- ᠬᠣᠲᠠᠯᠠ ᠣᠪᠣᠭᠲᠤ ᠯ ᠂ ᠳᠣᠭᠠᠷᠵᠠᠪ
1281
ᠮᠣᠩᠭᠣᠯ ᠪᠢᠴᠢᠭ ᠦᠨ ᠶᠦᠨᠢᠺᠣᠳ᠋ ᠦᠨ ᠠᠰᠠᠭᠣᠳᠠᠯ ᠦᠨ ᠲᠣᠬᠠᠢ ᠲᠣᠯᠭᠠᠨ ᠱᠠᠭᠠᠷᠳᠠᠬᠣ ᠪᠢᠴᠢᠭ
2016-03-24 02:31
449
5
ᠮᠣᠩᠭᠣᠯ ᠰᠣᠶᠣᠯ ᠳᠠᠭᠠᠨ ᠰᠠᠨᠠᠭ᠎ᠠ ᠲᠠᠯᠪᠢᠭᠴᠢ ᠬᠦᠮᠦᠨ ᠪᠣᠯᠭᠠᠨ ᠳ᠋ᠥ᠄
ᠰᠠᠶᠢᠨ ᠪᠠᠢᠵᠠᠭᠠᠨ᠎ᠠ ᠦᠦ︖
ᠳᠡᠯᠡᠬᠡᠢ ᠨᠡᠶᠢᠲᠡ ᠶᠢᠨ ᠺᠣᠮᠫᠢᠦ᠋ᠲ᠋ᠧᠷᠵᠢᠯᠲᠠ ᠪᠡ ᠰᠣᠷᠠᠭ ᠵᠠᠩᠭᠢᠵᠢᠯᠠᠯᠲᠠ ᠶᠢᠨ ᠲᠣᠭᠲᠠᠯᠴᠠᠭᠠᠨ ᠦ ᠰᠠᠭᠣᠷᠢ ᠶᠢ ᠲᠠᠯᠪᠢᠬᠣ ᠦᠶ᠎ᠡ ᠳ᠋ᠥ᠂ ᠮᠣᠩᠭᠣᠯ ᠪᠢᠴᠢᠭ ᠢ ᠲᠣᠬᠠᠢ ᠶᠢᠨ ᠲᠣᠭᠲᠠᠯᠴᠠᠭᠠᠨ ᠦ ᠢᠨᠵᠧᠨᠧᠷᠢᠩ ᠳ᠋ᠥ ᠪᠠᠭᠲᠠᠭᠠᠨ ᠣᠷᠣᠭᠣᠯᠬᠣ ᠠᠵᠢᠯ ᠢ ᠳᠠᠭᠠᠭᠠᠴᠢᠯᠠᠨ ᠠᠪᠣᠭᠰᠠᠨ ᠬᠦᠮᠦᠰ ᠬᠠᠷᠢᠴᠠᠭᠣᠯᠭᠠ ᠠᠯᠳᠠᠵᠦ᠂ ᠮᠣᠩᠭᠣᠯ ᠪᠢᠴᠢᠭ ᠦᠨ ᠺᠣᠳ᠋ ᠪᠣᠶᠣ ᠮᠡᠷᠭᠡᠵᠢᠯ ᠦᠨ ᠪᠠᠷᠢᠮᠵᠢᠶ᠎ᠡ ᠵᠢᠷᠣᠮᠯᠠᠯ ᠲᠡᠮᠳᠡᠭ ᠦᠳ ᠢ ᠲᠣᠲᠠᠭᠣ ᠲᠣᠷᠭᠣᠨ ᠣᠷᠣᠭᠣᠯᠵᠦ ᠲᠣᠰᠢᠶᠠᠭᠰᠠᠨ ᠦ ᠣᠷᠰᠢᠭ ᠶᠢᠡᠷ᠂ ᠮᠣᠩᠭᠣᠯ ᠪᠢᠴᠢᠭ ᠮᠠᠨᠢ ᠳᠡᠯᠡᠬᠡᠢ ᠨᠡᠶᠢᠲᠡ ᠶᠢᠨ ᠺᠣᠮᠫᠢᠦ᠋ᠲ᠋ᠧᠷ ᠦᠨ ᠲᠣᠣᠷ ᠰᠦᠯᠵᠢᠯᠲᠡ ᠪᠡᠷ ᠭᠦᠢᠴᠡᠳ ᠳᠠᠮᠵᠢᠨ ᠬᠣᠯᠪᠣᠭᠳᠠᠵᠦ ᠴᠢᠳᠠᠳᠠᠭ ᠦᠭᠡᠢ ᠪᠣᠯᠵᠦ᠂ ᠦᠷ᠎ᠡ ᠳᠦᠩ ᠳᠣᠨᠢ ᠮᠣᠩᠭᠣᠯᠴᠣᠳ ᠪᠢᠳᠡ ᠦᠨᠦᠳᠦᠷ ᠢ ᠬᠦᠷᠲᠡᠯ᠎ᠡ ᠪᠣᠰᠣᠭ᠎ᠠ ᠮᠣᠩᠭᠣᠯ ᠪᠢᠴᠢᠭ ᠶᠢᠡᠨ ᠺᠣᠮᠫᠢᠦ᠋ᠲ᠋ᠧᠷ᠂ ᠣᠬᠠᠭᠠᠯᠢᠭ ᠣᠳᠠᠰᠣ ᠵᠢᠴᠢ ᠦᠭᠡᠷ᠎ᠡ ᠶᠠᠩᠵᠦ ᠪᠦᠷᠢ ᠶᠢᠨ ᠳᠡᠭᠡᠳᠦ ᠮᠡᠷᠭᠡᠵᠢᠯ ᠦᠨ ᠲᠣᠨᠣᠭ ᠬᠡᠷᠡᠭᠰᠡᠯ ᠨᠣᠭᠦᠳ ᠳᠡᠭᠡᠷ᠎ᠡ ᠪᠣᠰᠣᠳ ᠦᠨᠳᠦᠰᠦᠲᠡᠨ ᠣᠭᠰᠠᠭᠠᠲᠠᠨ ᠦᠳ ᠰᠢᠭ᠋ ᠴᠢᠯᠦᠭᠡᠲᠡᠢ ᠪᠡᠷ ᠳᠠᠮᠵᠢᠭᠣᠯᠣᠨ ᠬᠡᠷᠡᠭᠯᠡᠵᠦ ᠴᠢᠳᠠᠬᠣ ᠦᠭᠡᠢ ᠪᠠᠶᠢᠭ᠎ᠠ ᠃
︽ᠡᠷᠳᠡᠮᠲᠡᠨ︾ ᠨᠡᠷ᠎ᠡ ᠵᠡᠭᠦᠭᠰᠡᠨ ᠲᠡᠳᠦᠢ ᠪᠡᠷᠲᠡᠭᠴᠢᠨ ᠨᠣᠭᠦᠳ ᠦᠨ ᠭᠠᠢ ᠪᠡᠷ ᠮᠣᠩᠭᠣᠯᠴᠣᠳ ᠪᠢᠳᠡ ᠳᠡᠯᠡᠬᠡᠢ ᠳᠡᠭᠡᠷᠡᠬᠢ ᠦᠰᠦᠭ ᠪᠢᠴᠢᠭ ᠪᠦᠬᠦᠢ ᠦᠨᠳᠦᠰᠦᠲᠡᠨ ᠨᠣᠭᠦᠳ ᠦᠨ ᠬᠣᠶᠢᠨᠠ ᠨᠢ ᠬᠣᠴᠣᠷᠴᠦ᠂ ᠶᠢᠷᠲᠢᠨᠴᠦ ᠶᠢᠨ ᠬᠦᠭᠵᠢᠯ ᠡᠴᠡ ᠭᠡᠭᠡᠭᠳᠡᠨ᠂ ᠨᠢᠳᠣ ᠲᠠᠢ ᠰᠣᠬᠣᠷ ᠶᠠᠪᠣᠵᠠᠭᠠᠨ᠎ᠠ᠃ ᠣᠯᠠᠮᠵᠢᠯᠠᠯᠲᠣ ᠮᠣᠩᠭᠣᠯ ᠪᠢᠴᠢᠭ ᠶᠢᠡᠷ ᠶᠢᠡᠨ ᠺᠣᠮᠫᠢᠦ᠋ᠲ᠋ᠧᠷ ᠳᠡᠭᠡᠷ᠎ᠡ ᠡᠰᠡᠪᠡᠯ ᠭᠠᠷ ᠣᠳᠠᠰᠣᠨ ᠳᠡᠭᠡᠷ᠎ᠡ ᠴᠢᠳᠠᠨ ᠶᠠᠳᠠᠨ ᠪᠢᠴᠢᠵᠦ ᠭᠠᠷᠭᠠᠭᠰᠠᠨ ᠵᠦᠢᠯ ᠶᠢᠡᠨ ᠪᠢᠳᠡ ᠵᠢᠷᠣᠭ ᠪᠣᠯᠭᠠᠵᠦ ᠯᠠ ᠪᠠᠢᠵᠦ ᠨᠢᠬᠡ ᠨᠢᠭᠡᠨ ᠳᠡᠭᠡᠨ ᠳᠠᠮᠵᠢᠭᠣᠯᠬᠣ ᠰᠢᠭ᠋ ᠪᠣᠯᠳᠠᠭ᠃ ᠢᠩᠭᠢᠵᠦ ᠠᠷᠭ᠎ᠠ ᠪᠡᠨ ᠪᠠᠷᠠᠵᠦ ᠦᠰᠦ ᠪᠡᠨ ᠲᠡᠭᠦᠭᠰᠡᠨ ᠦᠨᠳᠦᠰᠦᠲᠡᠨ ᠦᠨᠦᠳᠦᠷ ᠦᠨ ᠶᠢᠷᠲᠢᠨᠴᠦ ᠳ᠋ᠥ ᠮᠣᠩᠭᠣᠯᠴᠣᠳ ᠡᠴᠡ ᠦᠭᠡᠷ᠎ᠡ ᠭᠠᠭᠴᠠ ᠴᠦ ᠪᠠᠢᠬᠣ ᠦᠭᠡᠢ᠃ ᠪᠢᠳᠡ ᠪᠦᠬᠦᠨ ᠣᠳᠣ ᠬᠦᠳᠡᠯᠬᠦ ᠦᠭᠡᠢ ᠪᠣᠯ ᠡᠨᠡ ᠪᠠᠢᠳᠠᠯ ᠠᠬᠢᠭᠠᠳ ᠬᠡᠴᠢᠨᠡᠨ ᠠᠷᠪᠠᠨ ᠵᠢᠯ ᠶᠢᠡᠷ ᠦᠷᠭᠦᠯᠵᠢᠯᠡᠵᠦ᠂ ᠮᠠᠨ ᠦ ᠦᠨᠳᠦᠰᠦᠲᠡᠨ ᠦ ᠰᠣᠶᠣᠯ ᠦᠨ ᠴᠠᠰᠢᠳᠠ ᠶᠢᠨ ᠬᠦᠭᠵᠢᠯ ᠢ ᠪᠣᠣ ᠬᠡᠯᠡ᠂ ᠪᠠᠶᠢᠭ᠎ᠠ ᠵᠦᠢᠯ ᠶᠢᠡᠨ ᠬᠡᠳᠦᠢ ᠪᠣᠯᠲᠠᠯ᠎ᠠ ᠨᠢ ᠬᠢᠷᠬᠢᠨ ᠠᠪᠴᠦ ᠦᠯᠡᠳᠡᠬᠦ ᠪᠣᠢ ᠭᠡᠰᠡᠨ ᠲᠣᠮᠣ ᠠᠰᠠᠭᠣᠯᠲᠠ ᠬᠦᠮᠦᠨ ᠪᠣᠯᠭᠠᠨ ᠦ ᠬᠦᠵᠦᠭᠦᠨ ᠡᠴᠡ ᠬᠦᠨᠳᠦ ᠴᠢᠯᠠᠭᠣ ᠪᠣᠯᠣᠨ ᠳᠡᠭᠦᠵᠢᠯᠡᠭᠳᠡᠵᠦ ᠯᠠ ᠶᠠᠪᠣᠬᠣ ᠬᠣᠪᠢ ᠲᠠᠢ ᠪᠣᠯᠣᠭᠠᠳ ᠪᠠᠢᠨ᠎ᠠ᠃
ᠡᠨᠡ ᠠᠰᠠᠭᠣᠳᠠᠯ ᠦᠨ ᠲᠠᠯ᠎ᠠ ᠪᠡᠷ ᠪᠢᠳᠡ ᠡᠴᠢᠨᠡᠨ ᠶᠠᠷᠢᠯᠴᠠᠯ᠎ᠠ᠂ ᠮᠠᠷᠭᠣᠯᠳᠣᠯᠠ᠂ ᠰᠢᠭᠦᠮᠵᠢᠯᠡᠯᠡ᠃ ᠪᠣᠷᠣᠭᠣ ᠲᠠᠢ ᠬᠦᠮᠦᠰ ᠬᠠᠷᠢᠭᠣᠴᠠᠯᠭ᠎ᠠ ᠪᠡᠨ ᠪᠣᠰᠣᠳ ᠲᠤ ᠲᠦᠯᠬᠢᠨ᠂ ᠭᠡᠮ ᠶᠢᠡᠨ ᠭᠠᠪᠢᠶ᠎ᠠ ᠳ᠋ᠥ ᠲᠣᠭᠠᠴᠢᠨ ᠪᠣᠷᠣᠩᠬᠠᠢᠯᠠᠵᠦ ᠪᠠᠢᠨ᠎ᠠ᠃ ᠲᠡᠶᠢᠮᠦ ᠡᠴᠡ ᠡᠨᠡ ᠠᠵᠢᠯ ᠢ ᠪᠣᠳᠠᠳᠠᠢ ᠪᠡᠷ ᠭᠠᠷᠳᠠᠨ ᠬᠠᠷᠢᠭᠣᠴᠠᠭᠴᠢ ᠲᠦᠷᠦ ᠶᠢᠨ ᠲᠣᠰᠬᠠᠢ ᠪᠠᠶᠢᠭᠣᠯᠣᠯᠭᠠ ᠪᠣᠯᠬᠣ ︽ᠦᠪᠦᠷ ᠮᠣᠩᠭᠣᠯ ᠦᠨ ᠦᠨᠳᠦᠰᠦᠲᠡᠨ ᠱᠠᠰᠢᠨ ᠰᠣᠷᠲᠠᠬᠣᠨ ᠦ ᠬᠡᠷᠡᠭ ᠡᠷᠬᠡᠯᠡᠬᠦ ᠵᠦᠪᠯᠡᠯ︾ ᠳ᠋ᠥ ᠦᠭᠬᠦ ᠵᠠᠬᠢᠳᠠᠯ ᠦᠨ ᠨᠣᠣᠷᠠᠭ ᠢ ᠲᠠ ᠪᠦᠬᠦᠨ ᠳ᠋ᠥ ᠯᠠᠪᠯᠠᠯᠲᠠ ᠪᠣᠯᠭᠠᠬᠣ ᠵᠣᠷᠢᠯᠭ᠎ᠠ ᠪᠠᠷ ᠲᠣᠭᠣᠷᠪᠢᠯᠡ᠃ ᠲᠠ ᠡᠨᠡ ᠨᠣᠣᠷᠠᠭ ᠦᠨ ᠳᠣᠷᠠᠳᠣᠯᠭ᠎ᠠ ᠲᠠᠢ ᠰᠠᠨᠠᠯ ᠨᠡᠶᠢᠯᠡᠬᠦ ᠠᠪᠠᠰᠣ᠂ ᠵᠠᠬᠢᠳᠠᠯ ᠢ ᠲᠡᠷᠡ ᠬᠡᠪ ᠶᠢᠡᠷ ᠨᠢ ᠴᠠᠭᠠᠰᠣᠨ ᠳᠡᠭᠡᠷ᠎ᠡ ᠬᠡᠪᠯᠡᠭᠡᠳ᠂ ᠴᠢᠳᠠᠪᠠᠯ ᠭᠠᠷ ᠦᠨ ᠦᠰᠦᠭ ᠶᠢᠡᠨ ᠵᠢᠷᠣᠵᠦ ᠢᠯᠡᠭᠡᠵᠦ ᠪᠣᠯᠣᠨ᠎ᠠ᠃ ᠡᠰᠡᠪᠡᠯ ᠵᠠᠷᠢᠮ ᠲᠠᠯ᠎ᠠ ᠪᠡᠷ ᠦᠭᠡᠷᠡᠴᠢᠯᠡᠨ ᠵᠠᠰᠠᠵᠦ᠂ ᠦᠪᠡᠷ ᠦᠨ ᠶᠢᠡᠨ ᠰᠠᠨᠠᠯ ᠳ᠋ᠥ ᠨᠡᠩ ᠣᠢᠷᠠᠲᠠᠭᠣᠯᠣᠭᠠᠳ ᠢᠯᠡᠭᠡᠭᠰᠡᠨ ᠴᠦ ᠪᠣᠯᠣᠨ᠎ᠠ᠃ ᠭᠠᠭᠴᠠ ᠬᠦᠮᠦᠨ ᠬᠣᠪᠢ ᠶᠢᠨ ᠶᠢᠡᠨ ᠨᠡᠷ᠎ᠡ ᠪᠡᠷ ᠢᠯᠡᠭᠡᠵᠦ ᠪᠣᠯᠣᠨ᠎ᠠ᠂ ᠬᠠᠷᠢᠨ ᠬᠡᠷᠪᠡ ᠣᠶᠢᠷ᠎ᠠ ᠬᠠᠪᠢ ᠶᠢᠨ ᠬᠦᠮᠦᠰ ᠲᠡᠢ ᠪᠡᠨ ᠨᠡᠶᠢᠯᠡᠭᠡᠳ ᠲᠠᠪᠣ ᠠᠷᠪᠠ ᠪᠡᠷ᠂ ᠴᠢᠨᠠᠭᠰᠢᠳᠠ ᠪᠡᠨ ᠵᠠᠭᠣ ᠮᠢᠩᠭ᠎ᠠ ᠪᠡᠷ ᠨᠡᠷ᠎ᠡ ᠬᠣᠯᠪᠣᠵᠦ ᠢᠯᠡᠭᠡᠵᠦ ᠴᠢᠳᠠᠪᠠᠯ ᠦᠷ᠎ᠡ ᠪᠦᠲᠦᠮᠵᠢ ᠨᠢ ᠮᠡᠳᠡᠭᠡᠵᠢ ᠨᠡᠩ ᠦᠨᠳᠦᠷ ᠪᠣᠯᠬᠣ ᠶᠣᠰᠣᠲᠠᠢ᠃
ᠵᠠᠬᠢᠶ᠎ᠠ ᠶᠢ ᠲᠦᠷᠦᠭᠦᠨ ᠳ᠋ᠥ ᠳᠣᠷᠠᠳᠣᠭᠰᠠᠨ ︽ᠦᠪᠦᠷ ᠮᠣᠩᠭᠣᠯ ᠦᠨ ᠦᠨᠳᠦᠰᠦᠲᠡᠨ ᠱᠠᠰᠢᠨ ᠦ ᠵᠦᠪᠯᠡᠯ︾ ᠳ᠋ᠥ ᠢᠯᠡᠭᠡᠬᠦ ᠡᠴᠡ ᠭᠠᠳᠠᠨ᠎ᠠ᠂ ᠦᠪᠦᠷ ᠮᠣᠩᠭᠣᠯ ᠦᠨ ᠳᠡᠷᠢᠭᠦᠯᠡᠭᠴᠢ ᠪᠠᠭᠠᠳᠣᠷ ᠭᠣᠸᠠᠢ᠂ ᠪᠣᠯᠪᠠᠰᠣᠷᠠᠯ ᠦᠨ ᠲᠢᠩᠬᠢᠮ᠂ ᠰᠣᠶᠣᠯ ᠦᠨ ᠲᠢᠩᠬᠢᠮ᠂ ᠬᠢᠲᠠᠳ ᠦᠨ ᠦᠨᠳᠦᠰᠦᠲᠡᠨ ᠱᠠᠰᠢᠨ ᠦ ᠵᠦᠪᠯᠡᠯ᠂ ᠪᠣᠯᠪᠠᠰᠣᠷᠠᠯ ᠦᠨ ᠶᠠᠮᠣᠨ ᠬᠢᠭᠡᠳ ᠰᠣᠶᠣᠯ ᠦᠨ ᠶᠠᠮᠣᠨ ᠳ᠋ᠥ ᠨᠡᠮᠡᠵᠦ ᠢᠯᠡᠭᠡᠵᠦ ᠴᠢᠳᠠᠪᠠᠯ ᠪᠦᠷ ᠶᠡᠬᠡ ᠪᠣᠶᠠᠨ ᠦᠢᠯᠡᠳᠬᠦ ᠪᠣᠯᠣᠨ᠎ᠠ᠃ ᠴᠢᠬᠣᠯᠠ ᠲᠠᠢ ᠬᠣᠶᠠᠷ ᠬᠠᠶ᠋ᠢᠭ ᠢ ᠡᠨᠳᠡ ᠬᠠᠪᠰᠣᠷᠭᠠᠶᠠ᠂ ᠬᠠᠷᠢᠨ ᠦᠪᠦᠷ ᠮᠣᠩᠭᠣᠯ ᠳᠣᠲᠣᠷ᠎ᠠ ᠪᠡᠨ ᠢᠯᠡᠭᠡᠬᠦ ᠳᠡᠭᠡᠨ ᠮᠣᠩᠭᠣᠯ ᠶᠢᠡᠷ ᠶᠢᠡᠨ ᠬᠠᠶ᠋ᠢᠭᠯᠠᠭᠠᠷᠠᠢ ᠃ ᠨᠢᠬᠡ᠃ ᠦᠪᠦᠷ ᠮᠣᠩᠭᠣᠯ ᠦᠨ ᠦᠨᠳᠦᠰᠦᠲᠡᠨ ᠱᠠᠰᠢᠨ ᠰᠣᠷᠲᠠᠬᠣᠨ ᠦ ᠵᠦᠪᠯᠡᠯ᠂ ᠬᠦᠬᠡᠬᠣᠲᠠ ᠶᠢᠨ ᠰᠢᠨ᠎ᠡ ᠬᠣᠲᠠ ᠲᠣᠭᠣᠷᠢᠭ᠂ ᠰᠢᠨᠬᠣᠸᠠ ᠦᠷᠭᠡᠨ ᠴᠢᠯᠦᠭᠡᠨ ᠦ 63 ᠲᠣᠭᠠᠲᠣ᠃ ᠣᠲᠠᠰᠣ᠄ 0471-6946058᠃ ᠬᠣᠶᠠᠷ᠃ ᠬᠢᠲᠠᠳ ᠦᠨ ᠦᠨᠳᠦᠰᠦᠲᠡᠨ ᠦ ᠵᠦᠪᠯᠡᠯ ᠦᠨ ᠬᠠᠶ᠋ᠢᠭ ᠪᠣᠯ᠄国家民族事务委员会 北京市西城区太平桥大街252号 100800᠃ ᠣᠲᠠᠰᠣ᠄ (010)66508000᠂ ᠹᠠᠺᠰ᠄ (010)66017375᠃
ᠲᠠ ᠪᠦᠬᠦᠨ ᠦ ᠬᠠᠯᠠᠭᠣᠨ ᠰᠡᠳᠬᠢᠯ᠂ ᠣᠶᠢᠭ᠎ᠠ ᠦᠭᠡᠢ ᠴᠢᠷᠮᠠᠢᠯᠲᠠ ᠳ᠋ᠥ ᠪᠠᠶᠠᠷᠯᠠᠯ᠎ᠠ᠃
ᠮᠦᠩᠬᠡ ᠬᠦᠬᠡ ᠲᠡᠭᠷᠢ ᠮᠣᠩᠭᠣᠯ ᠲᠦᠮᠡᠨ ᠢ ᠮᠢᠨᠢ ᠢᠪᠡᠭᠡᠬᠦ ᠪᠣᠯᠲᠣᠭᠠᠢ ︕
ᠬᠣᠲᠠᠯᠠ ᠣᠪᠣᠭᠲᠣ ᠯᠣᠳᠣᠢ ᠶᠢᠨ ᠳᠣᠭᠠᠷᠵᠠᠪ ᠪᠣᠶᠣ ︽ᠶᠠᠷᠢᠭᠴᠢ︾ ᠡᠴᠡ
2016 ᠣᠨ ᠦ 3 ᠰᠠᠷ᠎ᠠ ᠶᠢᠨ 19 ᠳ᠋ᠥ
ᠠᠮᠧᠷᠢᠺᠠ ᠶᠢᠨ ᠨᠢᠭᠡᠳᠦᠭᠰᠡᠨ ᠣᠯᠣᠰ ᠦᠨ ᠪᠯᠦᠮᠢᠩᠲ᠋ᠣᠨ ᠬᠣᠲᠠᠨ᠎ᠠ
--------------------------------------------------------------------------- -------------------------------
ᠠᠩᠬᠠᠷᠣᠯ᠄ ᠵᠦᠪᠬᠡᠨ ᠳᠠᠷᠠᠭᠠᠴᠢ ᠶᠢᠨ 2 – 3 ᠳᠣᠭᠠᠷ ᠬᠠᠭᠣᠳᠠᠰᠣ ᠶᠢ ᠯᠠ ᠬᠡᠪᠯᠡᠵᠦ ᠢᠯᠡᠭᠡᠭᠡᠷᠡᠢ︕ᠲᠣᠰ ᠬᠠᠭᠣᠳᠠᠰᠣ ᠶᠢ ᠬᠡᠪᠯᠡᠬᠦ ᠴᠢᠬᠣᠯᠠ ᠦᠭᠡᠢ ᠰᠢᠦ︕
ᠮᠣᠩᠭᠣᠯ ᠪᠢᠴᠢᠭ ᠦᠨ ᠶᠦᠨᠢᠺᠣᠳ᠋ ᠦᠨ ᠠᠰᠠᠭᠣᠳᠠᠯ ᠦᠨ ᠲᠣᠬᠠᠢ ᠲᠣᠯᠭᠠᠨ ᠱᠠᠭᠠᠷᠳᠠᠬᠣ ᠪᠢᠴᠢᠭ
ᠦᠪᠦᠷ ᠮᠣᠩᠭᠣᠯ ᠦᠨ ᠦᠪᠡᠷᠲᠡᠭᠡᠨ ᠵᠠᠰᠠᠬᠣ ᠣᠷᠣᠨ ᠦ ᠦᠨᠳᠦᠰᠦᠲᠡᠨ ᠱᠠᠰᠢᠨ ᠰᠣᠷᠲᠠᠬᠣᠨ ᠦ ᠬᠡᠷᠡᠭ ᠡᠷᠬᠡᠯᠡᠬᠦ ᠵᠦᠪᠯᠡᠯ ᠳᠣ᠄
ᠰᠠᠢᠨ ᠪᠠᠢᠵᠠᠭᠠᠨ᠎ᠠ ᠦᠦ︖
ᠮᠣᠩᠭᠣᠯ ᠦᠰᠦᠭ ᠪᠢᠴᠢᠭ ᠦᠨ ᠺᠣᠮᠫᠢᠦ᠋ᠲ᠋ᠧᠷᠵᠢᠯᠲᠠ ᠪᠠ ᠰᠣᠷᠠᠭ ᠵᠠᠩᠭᠢᠵᠢᠯᠠᠯᠲᠠ ᠶᠢᠨ ᠠᠵᠢᠯ ᠳᠣ ᠬᠦᠨᠲᠦ ᠨᠣᠴᠢᠲᠠᠢ ᠴᠠᠯᠠᠭᠠᠢᠳᠠᠯ ᠡᠭᠦᠰᠴᠦ᠂ ᠳᠡᠯᠡᠭᠡᠢ ᠨᠡᠢᠲᠡ ᠶᠢᠨ ᠦᠰᠦᠭ ᠪᠢᠴᠢᠭ ᠦᠳ ᠦᠨ ᠰᠣᠷᠠᠭ ᠵᠠᠩᠭᠢᠵᠢᠯᠠᠯᠲᠠ ᠶᠢᠨ ᠨᠢᠭᠡᠳᠦᠯᠲᠡᠢ ᠵᠢᠷᠣᠮᠯᠠᠯ ᠺᠣᠳ᠋ ᠪᠣᠶᠣ ᠶᠦᠨᠢᠺᠣᠳ᠋ (Unicode) ᠦᠨ ᠳᠣᠲᠣᠷᠠᠬᠢ ᠮᠣᠩᠭᠣᠯ ᠪᠢᠴᠢᠭ ᠦᠨ ᠲᠦᠰᠦᠯ ᠨᠢ ᠬᠡᠳᠣᠨ ᠠᠷᠪᠠᠨ ᠵᠢᠯ ᠦᠨ ᠬᠣᠭᠣᠴᠠᠭ᠎ᠠ ᠬᠢᠭᠡᠳ ᠬᠡᠴᠢᠨᠡᠨ ᠳ᠋ᠦᠩᠰᠢᠭᠣᠷ ᠶᠣᠸᠠᠨ ᠦ ᠬᠦᠷᠦᠩᠭᠡ ᠮᠦᠩᠭᠦ ᠵᠠᠷᠣᠴᠠᠭᠣᠯᠠᠭᠰᠠᠨ ᠦ ᠡᠴᠦᠰ ᠲᠣ ᠦᠨᠦᠳᠦᠷ ᠢ ᠬᠦᠷᠲᠡᠯ᠎ᠡ ᠠᠰᠢᠭᠯᠠᠯᠲᠠ ᠳᠣ ᠭᠦᠢᠴᠡᠳ ᠣᠷᠣᠵᠦ ᠴᠢᠳᠠᠬᠣ ᠦᠭᠡᠢ ᠪᠠᠢᠨ᠎ᠠ᠃ ᠡᠨᠡ ᠠᠰᠠᠭᠣᠳᠠᠯ ᠰᠡᠭᠦᠯ ᠦᠨ ᠬᠣᠶᠠᠷ ᠰᠠᠷ᠎ᠠ ᠣᠷᠴᠢᠮ ᠢ᠋ᠢᠨ ᠬᠣᠭᠣᠴᠠᠭᠠᠨ ᠳ᠋ᠣ ᠨᠡᠢᠭᠡᠮ ᠨᠡᠢᠲᠡ ᠶᠢᠨ ᠠᠩᠬᠠᠷᠣᠯ ᠢ᠋ ᠣᠨᠴᠣᠭᠣᠢ ᠲᠠᠲᠠᠵᠦ᠂ ᠮᠠᠨ ᠦ ᠣᠷᠣᠨ ᠦ᠂ ᠪᠦᠬᠦ ᠣᠯᠣᠰ ᠦᠨ᠂ ᠴᠠᠰᠢᠳᠠ ᠪᠡᠨ ᠣᠯᠠᠨ ᠣᠯᠣᠰ ᠦᠨ ᠬᠡᠪᠴᠢᠶᠡᠨ ᠳᠣ ᠬᠦᠷᠲᠡᠯ᠎ᠡ ᠸᠢᠴᠠᠲ᠋ ᠬᠢᠭᠡᠳ ᠬᠣᠯᠪᠣᠭ᠎ᠠ ᠰᠦᠯᠵᠢᠶᠡᠨ ᠦ ᠪᠣᠰᠣᠳ ᠵᠠᠭᠣᠴᠢ ᠪᠡᠷ ᠳᠠᠮᠵᠢᠨ ᠬᠠᠯᠠᠭᠣᠨ ᠵᠦᠪᠳᠡᠯᠴᠡᠭᠡᠨ ᠦᠷᠨᠢᠬᠦ ᠳᠣ ᠬᠦᠷᠭᠡᠯ᠎ᠡ᠃
ᠡᠷᠬᠢᠮ ᠵᠦᠪᠯᠡᠯ ᠨᠠᠮ ᠲᠦᠷᠦ ᠶᠢᠨ ᠦᠨᠳᠦᠰᠦᠲᠡᠨ ᠬᠢᠭᠡᠳ ᠱᠠᠰᠢᠨ ᠰᠣᠷᠲᠠᠬᠣᠨ ᠦ ᠪᠣᠳᠣᠯᠭ᠎ᠠ ᠶᠢ ᠪᠣᠳᠠᠲᠠᠢᠵᠢᠭᠣᠯᠣᠨ ᠬᠡᠷᠡᠭᠵᠢᠭᠦᠯᠡᠬᠦ᠂ ᠬᠢᠨᠠᠨ ᠣᠳᠣᠷᠢᠳᠬᠣ ᠴᠢᠬᠣᠯᠠ ᠡᠭᠦᠷᠭᠡ ᠬᠠᠷᠢᠭᠣᠴᠠᠯᠭ᠎ᠠ ᠲᠠᠢ᠂ ᠮᠦᠨ ᠡᠳᠡᠭᠡᠷ ᠡᠭᠦᠷᠭᠡ ᠬᠠᠷᠢᠭᠣᠴᠠᠯᠭ᠎ᠠ ᠶᠢᠨ ᠶᠢᠡᠨ ᠳᠠᠭᠠᠣ ᠮᠣᠩᠭᠣᠯ ᠦᠰᠦᠭ ᠪᠢᠴᠢᠭ ᠦᠨ ᠰᠣᠷᠠᠭ ᠵᠠᠩᠭᠢᠵᠢᠯᠠᠯᠲᠠ ᠶᠢᠨ ᠠᠵᠢᠯ ᠢ ᠲᠣᠰᠬᠠᠢᠯᠠᠨ ᠬᠠᠷᠢᠭᠣᠴᠠᠵᠦ᠂ ᠠᠵᠢᠯ ᠬᠣᠪᠢᠶᠠᠷᠢᠯᠠᠵᠦ᠂ ᠬᠢᠨᠠᠯᠲᠠ ᠲᠠᠯᠪᠢᠵᠦ ᠢᠷᠡᠭᠰᠡᠨ ᠵᠡᠷᠭᠡ ᠪᠣᠳᠠᠳᠣ ᠪᠠᠢᠳᠠᠯ ᠳᠣ ᠦᠨᠳᠦᠰᠦᠯᠡᠨ᠂ ᠮᠣᠩᠭᠣᠯ ᠦᠰᠦᠭ ᠪᠢᠴᠢᠭ ᠦᠨ ᠶᠦᠨᠢᠺᠣᠳ᠋ ᠦᠨ ᠲᠦᠰᠦᠯ ᠭᠡᠬᠦ ᠡᠨᠡᠬᠦ ᠬᠦᠨᠳᠦ ᠴᠢᠬᠣᠯᠠ ᠠᠰᠠᠭᠣᠳᠠᠯ ᠦᠨ ᠲᠣᠬᠠᠢ ᠲᠣᠯᠭᠠᠮ᠎ᠠ ᠬᠦᠰᠡᠯ ᠪᠠᠴᠢᠮ ᠱᠠᠭᠠᠷᠳᠠᠯᠭ᠎ᠠ ᠦᠳ ᠶᠢᠡᠨ ᠲᠠᠨ ᠦ ᠪᠠᠢᠭᠣᠯᠣᠯᠭ᠎ᠠ ᠳᠣ ᠬᠠᠨᠳᠣᠭᠣᠯᠬᠣ ᠮᠠᠨᠢ ᠵᠦᠢᠲᠡᠢ ᠭᠡᠵᠦ ᠦᠵᠡᠯ᠎ᠡ᠃
ᠮᠣᠩᠭᠣᠯ ᠪᠢᠴᠢᠭ ᠦᠨ ᠶᠦᠨᠢᠺᠣᠳ᠋ ᠦᠨ ᠲᠦᠰᠦᠯ ᠲᠣᠳᠠᠭᠣ ᠲᠣᠷᠭᠣᠨ ᠪᠣᠯᠵᠦ᠂ ᠣᠯᠠᠮᠵᠢᠯᠠᠯᠲᠣ ᠮᠣᠩᠭᠣᠯ ᠪᠢᠴᠢᠭ ᠮᠠᠨᠢ ᠳᠡᠯᠡᠭᠡᠢ ᠨᠡᠢᠲᠡ ᠶᠢᠨ ᠬᠣᠯᠪᠣᠭ᠎ᠠ ᠰᠦᠯᠵᠢᠶᠡᠨ ᠦ ᠲᠣᠭᠲᠠᠯᠴᠠᠯ ᠡᠴᠡ ᠬᠡᠴᠦᠨᠡᠨ ᠠᠷᠪᠠᠨ ᠵᠢᠯ ᠶᠢᠡᠷ ᠬᠣᠴᠣᠷᠣᠭᠳᠠᠭᠰᠠᠨ ᠨᠢ ᠮᠣᠩᠭᠣᠯ ᠬᠡᠯᠡᠨ ᠦ ᠨᠡᠢᠭᠡᠮ ᠦᠨ ᠬᠡᠷᠡᠭᠯᠡᠭᠡᠨ ᠡᠴᠡ ᠡᠳᠦᠷ ᠢᠷᠡᠬᠦᠶ᠎ᠡ ᠭᠡᠭᠡᠭᠳᠡᠬᠦ ᠶᠢ ᠨᠢ ᠠᠰᠣᠷᠣ ᠶᠡᠬᠡ ᠪᠡᠷ ᠬᠣᠷᠳᠣᠳᠬᠠᠨ᠂ ᠮᠣᠩᠭᠣᠯ ᠬᠡᠯᠡ ᠪᠢᠴᠢᠭ ᠬᠢᠭᠡᠳ ᠣᠯᠠᠮᠵᠢᠯᠠᠯᠲᠣ ᠰᠣᠶᠣᠯ ᠢᠷᠭᠡᠨᠰᠢᠯ ᠦᠨ ᠵᠠᠯᠭᠠᠮᠵᠢᠯᠠᠯ ᠪᠠ ᠠᠰᠢᠳᠠ ᠶᠢᠨ ᠬᠦᠭᠵᠢᠯ ᠳᠣ ᠬᠦᠨᠲᠦ ᠨᠣᠴᠢᠲᠠᠢ ᠬᠣᠣᠷ ᠬᠦᠨᠦᠭᠡᠯ ᠣᠴᠠᠷᠠᠭᠣᠯᠣᠭᠰᠠᠨ ᠶᠢᠡᠷ ᠦᠯᠦ ᠪᠠᠷᠠᠨ᠂ ᠮᠣᠩᠭᠣᠯᠴᠣᠳ ᠪᠠ ᠮᠣᠩᠭᠣᠯ ᠰᠣᠶᠣᠯ ᠳᠣ ᠰᠣᠨᠢᠷᠬᠠᠯ ᠪᠦᠬᠦᠢ ᠪᠦᠬᠦ ᠬᠦᠮᠦᠰ ᠦᠨ ᠠᠮᠢᠳᠣᠷᠠᠯ᠂ ᠦᠢᠯᠡᠰ᠂ ᠬᠠᠷᠢᠯᠴᠠᠭ᠎ᠠ ᠬᠣᠯᠪᠣᠭᠠᠯᠠᠯ ᠬᠢᠭᠡᠳ ᠡᠷᠬᠡ ᠠᠰᠢᠭ ᠦᠨ ᠦᠨᠳᠦᠰᠦᠨ ᠬᠡᠷᠡᠭᠴᠡᠭᠡ ᠱᠠᠭᠠᠷᠳᠠᠯᠭ᠎ᠠ ᠳᠣ ᠬᠡᠮᠵᠢᠶᠡᠯᠡᠰᠢ ᠦᠭᠡᠢ ᠬᠣᠬᠢᠷᠠᠯ ᠣᠴᠠᠷᠠᠭᠣᠯᠵᠦ᠂ ᠣᠯᠣᠰ ᠠᠷᠠᠳ ᠦᠨ ᠠᠵᠦ ᠠᠬᠣᠢ ᠶᠢᠨ ᠬᠦᠭᠵᠢᠯ᠂ ᠠᠷᠠᠳ ᠦᠨ ᠠᠮᠢᠳᠣᠷᠠᠯ ᠦᠨ ᠰᠠᠢᠵᠢᠷᠠᠯᠲᠠ ᠶᠢ ᠬᠦᠨᠳᠦ ᠪᠡᠷ ᠬᠠᠷᠰᠢᠯᠠᠭᠰᠠᠭᠠᠷ ᠪᠠᠢᠨ᠎ᠠ᠃ ᠬᠣᠷᠢᠨ ᠨᠢᠭᠡᠳᠦᠭᠡᠷ ᠵᠠᠭᠣᠨ ᠪᠣᠶᠣ ᠮᠡᠳᠡᠭᠡ ᠵᠠᠩᠭᠢ ᠶᠢᠨ ᠲ᠋ᠧᠭᠨᠢᠭ ᠳᠡᠭᠡᠳᠦ ᠬᠡᠮᠵᠢᠶ᠎ᠡ ᠪᠡᠷ᠂ ᠮᠦᠴᠡ ᠬᠣᠷᠣᠮ ᠪᠣᠯᠭᠠᠨ ᠳᠣ ᠦᠳᠳᠡᠷ ᠬᠣᠷᠳᠣᠨ ᠬᠦᠭᠵᠢᠵᠦ ᠪᠠᠢᠭ᠎ᠠ ᠦᠨᠦᠳᠦᠷ ᠦᠨ ᠡᠷᠡᠨ ᠳᠣ᠂ ᠦᠰᠦᠭ ᠪᠢᠴᠢᠭ ᠨᠢ ᠳᠡᠯᠡᠬᠡᠢ ᠨᠡᠢᠲᠡ ᠶᠢᠨ ᠢᠨᠲ᠋ᠧᠷ ᠰᠦᠯᠵᠢᠶ᠎ᠡ ᠪᠡᠷ ᠴᠢᠯᠣᠭᠡᠲᠡᠢ ᠵᠣᠷᠴᠢᠨ ᠠᠰᠢᠭᠯᠠᠭᠳᠠᠵᠦ ᠦᠯᠦ ᠴᠢᠳᠠᠬᠣ ᠦᠨᠳᠦᠰᠦᠲᠡᠨ ᠪᠣᠯ ᠳᠠᠷᠣᠢ ᠰᠢᠨ᠎ᠡ ᠴᠠᠭ ᠦᠶ᠎ᠡ ᠶᠢᠨ ︽ᠰᠣᠶᠣᠯ ᠦᠨ ᠪᠠᠯᠠᠢ︾ ᠪᠣᠶᠣ ᠦᠰᠦᠭ ᠪᠢᠴᠢᠭ ᠦᠭᠡᠢ ᠦᠨᠳᠦᠰᠦᠲᠡᠨ ᠳᠣ ᠭᠠᠷᠴᠠᠭ᠎ᠠ ᠦᠭᠡᠢ ᠲᠣᠭᠠᠴᠢᠭᠳᠠᠬᠣ ᠶᠣᠮ᠃ ᠬᠡᠳᠦᠢᠪᠡᠷ ᠮᠣᠩᠭᠣᠯ ᠪᠢᠴᠢᠭ ᠦᠨ ᠺᠣᠮᠫᠢᠦ᠋ᠲ᠋ᠧᠷᠵᠢᠯᠲᠡ ᠪᠠ ᠰᠣᠷᠠᠭ ᠵᠠᠩᠭᠢᠵᠢᠯᠠᠯᠲᠠ ᠶᠢᠨ ᠠᠵᠢᠯ ᠠᠯᠢ ᠡᠷᠲᠡ 1982 ᠣᠨ ᠡᠴᠡ ᠡᠬᠢᠯᠡᠭᠰᠡᠨ ᠭᠡᠳᠡᠭ ᠪᠣᠯᠪᠠᠴᠦ᠂ ᠡᠢᠮᠦᠷᠬᠦ ᠠᠵᠢᠯ ᠢ ᠪᠢᠳᠡᠨ ᠡᠴᠡ ᠬᠣᠯᠠ ᠣᠷᠣᠢ ᠡᠬᠢᠯᠡᠭᠦᠯᠦᠭᠰᠡᠨ ᠣᠢᠭᠣᠷ ᠲᠦᠪᠡᠳ ᠮᠡᠲᠦ ᠶᠢᠨ ᠠᠬᠠᠨ ᠳᠡᠭᠦᠦ ᠦᠨᠳᠦᠰᠦᠲᠡᠨ ᠨᠣᠭᠦᠳ ᠦᠨ ᠠᠷᠣ ᠳᠣ ᠬᠣᠴᠣᠷᠴᠦ᠂ ᠲᠣᠪᠴᠢᠯᠠᠭᠠᠳ ᠬᠡᠯᠡᠬᠦ ᠳᠣ ᠪᠢᠳᠡ ᠦᠨᠦᠳᠦᠷ ᠶᠢᠷᠲᠢᠨᠴᠦ ᠶᠢᠨ ᠰᠢᠷ᠎ᠠ ᠲᠣᠭᠣᠰᠣᠨ ᠳᠣ ᠪᠣᠯᠠᠭᠳᠠᠯᠠ᠃ ᠡᠨᠡ ᠪᠠᠢᠳᠠᠯ ᠳᠣ ᠪᠢᠳᠡ ᠪᠦᠬᠦᠨ ᠲᠣᠢᠯ ᠦᠨ ᠶᠡᠬᠡ ᠪᠡᠷ ᠰᠠᠨᠠᠭᠠᠰᠢᠷᠠᠵᠦ ᠪᠠᠢᠭ᠎ᠠ ᠪᠡᠨ᠂ ᠮᠦᠨ ᠴᠦ ᠲᠠᠭ᠎ᠠ ᠦᠭᠡᠢᠴᠡᠵᠦ ᠪᠠᠢᠭ᠎ᠠ ᠪᠡᠨ ᠶᠠᠭᠣᠨ ᠦ ᠲᠦᠷᠦᠭᠦᠨ ᠳᠣ ᠢᠯᠡᠷᠬᠡᠢᠯᠡᠶ᠎ᠡ᠃
ᠶᠦᠨᠢᠺᠣᠳ᠋ ᠦᠨ ᠲᠦᠷᠦ ᠶᠢᠨ ᠲᠦᠰᠦᠯ ᠢ ᠭᠠᠭᠴᠠᠭᠠᠷ ᠡᠵᠡᠷᠬᠡᠵᠦ᠂ ᠬᠣᠪᠢ ᠶᠢᠨ ᠨᠡᠷ᠎ᠡ ᠨᠦᠯᠦᠭᠡ ᠳᠣ ᠡᠷᠲᠦᠨ᠂ ᠴᠢᠳᠠᠪᠣᠷᠢᠲᠠᠢ ᠬᠦᠮᠦᠰ ᠢ ᠭᠠᠳᠠᠭᠣᠷᠬᠠᠨ ᠳᠠᠷᠣᠵᠦ᠂ ᠡᠷᠳᠡᠮ ᠰᠢᠨᠵᠢᠯᠡᠭᠡᠨ ᠦ ᠬᠦᠷᠢᠶᠡᠨ ᠳᠣ ᠪᠦᠯᠦᠭᠴᠢᠯᠡᠯ ᠦᠨ ᠰᠣᠷᠲᠠᠯ ᠶᠢᠡᠷ ᠶᠢᠡᠨ ᠲᠠᠨᠢᠭᠳᠠᠭᠰᠠᠨ ᠴᠣᠢᠵᠣᠩᠵᠠᠪ ᠫᠷᠣᠹᠧᠰᠰᠣᠷ ᠵᠦᠪᠬᠡᠨ ᠶᠦᠨᠢᠺᠣᠳ᠋ ᠦᠨ ᠠᠵᠢᠯ ᠢ ᠦᠪᠡᠷ ᠦᠨ ᠦᠬᠡᠨᠴᠡ ᠮᠣᠵᠢᠭᠣᠳᠠ ᠶᠢᠨ ᠣᠷᠰᠢᠭ ᠶᠢᠡᠷ ᠬᠣᠴᠣᠷᠣᠭᠳᠠᠭᠣᠯᠣᠭᠰᠠᠨ ᠶᠢᠡᠷ ᠦᠯᠦ ᠪᠠᠷᠠᠨ᠂ ᠡᠨᠡ ᠬᠦᠮᠦᠨ ︽ᠬᠣᠣᠰ ᠡᠭᠡᠰᠢᠭ ᠦᠯᠦ ᠣᠷᠣᠰᠢᠬᠣ︾ ᠮᠡᠲᠦ ᠶᠢᠨ ᠬᠣᠪᠢᠨ ᠦ ᠳᠣᠷᠠᠳᠣᠯᠭ᠎ᠠ ᠦᠳ ᠶᠢᠡᠨ ᠡᠷᠳᠡᠮ ᠰᠢᠨᠵᠢᠯᠡᠭᠡ ᠬᠢᠭᠡᠳ ᠪᠣᠳᠠᠲᠣ ᠬᠡᠷᠡᠭᠯᠡᠭᠡᠨ ᠳᠣ ᠪᠦᠳᠦᠭᠦᠯᠢᠭ ᠶᠢᠡᠷ ᠭᠦᠵᠢᠷᠳᠡᠨ ᠬᠦᠯᠢᠶᠡᠯᠭᠡᠵᠦ ᠪᠠᠢᠭ᠎ᠠ ᠨᠢ ᠮᠣᠩᠭᠣᠯ ᠬᠡᠯᠡ ᠪᠢᠴᠢᠭ ᠦᠨ ᠣᠯᠠᠮᠵᠢᠯᠠᠯ ᠪᠣᠯᠣᠨ ᠬᠦᠭᠵᠢᠯ ᠳᠣ ᠨᠦᠬᠦᠬᠦ ᠶᠢᠨ ᠠᠷᠭ᠎ᠠ ᠦᠭᠡᠢ ᠡᠪᠳᠡᠯᠭᠡ ᠣᠴᠡᠷᠠᠭᠣᠯᠵᠦ ᠪᠠᠢᠭ᠎ᠠ ᠶᠢ ᠠᠩᠬᠠᠷᠣᠯ ᠳᠠᠭᠠᠨ ᠠᠪᠣᠨ᠎ᠠ ᠦᠦ᠃
ᠣᠴᠢᠷ ᠡᠢᠮᠦ ᠳᠣ᠂ ᠡᠷᠬᠢᠮ ᠵᠦᠪᠯᠡᠯ ᠲᠦᠷᠦ ᠶᠢᠨ ᠡᠷᠬᠡᠲᠦ ᠪᠠᠢᠭᠣᠯᠣᠯᠭ᠎ᠠ ᠶᠢᠨ ᠴᠢᠳᠠᠪᠬᠢ ᠪᠡᠨ ᠪᠠᠳᠠᠷᠠᠭᠣᠯᠵᠦ᠂ ᠴᠣᠢᠵᠣᠩᠵᠠᠪ ᠬᠢᠭᠡᠳ ᠲᠡᠭᠦᠨ ᠦ ᠬᠠᠮᠰᠠᠭᠠᠲᠠᠨ ᠪᠦᠯᠦᠭ ᠦᠨ ᠭᠠᠷ ᠡᠴᠡ ᠶᠦᠨᠢᠺᠣᠳ᠋ ᠦᠨ ᠲᠦᠰᠦᠯ ᠢ ᠠᠯᠪᠠᠨ ᠶᠣᠰᠣ ᠪᠡᠷ ᠦᠳᠲᠡᠷ ᠲᠦᠷᠭᠡᠨ ᠰᠢᠯᠵᠢᠭᠦᠯᠵᠦ᠂ ᠡᠨᠡᠬᠦ ᠠᠵᠢᠯ ᠢ ᠭᠠᠷᠳᠠᠨ ᠬᠢᠬᠦ ᠵᠢᠩᠬᠢᠨᠢ ᠡᠷᠳᠡᠮ ᠴᠢᠳᠠᠪᠣᠷᠢ ᠬᠢᠷᠢ ᠬᠡᠮ ᠪᠦᠬᠦᠢ ᠬᠣᠪᠢ ᠬᠦᠮᠦᠨ᠂ ᠠᠯᠪᠠᠨ ᠪᠠᠢᠭᠣᠯᠣᠯᠭ᠎ᠠ ᠠᠯᠢ ᠡᠰᠡᠪᠡᠯ ᠬᠣᠪᠢ ᠶᠢᠨ ᠬᠡᠪᠰᠢᠯ ᠦᠨ ᠭᠠᠷ ᠲᠣ ᠣᠢᠷ᠎ᠠ ᠶᠢᠨ ᠬᠣᠭᠣᠴᠠᠭᠠᠨ ᠳᠣ ᠳᠠᠭᠠᠭᠠᠯᠭᠠᠨ ᠦᠭᠴᠦ ᠡᠷᠲᠡᠬᠡᠨ ᠡᠴᠡ ᠡᠬᠢᠯᠡᠬᠦᠯᠵᠦ ᠬᠢᠯᠭᠡᠬᠦ ᠶᠢ ᠪᠢᠳᠡ ᠲᠣᠯᠭᠠᠨ ᠱᠠᠭᠠᠷᠳᠠᠵᠦ ᠪᠠᠢᠨ᠎ᠠ᠃ ᠮᠦᠨ ᠦᠩᠭᠡᠷᠡᠭᠰᠡᠨ ᠬᠣᠷᠢᠨ ᠬᠡᠳᠦᠨ ᠵᠢᠯ ᠦᠨ ᠲᠣᠷᠰᠢᠳᠠ ᠬᠢᠭᠰᠡᠨ ᠠᠵᠢᠯ ᠦᠨ ᠶᠢᠡᠨ ᠲᠠᠯ᠎ᠠ ᠪᠡᠷ ᠴᠣᠢᠵᠣᠩᠵᠠᠪ ᠮᠡᠲᠦ ᠶᠢᠨ ᠬᠦᠮᠦᠰ ᠨᠡᠢᠭᠡᠮ ᠨᠡᠢᠲᠡ ᠳᠣ ᠦᠨᠡᠨᠴᠢ ᠣᠪᠣᠷ ᠶᠢᠡᠷ ᠬᠠᠯᠢᠷᠠᠯ ᠦᠭᠡᠢ ᠬᠠᠨᠳᠣᠨ᠂ ᠰᠢᠳᠣᠷᠭᠣ ᠲᠠᠢᠯᠣᠨ ᠬᠢᠬᠦ ᠲᠣᠯᠭᠠᠮ᠎ᠠ ᠱᠠᠭᠠᠷᠳᠠᠯᠭ᠎ᠠ ᠪᠠᠢᠭ᠎ᠠ ᠭᠡᠵᠦ ᠪᠢᠳᠡ ᠦᠵᠡᠨ᠎ᠡ᠃ ᠢᠯᠠᠩᠭᠣᠶᠠ ᠠᠷᠠᠳ ᠨᠡᠢᠲᠡ ᠶᠢᠨ ᠭᠠᠢᠯᠢ ᠲᠠᠲᠠᠪᠣᠷᠢ ᠡᠴᠡ ᠡᠴᠢᠨᠡᠨ ᠣᠯᠠᠨ ᠳᠦᠩᠰᠢᠭᠣᠷ ᠶᠣᠸᠠᠨ ᠦ ᠰᠠᠩ ᠬᠦᠦ ᠶᠢᠨ ᠪᠠᠶᠠᠯᠢᠭ ᠢ ᠶᠠᠭᠣᠨ ᠳᠡᠭᠡᠷ᠎ᠡ ᠶᠠᠭᠠᠬᠢᠵᠦ ᠬᠡᠷᠡᠭᠯᠡᠵᠦ᠂ ᠲᠡᠭᠡᠭᠰᠡᠨ ᠮᠦᠷᠲᠡᠯ᠎ᠡ ᠪᠡᠨ ᠶᠠᠭᠠᠭᠢᠭᠠᠳ ᠦᠨᠦᠳᠦᠷ ᠢ ᠬᠦᠷᠲᠡᠯ᠎ᠡ ᠬᠠᠩᠭᠠᠯᠲᠠᠲᠠᠢ ᠦᠷ᠎ᠡ ᠪᠦᠲᠦᠮᠵᠢ ᠳᠣ ᠬᠦᠷᠴᠦ ᠴᠢᠳᠠᠭ᠎ᠠ ᠦᠭᠡᠢ ᠶᠢᠨ ᠵᠢᠩᠬᠢᠨᠢ ᠣᠴᠢᠷ ᠰᠢᠯᠲᠠᠭᠠᠨ ᠢ ᠲᠠᠨ ᠦ ᠵᠦᠪᠯᠡᠯ ᠦᠨ ᠲᠠᠯ᠎ᠠ ᠡᠴᠡ ᠰᠢᠯᠭᠠᠨ ᠲᠣᠳᠣᠷᠠᠭᠣᠯᠬᠣ ᠶᠣᠰᠣᠲᠠᠢ ᠭᠡᠵᠦ ᠣᠢᠯᠭᠠᠵᠦ ᠪᠠᠢᠨ᠎ᠠ᠃ ᠠᠪᠯᠢᠭᠠᠯᠠᠯ ᠦᠨ ᠡᠰᠡᠷᠭᠦ ᠲᠡᠮᠡᠴᠡᠯ ᠦᠷᠭᠦᠯᠵᠢᠯᠡᠵᠦ ᠪᠠᠢᠭ᠎ᠠ ᠦᠨᠦᠳᠦᠷ ᠦᠨ ᠨᠦᠬᠦᠴᠡᠯ ᠳᠣ ᠲᠦᠷᠦ ᠶᠢᠨ ᠲᠦᠰᠦᠯ ᠬᠠᠷᠢᠭᠣᠴᠠᠭᠰᠠᠨ ᠪᠠᠢᠭᠣᠯᠣᠯᠭ᠎ᠠ᠂ ᠠᠯᠪᠠᠨ ᠲᠣᠰᠢᠶᠠᠯᠲᠠᠳ᠂ ᠲᠣᠬᠠᠢ ᠶᠢᠨ ᠲᠦᠰᠦᠯ ᠢ ᠳᠠᠭᠠᠭᠠᠴᠢᠯᠡᠨ ᠠᠪᠣᠭᠰᠠᠨ ᠰᠣᠳᠣᠯᠭᠠᠨ ᠦ ᠪᠠᠢᠭᠣᠯᠣᠯᠭ᠎ᠠ ᠬᠢᠭᠡᠳ ᠬᠣᠪᠢ ᠬᠦᠮᠦᠰ ᠦᠨ ᠬᠣᠭᠣᠷᠣᠨᠳᠣ ᠡᠳ᠋ ᠦᠨ ᠵᠠᠰᠠᠭ ᠦᠨ ᠪᠣᠶᠣ ᠬᠣᠪᠢ ᠶᠢᠨ ᠠᠰᠢᠭ ᠰᠣᠨᠢᠷᠬᠠᠯ ᠦᠨ ᠶᠠᠮᠠᠷ ᠨᠢᠭᠡᠨ ᠵᠦᠢ ᠪᠣᠰᠣ ᠬᠣᠣᠪᠢᠯᠳᠣᠯ ᠲᠣᠬᠢᠷᠠᠯᠴᠠᠯ ᠡᠭᠦᠰᠦᠭᠰᠡᠨ ᠡᠰᠡᠬᠦ᠂ ᠡᠢᠮᠦᠷᠬᠦ ᠪᠣᠯᠣᠮᠵᠢ ᠨᠢ ᠶᠦᠨᠢᠺᠣᠳ᠋ ᠦᠨ ᠠᠵᠢᠯ ᠢ ᠣᠷᠣᠭᠣ ᠲᠠᠲᠠᠬᠣ ᠶᠢᠨ ᠰᠢᠯᠲᠠᠭᠠᠨ ᠮᠦᠨ ᠡᠰᠡᠬᠦ ᠶᠢ ᠬᠢᠨᠠᠮᠭᠠᠢ ᠪᠠᠢᠴᠠᠭᠠᠨ ᠲᠣᠳᠣᠯᠠᠬᠣ ᠬᠡᠷᠡᠭᠲᠡᠢ ᠪᠠᠢᠨ᠎ᠠ᠃
ᠬᠠᠣᠯᠢ ᠪᠡᠷ ᠵᠠᠰᠠᠬᠣ ᠶᠢ ᠡᠳᠦᠷ ᠳᠣᠲᠣᠮ ᠳᠣ ᠴᠢᠬᠣᠯᠠᠴᠢᠯᠠᠵᠦ ᠪᠠᠢᠭ᠎ᠠ ᠴᠠᠭ ᠡᠷᠡᠨ ᠦ ᠦᠭᠡᠳᠡᠷᠡᠭ ᠦᠩᠭᠡ ᠳᠣ ᠣᠷᠠᠮᠰᠢᠨ᠂ ᠬᠠᠦᠯᠢ ᠵᠦᠢ ᠶᠢᠨ ᠪᠦᠷᠢᠨ ᠡᠷᠬᠡ ᠡᠳ᠋ᠡᠯᠡᠬᠦ ᠶᠣᠰᠣᠲᠠᠢ ᠠᠷᠠᠳ ᠢᠷᠭᠡᠳ ᠦᠨ ᠬᠣᠪᠢ ᠳᠣ᠂ ᠮᠠᠨ ᠦ ᠰᠠᠨᠠᠯ ᠢ ᠳᠠᠷᠣᠢ ᠲᠦᠷᠭᠡᠨ ᠬᠦᠨᠳᠦᠳᠭᠡᠨ ᠬᠡᠷᠡᠭᠵᠢᠭᠦᠯᠵᠦ᠂ ᠶᠦᠨᠢᠺᠣᠳ᠋ ᠦᠨ ᠲᠦᠰᠦᠯ ᠦᠨ ᠪᠠᠢᠭᠣᠯᠣᠮᠵᠢ ᠳᠣ ᠮᠦᠨ ᠴᠢᠨᠠᠷ ᠦᠨ ᠦᠭᠡᠷᠡᠴᠢᠯᠡᠯᠲᠡ ᠬᠢᠵᠦ᠂ ᠠᠰᠠᠭᠣᠳᠠᠯ ᠢ ᠦᠳᠲᠡᠷ ᠲᠦᠷᠭᠡᠨ ᠰᠢᠢᠳᠪᠦᠷᠢᠯᠡᠬᠦ ᠪᠠ ᠰᠢᠢᠳᠪᠦᠷᠢᠯᠡᠭᠰᠡᠨ ᠳᠦᠩ ᠶᠢᠡᠨ ᠨᠡᠢᠭᠡᠮ ᠨᠡᠢᠲᠡ ᠳᠣ ᠢᠯᠡ ᠪᠡᠷ ᠵᠠᠷᠯᠠᠨ ᠮᠡᠳᠡᠬᠦᠯᠬᠦ ᠶᠢ ᠡᠷᠬᠢᠮ ᠵᠦᠪᠯᠡᠯ ᠳᠣ ᠪᠢᠳᠡ ᠪᠦᠬᠦᠨ ᠰᠠᠨᠠᠯ ᠪᠣᠯᠭᠠᠵᠦ ᠪᠠᠢᠨ᠎ᠠ᠃ ᠲᠡᠢᠮᠦ ᠦᠷ᠎ᠡ ᠳᠦᠩ ᠳᠣ ᠬᠦᠷᠬᠦ ᠪᠣᠯᠲᠠᠯ᠎ᠠ ᠪᠢᠳᠡ ᠪᠦᠬᠦᠨ ᠵᠦᠢ ᠶᠣᠰᠣᠨ ᠦ ᠡᠷᠬᠡ ᠠᠰᠢᠭ ᠶᠢᠡᠨ ᠬᠦᠭᠡᠭᠡᠴᠡᠯᠳᠡᠬᠦ ᠴᠢᠷᠮᠠᠢᠯᠲᠠ ᠪᠡᠨ ᠲᠠᠰᠣᠯᠳᠠᠭᠣᠯᠬᠣ ᠦᠭᠡᠢ ᠪᠦᠭᠡᠳ ᠠᠰᠠᠭᠣᠳᠠᠯ ᠦᠨ ᠪᠦᠷᠢᠮᠦᠰᠦᠨ ᠰᠢᠳᠪᠦᠷᠢᠯᠡᠭᠳᠡᠬᠦ ᠳᠣᠨᠢ ᠲᠣᠰᠠ ᠳᠡᠮ ᠬᠦᠷᠭᠡᠵᠦ ᠮᠡᠳᠡᠬᠦ ᠪᠦᠬᠦ ᠪᠣᠯᠣᠮᠵᠢ ᠶᠢ ᠡᠷᠡᠭᠡᠯᠵᠡᠯ ᠦᠭᠡᠢ ᠠᠰᠢᠭᠯᠠᠬᠣ ᠪᠣᠯᠣᠨ᠎ᠠ᠃ ᠲᠣᠰ ᠳᠣᠷᠠᠳᠣᠯᠭ᠎ᠠ ᠶᠢᠨ ᠪᠢᠴᠢᠭ ᠦᠨ ᠬᠠᠭᠣᠯᠪᠣᠷᠢ ᠶᠢ ᠪᠢᠳᠡ ᠲᠦᠪ ᠦᠨ ᠦᠨᠳᠦᠰᠦᠲᠡᠨ ᠱᠠᠰᠢᠨ ᠦ ᠵᠦᠪᠯᠡᠯ᠂ ᠬᠠᠮᠢᠶ᠎ᠠ ᠪᠦᠬᠦᠢ ᠶᠠᠮᠣᠨ ᠨᠣᠭᠣᠳ᠂ ᠦᠪᠡᠷᠲᠡᠭᠡᠨ ᠵᠠᠰᠠᠬᠣ ᠣᠷᠣᠨ ᠦ ᠲᠡᠷᠢᠭᠦᠯᠡᠭᠴᠢ᠂ ᠬᠠᠮᠢᠶ᠎ᠠ ᠪᠦᠬᠦᠢ ᠲᠡᠩᠬᠢᠮ ᠦᠳ ᠲᠣ ᠴᠦ ᠬᠦᠷᠭᠡᠬᠦ ᠪᠠᠢᠭ᠎ᠠ ᠪᠡᠨ ᠮᠡᠳᠡᠭᠳᠡᠶ᠎ᠡ᠃ ᠵᠢᠴᠢ᠂ ᠬᠡᠷᠪᠡ ᠵᠠᠬᠢᠷᠭᠠᠨ ᠦ ᠪᠠᠢᠭᠣᠯᠣᠯᠭ᠎ᠠ ᠦᠳ ᠶᠢᠡᠷ ᠳᠠᠮᠵᠢᠨ ᠠᠰᠠᠭᠣᠳᠠᠯ ᠡᠰᠡ ᠰᠢᠢᠳᠦᠭᠳᠡᠬᠦ ᠠᠪᠠᠰᠣ᠂ ᠪᠢᠳᠡ ᠪᠦᠬᠦᠨ ᠬᠠᠣᠯᠢ ᠶᠢᠨ ᠪᠠᠢᠭᠣᠯᠣᠯᠭ᠎ᠠ ᠪᠡᠷ᠂ ᠲᠣᠬᠠᠢᠯᠠᠪᠠᠯ ᠰᠢᠬᠦᠬᠦ ᠪᠡᠷ ᠳᠠᠮᠵᠢᠨ ᠲᠣᠰ ᠠᠰᠠᠭᠣᠳᠠᠯ ᠳᠣ ᠡᠴᠦᠰ ᠦᠨ ᠰᠢᠢᠳ ᠭᠠᠷᠭᠠᠭᠣᠯᠵᠦ᠂ ᠬᠠᠷᠢᠭᠣᠴᠠᠯᠭ᠎ᠠ ᠨᠡᠬᠡᠮᠵᠢᠯᠡᠬᠦᠯᠬᠦ ᠡᠭᠦᠳᠡᠨ ᠡᠴᠡ ᠢᠳᠡᠪᠬᠢᠲᠡᠢ ᠠᠵᠢᠯᠯᠠᠬᠣ ᠪᠣᠯᠣᠨ᠎ᠠ ᠭᠡᠳᠡᠭ ᠶᠢᠡᠨ ᠠᠩᠬᠠᠷᠠᠭᠣᠯᠣᠶᠠ᠃
ᠲᠠ ᠪᠦᠬᠦᠨ ᠳᠣ ᠠᠵᠢᠯ ᠦᠨ ᠦᠨᠳᠦᠷ ᠠᠮᠵᠢᠯᠲᠠ ᠶᠢ ᠬᠦᠰᠡᠨ ᠢᠷᠦᠭᠡᠶ᠎ᠡ᠃
2016 ᠣᠨ ᠦ ᠰᠠᠷ᠎ᠠ ᠶᠢᠨ ᠡᠳᠦᠷ
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
ᠣᠪᠣᠭ ᠨᠡᠷ᠎ᠡ᠄
ᠭᠠᠷ ᠦᠨ ᠦᠰᠦᠭ᠄
ᠪᠠᠢᠭ᠎ᠠ ᠭᠠᠵᠠᠷ᠄
-
2016-03-25
ᠮᠣᠩᠭᠣᠯ ᠢᠶᠠᠷ ᠪᠢᠴᠢᠭᠰᠡᠨ ᠦ ᠳ᠋ᠦᠩ ᠳ᠋ᠥ ᠡᠶᠢᠮᠦ ᠯᠠ ᠶᠠᠭᠣᠮ᠎ᠠ ᠭᠠᠷᠴᠦ ᠢᠷᠡᠵᠦ ᠪᠠᠶᠢᠭ᠎ᠠ ᠶᠢ ᠬᠠᠷ᠎ᠠ ᠯᠠ ᠳ᠋ᠠ ᠃ ᠮᠣᠩᠭᠣᠯ ᠪᠢᠴᠢᠭ ᠢ ᠢᠨᠲᠸ᠋ᠷ ᠰᠦᠯᠵᠢᠶᠡᠨ ᠳᠡᠭᠡᠷ᠎ᠡ ᠬᠠᠮᠣᠭ ᠤᠨ ᠪᠦᠳᠦᠮᠵᠢᠲᠡᠢ ᠬᠡᠷᠡᠭᠯᠡᠵᠦ ᠪᠠᠶᠢᠭ᠎ᠠ ᠭᠡᠵᠦ ᠪᠣᠯᠬᠣ ᠪᠠᠷ ᠰᠠᠶᠢᠲ ᠤᠨ ᠮᠠᠨᠢ ᠴᠢᠷᠠᠢ ᠡᠨᠡ ᠯᠠ ᠪᠠᠶᠢᠭ᠎ᠠ ᠪᠢᠵᠡ ᠳ᠋ᠸ ᠃ ᠪᠦᠬᠦ ᠶᠠᠭᠣᠮ᠎ᠠ ᠶᠠᠪᠣᠵᠦ ᠶᠠᠪᠣᠭᠠᠳ ᠣᠷᠣᠯᠳᠣᠵᠦ ᠣᠷᠣᠯᠳᠣᠭᠠᠳ ᠨᠦᠬᠦᠭᠡ ᠯᠠ ᠵᠡᠷᠡᠮᠳᠡᠭ ᠬᠢᠭᠳᠡᠭᠰᠡᠨ ᠶᠦᠨᠢ ᠺᠣᠳ᠋ ᠳᠡᠭᠡᠷ᠎ᠡ ᠪᠡᠨ ᠬᠦᠷᠦᠭᠡᠳ ᠯᠠ ᠲᠣᠯᠣᠭᠠᠳ ᠵᠣᠭ᠍ᠰᠣᠴᠢᠬᠠᠵᠦ ᠪᠠᠶᠢᠭ᠎ᠠ ᠨᠢ ᠬᠣᠳᠠᠯ ᠪᠢᠰᠢ ᠪᠢᠵᠡ ᠳ᠋ᠸ ︖ ᠡᠨᠡ ᠣᠳᠣ ᠲᠣᠪ ᠲᠣᠳᠣᠷᠬᠠᠢ ᠪᠠᠶᠢᠵᠦ ᠪᠠᠶᠢᠬᠣ ᠳ᠋ᠥ ᠪᠠᠰᠠ ᠶᠠᠭᠠᠬᠢᠵᠦ ᠢᠴᠢᠬᠦ ᠦᠭᠡᠢ ᠪᠡᠷ ᠬᠢᠴᠢᠭᠰᠡᠨ ᠂ ᠪᠣᠯᠴᠢᠬᠠᠭᠰᠠᠨ ᠂ ᠠᠰᠠᠭᠣᠳᠠᠯ ᠦᠭᠡᠢ ᠂ ᠠᠰᠠᠭᠣᠳᠠᠯ ᠭᠠᠷᠣᠭᠠᠳ ᠪᠠᠶᠢᠭ᠎ᠠ ᠨᠢ ᠪᠦᠭᠦᠳᠡ ᠪᠣᠰᠣᠳ ᠤᠨ ᠮᠠᠭᠣ ᠡᠴᠡ ᠪᠣᠯᠣᠭᠰᠠᠨ ᠪᠣᠯᠭᠠᠵᠦ ᠪᠣᠷᠣᠩᠬᠠᠶᠢᠯᠠᠵᠦ ᠴᠢᠳᠠᠵᠦ ᠪᠠᠶᠢᠨ᠎ᠠ ︖ ᠬᠦᠮᠦᠨ ᠡᠨᠡ ᠶᠢᠷᠲᠢᠨᠴᠦ ᠶᠢᠨ ᠬᠦᠷᠦᠰᠦᠨ ᠳᠡᠭᠡᠷ᠎ᠡ ᠬᠠᠵᠠᠭᠠᠢ ᠴᠦ ᠪᠠᠢ ᠮᠣᠷᠣᠢ ᠴᠦ ᠪᠠᠢ 87 ᠵᠢᠯ ᠲᠣᠭᠣᠰᠣ ᠬᠥᠳᠡᠯᠭᠡᠵᠦ ᠶᠠᠪᠣᠬᠣ ᠳᠠᠭᠠᠨ ᠥᠭᠡᠷ᠎ᠡ ᠶᠠᠭᠣ ᠴᠦ ᠰᠣᠷᠣᠭᠠ ᠦᠭᠡᠢ ᠪᠠᠶᠢᠵᠦ ᠪᠣᠯᠣᠨ᠎ᠠ ᠂ ᠬᠠᠷᠢᠨ ᠢᠴᠢᠬᠦ ᠶᠢ ᠪᠣᠯ ᠪᠠᠭ᠎ᠠ ᠴᠦ ᠭᠡᠰᠡᠨ ᠰᠣᠷᠣᠭᠰᠠᠨ ᠪᠠᠶᠢᠬᠣ ᠶᠣᠰᠣᠲᠠᠢ ᠪᠣᠰᠣ ᠦᠦ ︖