 

ᠪᠡᠶ᠎ᠡ ᠭᠠᠯᠪᠢᠷ ᠭᠤᠪᠠᠢ ᠰᠠᠶᠢᠬᠠᠨ ᠪᠠᠶᠢᠬᠤ

2019-06-04 16:36
  327
  0
   ᠪᠡᠶ᠎ᠡ ᠭᠠᠯᠪᠢᠷ ᠪᠤᠯᠤᠨ ᠵᠢᠰᠦ ᠴᠢᠷᠡᠢ ᠶᠢᠨ ᠰᠠᠶᠢᠬᠠᠨ ᠨᠢ ᠡᠬᠡᠨᠡᠷ ᠬᠦᠮᠦᠨ ᠤ ᠭᠤᠸᠠᠯᠢᠭ ᠲᠦᠷᠢ ᠶᠢ ᠬᠠᠮᠤᠭ ᠤᠨ ᠰᠠᠶᠢᠬᠠᠨ ᠢᠯᠡᠷᠡᠭᠦᠯᠳᠡᠭ᠃
ᠰᠠᠶᠢᠬᠠᠨ ᠵᠢᠰᠦ ᠲᠠᠢ ᠡᠬᠡᠨᠡᠷ ᠪᠤᠯ ᠲᠤᠩ ᠠᠵᠠ ᠵᠤᠯ ᠲᠠᠢ ᠶᠤᠮ᠃ ᠵᠢᠰᠦ ᠪᠠᠷ ᠶᠡᠷᠦᠮᠳᠡᠭ ᠡᠬᠡᠨᠡᠷ ᠬᠦᠮᠦᠨ ᠰᠤᠶᠤᠯ ᠪᠤᠯᠪᠠᠰᠤᠷᠠᠯ ᠢᠶᠠᠨ
ᠲᠡᠭᠡᠭᠰᠢᠯᠡᠬᠦᠯᠬᠦ᠂ ᠴᠤᠭ ᠵᠢᠪᠬᠤᠭ᠎ᠠ ᠪᠠᠨ ᠨᠡᠮᠡᠭᠳᠡᠬᠦᠯᠬᠦ ᠪᠠᠷ ᠲᠠᠮᠵᠢᠨ ᠨᠦᠬᠦᠪᠦᠷᠢᠯᠡᠵᠦ ᠪᠤᠯᠤᠨ᠎ᠠ᠃
  ᠰᠠᠶᠢᠬᠠᠨ ᠰᠠᠨᠠᠭ᠎ᠠ ᠤᠶᠠᠬᠠᠨ ᠵᠠᠩ ᠲᠠᠢ ᠪᠠᠶᠢᠬᠤ
  ᠰᠠᠶᠢᠨ ᠰᠠᠨᠠᠭ᠎ᠠ ᠤᠶᠠᠬᠠᠨ ᠵᠠᠩ ᠲᠠᠢ ᠪᠠᠶᠢᠬᠤ ᠨᠢ ᠡᠬᠡᠨᠡᠷ ᠬᠦᠮᠦᠨ ᠤ ᠪᠦᠷᠢᠯᠳᠦᠬᠦᠯᠪᠡᠰᠦ ᠵᠤᠬᠢᠬᠤ ᠴᠢᠬᠤᠯᠠ ᠪᠤᠯᠪᠠᠰᠤᠷᠠᠯ ᠮᠦᠨ᠂ ᠡᠨᠡ ᠨᠢ
ᠦᠪᠡᠷ ᠤᠨ ᠪᠡᠶ᠎ᠡ ᠳᠤ ᠨᠢ ᠨᠠᠰᠤᠨ ᠲᠤᠷᠰᠢᠲᠠ ᠵᠤᠯ ᠵᠢᠷᠭᠠᠯ ᠤᠯᠭᠤᠵᠤ ᠪᠤᠯᠤᠨ᠎ᠠ᠃ ᠬᠡᠳᠡᠷ ᠲᠤᠭᠰᠢᠨ᠂ ᠬᠡᠯᠡᠭᠡᠳ ᠰᠤᠨᠤᠰᠬᠤ ᠦᠬᠡᠢ ᠡᠮᠡᠭᠲᠡᠢ ᠶᠢ ᠪᠤᠯ ᠬᠡᠨ ᠴᠦ ᠲᠤᠭᠤᠬᠤ ᠦᠬᠡᠢ ᠶᠤᠮ᠃ ᠡᠬᠡᠨᠡᠷ ᠬᠦᠮᠦᠨ ᠤ ᠰᠠᠶᠢᠨ ᠰᠠᠨᠠᠭ᠎ᠠ ᠤᠶᠠᠬᠠᠨ ᠵᠠᠩ ᠨᠢ ᠡᠷ᠎ᠡ ᠡᠮ᠎ᠡ ᠶᠢᠨ ᠡᠯᠢᠭᠡᠰᠡᠭ ᠲᠤᠳᠤᠨᠤᠰᠤᠭ ᠪᠠᠶᠢᠬᠤ  ᠳᠤ ᠠᠰᠢᠭᠲᠠᠢ᠂ ᠬᠡᠷ ᠪᠦᠯᠢ ᠶᠢᠨ ᠡᠪ ᠨᠠᠶᠢᠷᠲᠠᠢ  ᠪᠠᠶᠢᠬᠤ ᠳᠤ ᠠᠰᠢᠭᠲᠠᠢ᠃
  ᠪᠡᠶ᠎ᠡ ᠪᠠᠨ ᠬᠦᠨᠳᠦᠳᠬᠡᠨ ᠯᠠᠪᠳᠠᠭᠤᠨ ᠲᠦᠪᠯᠡᠬᠦᠨ ᠪᠠᠶᠢᠬᠤ
  ᠡᠬᠡᠨᠡᠷ ᠬᠦᠮᠦᠨ ᠡᠩ ᠤᠨ ᠦᠶ᠎ᠡ ᠳᠤ ᠬᠦᠮᠦᠰ ᠲᠠᠢ ᠶᠠᠪᠤᠯᠴᠠᠬᠤ ᠪᠠ ᠠᠮᠢᠳᠤᠷᠠᠯ ᠲᠤᠮᠳᠠ ᠪᠠᠨ ᠬᠡᠯᠳᠡᠭᠡᠨᠡᠵᠦ ᠬᠤᠯᠳᠤᠭᠠᠨᠠᠨ᠂ ᠢᠳᠡᠪ ᠲᠠᠳᠠᠪ ᠬᠡᠬᠦ ᠬᠡᠷᠡᠭ ᠦᠬᠡᠢ᠂ ᠡᠯᠳᠡᠪ ᠶᠠᠩᠵᠤ ᠪᠠᠷ ᠮᠠᠶ᠋ᠢᠭᠯᠠᠨ᠂ ᠲᠡᠪᠲᠦᠷ ᠦᠬᠡᠢ ᠠᠭᠠᠰᠢᠯᠠᠬᠤ ᠴᠦ ᠬᠡᠷᠡᠭ ᠦᠬᠡᠢ᠃ ᠰᠢᠨᠵᠢ ᠲᠦᠷᠬᠦ ᠪᠠᠨ  ᠬᠡᠪ ᠢᠶᠠᠷ ᠪᠠᠶᠢᠯᠭᠠᠨ᠂ ᠲᠤᠭᠳᠠᠭᠤᠨ  ᠲᠦᠪᠯᠡᠬᠦᠨ ᠪᠠᠶᠢᠬᠤ ᠬᠡᠷᠡᠭᠲᠡᠢ᠃ ᠡᠬᠡᠨᠡᠷ ᠬᠦᠮᠦᠨ ᠤ ᠡᠶᠢᠮᠦᠷᠬᠦᠦ ᠨᠠᠮᠤᠭᠤᠬᠠᠨ ᠲᠦᠪᠯᠡᠬᠦᠨ ᠵᠠᠩ ᠠᠭᠠᠯᠢ ᠨᠢ ᠬᠦᠮᠦᠰ ᠤᠨ ᠪᠠᠭ᠋ᠠᠷᠬᠠᠯ ᠢ ᠳᠠᠳᠠᠵᠤ ᠴᠢᠳᠠᠳᠠᠭ᠃ ᠨᠦᠬᠦᠷᠯᠡᠯ ᠪᠤᠯ ᠲᠡᠯᠭᠡᠷ ᠶᠤᠮ᠂ ᠲᠤᠷᠠᠯᠠᠯ ᠪᠤᠯ ᠰᠢᠯᠵᠢᠰᠢ ᠦᠬᠡᠢ ᠶᠤᠮ᠃ ᠬᠤᠷᠢᠮᠯᠠᠭᠰᠠᠨ ᠤ ᠲᠠᠷᠠᠭ᠎ᠠ ᠢᠵᠢᠯ ᠪᠤᠰᠤ ᠬᠦᠢᠰᠦᠲᠡᠨ ᠲᠠᠢ ᠨᠠᠶᠢᠵᠠᠯᠠᠬᠤ ᠳᠤ ᠪᠠᠨ ᠴᠠᠭ᠂ ᠠᠬᠤᠢ᠂ ᠪᠠᠶᠢᠲᠠᠯ ᠪᠤᠯᠤᠨ ᠬᠡᠮᠵᠢᠶ᠎ᠡ ᠲᠤᠮᠵᠢᠶ᠎ᠡ ᠶᠢ ᠠᠩᠬᠠᠷᠪᠠᠯ ᠵᠤᠬᠢᠨ᠎ᠠ᠃ ᠬᠠᠶᠢᠷ᠎ᠠ ᠰᠡᠳᠬᠢᠯᠬᠡ ᠪᠠᠨ ᠨᠦᠬᠦᠷᠯᠠᠯ ᠤᠨ ᠬᠡᠪᠴᠢᠶᠠᠨ ᠳᠤ ᠴᠢᠩᠭ᠎ᠠ ᠬᠢᠵᠠᠭᠠᠷᠯᠠᠬᠤ ᠬᠡᠷᠡᠭᠲᠡᠢ᠃
   ᠦᠭᠡᠳᠡᠯᠡᠨ ᠲᠠᠪᠰᠢᠬᠤ ᠪᠠᠷ ᠮᠠᠷᠡᠶᠢᠨ ᠴᠢᠷᠮᠠᠶᠢᠬᠤ
   ᠵᠠᠷᠢᠮ ᠡᠬᠡᠨᠡᠷ ᠬᠤᠷᠢᠮᠯᠠᠭᠰᠠᠨ ᠶᠠᠪᠤᠳᠠᠯ ᠢᠶᠠᠨ ᠠᠵᠢᠯ ᠦᠢᠯᠡᠰ ᠤᠨ ᠲᠡᠭᠦᠰᠭᠡᠯ ᠢᠶᠠᠷ ᠦᠵᠡᠳᠡᠭ᠂ ᠡᠨᠡ ᠨᠢ ᠲᠠᠭᠠᠷᠠᠬᠤ ᠦᠬᠡᠢ ᠶᠤᠮ᠃ ᠤᠳᠤᠬᠢ ᠨᠡᠶᠢᠭᠡᠮ ᠪᠤᠯᠤᠨ ᠭᠡᠷ ᠪᠦᠯᠢ ᠳᠤ ᠡᠬᠡᠨᠡᠷ ᠪᠤᠯᠤᠭᠴᠢ ᠠᠵᠢᠯ ᠦᠢᠯᠡᠰ ᠲᠡᠭᠡᠷ᠎ᠡ ᠪᠠᠨ ᠰᠢᠨᠳᠠᠷᠠᠰᠢ ᠦᠬᠡᠢ ᠴᠢᠷᠮᠠᠶᠢᠬᠤ ᠵᠤᠷᠢᠭ ᠰᠠᠨᠠᠭ᠎ᠠ ᠲᠠᠢ ᠤᠯᠵᠤ᠂ ᠨᠤᠭᠤᠷᠠᠯ  ᠦᠬᠡᠢ ᠬᠠᠳᠠᠨ ᠵᠣᠷᠢᠭ ᠢᠶᠠᠷ ᠲᠡᠮᠡᠦᠯᠡᠳᠡᠭ ᠯᠡ ᠶᠤᠮ ᠪᠤᠯ ᠦᠪᠡᠷ ᠤᠨ ᠢᠶᠠᠨ
ᠴᠢᠷᠮᠠᠶᠢᠯᠠᠭ᠎ᠠ ᠪᠠᠷ ᠠᠵᠢᠯ ᠦᠢᠯᠡᠰ ᠲᠡᠭᠡᠷ᠎ᠡ ᠪᠠᠨ
ᠠᠮᠵᠢᠯᠲᠠ ᠤᠯᠵᠤ ᠴᠢᠳᠠᠳᠠᠭ ᠶᠤᠮ᠃ ᠬᠡᠯᠡᠯᠬᠡᠨ ᠦᠬᠡᠢ ᠶᠠᠮᠠᠷ ᠨᠢᠬᠡᠨ ᠦᠢᠯᠡᠰ ᠳᠡᠭᠡᠷ᠎ᠡ ᠨᠡᠩ ᠶᠡᠭᠡ ᠠᠮᠵᠢᠯᠲᠠ ᠤᠯᠬᠤ ᠶᠢᠨ ᠲᠦᠯᠦᠬᠡ ᠠᠯᠢ ᠨᠢᠬᠡ  ᠨᠢ ᠡᠷᠬᠡᠪᠰᠢ ᠦᠷᠡᠭᠳᠡᠯ ᠭᠠᠷᠭᠠᠬᠤ ᠴᠢᠬᠤᠯᠲᠠᠢ
ᠪᠤᠯᠤᠭᠰᠠᠨ ᠦᠶ᠎ᠡ ᠳᠤ ᠡᠬᠡᠨᠡᠷ ᠬᠦᠮᠦᠨ ᠰᠠᠶᠢᠨ ᠲᠤᠷ᠎ᠠ ᠠᠴᠠ ᠪᠠᠨ ᠡᠷ᠎ᠡ ᠨᠦᠬᠦᠷ ᠤᠨ ᠢᠶᠠᠨ ᠠᠷᠤ ᠳᠤ  ᠨᠡᠷ᠎ᠡ ᠦᠬᠡᠢ ᠪᠠᠭᠠᠳᠤᠷ ᠪᠤᠯᠵᠤ ᠂ ᠡᠬᠦᠨ ᠤ ᠲᠦᠯᠦᠬᠡ ᠭᠤᠮᠤᠳᠠᠯ ᠦᠬᠡᠢ ᠵᠢᠳᠬᠦᠪᠠᠯ ᠪᠠᠰᠠ ᠴᠦ ᠬᠦᠨᠳᠦᠯᠡᠭᠳᠡᠬᠦ ᠶᠤᠮ᠃
  ᠬᠤᠷᠴᠠ ᠰᠡᠷᠭᠦᠯᠡᠩ ᠡᠷᠡᠰ ᠰᠢᠭᠤᠷᠬᠠᠢ ᠪᠠᠶᠢᠬᠤ
  ᠬᠤᠷᠴᠠ ᠰᠡᠷᠭᠦᠯᠡᠩ  ᠪᠠᠶᠢᠳᠠᠭ ᠨᠢ ᠡᠬᠡᠨᠡᠷ ᠬᠦᠮᠦᠨ ᠤ ᠲᠦᠷᠦᠯᠬᠢ ᠠᠪᠢᠶᠠᠰ ᠪᠢᠯᠡ᠃ ᠡᠷᠡᠰ ᠰᠢᠭᠤᠷᠬᠠᠢ ᠭᠡᠳᠡᠭ ᠨᠢ ᠵᠠᠩᠬᠢᠯᠠᠭ᠎ᠠ ᠶᠢᠨ ᠦᠶ᠎ᠡ  ᠳᠤ ᠦᠪᠡᠷ ᠤᠨ ᠪᠡᠶ᠎ᠡ ᠶᠢᠨ ᠠᠷᠢᠭᠤᠨ ᠴᠠᠭᠠᠨ᠂ ᠨᠡᠶᠢᠬᠡᠮ ᠤᠨ ᠶᠤᠰᠤ ᠮᠤᠷᠠᠯ ᠵᠡᠷᠭᠡ ᠲᠠᠢ ᠬᠤᠯᠪᠤᠭᠳᠠᠬᠤ ᠠᠰᠠᠭᠤᠳᠠᠯ ᠢ ᠰᠢᠢᠳᠪᠦᠷᠢᠯᠷᠬᠦ ᠎ ᠳᠤ ᠪᠠᠨ ᠦᠴᠦᠬᠡᠨ ᠴᠦ ᠳᠠᠳᠠᠭᠠᠯᠵᠠᠬᠤ ᠦᠬᠡᠢ᠂ ᠤᠭᠳᠤᠬᠠᠨ ᠴᠦ ᠬᠠᠭᠤᠳᠠᠮ  ᠦᠬᠡᠢ ᠪᠠᠶᠢᠬᠤ ᠶᠢ ᠬᠡᠯᠡᠨ᠎ᠡ᠃ ᠬᠤᠷᠴᠠ ᠰᠡᠷᠬᠦᠯᠡᠩ ᠪᠤᠯᠤᠨ ᠡᠷᠡᠰ ᠰᠢᠭᠤᠷᠬᠠᠢ ᠪᠠᠶᠢᠬᠤ ᠨᠢ ᠡᠬᠡᠨᠡᠷ ᠬᠦᠮᠦᠨ ᠡᠷᠡᠭᠲᠡᠢ ᠨᠦᠬᠦᠷ ᠲᠠᠢ ᠪᠠᠨ ᠬᠠᠮᠳᠤ ᠠᠮᠳᠤᠷᠠᠬᠤ ᠪᠠ ᠬᠤᠵᠢᠮ ᠤᠨ ᠨᠡᠶᠢᠬᠡᠮ ᠤᠨ ᠬᠠᠷᠢᠯᠴᠠᠭᠠᠨ ᠤ ᠲᠤᠮᠳᠠ ᠲᠤᠳᠠᠭᠳᠠᠵᠤ ᠪᠤᠯᠤᠰᠢ ᠦᠭᠡᠢ ᠵᠦᠢᠯ ᠪᠤᠯᠬᠤ ᠲᠤᠯᠠ ᠡᠨᠡ ᠪᠤᠯᠪᠠᠰᠤᠷᠠᠯ ᠢᠶᠠᠨ ᠴᠢᠳᠠᠮᠠᠭᠠᠢ ᠪᠠᠷ ᠬᠡᠷᠡᠭᠯᠡᠪᠡᠯ ᠵᠤᠬᠢᠨ᠎ᠠ᠃
  ᠠᠶᠢᠯ ᠬᠡᠷ ᠤᠨ ᠶᠠᠪᠤᠳᠠᠯ ᠢ ᠴᠢᠳᠠᠮᠠᠭᠠᠢ ᠬᠠᠮᠢᠶᠠᠷᠬᠤ
  ᠤᠷᠲᠤ ᠬᠤᠭᠤᠴᠠᠭᠠᠨ ᠤ ᠲᠤᠷᠰᠢ ᠪᠤᠢ ᠪᠤᠯᠤᠭᠰᠠᠨ ᠨᠡᠶᠢᠬᠡᠮ ᠤᠨ ᠲᠡᠦᠬᠡ᠂ ᠨᠡᠶᠢᠬᠡᠮ ᠤᠨ ᠰᠡᠳᠬᠢᠴᠡ ᠪᠤᠯᠤᠨ ᠨᠡᠶᠢᠬᠡᠮ ᠤᠨ ᠠᠵᠢᠯ ᠬᠤᠪᠢᠶᠠᠷᠢᠯᠠᠯ ᠵᠡᠷᠭᠡ ᠰᠢᠯᠳᠠᠭᠠᠨ ᠠᠴᠠ ᠪᠤᠯᠵᠤ ᠡᠬᠡᠨᠡᠷ ᠬᠦᠮᠦᠨ ᠤᠯᠠᠩᠬᠢ ᠳᠤ ᠪᠠᠨ ᠠᠶᠢᠯ ᠬᠡᠷ ᠤᠨ ᠠᠮᠢᠳᠤᠷᠠᠯ ᠲᠤᠮᠳᠠ ᠭᠤᠤᠯ ᠲᠦᠯᠦᠪᠯᠡᠭᠴᠢ ᠭᠤᠤᠯ ᠡᠷᠬᠢᠯᠡᠭᠴᠢ ᠪᠤᠯᠵᠤ ᠪᠠᠶᠢᠳᠠᠭ᠃ ᠡᠨᠡ ᠪᠠᠶᠢᠳᠠᠯ ᠢ ᠵᠤᠬᠢᠬᠤ ᠬᠤᠭᠤᠴᠠᠭᠠᠨ ᠳᠤ ᠪᠦᠷᠢᠮᠦᠰᠦᠨ ᠬᠤᠪᠢᠷᠠᠭᠤᠯᠬᠤ ᠳᠤ ᠪᠡᠷᠬᠡ ᠶᠤᠮ᠃ ᠡᠬᠡᠨᠡᠷ ᠪᠤᠯᠤᠭᠰᠠᠨ ᠤ ᠬᠤᠪᠢ ᠳᠤ ᠠᠶᠢᠯ ᠭᠡᠷ ᠤᠨ ᠠᠵᠤ ᠠᠬᠤᠢ ᠶᠢᠨ ᠵᠠᠷᠤᠯᠭ᠎ᠠ ᠶᠢ ᠲᠦᠯᠦᠪᠯᠡᠵᠦ᠂ ᠠᠶᠢᠯ ᠬᠡᠷ ᠤᠨ  ᠠᠵᠤ ᠠᠬᠤᠢ ᠶᠢᠨ ᠵᠠᠷᠤᠯᠭ᠎ᠠ ᠶᠢ ᠲᠦᠯᠦᠪᠯᠡᠵᠦ᠂ ᠠᠶᠢᠯ ᠭᠡᠷ ᠤᠨ ᠠᠮᠢᠳᠤᠷᠠᠯ ᠢᠶᠠᠨ ᠵᠤᠬᠢᠰᠲᠠᠢ ᠲᠤᠬᠢᠷᠠᠭᠤᠯᠵᠤ᠂ ᠬᠤᠭᠤᠯᠠ ᠬᠢᠬᠦ ᠮᠡᠷᠭᠡᠵᠢᠯ᠂ ᠤᠶᠤᠳᠠᠯ ᠤᠨ ᠴᠢᠳᠠᠪᠤᠷᠢ᠂ ᠬᠡᠦᠬᠡᠳ ᠦᠰᠭᠡᠬᠦ ᠮᠡᠳᠡᠯᠭᠡ ᠪᠤᠯᠤᠨ ᠭᠡᠷ ᠪᠦᠯᠢ ᠪᠠᠨ
ᠴᠢᠮᠡᠬᠦ ᠠᠷᠭ᠎ᠠ ᠶᠢ ᠡᠵᠡᠮᠰᠢᠬᠦ ᠨᠢ ᠪᠦᠷ ᠴᠢᠬᠤᠯᠲᠠᠢ ᠶᠤᠮ᠃
  ᠬᠤᠪᠢᠷᠠᠰᠢ ᠦᠬᠡᠢ ᠦᠨᠡᠨᠴᠢ ᠪᠠᠳᠤ ᠪᠠᠶᠢᠬᠤ
  ᠡᠷᠡᠭᠲᠡᠢ ᠨᠦᠬᠦᠷ ᠤᠨ ᠢᠶᠠᠨ ᠡᠮᠵᠡᠭ ᠬᠡᠮ ᠪᠤᠶᠤ ᠲᠤᠳᠠᠭᠳᠠᠯ ᠎ ᠢ ᠤᠯᠵᠤ ᠮᠡᠳᠡᠭᠰᠡᠨ ᠦᠶ᠎ᠡ ᠳᠤ ᠭᠤᠯᠤᠵᠤ ᠵᠢᠭᠰᠢᠯ ᠦᠬᠡᠢ ᠪᠠᠷ ᠬᠠᠯᠠᠭᠤᠮᠰᠠᠭ  ᠢᠶᠠᠷ ᠬᠠᠪᠰᠤᠷᠬᠤ ᠬᠡᠷᠡᠭᠲᠡᠢ᠃ ᠬᠦᠯᠢᠴᠡᠩᠬᠦᠢ ᠪᠠᠷ  ᠢᠳᠬᠠᠨ ᠬᠡᠯᠡᠵᠦ᠂ ᠤᠬᠠᠭᠠᠷᠠᠭᠤᠯᠵᠤ ᠰᠡᠭᠡᠭᠡᠷᠡᠬᠦᠯᠦᠨ᠂ ᠡᠷᠡᠭᠲᠡᠢ ᠨᠦᠬᠦᠷ ᠤᠨ ᠲᠤᠳᠠᠭᠳᠠᠯ ᠢᠶᠠᠨ ᠬᠠᠯᠠᠬᠤ ᠢᠳᠡᠬᠡᠯ ᠵᠤᠷᠢᠭ ᠢ ᠨᠡᠮᠡᠭᠳᠡᠬᠦᠯᠬᠦ ᠬᠡᠷᠡᠭᠲᠡᠢ᠃ ᠡᠷᠡᠭᠲᠡᠢ ᠨᠦᠬᠦᠷ ᠴᠢᠨᠢ ᠶᠠᠳᠠᠷᠠᠵᠤ ᠵᠦᠳᠡᠷᠡᠬᠦ᠂ ᠤᠴᠠᠭᠠᠷᠳᠠᠵᠤ  ᠪᠤᠬᠢᠨᠢᠳᠤᠬᠤ ᠪᠤᠶᠤ ᠰᠠᠨᠠᠭᠠᠨ ᠠᠴᠠ ᠭᠠᠳᠠᠭᠤᠷ ᠠᠳᠡᠯ ᠭᠠᠷᠤᠭᠰᠠᠨ ᠦᠶ᠎ᠡ ᠳᠤ ᠡᠬᠡᠨᠡᠷ ᠪᠤᠯᠤᠭᠴᠢ ᠨᠢ ᠬᠠᠮᠠᠭᠠᠯᠠᠭᠴᠢ ᠰᠢᠭ᠋ ᠢᠶᠠᠷ ᠤᠶᠢᠯᠡ ᠵᠤᠪᠠᠯᠠᠩ ᠢ ᠬᠠᠮᠳᠤᠪᠠᠷ ᠲᠤᠭᠤᠯᠤᠨ ᠪᠤᠬᠢᠨᠢᠳᠤᠯ ᠵᠤᠪᠠᠯᠠᠩ ᠢ ᠬᠤᠪᠢᠶᠠᠯᠴᠠᠨ ᠠᠷᠢᠯᠭᠠᠬᠠᠤ ᠬᠡᠷᠡᠭᠲᠡᠢ᠃ ᠬᠦᠴᠢᠷ ᠵᠤᠪᠠᠯᠠᠩ ᠎ ᠢ ᠬᠠᠮᠳᠤ ᠪᠠᠷ ᠲᠤᠭᠤᠯᠬᠤ ᠬᠠᠶᠢᠷ᠎ᠠ ᠰᠡᠳᠬᠢᠯᠬᠡ ᠪᠤᠯ ᠬᠠᠮᠤᠭ ᠤᠨ ᠡᠷᠬᠢᠮ ᠪᠠᠶᠢᠳᠠᠭ ᠃ ᠡᠨᠡ ᠨᠢ ᠡᠬᠡᠨᠡᠷ ᠬᠦᠮᠦᠨ ᠤ ᠬᠤᠪᠢᠷᠠᠰᠢ ᠦᠬᠡᠢ ᠦᠨᠡᠨᠴᠢ  ᠪᠠᠳᠤ ᠪᠠᠶᠢᠳᠠᠭ ᠡᠷᠬᠢᠮ ᠲᠡᠭᠡᠳᠦ ᠵᠠᠩ ᠴᠢᠨᠠᠷ ᠢ ᠬᠠᠷᠠᠭᠤᠯᠳᠠᠭ᠃



  
     
     