ᠎ᠠ ᠪᠤᠶᠤ ᠳᠡᠭᠦᠦ ᠲᠠᠢ ᠨᠢ ᠵᠠᠯᠭᠠᠵᠤ ᠰᠠᠭᠤᠬᠤ᠂ ᠡᠰᠡᠬᠦᠯ᠎ᠡ ᠥᠭᠡᠷ᠎ᠡ ᠪᠤᠰᠤᠳ ᠲᠠᠢ ᠬᠤᠷᠢᠮᠯᠬᠠᠤ ᠶᠢ ᠵᠥᠪᠰᠢᠶᠡᠷᠡᠬᠦ ᠪᠠᠷ ᠥᠯᠦ ᠪᠠᠷᠠᠨ ᠤᠤᠯ ᠤᠨ ᠬᠠᠳᠠᠮ ᠤᠨ ᠭᠡᠷ ᠠᠴᠠ ᠨᠢ ᠥᠬᠢᠨ ᠢᠶᠠᠨ ᠰᠢᠭ ᠮᠣᠷᠳᠠᠭᠤᠯᠵᠤ ᠬᠦᠷᠭᠡᠳᠡᠭ ᠵᠠᠩᠰᠢᠯ ᠲᠠᠢ᠃
  ᠲᠠᠪᠤ᠂ ᠮᠣᠩᠭᠤᠯᠴᠤᠳ ᠥᠪᠡᠷ ᠤᠨ ᠪᠡᠶ᠎ᠡ ᠶᠢ ᠲᠥᠷᠦᠵᠦ ᠥᠰᠭᠡᠭᠰᠡᠨ ᠠᠪᠤ ᠡᠵᠢ ᠪᠠᠨ ᠠᠮᠢ ᠭᠤᠣᠯ ᠠᠯᠢ ᠪᠦᠬᠦᠨ ᠠᠴᠠ ᠡᠷᠬᠢᠮ ᠳᠡᠭᠡᠳᠦ ᠪᠠᠷ ᠦᠵᠡᠵᠦ᠂ ᠬᠡᠳᠦᠢ ᠥᠨᠳᠦᠷ ᠨᠠᠰᠤᠯᠠᠵᠤ ᠬᠡᠴᠢᠨᠡᠨ ᠶᠡᠭᠡ ᠵᠡᠷᠭᠡ ᠬᠡᠷᠭᠡᠮ ᠲᠠᠢ ᠪᠣᠯᠤᠭᠰᠠᠨ ᠴᠤ ᠠᠪᠤ ᠡᠵᠢ ᠶᠢᠨ ᠡᠨᠡᠷᠢᠯ ᠬᠠᠶᠢᠷ᠎ᠠ ᠶᠢ ᠢᠮᠠᠭᠲᠠ ᠮᠠᠷᠲᠠᠯ ᠦᠭᠡᠢ ᠰᠠᠨᠠᠭᠠᠯᠵᠠᠨ ︽ᠳᠡᠭᠡᠲᠡᠢ ᠪᠠᠨ ᠰᠠᠭᠤᠯᠭᠠᠵᠤ᠂ ᠳᠡᠭᠡᠵᠢ ᠪᠠᠨ ᠡᠷᠭᠦᠨ ᠪᠠᠷᠢᠵᠤ︾ ᠠᠰᠠᠷᠠᠨ ᠬᠦᠨᠳᠦᠯᠡᠳᠡᠭ ᠪᠡ ᠨᠠᠩ ᠦᠳᠡᠯᠡᠬᠦ ᠶᠢᠨ ᠦᠵᠦᠭᠦᠷ ᠦᠷ᠎ᠡ ᠬᠡᠦᠬᠡᠳ ᠤᠨ ᠰᠠᠶᠢᠨ ᠢ ᠦᠵᠡᠭᠦᠯᠵᠦ᠂ ᠠᠯᠢ ᠳᠤᠷᠠᠲᠠᠢ ᠢᠳᠡᠭᠡᠨ ᠤᠮᠳᠠᠭᠠᠨ ᠢ ᠨᠢ ᠠᠮᠲᠠ ᠰᠢᠮᠳᠠ ᠲᠠᠢ ᠬᠢᠵᠦ ᠢᠳᠡᠭᠦᠯᠦᠨ ᠲᠡᠳᠡᠨ ᠤ ᠰᠠᠨᠠᠵᠤ ᠪᠣᠳᠤᠭᠰᠠᠨ ᠢ ᠰᠠᠨᠠᠭᠠᠨ ᠶᠣᠰᠤᠭᠠᠷ ᠨᠢ ᠭᠦᠢᠴᠡᠳᠭᠡᠨ ᠪᠡᠶᠡᠯᠡᠭᠦᠯᠵᠦ᠂ ᠠᠪᠤ ᠡᠵᠢ ᠳᠡᠭᠡᠨ ᠠᠮᠤᠷ ᠵᠢᠷᠭᠠᠯ ᠢ ᠡᠳ᠋ᠯᠡᠭᠦᠯᠵᠦ ᠪᠠᠶᠢᠳᠠᠭ᠃ ᠡᠭᠦᠨ ᠢᠶᠠᠷ ᠪᠠᠷᠠᠬᠤ ᠦᠭᠡᠢ ᠠᠶᠢᠯ ᠠᠶᠢᠮᠠᠭ ᠤᠨ ᠠᠬᠠᠮᠠᠳ ᠨᠠᠰᠤᠲᠠᠨ ᠠᠬᠠᠰ ᠵᠠᠬᠠᠰ ᠢ ᠴᠤ ᠬᠦᠨᠳᠦᠯᠡᠨ ᠲᠡᠳᠡᠨ ᠤ ᠨᠡᠷ᠎ᠡ ᠶᠢ ᠴᠡᠭᠡᠷᠯᠡᠳᠡᠭ ᠪᠡ ᠵᠠᠮ ᠮᠥᠷ ᠲᠤ ᠤᠴᠠᠷᠠᠭᠰᠠᠨ ᠠᠬᠠᠮᠠᠳ ᠨᠠᠰᠤᠲᠠᠨ ᠠᠬᠠᠰ ᠵᠠᠬᠠᠰ ᠲᠠᠢ ᠲᠤᠳᠤᠨᠤᠰᠠᠭ ᠢᠶᠠᠷ ᠮᠡᠨᠳᠦᠴᠢᠯᠡᠨ ᠮᠣᠷᠢ ᠤᠨᠤᠭᠠᠨ ᠠᠴᠠ ᠪᠠᠨ ᠪᠠᠭᠤᠵᠤ ᠵᠠᠮ ᠲᠠᠯᠪᠢᠨ ᠥᠭᠴᠦ ᠪᠠᠶᠢᠳᠠᠭ᠃ ᠶᠠᠭ ᠡᠶᠢᠮᠦ ᠪᠠᠷ ᠢᠶᠠᠨ ᠮᠣᠩᠭᠤᠯ ᠨᠤᠲᠤᠭ ᠲᠤ ᠠᠪᠤ ᠡᠵᠢ ᠪᠠᠨ ᠠᠲᠠᠨ ᠦᠵᠡᠵᠦ᠂ ᠥᠲᠡᠯᠵᠦ ᠮᠤᠨᠤᠬᠤ ᠪᠤᠶᠤ ᠡᠪᠡᠳᠴᠦ ᠵᠣᠪᠠᠭᠠᠳ ᠴᠢᠳᠠᠯ ᠪᠢᠷ᠎ᠠ ᠦᠭᠡᠢ ᠪᠣᠯᠬᠤ ᠦᠶ᠎ᠡ ᠳᠤ ︽ᠶᠠᠷᠰᠢᠭ ᠲᠦᠪᠡᠭ︾᠂ ︽ᠲᠡᠭᠡᠭᠡᠷ᠎ᠡ ᠳᠠᠷᠤᠭᠠᠰᠤ︾ ᠭᠡᠵᠦ ᠦᠵᠡᠨ ᠲᠠᠨᠢᠵᠤ ᠮᠡᠳᠡᠬᠦ ᠦᠭᠡᠢ ᠬᠥᠮᠦᠨ ᠶᠤᠮ ᠰᠢᠭ ᠬᠠᠶᠠᠵᠤ᠂ ᠣᠷᠤᠬᠤ ᠭᠡᠷ ᠣᠭᠤᠴᠢᠬᠤ ᠠᠶᠠᠭ᠎ᠠ ᠦᠭᠡᠢ᠂ ᠠᠶᠢᠯ ᠤᠨ ᠪᠤᠯᠠᠢ᠂ ᠨᠠᠶᠢᠭᠡᠮ ᠤᠨ ᠳᠠᠷᠤᠭᠠᠰᠤ ᠪᠣᠯᠭᠠᠳᠠᠭ ᠦᠭᠡᠢ᠃ ᠨᠠᠩ ᠠᠷᠪᠠ ᠲᠠᠪᠤᠨ ᠬᠡᠦᠬᠡᠳ ᠲᠠᠢ ᠪᠠᠶᠢᠲᠠᠯ᠎ᠠ ᠠᠪᠤ ᠡᠵᠢ ᠪᠠᠨ ᠠᠪᠬᠤ ᠬᠥᠮᠦᠨ ᠦᠭᠡᠢ᠂ ᠲᠡᠵᠢᠭᠡᠬᠦ ᠬᠡᠦᠬᠡᠳ ᠦᠭᠡᠢ ᠶᠠᠷᠢᠶ᠎ᠠ ᠬᠡᠯᠡᠯᠴᠡᠭᠡᠨ ᠤ ᠵᠢᠮᠡᠯᠡᠯ ᠬᠠᠤᠯᠢ ᠴᠠᠭᠠᠵᠠ ᠶᠢᠨ ᠠᠯᠪᠠᠳᠠᠯᠭ᠎ᠠ ᠪᠠᠷ ᠰᠠᠶᠢ ᠬᠡᠳᠦᠨ ᠵᠣᠭᠤᠰ ᠳᠤᠷ᠎ᠠ ᠮᠠᠭᠤᠲᠠᠶᠢᠬᠠᠨ ᠥᠭᠴᠦ᠂ ᠡᠴᠢᠭᠡ ᠡᠭᠡ ᠪᠠᠨ ᠭᠤᠮᠤᠳᠠᠭᠠᠵᠤ ᠪᠠᠶᠢᠭ᠎ᠠ ᠶᠠᠪᠤᠳᠠᠯ ᠦᠭᠡᠢ᠃ ᠬᠠᠷᠢᠨ ᠮᠣᠩᠭᠤᠯᠴᠤᠳ ᠤᠨ ᠳᠤᠮᠳᠠ ᠠᠪᠤ ᠡᠵᠢ ᠶᠢᠨ ᠠᠴᠢ ᠡᠨᠡᠷᠢᠯ ᠢ ᠮᠠᠭᠲᠠᠨ ᠳᠠᠭᠤᠯᠠᠭᠰᠠᠨ ᠳᠠᠭᠤᠤ ᠰᠢᠯᠦᠭ᠂ ᠬᠤᠯᠪᠤᠭ᠎ᠠ ᠠᠯᠢ ᠣᠯᠠᠨ ᠪᠠᠶᠢᠳᠠᠭ ᠢ ᠳᠤᠷᠠᠳᠤᠯᠲᠠᠢ ᠪᠠᠶᠢᠨ᠎ᠠ᠃
  ᠵᠢᠷᠭᠤᠭ᠎ᠠ᠂ ᠪᠤᠰᠤᠳ ᠢ ᠳᠡᠮᠵᠢᠨ ᠲᠤᠰᠠᠯᠠᠵᠤ ᠰᠠᠶᠢᠨ ᠶᠠᠪᠤᠳᠠᠯ ᠬᠢᠬᠦ ᠪᠠᠷ ᠵᠢᠷᠭᠠᠯ ᠢᠶᠠᠨ ᠪᠣᠯᠭᠠᠳᠠᠭ ᠰᠠᠶᠢᠨ ᠰᠠᠶᠢᠬᠠᠨ ᠵᠠᠩᠰᠢᠯ ᠨᠢ ᠮᠣᠩᠭᠤᠯ ᠦᠨᠳᠦᠰᠦᠲᠡᠨ ᠡᠰᠡᠨᠢᠨ ᠮᠡᠨᠳᠦᠯᠡᠭᠰᠡᠨ ᠲᠡᠷᠡ ᠴᠠᠭ ᠠᠴᠠ ᠡᠬᠢᠯᠡᠯᠲᠡ ᠲᠠᠢ᠃ ᠡᠪᠴᠢᠭᠦᠦ ᠲᠤᠯᠤᠭᠰᠠᠨ ᠴᠠᠯ ᠪᠤᠭᠤᠷᠤᠯ ᠰᠠᠬᠠᠯ ᠢᠶᠠᠨ ᠬᠡᠶᠢᠰᠭᠡᠵᠥ᠂
ᠮᠠᠶᠢᠭ ᠣᠷᠤᠭᠰᠠᠨ ᠬᠥᠯ ᠢᠶᠠᠨ ᠳᠤᠶᠢᠭ ᠭᠠᠷᠤᠭᠰᠠᠨ ᠲᠠᠶᠠᠭ ᠲᠠᠭᠠᠨ ᠨᠠᠶᠢᠳᠠᠭᠰᠠᠨ ᠥᠨᠳᠦᠷ ᠨᠠᠰᠤᠲᠠᠨ ᠣᠮᠪᠤᠯᠤ ᠪᠠᠨ ᠳᠠᠭᠠᠭᠤᠯᠤᠨ ᠵᠠᠮ ᠤᠨ ᠬᠤᠪᠬᠢᠯ ᠳᠠᠬᠢ ᠴᠢᠯᠠᠭᠤ ᠮᠣᠳᠤ ᠶᠢ ᠵᠠᠶᠢᠯᠠᠭᠤᠯᠵᠥ ᠬᠠᠶᠠᠨ ᠠᠮᠠᠨ ᠳᠠᠭᠠᠨ ︽ᠪᠤᠶᠠᠨ ᠪᠣᠯᠤᠭ︾ ᠭᠡᠵᠦ ᠲᠥᠳᠦᠨᠡᠭᠰᠡᠨ ᠦᠵᠡᠭᠳᠡᠯ᠂ ᠵᠢᠪᠠᠷ ᠪᠠᠷᠢᠨ ᠢᠯᠦᠭᠰᠡᠨ ᠪᠤᠶᠤ ᠰᠢᠭᠤᠷᠭ᠎ᠠ ᠳᠠᠭᠠᠨ ᠤᠷᠤᠭᠤᠳᠠᠭᠰᠠᠨ ᠮᠠᠯ ᠰᠦᠷᠦᠭ ᠢ ᠬᠠᠰᠢᠨ ᠬᠤᠮᠢᠵᠤ ᠠᠶᠢᠯ ᠡᠵᠡᠨ ᠳᠤᠨᠢ ᠵᠣᠯᠭᠠᠭᠤᠯᠵᠤ ᠪᠠᠶᠢᠭ᠎ᠠ ᠤᠴᠢᠷ᠂ ᠬᠤᠳᠳᠤᠭ ᠤᠰᠤᠨ ᠳᠡᠭᠡᠷ᠎ᠡ ᠢᠷᠠᠭᠰᠠᠨ ᠮᠠᠯ ᠢ ᠡᠪᠦᠯ ᠤᠨ ᠬᠦᠢᠲᠡᠨ ᠳᠤ ᠨᠢᠭᠤᠷ ᠴᠢᠷᠠᠢ ᠪᠠᠨ ᠴᠠᠩᠳᠤᠭᠤᠯᠤᠠ ᠤᠰᠤᠯᠠᠵᠤ ᠪᠠᠶᠢᠭ᠎ᠠ ᠬᠥᠮᠦᠨ᠂ ᠭᠤᠣᠯ ᠤᠰᠤᠨ ᠳᠤ ᠰᠢᠪᠠᠷᠲᠤᠭᠰᠠᠠ ᠪᠤᠶᠤ ᠬᠤᠤ ᠬᠠᠩᠭ᠎ᠠ ᠳᠤ ᠤᠨᠠᠭᠰᠠᠨ ᠮᠠᠯ ᠢ ᠬᠢᠵᠦ ᠪᠠᠷᠢᠭᠰᠠᠨ ᠢᠶᠠᠨ ᠲᠠᠯᠪᠢᠨ ᠪᠠᠶᠢᠵᠥ ᠡᠷᠭᠦᠨ ᠪᠤᠰᠬᠠᠵᠥ ᠪᠠᠶᠢᠭ᠎ᠠ ᠶᠠᠪᠤᠳᠠᠯ ᠢ ᠲᠠᠯ᠎ᠠ ᠨᠤᠲᠤᠭ ᠲᠤ ᠬᠠᠮᠢᠭ᠎ᠠ ᠬᠡᠵᠢᠶ᠎ᠡ ᠴᠦ ᠣᠯᠵᠤ ᠬᠠᠷᠠᠳᠠᠭ᠃ ᠰᠠᠶᠢᠨ ᠬᠥᠮᠦᠨ ᠰᠠᠶᠢᠨ ᠶᠠᠪᠤᠳᠠᠯ ᠢ ᠬᠡᠨ ᠢᠶᠠᠷ ᠴᠦ ᠬᠡᠯᠡᠭᠦᠯ ᠦᠭᠡᠢ᠂ ᠬᠡᠨ ᠳᠤ ᠴᠦ ᠭᠠᠪᠢᠶᠠᠷᠬᠠᠯ ᠦᠭᠡᠢ ᠦᠭᠡ ᠳᠠᠭᠤᠨ ᠦᠭᠡᠢ ᠬᠢᠵᠦ ᠶᠠᠪᠤᠳᠠᠭ ᠨᠢ ᠬᠡᠴᠢᠨᠡᠨ ᠵᠠᠭᠤ ᠮᠢᠩᠭᠠᠨ ᠵᠢᠯ ᠤᠨ ᠲᠤᠷᠰᠢ ᠮᠣᠩᠭᠤᠯᠴᠤᠳ ᠤᠨ ᠵᠠᠩᠰᠢᠯ ᠪᠣᠯᠤᠨ ᠲᠠᠳᠬᠠᠯᠵᠢᠠᠠᠰᠠᠠ ᠶᠢ ᠲᠡᠦᠬᠡ ᠠᠯᠢ ᠬᠡᠳᠦ᠋ᠨᠡᠢ ᠭᠡᠷᠡᠴᠢᠯᠡᠵᠡᠢ᠃
  ᠳᠣᠯᠤᠭ᠎ᠠ᠂ ᠮᠣᠩᠭᠤᠯᠴᠤᠳ ᠦᠷ᠎ᠡ ᠬᠡᠦᠬᠡᠳ ᠲᠡᠭᠡᠨ ᠰᠠᠶᠢᠨ ᠰᠠᠶᠢᠬᠠᠨ ᠢ ᠲᠠᠨᠢᠭᠤᠯᠵᠤ ᠲᠥᠪ ᠴᠢᠭᠡᠴᠢ ᠪᠠᠶᠢᠬᠤ ᠶᠢ ᠰᠤᠷᠲᠠᠯᠴᠢᠯᠠᠨ ᠮᠠᠭᠤ ᠮᠠᠭᠤᠬᠠᠢ᠂ ᠵᠢᠰᠤᠷ ᠰᠢᠨᠤᠬᠠᠢ ᠶᠢ ᠵᠢᠭᠰᠢᠬᠦᠯᠤᠠ ᠴᠡᠭᠡᠷᠯᠡᠭᠦᠯᠳᠡᠭ᠃ ᠠᠶᠢᠯ ᠠᠶᠢᠮᠠᠭ ᠦᠷ᠎ᠡ ᠬᠡᠥᠬᠡᠳ ᠢᠶᠠᠨ ᠦᠭᠡᠭᠦᠦ ᠶᠠᠳᠠᠭᠤ ᠠᠷᠠᠳ ᠢ ᠲᠡᠳᠭᠦᠨ ᠲᠤᠰᠠᠯᠠᠵᠤ᠂ ᠡᠪᠡᠳᠴᠢᠨ ᠵᠣᠪᠠᠯᠠᠩ ᠲᠠᠢ ᠬᠥᠮᠦᠰ ᠢ ᠠᠰᠠᠷᠠᠨ ᠬᠠᠷᠠᠭᠠᠯᠵᠠᠵᠤ᠂ ᠪᠡᠶ᠎ᠡ ᠪᠠᠨ ᠴᠢᠩᠭ᠎ᠠ ᠱᠠᠭᠠᠷᠳᠠᠨ ᠬᠢᠴᠢᠶᠡᠵᠦ᠂ ᠶᠠᠮᠠᠷ ᠴᠤ ᠪᠠᠶᠢᠳᠠᠯ ᠳᠣᠣᠷ᠎ᠠ ᠦᠨᠡᠨ ᠴᠠᠭᠠᠨ ᠢᠶᠠᠷ ᠶᠠᠪᠤᠬᠤ ᠶᠢ ᠪᠠᠷᠢᠮᠲᠠᠯᠠᠬᠤ ᠶᠢᠨ ᠬᠠᠮᠲᠤ ︽ᠢᠨᠢᠶᠡᠮᠰᠦᠭ ᠴᠢᠷᠠᠶᠢᠲᠦ ᠬᠥᠮᠦᠨ ᠪᠦᠬᠦᠨ ᠢ ᠢᠨᠠᠭ ᠳᠣᠲᠤᠨᠤ ᠭᠡᠵᠦ ᠪᠢᠲᠡᠭᠡᠢ ᠪᠣᠳᠤ᠂ ᠵᠢᠰᠤᠷᠳᠠᠠ ᠠᠷᠭᠠᠳᠠᠭᠴᠢ ᠪᠠᠶᠢᠵᠥ ᠮᠡᠳᠡᠨ᠎ᠡ︾ ᠭᠡᠬᠦ ᠮᠡᠲᠦ ᠶᠢᠨ ᠴᠢᠬᠤᠯᠠ ᠰᠤᠷᠭᠠᠯ ᠦᠭᠡ ᠨᠦᠭᠦᠳ ᠢᠶᠠᠷ ᠰᠡᠩᠬᠡᠷᠡᠭᠦᠯᠵᠦ᠂ ᠰᠠᠶᠢᠨ ᠪᠡ ᠮᠠᠭᠤ ᠬᠥᠮᠦᠨ ᠤ ᠵᠠᠭᠠᠭ ᠢ ᠭᠡᠨᠡᠳᠡᠯ ᠦᠭᠡᠢ ᠢᠯᠭᠠᠬᠤ ᠴᠢᠳᠠᠪᠤᠷᠢ ᠲᠠᠢ ᠪᠣᠯᠭᠠᠬᠤ ᠶᠢ ᠣᠮᠲᠤᠭᠠᠢᠯᠠᠯ ᠦᠭᠡᠢ ᠠᠩᠬᠠᠷᠴᠤ ᠰᠤᠷᠭᠠᠳᠠᠭ᠃ ᠡᠨᠡ ᠬᠦ ᠤᠷᠢᠲᠠᠯ ᠤᠨ ᠳᠣᠣᠷ᠎ᠠ ᠡᠩ ᠤᠨ ᠨᠥᠬᠦᠳ ᠲᠠᠢ ᠪᠠᠨ ᠡᠶ᠎ᠡ ᠨᠠᠶᠢᠷᠲᠠᠢ ᠶᠠᠪᠤᠵᠤ ᠪᠤᠰᠤᠳ ᠢ ᠮᠠᠭᠤᠰᠢᠶᠠᠬᠤ ᠦᠭᠡᠢ᠂ ᠬᠤᠯᠠᠭᠠᠢ ᠬᠤᠳᠠᠯ ᠬᠢᠬᠦ ᠦᠭᠡᠢ᠂ ᠬᠤᠣᠷᠲᠤ ᠰᠠᠨᠠᠭ᠎ᠠ ᠡᠪᠦᠷᠯᠡᠬᠦ ᠦᠭᠡᠢ᠂ ᠬᠤᠪᠴᠢ ᠬᠠᠭᠤᠷᠮᠠᠭ ᠪᠣᠯᠬᠤ ᠦᠭᠡᠢ ᠪᠠᠷ ᠦᠨᠡᠨ ᠢᠶᠠᠨ ᠬᠡᠯᠡᠵᠦ ᠪᠡᠯᠡᠨ ᠢᠶᠠᠨ ᠢᠳᠡᠵᠦ ᠥᠷᠭᠡᠨ ᠲᠦᠮᠡᠨ ᠳᠤ ᠢᠲᠡᠭᠡᠯ ᠲᠠᠢ ᠶᠠᠪᠤᠬᠤ ᠶᠢ ᠵᠢᠭᠠᠳᠠᠭ ᠨᠢ ᠦᠨᠡᠨ ᠰᠠᠶᠢᠨ ᠰᠠᠶᠢᠬᠠᠨ ᠢ ᠡᠷᠬᠢᠮᠯᠡᠵᠦ᠂ ᠬᠤᠳᠠᠯ ᠮᠠᠭᠤ ᠮᠠᠭᠤᠬᠠᠢ ᠶᠢ ᠵᠢᠭᠰᠢᠭᠰᠡᠨ ᠤᠯᠠᠮᠵᠢᠯᠠᠭᠤᠰᠢᠲᠠᠢ ᠨᠠᠨᠳᠢᠨ ᠵᠠᠩᠰᠢᠯ ᠪᠠᠶᠢᠭ᠎ᠠ ᠶᠤᠮ᠃
  ᠨᠠᠢᠮᠠ᠂ ᠮᠣᠩᠭᠤᠯᠴᠤᠳ ︽ᠤᠨᠠᠭᠰᠠᠨ ᠰᠢᠷᠤᠢ ᠠᠯᠳᠠ᠂ ᠤᠭᠢᠶᠠᠭᠰᠠᠨ ᠤᠰᠤ ᠷᠠᠰᠢᠶᠠᠨ︾ ᠭᠡᠵᠦ ᠥᠪᠡᠷ ᠤᠨ ᠲᠥᠷᠦᠵᠦ ᠥᠰᠦᠭᠰᠡᠨ ᠨᠤᠲᠤᠭ ᠤᠰᠤ ᠪᠠᠨ ᠬᠠᠶᠢᠷᠠᠯᠠᠨ ᠬᠠᠮᠠᠭᠠᠯᠠᠵᠤ ᠶᠠᠪᠤᠬᠤ ᠶᠢ ᠴᠠᠭ ᠦᠷᠭᠦᠯᠵᠢ ᠰᠠᠨᠠᠭᠤᠯᠵᠤ ᠪᠠᠶᠢᠳᠠᠭ ᠪᠥᠭᠡᠳ ᠥᠰᠢᠶᠡᠲᠡᠨ ᠳᠠᠶᠢᠰᠣᠨ ᠤ ᠲᠦᠷᠢᠮᠡᠬᠡᠢᠯᠡᠯ ᠠᠴᠠ ᠥᠯᠦᠭᠡᠢ ᠨᠤᠲᠤᠭ᠂ ᠠᠷᠠᠳ ᠣᠯᠠᠨ ᠢᠶᠠᠨ ᠠᠪᠤᠷᠠᠭᠰᠠᠨ ᠪᠠᠭᠠᠲᠤᠷ ᠤᠨ ᠲᠤᠤᠯᠢ ᠶᠢ ᠶᠠᠷᠢᠵᠤ ᠥᠭᠭᠦᠨ ᠦᠷ᠎ᠡ ᠬᠡᠦᠬᠡᠳ ᠢᠶᠠᠨ ᠡᠭᠡ ᠣᠷᠤᠨ᠂ ᠥᠯᠦᠭᠡᠢ ᠨᠤᠲᠤᠭ ᠤᠨ ᠢᠶᠠᠨ ᠪᠦᠷᠢᠨ ᠪᠦᠲᠦᠨ᠂ ᠡᠩᠬᠡ ᠠᠮᠤᠭᠤᠯᠠᠩ ᠤᠨ ᠲᠥᠯᠦᠭᠡ ᠠᠯᠢᠪᠠ ᠪᠠᠨ ᠵᠣᠷᠢᠭᠤᠯᠬᠤ ᠬᠦᠰᠡᠯ ᠵᠣᠷᠢᠭ ᠲᠠᠢ ᠪᠣᠯᠭᠠᠨ ᠬᠥᠮᠦᠵᠢᠭᠦᠯᠵᠦ ᠪᠠᠶᠢᠳᠠᠭ᠃ ᠡᠶᠢᠮᠦᠷᠬᠦ ᠡᠭᠡ ᠣᠷᠤᠨ ᠢᠶᠠᠨ ᠬᠠᠶᠢᠷᠠᠯᠠᠬᠤ ᠬᠥᠮᠦᠵᠢᠯ ᠠᠯᠢ ᠡᠷᠲᠡ ᠠᠴᠠ ᠤᠯᠠᠮᠵᠢᠯᠠᠭᠳᠠᠨ ᠲᠤᠤᠱᠠᠯᠠᠭᠳᠠᠵᠤ ᠪᠠᠶᠢᠭᠰᠠᠨ ᠵᠢᠱᠢᠶ᠎ᠡ ᠮᠤᠩ ᠦᠭᠡᠢ ᠣᠯᠠᠨ ᠪᠠᠶᠢᠭ᠎ᠠ ᠶᠤᠮ᠃
  ᠶᠢᠰᠦ᠂ ᠮᠣᠩᠭᠤᠯᠴᠤᠳ ᠦᠷ᠎ᠡ ᠬᠡᠦᠬᠡᠳ ᠢᠶᠠᠨ ᠠᠵᠢᠯ ᠬᠥᠳᠡᠯᠮᠦᠷᠢ ᠶᠢᠨ ᠳᠤᠮᠳᠠ ᠬᠠᠲᠠᠭᠤᠵᠢᠭᠤᠯᠤᠨ ᠪᠣᠯᠪᠠᠰᠤᠷᠠᠭᠤᠯᠬᠤ ᠶᠠᠪᠤᠳᠠᠯ ᠢ ᠮᠠᠰᠢ ᠡᠷᠬᠢᠮᠯᠡᠨ ᠦᠵᠡᠳᠡᠭ᠃ ᠬᠡᠦᠬᠡᠳ ᠢ ᠳᠡᠩᠳᠡᠭᠦᠦ ᠡᠷᠬᠡᠯᠡᠭᠦᠯᠦᠨ ᠬᠠᠷᠠᠬᠠᠨ ᠪᠠᠭ᠎ᠠ ᠠᠴᠠ ᠨᠢ ᠡᠷᠬᠡ ᠲᠠᠩᠬᠢ ᠰᠤᠷᠭᠠᠪᠠᠯ ᠰᠠᠨᠠᠭ᠎ᠠ ᠰᠡᠳᠭᠢᠯ ᠳᠤᠨᠢ ᠬᠠᠷᠰᠢ ᠲᠠᠢ ᠭᠡᠵᠦ᠂ ᠥᠰᠬᠦ ᠪᠣᠰᠬᠤ ᠠᠴᠠ ᠨᠢ ᠡᠬᠢᠯᠡᠭᠡᠳ ᠲᠣᠷᠭ᠎ᠠ ᠪᠠᠷ ᠭᠠᠯᠭᠢᠭᠤᠯᠵᠤ ᠯᠠᠷᠵᠠ ᠶᠠᠩᠪᠠ ᠲᠠᠲᠠᠳᠠᠭ ᠥᠩᠭᠡᠴᠢ ᠵᠠᠩ ᠰᠤᠷᠲᠠᠯ ᠢ ᠢᠴᠢᠭᠦᠷᠢ ᠭᠡᠵᠦ᠂ ︽ᠡᠷᠬᠡ ᠶᠢ ᠰᠤᠷᠬᠤ ᠪᠠᠷ ᠪᠡᠷᠬᠡ ᠶᠢ ᠰᠤᠷ︾ ᠭᠡᠵᠦ ᠨᠢᠯᠬ᠎ᠠ ᠪᠠᠭ᠎ᠠ ᠠᠴᠠ ᠨᠢ ᠮᠠᠯᠵᠢᠬᠤ ᠦᠢᠯᠡᠳᠪᠦᠷᠢᠯᠡᠯ ᠤᠨ ᠮᠡᠳᠡᠯᠭᠡ ᠴᠢᠳᠠᠪᠤᠷᠢ ᠶᠢ ᠡᠵᠡᠮᠰᠢᠭᠦᠯᠵᠦ ᠠᠵᠢᠯ ᠮᠣᠳᠤᠨ ᠳᠤ ᠬᠠᠷᠰᠢᠭᠤᠯᠵᠤ ᠴᠠᠭᠠᠷᠠᠭᠤᠯᠵᠤ ᠪᠠᠶᠢᠳᠠᠭ᠃ ᠢᠩᠭᠢᠭᠰᠡᠨ ᠢᠶᠠᠷ ᠢᠶᠠᠨ ᠮᠣᠩᠭᠤᠯ ᠬᠡᠦᠬᠡᠳ ᠬᠦᠳᠠᠷ ᠴᠢᠭᠢᠷᠠᠭ᠂ ᠡᠷᠡᠯᠬᠡᠭ ᠪᠠᠭᠠᠲᠤᠷ᠂ ᠪᠠᠭ᠎ᠠ ᠠᠴᠠ ᠪᠠᠨ ᠬᠥᠳᠡᠯᠮᠦᠷᠢ ᠳᠤ ᠳᠤᠷᠠᠲᠠᠢ᠂ ᠬᠥᠳᠡᠯᠮᠦᠷᠢ ᠶᠢ ᠬᠠᠶᠢᠷᠠᠯᠠᠬᠤ ᠠᠵᠢᠯᠴᠢ ᠠᠷᠪᠢᠴᠢ ᠪᠠᠷ ᠥᠰᠦᠨ ᠪᠤᠶᠢᠵᠢᠵᠥ ᠪᠠᠶᠢᠳᠠᠭ ᠰᠠᠨ᠂ ᠡᠨᠡ ᠨᠢ ᠬᠥᠳᠡᠯᠮᠦᠷᠢ ᠶᠢ ᠬᠠᠶᠢᠷᠠᠯᠠᠬᠤ ᠬᠥᠮᠦᠵᠢᠯ ᠲᠡᠳᠡᠨ ᠤ ᠪᠠᠯᠴᠢᠷ ᠨᠢᠯᠬ᠎ᠠ ᠲᠠᠷᠢᠬᠢᠨ ᠳᠤᠨᠢ ᠠᠯᠢ ᠡᠷᠲᠡ ᠰᠢᠩᠬᠢᠭᠰᠡᠠ ᠶᠢᠨ ᠰᠠᠶᠢᠨ ᠪᠠᠶᠢᠵᠥ ᠲᠠᠭᠠᠷᠠᠨ᠎ᠠ᠃
  ᠠᠷᠪᠠ᠂ ᠮᠣᠩᠭᠤᠯᠴᠤᠳ ︽ᠠᠯᠤᠩᠭᠤᠸ᠎ᠠ ᠬᠠᠲᠤᠨ ᠲᠠᠪᠤᠨ ᠮᠥᠰᠦ ᠪᠠᠷ ᠬᠡᠦᠬᠡᠳ ᠢᠶᠠᠨ ᠰᠤᠷᠭᠠᠭᠰᠠᠨ ᠦᠯᠢᠭᠡᠷ︾ ᠢ ᠦᠷ᠎ᠡ ᠬᠡᠦᠬᠡᠳ ᠲᠡᠭᠡᠨ ᠦᠶ᠎ᠡ ᠤᠯᠠᠮᠵᠢᠯᠠᠨ ᠶᠠᠷᠢᠵᠤ᠂ ︽ᠴᠤᠪᠤᠵᠤ ᠶᠠᠪᠤᠭᠰᠠᠨ ᠪᠠᠷᠰ ᠠᠴᠠ ᠴᠤᠭᠯᠠᠷᠠᠵᠤ ᠰᠠᠭᠤᠭᠰᠠᠨ ᠱᠠᠭᠠᠵᠠᠭᠠᠢ ᠳᠡᠭᠡᠷ᠎ᠡ︾ ᠭᠡᠬᠦ ᠰᠡᠴᠡᠨ ᠦᠭᠡ᠂ ᠦᠨᠡᠨ ᠶᠣᠰᠤ ᠪᠠᠷ ᠬᠡᠦᠬᠡᠳ ᠢᠶᠠᠨ ᠰᠤᠷᠭᠠᠵᠤ᠂ ᠡᠪ ᠨᠢᠭᠡᠳᠦᠯ᠂ ᠪᠦᠯᠭᠦᠮᠳᠡᠯ ᠨᠢᠭᠲᠠᠷᠠᠯ ᠢ ᠡᠷᠬᠢᠮᠯᠡᠵᠦ ᠨᠠᠨᠳᠢᠩᠨᠠᠵᠤ ᠶᠠᠪᠤᠳᠠᠭ ᠰᠠᠶᠢᠬᠠᠨ ᠤᠯᠠᠮᠵᠢᠯᠠᠯ ᠲᠠᠢ᠃ ᠶᠠᠭᠤᠨ ᠤ ᠤᠷᠢᠳ ᠡᠴᠢᠭᠡ ᠬᠥᠪᠡᠭᠦᠨ ᠪᠡ ᠠᠬ᠎ᠠ ᠳᠡᠭᠦᠦ ᠨᠡᠷ ᠤᠨ ᠲᠥᠷᠦᠯ ᠬᠡᠯᠬᠢᠶ᠎ᠡ ᠶᠢᠨ ᠠᠷᠢᠭᠤᠨ ᠲᠠᠩᠭᠠᠷᠢᠭ ᠢ ᠰᠠᠶᠢᠳᠤᠷ ᠭᠡᠴᠢᠶᠠᠵᠤ ᠬᠠᠷᠢᠯᠴᠠᠨ ᠨᠢᠭᠡ ᠨᠢᠭᠡᠨ ᠢᠶᠠᠨ ᠳᠣᠷᠤᠮᠵᠢᠯᠠᠬᠤ ᠡᠪᠳᠡᠷᠡᠯᠴᠡᠬᠦ ᠶᠢ ᠶᠡᠬᠡᠳᠡ ᠴᠡᠭᠡᠷᠯᠡᠯ ᠪᠣᠯᠭᠠᠳᠠᠭ᠃ ᠬᠡᠷᠪᠡ ᠬᠠᠷᠢᠯᠴᠠᠨ ᠳᠣᠷᠤᠮᠵᠢᠯᠠᠵᠤ ᠡᠪᠳᠡᠷᠡᠯᠴᠡᠬᠦ ᠳᠤ ᠭᠦᠷᠪᠡᠯ ᠲᠠᠩᠭᠠᠷᠢᠭ ᠡᠪᠳᠡᠷᠡᠪᠡ ᠭᠡᠵᠦ ᠰᠦᠷᠭᠡᠦ ᠪᠤᠷᠤᠭᠤ ᠶᠠᠪᠤᠳᠠᠯ ᠪᠣᠯᠵᠤ ᠲᠥᠷᠦᠯ ᠲᠥᠷᠦᠭᠰᠡᠳ᠂ ᠠᠶᠢᠯ ᠠᠶᠢᠮᠠᠭ ᠤᠨ ᠵᠢᠭᠰᠢᠯ ᠪᠡ ᠡᠰᠡᠷᠭᠦᠴᠡᠯ ᠢ ᠣᠯᠳᠠᠭ᠃ ᠲᠥᠷᠦᠯ ᠬᠤᠭᠤᠷᠤᠨᠳᠤ ᠪᠠᠨ᠂ ᠠᠪᠠᠭ᠎ᠠ ᠠᠴᠢ ᠬᠤᠭᠤᠷᠤᠨᠳᠤ ᠪᠠᠨ ᠬᠠᠷᠢᠯᠴᠠᠨ ᠲᠠᠩᠭᠠᠷᠢᠭ ᠡᠪᠳᠡᠷᠡᠬᠦ ᠶᠢ ᠶᠡᠬᠡᠳᠡ ᠴᠠᠭᠡᠷᠯᠠᠨ᠎ᠠ᠃ ᠲᠠᠳᠠ ᠢᠩᠭᠢᠵᠦ ᠡᠪᠳᠡᠷᠡᠯᠴᠡᠬᠦ ᠶᠢ ᠲᠦᠯ ᠤᠨ ᠰᠦᠷᠭᠡᠦ ᠶᠠᠪᠤᠳᠠᠯ ᠢᠶᠠᠷ ᠦᠵᠡᠳᠡᠭ ᠲᠤᠯᠠ ︽ᠲᠠᠩᠭᠠᠷᠢᠭ ᠡᠪᠳᠡᠷᠡᠬᠦ ᠶᠢᠨ ᠬᠤᠣᠷ᠎ᠠ ᠨᠢ ᠲᠣᠩᠭᠤᠷᠠᠭ ᠠᠴᠠ ᠬᠤᠷᠴᠠ︾ ᠭᠡᠵᠦ ᠴᠡᠭᠡᠷᠯᠡᠯ ᠪᠣᠯᠭᠠᠳᠠᠭ᠃ ᠳᠠᠷᠠᠭ᠎ᠠ ᠨᠢ ᠬᠥᠷᠰᠢ ᠵᠠᠷᠭᠡᠯᠳᠡᠭᠡ᠂ ᠠᠶᠢᠯ ᠰᠠᠭᠠᠬᠠᠯᠲᠠ ᠶᠢᠨ ᠡᠪ ᠪᠦᠯᠭᠦᠮᠳᠡᠯ ᠢ ᠶᠡᠬᠡᠳᠡ ᠡᠷᠬᠢᠮᠯᠡᠵᠦ᠂ ︽ᠬᠤᠯᠠ ᠶᠢᠨ ᠰᠠᠳᠤᠨ ᠬᠤᠷᠤᠭ᠎ᠠ ᠵᠠᠯᠭᠠᠭᠰᠠᠨ ᠬᠥᠷᠰᠢ ᠶᠢ ᠥᠯᠦ ᠬᠦᠷᠤᠶᠤ︾᠂ ︽ᠠᠶᠢᠯ ᠠᠶᠢᠮᠠᠭ ᠤᠨ ᠠᠮᠢ ᠨᠢᠭᠡ᠂ ᠠᠨᠵᠢᠰᠤᠨ ᠦᠬᠡᠷ ᠤᠨ ᠳᠦᠷᠦ ᠨᠢᠭᠡ︾ ᠭᠡᠵᠦ ᠡᠶ᠎ᠡ ᠨᠠᠶᠢᠷ ᠲᠠᠢ ᠪᠦᠯᠬᠦᠮᠳᠠᠠ ᠨᠢᠭᠲᠠᠷᠠᠵᠤ ᠶᠠᠪᠤᠬᠤ ᠶᠢ ᠮᠠᠰᠢᠳᠠ ᠴᠢᠬᠤᠯᠴᠢᠯᠠᠳᠠᠭ ᠲᠤᠯᠠ ᠮᠣᠩᠭᠤᠯ ᠨᠤᠲᠤᠭ ᠲᠤ ᠠᠶᠢᠯ ᠠᠶᠢᠮᠠᠭ ᠳᠣᠲᠤᠷ᠎ᠠ ᠪᠠᠨ ᠲᠠᠭᠠᠷᠠᠯᠴᠠᠬᠤ ᠦᠭᠡᠢ ᠬᠡᠷᠡᠭᠦᠯ ᠵᠣᠳᠤᠭᠠᠨ ᠪᠣᠯᠬᠤ᠂ ᠥᠰᠢᠶ᠎ᠡ ᠬᠤᠷᠤᠰᠤᠯ ᠵᠠᠩᠭᠢᠳᠬᠤ ᠶᠠᠪᠤᠳᠠᠯ ᠶᠡᠷᠦ ᠭᠠᠷᠳᠠᠭ ᠦᠭᠡᠢ ᠲᠡᠦᠬᠡ ᠲᠠᠢ ᠶᠤᠮ᠃ ᠨᠠᠩ ᠭᠡᠷ ᠪᠦᠯᠢ ᠶᠢᠨ ᠳᠣᠲᠤᠷ᠎ᠠ ᠪᠠᠨ ᠡᠶ᠎ᠡ ᠨᠠᠶᠢᠷ ᠢᠶᠠᠷ ᠪᠢᠯᠬᠠᠵᠤ᠂ ᠠᠬᠠᠮᠠᠳ ᠨᠠᠰᠤᠲᠠᠨ ᠢᠶᠠᠨ ᠬᠦᠨᠳᠦᠯᠡᠵᠦ ᠠᠩᠭ᠎ᠠ ᠨᠢᠯᠬ᠎ᠠ ᠪᠠᠨ ᠪᠦᠵᠢᠭᠤᠯᠤᠨ ᠠᠬ᠎ᠠ ᠳᠡᠭᠦᠦ ᠬᠡᠳᠦᠭᠦᠯᠡ ᠪᠣᠯᠤᠭᠰᠠᠨ ᠴᠤ ᠴᠥᠮ ᠡᠪᠦᠭᠡ ᠡᠮᠡᠭᠡ᠂ ᠠᠪᠤ ᠡᠵᠢ ᠲᠠᠢ ᠪᠠᠨ ᠨᠢᠭᠡ ᠯᠠ ᠭᠡᠷ ᠲᠤ ᠠᠮᠢᠳᠤᠷᠠᠵᠤ᠂ ᠨᠢᠭᠡ ᠲᠣᠭᠤᠭᠠᠨ ᠠᠴᠠ ᠪᠤᠳᠠᠭ᠎ᠠ ᠢᠳᠡᠨ ᠠᠬ᠎ᠠ ᠳᠡᠭᠦᠦ ᠬᠤᠭᠤᠷᠤᠨᠳᠤ ᠪᠠᠨ᠂ ᠠᠪᠢᠰᠤᠨ ᠠᠵᠢᠨ ᠬᠤᠭᠤᠷᠤᠨᠳᠤ ᠪᠠᠨ ᠦᠭᠡ ᠵᠥᠷᠢᠯᠳᠦᠬᠦ ᠶᠢ ᠪᠠᠶᠢᠳᠤᠭᠠᠢ᠂ ᠴᠢᠷᠠᠢ ᠴᠤ ᠬᠤᠪᠢᠷᠠᠬᠤ ᠦᠭᠡᠢ ᠠᠮᠢᠳᠤᠷᠠᠵᠤ ᠪᠠᠢᠭᠰᠠᠨ ᠬᠡᠳᠦᠨ ᠠᠷᠪᠠᠨ ᠠᠮᠠ ᠪᠦᠯᠢ ᠲᠠᠢ ᠲᠣᠮᠤ ᠡᠷᠦᠬᠡ ᠣᠯᠠᠨ ᠪᠠᠶᠢᠵᠥ᠂ ᠬᠥᠮᠦᠰ ᠲᠤ ︽ᠡᠯᠢᠭᠡ ᠪᠦᠲᠦᠨ᠂ ᠡᠪ ᠨᠠᠢᠷᠠᠮᠳᠠᠭᠤ ᠪᠦᠯᠢ︾ ᠭᠡᠵᠦ ᠮᠠᠭᠲᠠᠭᠳᠠᠵᠤ ᠪᠠᠶᠢᠳᠠᠭ᠃
  ᠠᠷᠪᠠᠨ ᠨᠢᠭᠡ᠂ ᠮᠣᠩᠭᠤᠯᠴᠤᠳ ᠦᠷ᠎ᠡ ᠬᠡᠦᠬᠡᠳ ᠢᠶᠠᠨ ᠬᠥᠮᠦᠵᠢᠭᠦᠯᠬᠦ ᠶᠠᠪᠤᠳᠠᠯ ᠢ ᠡᠷᠦᠬᠡ ᠡᠷᠦᠬᠡ ᠶᠢᠨ ᠠᠮᠢ ᠬᠤᠪᠢᠨ ᠤ ᠶᠠᠪᠤᠳᠠᠯ ᠢᠶᠠᠷ ᠦᠵᠡᠳᠡᠭ ᠦᠭᠡᠢ᠂ ᠬᠠᠷᠢᠨ ᠠᠶᠢᠯ ᠭᠤᠣᠯ᠂ ᠨᠡᠶᠢᠭᠡᠮ ᠨᠡᠶᠢᠲᠡ ᠪᠠᠷ ᠢᠶᠠᠨ ᠡᠭᠦᠷᠭᠡᠯᠡᠨ ᠠᠪᠴᠤ ᠵᠶᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠪᠠᠷ ᠦᠵᠡᠵᠦ ᠬᠠᠮᠲᠤ ᠪᠠᠷ ᠢᠶᠠᠨ ᠬᠥᠮᠦᠵᠢᠭᠦᠯᠦᠨ ᠬᠠᠲᠠᠭᠤ ᠴᠢᠩᠭ᠎ᠠ ᠪᠠᠷ ᠰᠤᠷᠭᠠᠳᠠᠭ ᠵᠠᠩᠰᠢᠯ ᠲᠠᠢ᠃ ᠮᠣᠩᠭᠤᠯ ᠣᠷᠤᠨ ᠳᠤ ᠠᠬᠠᠮᠠᠳ ᠨᠠᠰᠤᠲᠠᠨ ᠨᠢ ᠬᠡᠦᠬᠡᠳ ᠪᠠᠭᠠᠴᠤᠳ ᠤᠨ ᠶᠣᠰᠤ ᠮᠤᠷᠠᠯ ᠦᠭᠡᠢ ᠠᠵᠢᠯᠯᠠᠭ᠎ᠠ᠂ ᠠᠯᠵᠠᠭᠤ ᠬᠤᠶᠢᠷᠭᠤ ᠰᠤᠷᠲᠠᠯ ᠢ ᠦᠵᠡᠪᠡᠯ ᠲᠠᠨᠢᠬᠤ ᠡᠰᠡ ᠲᠠᠨᠢᠬᠤ ᠶᠢ ᠥᠯᠦ ᠬᠠᠶᠢᠬᠤᠷᠣᠨ ᠵᠢᠮᠡᠯᠡᠨ ᠰᠤᠷᠭᠠᠳᠠᠭ ᠢᠶᠠᠷ ᠪᠠᠷᠠᠬᠤ ᠦᠭᠡᠢ᠂ ᠪᠠᠰᠠ ᠭᠡᠷ ᠡᠷᠦᠬᠡ ᠳᠤᠨᠢ ᠬᠡᠷᠡᠭ ᠪᠣᠯᠭᠠᠨ ᠬᠦᠷᠴᠦ ᠬᠡᠦᠬᠡᠳ ᠤᠨ ᠬᠢᠨᠢ ᠶᠣᠰᠤ ᠨᠣᠮ ᠦᠭᠡᠢ ᠠᠭᠠᠰᠢᠯᠠᠭᠰᠠᠨ᠂ ᠲᠤᠭᠤᠯ ᠪᠢᠷᠠᠭᠤ ᠢᠰᠢᠭᠡ ᠬᠤᠷᠠᠭ᠎ᠠ ᠬᠠᠷᠢᠭᠤᠯᠵᠤ ᠪᠠᠢᠭᠠᠳ ᠤᠨᠲᠠᠵᠤ ᠬᠡᠪᠲᠡᠭᠰᠡᠨ᠂ ᠡᠰᠡᠬᠦᠯ᠎ᠡ ᠨᠠᠭᠠᠳᠤᠮ ᠲᠣᠭᠯᠠᠭᠠᠮ ᠳᠠᠭᠠᠨ ᠪᠣᠯᠵᠤ ᠡᠭᠡ ᠲᠠᠢ ᠨᠢ ᠨᠡᠶᠢᠯᠡᠭᠦᠯᠥᠭᠰᠡᠨ ᠪᠤᠶᠤ ᠪᠤᠰᠤᠳ ᠤᠨ ᠰᠦᠷᠦᠭ ᠲᠤ ᠨᠡᠶᠢᠯᠡᠭᠦᠯᠥᠭᠰᠡᠨ ᠵᠡᠷᠭᠡ ᠬᠡᠷᠡᠭ ᠤᠴᠢᠷ ᠤᠳ ᠢ ᠨᠢᠭᠡᠳ ᠨᠢᠭᠡ ᠪᠠᠷ ᠨᠢᠭᠤᠯ ᠦᠭᠡᠢ ᠲᠣᠭᠠᠴᠢᠵᠤ᠂ ᠬᠤᠢᠰᠢᠳᠠ ᠴᠢᠩᠭ᠎ᠠ ᠱᠠᠭᠠᠷᠳᠠᠨ ᠰᠤᠷᠭᠠᠬᠤ ᠶᠢ ᠰᠠᠨᠠᠭᠤᠯᠵᠤ ᠪᠠᠶᠢᠳᠠᠭ᠃ ᠡᠨᠡ ᠦᠶ᠎ᠡ ᠳᠤ ᠭᠡᠷ ᠤᠨ ᠠᠬᠠᠮᠠᠳ ᠨᠢ ᠬᠡᠦᠬᠡᠳ ᠢᠶᠠᠨ ᠥᠮᠦᠭᠡᠷᠡᠵᠦ ᠥᠮᠦᠭᠯᠡᠳᠡᠭ ᠦᠭᠡᠢ᠂ ᠬᠠᠷᠢᠨ ᠲᠠᠯᠠᠷᠬᠠᠬᠤ ᠰᠡᠳᠭᠢᠯ ᠢᠶᠠᠨ ᠢᠯᠡᠳᠭᠡᠵᠦ᠂ ᠬᠤᠢᠰᠢᠳᠠ ᠪᠠᠰᠠ ᠴᠢᠩᠭ᠎ᠠ ᠰᠤᠷᠭᠠᠵᠤ ᠪᠠᠶᠢᠬᠤ ᠶᠢ ᠨᠠᠶᠢᠳᠠᠵᠥ ᠲᠤᠰᠢᠶᠠᠳᠠᠭ᠃ ᠵᠢᠮᠡᠯᠡᠯ ᠰᠣᠨᠤᠰᠤᠭᠰᠠᠨ ᠦᠷ᠎ᠡ ᠬᠡᠦᠬᠡᠳ ᠨᠢ ᠴᠦ ︽ᠡᠴᠢᠭᠡ ᠡᠭᠡ ᠳᠤ ᠬᠤᠪᠯᠠᠵᠤ ᠵᠢᠮᠠᠯᠠᠬᠦᠯᠤᠯ᠎ᠠ︾ ᠭᠡᠵᠦ ᠬᠤᠷᠤᠰᠤᠨ ᠵᠠᠨᠤᠵᠤ ᠥᠰᠢᠶᠡᠷᠬᠡᠨ ᠠᠭᠠᠰᠢᠯᠠᠳᠠᠭ ᠦᠭᠡᠢ᠂ ᠬᠠᠷᠢᠨ ᠣᠰᠤᠯ ᠠᠳᠠᠯ ᠢᠶᠠᠨ ᠨᠣᠮᠤᠬᠠᠨ ᠢᠶᠠᠷ ᠮᠡᠳᠡᠷᠡᠵᠦ ᠲᠡᠷᠡ ᠨᠠᠰᠤᠲᠠᠨ ᠢ ᠤᠯᠠᠮ ᠬᠦᠨᠳᠦᠯᠡᠨ ᠶᠠᠪᠤᠳᠠᠭ ᠪᠢᠯᠡ᠃ ᠣᠳᠣᠬᠠᠨ ᠳᠤ ᠰᠤᠷᠭᠠᠭᠤᠯᠢ᠂ ᠭᠡᠷ ᠪᠦᠯᠢ᠂ ᠨᠡᠶᠢᠭᠡᠮ ᠭᠤᠷᠪᠠᠨ ᠲᠠᠯ᠎ᠠ ᠶᠢᠨ ᠬᠥᠮᠦᠵᠢᠯ ᠢ ᠴᠢᠩᠭᠠᠳᠭᠠᠬᠤ ᠬᠡᠷᠡᠭᠲᠡᠢ ᠭᠡᠵᠦ ᠴᠢᠬᠤᠯᠠᠴᠢᠯᠠᠨ ᠱᠠᠭᠠᠷᠳᠠᠵᠤ ᠪᠠᠶᠢᠬᠤ ᠨᠢ ᠮᠣᠩᠭᠤᠯᠴᠤᠳ ᠢ ᠤᠯᠠᠮᠵᠢᠯᠠᠵᠤ ᠢᠷᠡᠭᠰᠡᠨ ᠢᠷᠠᠭᠤ ᠠᠯᠳᠠᠷᠲᠤ ᠤᠳᠤᠮᠰᠢᠯ ᠢᠶᠠᠨ ᠤᠯᠠᠮ ᠪᠠᠳᠠᠷᠠᠭᠤᠯᠰᠤᠭᠠᠢ ᠭᠡᠰᠡᠨ ᠦᠭᠡ ᠪᠣᠯᠵᠤ ᠲᠠᠭᠠᠷᠠᠨ᠎ᠠ᠃



  
     
     