-
47378
ᠨᠤᠲᠤᠭ ᠤᠨ ᠰᠠᠬᠢᠭᠤᠰᠤ
2021-09-06 10:15
196
0
ᠬᠠᠭ ᠤᠨ ᠨᠠᠭᠤᠷ ᠮᠢᠨᠢ ᠶᠠᠭᠤ ᠭᠡᠵᠦ ᠁
ᠨᠢᠭᠡ
ᠬᠠᠭ ᠤᠨ ᠨᠠᠭᠤᠷ ᠮᠢᠨᠢ ᠮᠦᠩᠬᠦᠨ ᠳᠤᠯᠬᠢᠶ᠎ᠠ ᠪᠠᠷ ᠰᠢᠪᠡᠨᠡᠬᠦ ᠳᠤ ᠬᠠᠪᠤᠷ ᠤᠨ ᠰᠢᠪᠠᠭᠤᠳ ᠨᠢ ᠡᠷᠬᠢ ᠳᠠᠭᠠᠭᠠᠳ ᠭᠠᠩᠭᠠᠨᠠᠨᠠ᠃ ᠵᠦᠭᠡᠯᠡᠨ ᠳᠡᠨᠵᠢᠨ ᠳ᠋ᠤ ᠨᠢ ᠬᠡᠤᠬᠡᠳ ᠤᠨ ᠨᠠᠷᠠᠨ ᠪᠦᠮᠪᠦᠷᠢᠬᠦ ᠪᠡᠷ ᠽᠠᠮᠪᠤᠯᠢᠩ ᠤᠨ ᠤᠷᠤᠰᠬᠠᠯ ᠬᠦᠮᠦᠨ ᠵᠤᠨ ᠤ ᠵᠢᠷᠭᠠᠯ ᠳ᠋ᠤ ᠬᠦᠪᠦᠯᠵᠡᠨᠡ᠃
ᠪᠢ ᠬᠤᠷᠢᠨ ᠬᠡᠳᠦᠨ ᠵᠢᠯ ᠤᠨ ᠡᠮᠦᠨ᠎ᠡ ᠬᠦᠳᠡᠭᠡ ᠭᠡᠷ ᠡᠴᠡ ᠪᠠᠨ ᠠᠶᠠᠷᠯᠠᠵᠦ᠂ ᠬᠤᠰᠢᠭᠤ ᠪᠠᠯᠭᠠᠰᠤᠨ ᠳ᠋ᠤ ᠭᠤᠩᠬᠠᠵᠦ ᠶᠠᠪᠤᠭᠰᠠᠨ ᠬᠢᠵᠢᠶᠠᠯᠢ ᠨᠠᠰᠤᠨ ᠣ ᠰᠤᠷ ᠵᠢᠯᠤᠭᠤ ᠪᠠᠨ ᠭᠡᠨᠡᠤᠬᠡᠨ ᠡᠷᠬᠢᠭᠦᠯᠬᠦ ᠳ᠋ᠤ᠂ ᠮᠦᠷᠦᠭᠡᠳᠦᠯ ᠬᠦᠰᠡᠯ ᠦᠨ ᠶᠢᠷᠲᠢᠨᠴᠦ ᠶᠢᠨ ᠲᠤᠳᠤ ᠦᠩᠭᠡ ᠨᠢ ᠬᠠᠭ ᠤᠨ ᠨᠠᠭᠤᠷ ᠮᠢᠨᠢ ᠴᠢ ᠪᠠᠢᠵᠠᠢ᠃ ᠲᠦᠳᠡᠬᠡᠨ ᠵᠠᠭᠤᠷ᠎ᠠ ᠬᠡᠭᠡᠷ᠎ᠡ ᠶᠢᠨ ᠰᠠᠯᠬᠢ ᠨᠢ ᠳᠤᠷᠠᠰᠤᠮᠵᠢ ᠶ᠋ᠢ ᠦᠯᠢᠶᠠᠵᠦ ᠨᠤᠲᠤᠭ ᠲᠤ ᠮᠢᠨᠢ ᠠᠪᠠᠴᠢᠨ᠎ᠠ᠃ ᠠᠯᠲᠠᠨ ᠦᠷ᠎ᠡ ᠪᠠᠨ ᠵᠠᠭᠤᠭᠠᠳ ᠠᠬᠢᠭᠠᠳ ᠢᠷᠡᠬᠦ ᠪᠤᠯᠪᠠᠤ ᠬᠡᠮᠡᠨ ᠬᠦᠭᠡᠷᠦᠬᠦᠨ ᠬᠠᠷᠢᠶᠠᠴᠠᠢ ᠶ᠋ᠢ ᠲᠤᠮᠤᠭ᠎ᠠ ᠦᠭᠡᠢ ᠬᠦᠯᠢᠶᠡᠳᠡᠭ ᠳᠡᠷᠡ ᠨᠢᠭᠡᠨ ᠬᠠᠪᠤᠷ᠂ ᠠᠪᠤ ᠮᠢᠨᠢ ᠬᠠᠭ ᠤᠨ ᠨᠠᠭᠤᠷ ᠤᠨ ᠬᠦᠪᠡᠭᠡᠨ ᠳ᠋ᠤ ᠠᠬ᠎ᠠ ᠳᠡᠭᠦᠦ ᠬᠡᠳᠦᠭᠦᠯᠡ ᠶ᠋ᠢ ᠬᠦᠯ ᠨᠢᠴᠦᠭᠦᠨ ᠭᠦᠶᠦᠯᠭᠡᠵᠦ᠂ ᠠᠷᠠᠵᠠ ᠰᠦ ᠶ᠋ᠢᠨ ᠰᠠᠴᠤᠯᠢ ᠡᠷᠭᠦᠵᠦ ᠂ ᠨᠠᠨᠳᠢᠨ ᠬᠦᠰᠡᠯ ᠦᠨ ᠬᠤᠷᠤᠢ ᠰᠦᠩᠨᠡᠬᠦ ᠪᠠᠷ ᠠᠩᠬᠠᠯᠠᠨ ᠪᠠᠷᠠᠭᠠᠳᠠᠵᠦ ᠪᠠᠢᠭ᠎ᠠ ᠨᠠᠳᠠᠳᠤ ᠬᠠᠭ ᠤᠨ ᠨᠠᠭᠤᠷ ᠤᠨ ᠤᠰᠤ ᠨᠢ ᠬᠠᠨᠠᠭᠠᠷ ᠳᠠᠯᠠᠢ ᠡᠴᠡ ᠴᠤ ᠳᠤᠮᠤ ᠰᠠᠨᠠᠭᠳᠠᠵᠦ ᠪᠢᠯᠡ᠃
ᠤᠳᠤᠳᠤ ᠲᠡᠭᠷᠢ ᠶᠢᠨ ᠳᠤᠤᠷ᠎ᠠ ᠬᠤᠨᠤᠭ ᠵᠠᠢᠴᠢᠯᠠᠨ ᠳᠠᠪᠬᠢᠭᠰᠠᠨ ᠦᠨᠢ ᠮᠦᠩᠬᠡ ᠶ᠋ᠢᠨ ᠡᠷᠢᠯ ᠦᠨ ᠬᠤᠢᠨ᠎ᠠ ᠂ ᠤᠬᠠᠭ᠎ᠠ ᠬᠠᠷᠪᠤᠨ ᠤᠳᠤᠬᠤ ᠮᠦᠯᠢᠭᠦᠨ ᠶᠡᠬᠡ ᠤᠷᠤᠰᠬᠠᠯ ᠳ᠋ᠤ ᠳᠤᠷᠠᠰᠤᠯ ᠤᠨ ᠳᠤᠮᠳᠠ ᠲᠠᠷᠠᠭ ᠪᠤᠯᠤᠨ ᠮᠡᠯᠳᠡᠢᠬᠦ ᠬᠠᠭ ᠤᠨ ᠨᠠᠭᠤᠷ ᠮᠢᠨᠢ ᠠᠢᠯ ᠤᠨ ᠬᠡᠤᠬᠡᠳ ᠢ ᠠᠩᠭᠠᠬᠠᠢ ᠦᠷ᠎ᠡ ᠪᠠᠨ ᠰᠢᠭ ᠱᠤᠩᠪᠠᠭᠤᠯᠵᠦ᠂ ᠠᠯᠤᠰ ᠤᠨ ᠰᠠᠢᠬᠠᠨ ᠬᠦᠰᠡᠯᠡᠩ ᠳ᠋ᠤ ᠱᠤᠤᠬᠢᠭᠤᠯᠤᠭᠰᠠᠨ ᠰᠡᠳᠬᠢᠯ ᠦᠨ ᠮᠢᠨᠢ ᠲᠤᠩᠭᠠᠯᠠᠭ ᠲᠠᠮᠢᠷ ᠪᠤᠯᠵᠦ ᠪᠠᠢᠯ᠎ᠠ᠃
ᠬᠠᠭ ᠤᠨ ᠨᠠᠭᠤᠷ ᠮᠢᠨᠢ ᠶᠠᠭᠤ ᠭᠡᠵᠦ ᠰᠢᠪᠡᠨᠡᠯ᠎ᠡ᠁
ᠬᠤᠶᠠᠷ
ᠵᠠᠭᠤᠨ ᠢ ᠰᠤᠨᠳᠠᠯᠠᠨ ᠬᠠᠭ ᠤᠨ ᠨᠠᠭᠤᠷ ᠮᠢᠨᠢ ᠪᠤᠷᠤ ᠬᠦᠳᠡᠭᠡ ᠶᠢᠨ ᠴᠠᠢᠯᠭᠠᠨ ᠬᠤᠩᠭᠤᠷ ᠦᠷᠡᠰ ᠢᠶᠡᠨ ᠪᠠᠲᠤ ᠢᠲᠡᠭᠡᠯ ᠦᠨ ᠳᠤᠮᠳᠠ ᠵᠤᠯᠠ ᠰᠢᠭ᠋ ᠭᠡᠷᠡᠯᠳᠦᠭᠦᠯᠦᠨ᠂ ᠤᠴᠢᠯᠠᠨ ᠰᠦᠮᠡᠯᠵᠠᠬᠦ ᠤᠭ᠍ᠶᠤ ᠴᠡᠩᠭᠡᠷ ᠳᠤᠯᠤᠭᠠᠳ ᠳᠠᠭᠠᠨ ᠨᠤᠲᠤᠭ ᠤᠨ ᠨᠠᠢᠷᠠᠭᠴᠢ ᠪᠠᠨ ᠰᠢᠯᠦᠭ ᠳᠠᠢ ᠳᠠᠭᠤᠤ ᠳᠠᠢ ᠠᠶᠠᠷᠯᠠᠭᠤᠯᠤᠭᠰᠠᠨ ᠪᠢᠯᠡ᠃
ᠠᠩᠬᠠᠨ ᠣ ᠳᠤᠷᠠᠯᠠᠯ ᠢ ᠪᠤᠯᠢᠶᠠᠭᠰᠠᠨ ᠨᠠᠮᠤᠭᠤᠬᠠᠨ ᠰᠢᠷ᠎ᠠ ᠪᠦᠷᠦᠢ᠂ ᠡᠮᠵᠡᠭᠯᠡᠵᠦ ᠤᠶᠠᠷᠠᠬᠤ ᠶ᠋ᠢ ᠮᠡᠳᠡᠷᠡᠭᠡ ᠦᠭᠡᠢ ᠠᠯᠳᠠᠷᠠᠢᠬᠠᠨ ᠨᠠᠰᠤᠨ ᠳᠠᠭᠠᠨ ᠰᠢᠯᠢ ᠶᠢᠨ ᠳᠡᠭᠵᠢᠨ ᠢᠨᠵᠠᠭ᠎ᠠ ᠰᠢᠭ᠋ ᠬᠠᠷ᠎ᠠ ᠨᠢᠳᠦᠨ ᠬᠡᠤᠬᠡᠨ ᠳᠠᠢ ᠬᠠᠷᠠᠴᠠ ᠪᠡᠷ ᠨᠢ ᠲᠤᠭᠯᠠᠵᠤ᠂ ᠬᠠᠯᠢᠭᠠᠳ ᠢᠷᠡᠬᠦ ᠶᠠᠩᠰᠢᠶᠠᠯᠳᠠᠢ ᠳᠠᠢ ᠰᠦᠢᠳ ᠪᠤᠯᠤᠨ ᠳᠡᠷᠪᠡᠬᠦ ᠳ᠋ᠤ ᠬᠠᠭ ᠤᠨ ᠨᠠᠭᠤᠷ ᠮᠢᠨᠢ ᠨᠠᠳᠠ ᠫᠠᠳ ᠦᠭᠡᠢ ᠭᠡᠬᠦ ᠰᠢᠭ ᠶᠠᠯᠢᠮ ᠬᠦᠩᠭᠡᠬᠡᠨ ᠡᠬᠡᠰᠢᠭ ᠢᠶᠡᠷ ᠨᠠᠮ ᠳᠤᠯᠬᠢᠶᠠᠯᠠᠵᠦ ᠯᠠ ᠪᠠᠢᠯ᠎ᠠ᠁
ᠤᠷᠢᠳᠤ ᠳ᠋ᠤ ᠨᠠᠷᠠᠨ ᠰᠠᠷᠠᠨ ᠬᠢᠯᠪᠠᠵᠦ᠂ ᠴᠠᠰᠤ ᠴᠠᠭᠠᠨ ᠬᠤᠵᠢᠷ ᠠᠰᠬᠠᠷᠠᠨ ᠤᠳᠤᠳ ᠤᠨ ᠭᠡᠭᠡ ᠪᠠᠷ ᠬᠡᠰᠢᠭ ᠢᠪᠡᠭᠡᠭᠰᠡᠨ ᠬᠠᠭ ᠤᠨ ᠨᠠᠭᠤᠷ ᠮᠢᠨᠢ ᠦᠷ ᠰᠠᠯᠬᠤ ᠪᠠᠷ ᠪᠠᠢᠭᠠᠯᠢ ᠶᠢᠨ ᠤᠩᠭᠤᠳ ᠳᠠᠷᠬᠠᠳ ᠳᠠᠭᠠᠨ ᠪᠠᠢᠭᠰᠠᠨ ᠢᠶᠠᠨ ᠬᠠᠢᠷᠠᠯᠠᠵᠦ᠂ ᠠᠷᠭᠠᠯ ᠳᠡᠭᠦᠳᠡᠭ ᠠᠪᠤ ᠶᠢᠨ ᠮᠦᠷ ᠳᠠᠢ ᠠᠷᠤ ᠶᠢᠨ ᠴᠠᠭᠠᠨ ᠳᠡᠷᠡᠰᠦᠨ ᠴᠠᠭᠠᠨ᠎ᠠ ᠳᠡᠭᠷᠢ ᠶᠢᠨ ᠬᠤᠷ᠎ᠠ ᠳ᠋ᠤ ᠭᠤᠨᠢᠭ ᠤᠷᠬᠢᠨ ᠨᠢᠯᠪᠤᠰᠤᠨ ᠳᠤᠮᠳᠠ ᠪᠦᠷᠦᠯᠵᠠᠨᠠ᠃
ᠨᠤᠳᠤᠭ ᠤᠨ ᠪᠤᠭᠤᠷᠤᠯᠴᠤᠳ ᠨᠡᠭᠦᠳᠡᠯ ᠰᠢᠪᠠᠭᠤᠳ ᠢ ᠰᠢᠷᠳᠡᠨ︽ ᠬᠤᠨ ᠰᠢᠪᠠᠭᠤ ᠮᠢᠨᠢ ᠡᠷᠬᠢᠭᠡᠷᠡᠢ᠂ ᠬᠠᠭ ᠤᠨ ᠨᠠᠭᠤᠷ ᠮᠢᠨᠢ ᠰᠡᠷᠭᠦᠭᠡᠷᠡᠢ︾ ᠬᠡᠮᠡᠨ ᠴᠠᠭ᠎ᠠ ᠡᠷᠭᠦᠨ᠎ᠡ᠃
ᠬᠠᠭ ᠤᠨ ᠨᠠᠭᠤᠷ ᠮᠢᠨᠢ ᠶᠠᠭᠤ ᠭᠡᠵᠦ ᠭᠤᠨᠢᠯᠠ᠁
ᠭᠤᠷᠪᠠ
ᠡᠷᠬᠡ ᠴᠢᠯᠦᠭᠡᠨ ᠣ ᠬᠢᠵᠠᠭᠠᠷ ᠦᠭᠡᠢ ᠬᠦᠬᠡ ᠲᠡᠭᠷᠢ ᠠᠭᠤᠵᠢᠮᠬᠠᠨ ᠴᠡᠯᠡᠢᠨᠡ᠃ ᠬᠠᠭ ᠤᠨ ᠨᠠᠭᠤᠷ ᠮᠢᠨᠢ ᠬᠦᠦ ᠶᠢᠨ ᠵᠡᠭᠦᠳᠦᠨ ᠳ᠋ᠤ ᠨᠤᠮᠢᠨ ᠳᠤᠯᠬᠢᠶ᠎ᠠ ᠪᠡᠷ ᠰᠠᠴᠤᠷᠠᠩᠬᠠᠨ ᠪᠠᠢᠨ᠎ᠠ᠃ ᠠᠪᠤ ᠶᠢᠨ ᠮᠢᠨᠢ ᠤᠢᠯᠡᠰ ᠠᠮᠢᠳᠤᠷᠠᠯ ᠬᠡᠮᠡᠨ ᠵᠦᠳᠡᠭᠰᠡᠨ ᠰᠡᠳᠬᠢᠯ᠂ ᠡᠵᠢ ᠶᠢᠨ ᠮᠢᠨᠢ ᠦᠷ᠎ᠡ ᠰᠢᠪᠠᠭᠤ ᠪᠠᠨ ᠬᠦᠯᠢᠶᠠᠭ᠍ᠰᠡᠨ ᠡᠩᠰᠡᠷᠡᠯ᠂ ᠦᠷ᠎ᠡ ᠶᠢᠨ ᠬᠠᠷᠢ ᠨᠤᠳᠤᠭ ᠠᠴᠠ ᠬᠠᠭ ᠤᠨ ᠨᠠᠭᠤᠷ ᠭᠡᠬᠦ ᠲᠡᠮᠡᠤᠯᠡᠯ᠁ ᠨᠢᠭᠡᠨ ᠦᠩᠭᠡ ᠶᠢᠨ ᠰᠡᠳᠬᠢᠯ ᠦᠨ ᠪᠤᠳᠤᠭ ᠢ ᠨᠠᠢᠷᠠᠨᠠ᠃
ᠤᠳᠤ ᠪᠢ ᠪᠤᠴᠠᠵᠦ ᠪᠤᠢ ᠠᠶᠠᠨ ᠠᠴᠠ ᠪᠤᠷᠬᠢᠯᠵᠦ ᠪᠤᠢ ᠨᠢᠯᠪᠤᠰᠤᠨ ᠳᠦ ᠪᠦᠷᠦᠯᠵᠡᠬᠦ ᠠᠩᠭᠠᠯ ᠪᠠᠭ᠎ᠠ ᠨᠠᠰᠤᠨ ᠳᠠᠭᠠᠨ ᠂ ᠬᠠᠭ ᠤᠨ ᠨᠠᠭᠤᠷ ᠤᠨ ᠬᠦᠪᠡᠭᠡᠨ ᠳᠦ ᠶᠠᠪᠠᠭᠠᠨ ᠰᠠᠭᠤᠵᠦ᠂ ᠨᠤᠲᠤᠭ ᠤᠨ ᠰᠠᠯᠬᠢᠨ ᠳ᠋ᠤ ᠰᠢᠪᠰᠢᠭᠤᠯᠤᠨ᠂ ᠪᠤᠷᠬᠠᠨ ᠳ᠋ᠤ ᠤᠳᠤᠭᠰᠠᠨ ᠡᠵᠢ ᠳᠡᠬᠡᠨ ᠪᠤᠳᠤᠭᠰᠠᠨ ᠪᠦᠬᠦᠨ ᠢᠶᠡᠨ ᠶᠠᠷᠢᠬᠤ ᠳᠤ︽ ᠡᠯ᠎ᠡ ᠬᠠᠯᠠ ᠠᠮᠢᠳᠤᠷᠠᠯ ᠳᠤ ᠢᠨᠢᠶᠡᠮᠰᠦᠭᠯᠡᠨ ᠬᠠᠨᠳᠤᠵᠦ ᠪᠠᠢ︾ ᠭᠡᠬᠦ ᠡᠵᠢ ᠶᠢᠨ ᠤᠶᠠᠬᠠᠨ ᠪᠦᠪᠠᠢ ᠠᠬᠢᠨ ᠰᠤᠨᠤᠷᠲᠠᠬᠤ ᠰᠢᠭ᠋ ᠪᠤᠯᠤᠯ᠎ᠠ᠃
ᠤᠤᠭᠠᠯ ᠨᠤᠲᠤᠭ ᠤᠨ ᠶᠠᠭᠠᠬᠠᠨ ᠪᠦᠷᠦᠢ ᠰᠡᠳᠬᠢᠯ ᠤᠶᠠᠰᠬᠠᠨ ᠳᠤᠷᠠᠳᠬᠠᠯ ᠤᠨ ᠳᠤᠮᠳᠠ ᠪᠦᠵᠢᠭᠦᠯᠬᠦ ᠳ᠋ᠤ ᠰᠢᠪᠠᠭᠤ ᠶ᠋ᠢ ᠦᠷᠭᠦᠭᠡᠵᠦ᠂ ᠦᠨᠳᠡᠭᠡ ᠶ᠋ᠢ ᠨᠢ ᠳᠡᠭᠦᠭᠰᠡᠨ ᠲᠡᠨᠡᠭ ᠨᠠᠰᠤᠨ ᠳᠤ ᠤᠰᠤᠨ ᠰᠢᠪᠠᠭᠤᠳ ᠬᠠᠪ ᠬᠠᠯᠠᠭᠤᠬᠠᠨ ᠦᠳᠦ ᠪᠠᠨ ᠪᠡᠯᠡᠭᠯᠡᠭᠡᠳ ᠬᠤᠯᠠ ᠨᠢᠰᠴᠠᠢ᠃
ᠬᠠᠭ ᠤᠨ ᠨᠠᠭᠤᠷ ᠮᠢᠨᠢ ᠶᠠᠭᠤ ᠭᠡᠵᠦ ᠬᠦᠯᠢᠶᠡᠯ᠎ᠡ᠁
ᠳᠦᠷᠪᠡ
ᠬᠦᠳᠡᠭᠡ ᠭᠡᠷ ᠦᠨ ᠡᠯᠡᠭᠳᠡᠵᠦ ᠬᠠᠭᠤᠴᠢᠷᠠᠭᠰᠠᠨ ᠪᠤᠱᠤᠭ᠎ᠠ ᠭᠢᠰᠬᠢᠵᠦ᠂ ᠡᠯᠡᠩᠬᠡᠢ ᠰᠢᠷᠭᠠᠯ ᠨᠤᠳᠤᠭ ᠤᠨ ᠢᠶᠠᠨ ᠬᠦᠲᠦᠯ ᠳᠠᠮᠵᠢᠨ ᠠᠶᠠᠷᠯᠠᠬᠤ ᠳᠤ ᠬᠠᠭ ᠤᠨ ᠨᠠᠭᠤᠷ ᠮᠢᠨᠢ ᠰᠦᠨ ᠴᠠᠭᠠᠨ ᠨᠢᠯᠪᠤᠰᠤ ᠪᠡᠷ ᠢᠶᠡᠨ ᠨᠠᠮᠠᠢ᠌ᠢ ᠪᠠᠨ ᠦᠳᠡᠯ᠎ᠡ᠃ ᠭᠡᠬᠦ ᠳᠦ ᠡᠷᠬᠡ ᠴᠢᠯᠦᠭᠡ᠂ ᠤᠢᠳᠬᠠᠷᠳᠦ ᠪᠤᠳᠤᠯ᠂ ᠠᠭᠤᠳᠠᠮ ᠬᠠᠢᠷ᠎ᠠ᠂ ᠡᠷᠢᠯ ᠬᠦᠰᠡᠯ ᠵᠡᠷᠭᠡ ᠶᠠᠩᠵᠦ ᠶᠢᠨ ᠦᠡᠩᠭᠡ ᠨᠢ ᠬᠠᠭ ᠤᠨ ᠨᠠᠭᠤᠷ ᠤᠨ ᠳᠤᠯᠬᠢᠶᠠᠨ ᠳᠦ ᠰᠤᠯᠤᠩᠭᠠᠷᠠᠨ ᠬᠠᠷᠠᠭᠳᠠᠭᠰᠠᠨ ᠶᠤᠮ᠃
ᠤᠬᠠᠭᠠᠨ ᠪᠤᠳᠤᠯ ᠮᠢᠨᠢ ᠲᠡᠭᠰᠢᠷᠡᠬᠦ ᠳᠤᠰᠤᠮ ᠦᠷ ᠦᠨ ᠳᠤᠯᠤᠩ ᠨᠢᠭᠡ ᠬᠡᠪ ᠲᠡᠭᠡᠨ ᠲᠤᠶᠠᠭᠠᠷᠠᠵᠦ᠂ ᠦᠳᠡᠰᠢ ᠶᠢᠨ ᠪᠦᠷᠦᠢ ᠤᠨᠳᠤᠤ ᠦᠩᠭᠡ ᠪᠠᠷ ᠰᠢᠷᠭᠠᠯᠳᠤᠨᠠ ᠃ ᠨᠤᠲᠤᠭ ᠤᠨ ᠲᠡᠭᠷᠢ ᠪᠠᠨ ᠪᠠᠷᠠᠭᠠᠯᠠᠬᠤ ᠭᠱᠠᠨ᠎ᠠ ︽ ᠬᠤᠨ ᠮᠢᠨᠢ ᠡᠷᠬᠢᠭᠡᠷᠡᠢ᠂ ᠨᠠᠭᠤᠷ ᠮᠢᠨᠢ ᠰᠡᠷᠭᠦᠭᠡᠷᠡᠢ︾ ᠭᠡᠬᠦ ᠰᠢᠷᠤᠩᠬᠠᠢ ᠤᠷᠲᠤ ᠶᠢᠨ ᠳᠠᠭᠤᠤ ᠶᠢᠨ ᠴᠦᠷᠬᠦᠯᠡᠭᠡ ᠰᠢᠭ ᠰᠡᠳᠬᠢᠯ ᠢ ᠠᠷᠭᠠᠳᠠᠨ᠎ᠠ᠃
ᠠᠮᠢᠳᠤᠷᠠᠯ ᠤᠨ ᠪᠤᠷᠤ ᠲᠡᠤᠬᠡ ᠶᠠᠭᠤ ᠨᠢᠭᠡ ᠶ᠋ᠢ ᠰᠡᠳᠬᠢᠵᠦ ᠪᠤᠳᠤᠯᠭᠠᠰᠢᠷᠠᠭᠤᠯᠤᠨ᠂ ᠴᠡᠯ ᠵᠠᠯᠠᠭᠤ ᠨᠠᠰᠤ ᠪᠠᠨ ᠳᠤᠷᠠᠳᠠᠢ ᠵᠤᠷᠢᠭᠤᠯᠤᠭᠰᠠᠨ ᠬᠠᠭ ᠤᠨ ᠨᠠᠭᠤᠷ ᠤᠨ ᠴᠠᠭ ᠦᠶ᠎ᠡ ᠵᠦᠩ ᠢᠶᠡᠷ ᠵᠢᠷᠦᠬᠡᠨ ᠡᠬᠡᠰᠢᠭ ᠢ ᠮᠢᠩᠭᠠᠨ ᠠᠷᠠᠳ ᠤᠨ ᠳᠠᠭᠤᠨ ᠳᠤ ᠬᠠᠩᠬᠢᠨᠠᠲᠠᠯᠠ ᠬᠤᠭᠤᠷᠳᠠᠨᠠ᠃
ᠠᠶ᠎ᠠ᠂ ᠡᠮᠵᠡᠭᠬᠡᠨ ᠪᠤᠷᠤ ᠵᠢᠷᠦᠬᠡ ᠮᠢᠨᠢ᠂ ᠡᠪᠡᠢ ᠬᠦᠬᠡᠷᠦᠬᠦᠢ ᠬᠠᠭ ᠤᠨ ᠨᠠᠭᠤᠷ ᠮᠢᠨᠦ᠃ ᠪᠢ ᠲᠠᠨ ᠳᠠᠭᠠᠨ ᠨᠤᠲᠤᠭ ᠤᠨ ᠨᠡᠷᠡᠲᠦ ᠨᠠᠢᠷᠠᠭᠴᠢ ᠠᠬ᠎ᠠ ᠶᠢᠨ ᠳᠠᠭᠤᠤ ᠶᠢᠨ ᠰᠢᠯᠦᠭ︽ ᠮᠦᠷᠦᠭᠡᠳᠦᠯ︾ ᠡᠴᠠ ᠨᠢᠭᠡᠨ ᠱᠠᠳ ᠢ ᠠᠶᠠᠯᠠᠭᠤᠯᠵᠦ ᠲᠠᠢᠳᠬᠤᠷᠠᠯ ᠲᠠᠭᠠᠯᠠᠯ ᠬᠦᠰᠡᠮᠦ᠁
ᠬᠤᠨ ᠣ ᠵᠢᠭᠦᠷ ᠤᠷᠭᠤᠭᠠᠰᠠᠢ ᠳ᠋ᠠ
ᠬᠤᠷᠤᠮᠬᠠᠨ ᠵᠠᠭᠤᠷ᠎ᠠ ᠬᠦᠷᠦᠭᠡᠳ ᠤᠴᠢᠬᠤ ᠦᠭᠡᠢ ᠤᠤ
ᠬᠤᠨ ᠣ ᠵᠢᠭᠦᠷ ᠤᠷᠭᠤᠬᠤ ᠦᠭᠡᠢ ᠤᠴᠢᠷ ᠠᠴᠠ ᠡ ᠬᠦᠢ
ᠬᠤᠷᠭᠤᠳᠠᠵᠦ ᠡᠨᠳᠡ ᠡᠴᠡ ᠪᠠᠨ ᠰᠠᠷᠠᠪᠴᠢᠯᠠᠭᠠᠳ ᠪᠠᠢᠨ᠎ᠠ ᠡ ᠬᠦᠢ
᠁
ᠬᠠᠭ ᠤᠨ ᠨᠠᠭᠤᠷ ᠮᠢᠨᠢ ᠶᠠᠭᠤ ᠭᠡᠵᠦ ᠳᠠᠭᠤᠯᠠᠯ᠎ᠠ᠁