- buheabc
139654
2021-01-07 10:32
523
0
ᠡᠷᠲᠡ ᠤᠷᠢᠳᠤ ᠶᠢᠨ ᠴᠠᠭ ᠲᠦ ᠬᠡᠨ᠎ᠠ ᠬᠡᠮᠫᠢ ᠶᠢᠨ ᠠᠭᠤᠯᠠ ᠶᠢᠨ ᠬᠠᠪᠢ ᠳᠥ ᠠᠭᠤᠯᠠᠨ ᠠᠭᠤᠢ ᠲᠠᠢ ᠪᠠᠢᠢᠵᠢ ᠃ ᠲᠡᠷᠠ ᠠᠭᠤᠢ ᠳᠥ ᠨᠢᠭᠡ ᠯᠠᠮᠠ ᠬᠡᠳᠤᠨ ᠱᠠᠪᠢ ᠲᠠᠢ ᠪᠡᠨ ᠨᠣᠮ ᠪᠢᠰᠢᠯᠭᠠᠵᠤ ᠮᠥᠩᠬᠡ ᠶᠢᠨ ᠣᠯᠬᠤ ᠬᠡᠮᠡᠨ ᠬᠠᠳᠠᠨ ᠶᠢ ᠲᠦᠰᠢᠵᠤ ᠰᠠᠯᠬᠢᠨ ᠤ ᠱᠤᠤᠭᠢᠶᠠᠨ ᠢ ᠴᠢᠩᠨᠠᠵᠤ ᠰᠠᠭᠤᠬᠤ ᠳᠠᠭᠠᠨ ᠬᠠᠮᠤᠭ ᠠᠮᠢᠳᠠᠨ ᠵᠢᠷᠭᠤᠭᠠᠨ ᠵᠦᠢᠯ ︽ ᠤᠸ᠋ᠮ ᠠ ᠬᠣᠩ︾ ᠬᠡᠵᠤ ᠬᠡᠳᠤᠨ ᠱᠠᠪᠢ ᠳᠥ ᠨᠣᠮ
ᠪᠠᠭᠰᠢ ᠱᠠᠪᠢ ᠬᠡᠳᠤᠬᠦᠯᠡ ᠪᠡᠨ ᠦᠷᠡᠯ ᠤᠨ ᠮᠣᠳᠣᠨ ᠨᠠᠪᠴᠢᠨ ᠴᠠᠢ ᠪᠡᠷ ᠤᠮᠳᠠ ᠲᠠᠷᠤᠵᠤ ᠦᠯᠤᠰᠪᠡᠯ ᠵᠢᠮᠢᠰ ᠦᠷ᠎ᠡ ᠤᠨ ᠬᠠᠳᠠᠭᠠᠮᠠᠯ ᠢᠶᠡᠷ ᠦᠯᠡ ᠪᠣᠯᠭᠠᠵᠤ ᠡᠳᠤᠷ ᠬᠣᠨᠣᠭ ᠢ ᠦᠩᠬᠡᠷᠡᠵᠤ ᠨᠣᠮ ᠢᠶᠡᠨ ᠪᠢᠰᠢᠯᠭᠠᠨ᠎ᠠ᠃
ᠬᠡᠳᠤᠨ ᠡᠳᠤᠷ ᠪᠣᠯᠪᠠᠯ ᠠᠭᠤᠯᠠᠨ ᠡᠴᠡ ᠪᠠᠭᠤᠵᠤ ᠲᠡᠷᠡ ᠬᠤᠯᠠ ᠪᠤᠯᠠᠭ ᠡᠴᠡ ᠤᠰᠤ ᠠᠪᠴᠢᠷᠠᠳᠠᠭ ᠶᠤᠮ᠃ ᠣᠷᠴᠢᠮ ᠤᠨ ᠡᠳᠤᠷ ᠡᠴᠡ ᠣᠰᠣᠨ ᠳᠥ ᠶᠠᠪᠤᠭᠰᠠᠨ ᠱᠠᠪᠢ ᠯᠠᠮᠠ ᠳᠣᠲᠣᠷ᠎ᠠ ᠪᠡᠨ ᠭᠠᠢᠢᠬᠠᠵᠤ ︽ ᠮᠢᠨᠤ ᠱᠠᠪᠢ ᠨᠠᠷ ᠨᠣᠮ ᠤᠨ ᠤᠩᠰᠢᠯᠭ᠎ᠠ ᠳᠥ ᠳᠤᠷ᠎ᠠ ᠦᠭᠡᠢ ︾ ᠬᠡᠵᠤ
ᠨᠢᠭᠡᠨ ᠡᠳᠤᠷ ᠪᠠᠭᠰᠢ ᠯᠠᠮᠠ ᠱᠠᠪᠢ ᠨᠠᠷ ᠢ ᠪᠡᠨ ᠤᠰᠤᠨ ᠳᠥ ᠶᠠᠪᠤᠭᠤᠯᠴᠢᠬᠠᠭᠠᠳ ᠬᠤᠢᠢᠨ᠎ᠠ ᠡᠴᠡ ᠨᠢ ᠰᠠᠨᠠᠭ᠎ᠠ ᠪᠣᠯᠵᠤ ᠠᠭᠤᠢ ᠡᠴᠡ ᠭᠠᠷᠴᠤ ᠠᠭᠤᠯᠠ ᠶᠢᠨ ᠬᠠᠮᠤᠭ ᠦᠨᠳᠤᠷ ᠣᠷᠭᠢᠯ ᠡᠴᠡ ᠤᠰᠤᠨ ᠳᠥ ᠶᠠᠪᠤᠭᠰᠠᠨ ᠱᠠᠪᠢ ᠪᠡᠨ ᠰᠠᠷᠠᠪᠴᠢᠯᠠᠨ ᠬᠠᠷᠠᠨ᠎ᠠ᠃
ᠠᠭᠤᠯᠠ ᠬᠠᠢᠢᠷᠬᠠᠳ ᠤᠨᠢᠶᠠᠷ ᠬᠦᠳᠡᠩ ᠳᠥ ᠪᠣᠳᠣᠭᠳᠠᠭᠠᠳ ᠮᠣᠳᠣᠳ ᠤᠨ ᠰᠠᠯᠠᠭ᠎ᠠ ᠨᠠᠮᠠᠭ᠎ᠠ ᠲᠣᠯᠣᠭᠠᠢ ᠬᠣᠯᠪᠣᠨ ᠠᠶᠠᠰ ᠤᠨ ᠰᠠᠯᠬᠢᠨ ᠳᠥ ᠭᠠᠩᠬᠤᠯᠵᠠᠨᠠ᠃ ᠪᠢᠳᠡᠭᠦᠤ ᠰᠢᠭᠤᠢ ᠢᠭᠴᠤ ᠤᠢ ᠪᠠᠢᠢᠳᠠᠯ᠎ᠠ ᠪᠡᠨ ᠠᠮᠢᠳᠠᠨ ᠵᠢᠬᠦᠷᠳᠠᠨ ᠤ ᠪᠠᠷ᠎ᠠ ᠲᠠᠰᠤᠷᠠᠵᠤ ᠬᠠᠶᠠ ᠠᠯᠤᠰ ᠳᠥ ᠦᠨᠡᠭᠡ ᠬᠤᠴᠠᠬᠤ ᠲᠠᠭᠤᠨ ᠪᠦᠤᠷ ᠲᠦᠤᠷ ᠰᠣᠨᠣᠰᠳᠠᠨ᠎ᠠ᠃
ᠠᠰᠬ᠎ᠠ ᠬᠠᠳᠠᠨ ᠲᠠᠭᠡᠷ᠎ᠠ ᠢᠳᠡᠰᠢ ᠡᠷᠢᠵᠤ ᠪᠠᠢᠭᠰᠠᠨ ᠲᠠᠰ ᠬᠠᠷ᠎ᠠ ᠪᠦᠷᠭᠦᠳ ᠪᠠᠭᠰᠢ ᠯᠠᠮᠠ ᠡᠴᠡ ᠰᠤᠴᠢᠨ ᠦᠷᠭᠦᠨ ᠨᠢᠰᠴᠤ ᠭᠠᠭᠴᠠᠬᠠᠨ ᠵᠢᠭᠦᠷ ᠢᠶᠡᠨ ᠳᠡᠪᠢᠭᠰᠡᠨ ᠴᠢᠨᠢ ᠬᠥᠬᠡ ᠣᠭᠲᠠᠷᠭᠤᠢ ᠳᠥ ᠬᠠᠯᠢᠨ ᠳᠡᠭᠳᠡᠯ᠎ᠡ᠃
ᠪᠠᠭᠰᠢ ᠪᠤᠯᠠᠭ ᠤᠨ ᠤᠰᠤᠨ ᠵᠦᠭ ᠲᠦ ᠠᠵᠢᠭᠯᠠᠨ ᠪᠠᠢᠢᠳᠠᠯ᠎ᠠ ᠨᠢᠭᠡᠨ ᠰᠤᠨᠢᠷᠬᠠᠯᠳᠠᠢ ᠶᠠᠪᠤᠳᠠᠯ ᠬᠠᠷᠠᠭᠳᠠᠪᠠ ᠭᠡᠨ᠎ᠡ᠃ ᠤᠰᠤᠨ ᠳᠥ ᠶᠠᠪᠤᠭᠰᠠᠨ ᠱᠠᠪᠢ ᠳᠠᠮᠨᠠᠭᠤᠷ ᠢᠶᠡᠨ ᠲᠠᠮᠨᠠᠭᠰᠠᠨ ᠬᠡᠪ ᠢᠶᠡᠷ ᠬᠦᠪᠪᠤᠨ ᠳᠡᠭᠳᠡᠨ ᠠᠢᠢᠰᠤᠢ︕
ᠪᠠᠭᠰᠢ ᠭᠠᠢᠢᠬᠠᠨ ᠠᠵᠢᠭᠯᠠᠵᠤ ᠳᠡᠭᠳᠡᠨ ᠶᠠᠪᠤᠬᠤ ᠵᠦᠭ ᠲᠦ ᠠᠵᠢᠭᠯᠠᠪᠠᠯ ᠲᠡᠷᠡ ᠬᠤᠯᠠ ᠬᠠᠳᠠᠨ ᠤ ᠠᠷᠤ᠂ ᠪᠤᠷᠤᠭᠤ ᠬᠠᠷᠠᠭᠰᠠᠨ ᠶᠡᠬᠡ ᠨᠦᠬᠡ ᠡᠴᠡ ᠲᠣᠮᠣ ᠮᠠᠩ ᠮᠣᠭᠠᠢ ᠲᠣᠯᠣᠭᠠᠢ ᠪᠡᠨ ᠦᠨᠳᠤᠷ ᠲᠦ ᠠᠮᠠ ᠪᠡᠨ ᠰᠣᠷᠣᠵᠤ ᠠᠵᠠᠢ
ᠶᠠᠭ ᠡᠨᠡ ᠦᠶ᠎ᠡ ᠳᠥ ᠠᠭᠤᠯᠠᠨ ᠤ ᠨᠠᠷᠢᠬᠠᠨ ᠴᠤᠪᠤᠭ᠎ᠠ ᠵᠠᠮ ᠢᠶᠡᠷ ᠢᠷᠪᠢᠰ ᠤᠨ ᠥᠩᠭᠡ ᠲᠠᠢ ᠡᠷᠢᠶᠡᠨ ᠴᠣᠬᠣᠷ ᠮᠣᠷᠢ ᠬᠦᠮᠤᠨ ᠠᠷᠤ ᠳᠠᠭᠠᠨ ᠰᠠᠭᠠᠳᠠᠭ ᠨᠣᠮᠣ ᠡᠬᠦᠷᠴᠤ ᠵᠠᠮ ᠥᠩᠭᠡᠷᠡᠬᠦ ᠲᠠᠭᠠᠷᠠᠵᠤ ᠶᠠᠭ ᠮᠠᠩ ᠮᠣᠭᠠᠢ ᠳᠥ ᠰᠣᠷᠣᠭᠳᠠᠵᠤ ᠬᠦᠮᠤᠨ ᠢ ᠭᠠᠢᠢᠬᠠᠨ ᠬᠠᠷᠠᠵᠤ ᠤᠴᠠᠷ ᠢ ᠮᠡᠳᠠᠨ ᠠᠷᠤ ᠳᠥ ᠡᠬᠦᠷᠤᠭ᠍ᠰᠡᠨ ᠰᠠᠭᠠᠳᠠᠭ ᠨᠤᠮᠤ ᠶᠢ ᠠᠪᠴᠤ ᠲᠡᠷᠡ ᠮᠣᠭᠠᠢ ᠶᠢ ᠬᠠᠷᠪᠤᠭᠰᠠᠨ᠃ ᠮᠣᠭᠠᠢ ᠠᠮᠢ ᠪᠤᠯᠢᠶᠠᠯᠴᠠᠨ ᠪᠡᠶ᠎ᠡ ᠳᠥ ᠪᠠᠢᠢᠭ᠎ᠠ ᠬᠣᠣᠷ ᠢᠶᠡᠨ ᠲᠠᠯᠪᠢᠨ ᠭᠠᠷᠭᠠᠯ᠎ᠠ᠃ ᠡᠭᠦᠨ ᠢ ᠮᠡᠳᠡᠭᠰᠡᠨ ᠲᠡᠷᠡ ᠵᠢᠯᠣᠭᠣ ᠶᠢ ᠳᠠᠷᠤᠨ ᠬᠤᠢᠢᠰᠢ ᠬᠠᠷᠠᠨ ᠲᠤᠪᠳᠤᠯᠠᠯᠠ᠃
ᠬᠤᠢᠢᠨ᠎ᠠ ᠡᠴᠡ ᠨᠢ ᠮᠣᠭᠠᠢ ᠶᠢᠨ ᠬᠣᠣᠷ ᠰᠢᠷᠠᠯᠠᠨ ᠨᠡᠬᠡᠯ᠎ᠡ᠃ ᠠᠭᠲᠠ ᠮᠣᠷᠢ ᠵᠠᠪᠳᠤᠵᠤ ᠭᠣᠣᠯ ᠳᠥ ᠤᠷᠤᠳᠠᠯ᠎ᠠ ᠮᠣᠭᠠᠢ ᠬᠣᠣᠷ ᠭᠦᠢᠴᠡᠨ ᠢᠷᠡᠵᠤ ᠮᠣᠷᠢᠨ ᠰᠡᠭᠦᠯ ᠲᠠᠰᠤᠷᠠᠵᠤ ᠤᠨᠠᠯ᠎ᠠ᠃ ᠲᠡᠯ᠎ᠠ ᠴᠤ ᠮᠣᠭᠠᠢ ᠶᠢᠨ ᠬᠣᠣᠷ ᠲᠦ ᠰᠢᠷᠠᠯᠠᠭᠰᠠᠨ ᠡᠴᠡ ᠬᠦᠮᠤᠰ ︽ᠰᠢᠷᠠᠲᠠᠯ᠎ᠠ︾ ᠬᠡᠵᠤ ᠨᠡᠷᠡᠯᠡᠭᠰᠡᠨ ᠶᠤᠮ᠃
ᠲᠠᠷᠠᠭ᠎ᠠ ᠨᠢ ᠶᠡᠬᠡ ᠪᠠᠭᠰᠢ ᠤᠴᠢᠷ ᠢ ᠮᠠᠲᠠᠨ ᠡᠷ᠎ᠡ ᠡᠮ᠎ᠡ ᠬᠤᠶᠡᠷ ᠮᠣᠭᠠᠢ ᠪᠠᠢᠢᠬᠤ ᠶᠢ ᠰᠡᠵᠢᠭᠯᠡᠨ ᠮᠣᠭᠠᠢ ᠶᠢ ᠳᠠᠷᠤᠬᠤ ᠳᠠᠷᠤᠯᠭ᠎ᠠ ᠬᠢᠪᠡ᠃ ᠮᠠᠮᠠ ᠲᠡᠮᠤᠷ ᠢᠶᠡᠷ ᠶᠤᠮ ᠤᠤ︖ ᠭᠠᠤᠯᠢ ᠪᠡᠷ ︽ᠭᠠᠷᠤᠳᠢ ᠰᠢᠪᠠᠭᠤ︾ ᠶᠢ ᠲᠠᠯᠪᠢᠭᠰᠠᠨ ᠡᠴᠡ ᠲᠡᠷᠠ ᠨᠢᠭᠡ ᠨᠢ ᠭᠠᠷᠴᠤ ᠢᠷᠡᠭᠰᠡᠨ ᠦᠭᠡᠢ ᠭᠡᠳᠡᠭ᠃
ᠬᠣᠵᠢᠮ ᠨᠢ ᠬᠦᠮᠤᠰ ᠲᠡᠷᠡ ᠬᠠᠳᠠ ᠶᠢ︽ ᠭᠠᠷᠤᠳᠢ ᠬᠠᠳᠠ︾ ᠬᠡᠵᠤ ᠨᠠᠷᠢᠳᠴᠠᠢ᠃