-
2085237
︽ᠲᠤᠮᠳᠠᠳᠦ ᠰᠦᠯᠵᠢᠶᠡᠨ ᠶᠠᠪᠤᠳᠠᠯ • ᠰᠡᠳᠬᠢᠯ ᠲᠤᠭᠳᠤᠯᠤᠭᠤᠯᠤᠭᠰᠠᠨ 2019︾
2019-10-24 19:33
240
0
︽ᠲᠤᠮᠳᠠᠳᠦ ᠰᠦᠯᠵᠢᠶᠡᠨ ᠶᠠᠪᠤᠳᠠᠯ • ᠰᠡᠳᠬᠢᠯ ᠲᠤᠭᠳᠤᠯᠤᠭᠤᠯᠤᠭᠰᠠᠨ 2019︾ ᠭᠤᠷᠪᠠᠳᠤᠭᠠᠷ ᠤᠯᠠᠷᠢᠯ ᠰᠦᠯᠵᠢᠶᠡᠨ ᠵᠢᠱᠢᠶᠡᠴᠢ ᠬᠦᠮᠦᠰ ᠰᠢᠯᠭᠠᠷᠠᠭᠤᠯᠤᠭᠰᠠᠨ ᠳ᠋ᠦᠩ ᠤᠷᠴᠢᠮᠬᠠᠨ ᠨᠡᠶᠢᠳᠡᠯᠡᠯ᠎ᠡ᠃ ᠡᠭᠡᠯ ᠵᠢᠷ ᠬᠦᠮᠦᠰ᠂ ᠡᠯᠳᠡᠪ ᠵᠦᠢᠯ ᠠᠵᠢᠯ ᠮᠡᠷᠭᠡᠵᠢᠯ ᠲᠠᠢ ᠴᠤ ᠠᠳᠠᠯᠢᠬᠠᠨ ᠬᠦᠮᠦᠨ ᠮᠦᠰᠦ᠂ ᠵᠠᠩ ᠴᠢᠨᠠᠷ ᠲᠠᠢ᠄ ᠲᠡᠳᠡᠤᠶᠢᠭᠠ ᠦᠬᠡᠢ ᠴᠢᠷᠮᠠᠶᠢᠯᠭ᠎ᠠ᠂ ᠦᠪᠡᠷ ᠪᠠᠨ ᠦᠷᠡᠭᠳᠡᠬᠦᠯᠬᠦ ᠵᠤᠷᠢᠭ ᠰᠠᠨᠠᠭ᠎ᠠ ᠪᠠᠷ ᠨᠡᠶᠢᠭᠡᠮ ᠨᠡᠶᠢᠳᠡ ᠳᠡᠭᠡᠨ ᠨᠡᠮᠡᠷᠢ ᠬᠠᠨᠳᠢᠪ ᠢᠶᠠᠨ ᠦᠵᠡᠬᠦᠯᠦᠭᠰᠡᠨ ᠪᠠᠶᠢᠨ᠎ᠠ ᠁
ᠡᠬᠦᠨ ᠳᠤ᠂ ︽ᠦᠢ ᠲᠦᠮᠡᠨ ᠤ ᠡᠷᠡᠬᠦᠯ ᠡᠩᠭᠡ ᠶᠢᠨ ᠡᠯᠴᠢ︾ ᠬᠡᠮᠡᠭᠳᠡᠭᠰᠡᠨ ᠮᠦᠩᠬᠡ ᠪᠤᠯ 1964 ᠤᠨ ᠳᠤ ᠲᠦᠷᠦᠵᠦ᠂ ᠠᠯᠠᠱᠠ ᠠᠶᠢᠮᠠᠭ ᠤᠨ ᠠᠯᠠᠱᠠ ᠪᠠᠷᠠᠭᠤᠨ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶ᠎ᠠ ᠠᠴᠠ ᠲᠠᠷᠬᠠᠯᠠᠭᠳᠠᠭᠰᠠᠨ ᠡᠮᠴᠢ᠂ 1981 ᠤᠨ ᠳᠤ ᠡᠮᠴᠢ ᠶᠢᠨ ᠮᠡᠷᠭᠡᠵᠢᠯ ᠰᠤᠷᠴᠤ ᠡᠬᠢᠯᠡᠭᠰᠡᠨ ᠠᠴᠠ ᠨᠠᠰᠢ ︽ᠡᠷᠡᠬᠦᠯ ᠠᠮᠢᠳᠤᠷᠠᠬᠤᠢ ᠶᠢᠨ ᠤᠬᠠᠭᠠᠨ᠂ ᠡᠪᠡᠳᠴᠢᠨ ᠢ ᠰᠡᠷᠭᠡᠶᠢᠯᠡᠬᠦ᠂ ᠪᠡᠶ᠎ᠡ ᠢᠶᠠᠨ ᠵᠤᠬᠢᠴᠠᠭᠤᠯᠵᠦ ᠡᠷᠡᠬᠦᠯᠵᠢᠬᠦ ᠠᠷᠭ᠎ᠠ ᠶᠢ ᠰᠤᠷᠬᠤ︾ ᠬᠡᠬᠦ ᠮᠡᠳᠦ ᠶᠢᠨ ᠬᠢᠴᠢᠶᠡᠯ ᠢ ᠰᠢᠩᠬᠡᠭᠡᠨ ᠦᠢᠯᠡᠳᠴᠤ᠂ ︽ᠡᠷᠡᠬᠦᠯ ᠡᠩᠬᠡ ᠶᠢᠨ ᠰᠢᠨ᠎ᠡ ᠶᠢᠷᠲᠢᠨᠴᠤ︾ ᠬᠡᠬᠦ ᠵᠡᠷᠭᠡ ᠶᠢᠨ ᠨᠤᠮ ᠬᠡᠪᠯᠡᠬᠦᠯᠵᠦ᠂ ᠦᠨ᠎ᠡ ᠲᠦᠯᠦᠪᠦᠷᠢ ᠦᠬᠡᠢ ᠪᠠᠷ ᠬᠢᠯᠢ ᠬᠢᠵᠠᠭᠠᠷ ᠤᠨ ᠮᠠᠯᠴᠢᠳ ᠲᠤ ᠬᠦᠷᠭᠡᠵᠦ᠂ ᠤᠳᠤ ᠳᠤ ᠲᠤᠯᠳᠠᠯ᠎ᠠ ᠡᠷᠡᠬᠦᠯ ᠴᠢᠬᠢᠷᠠᠭ ᠠᠮᠢᠳᠤᠷᠠᠬᠤᠢ ᠶᠢᠨ ᠠᠷᠭ᠎ᠠ ᠶᠢᠨ ᠲᠤᠬᠠᠢ ᠨᠡᠶᠢᠳᠡ ᠶᠢᠨ ᠠᠰᠠᠷᠠᠮᠵᠢ ᠶᠢᠨ ᠶᠡᠷᠢᠶ᠎ᠠ ᠳᠠᠶᠢᠯᠤᠮᠵᠢ ᠶᠢ 164 ᠤᠳᠠᠭ᠎ᠠ ︵ᠲᠠᠯᠠᠪᠠᠢ︶ ᠬᠢᠵᠠᠢ᠃