

结骨和曷刺᠂ ᠲᠤᠤᠯᠢ ᠶᠢᠨ ᠰᠡᠳᠤᠪ

2018-09-04 12:05
  226
  0
结骨和曷刺᠂ ᠲᠤᠤᠯᠢ ᠶᠢᠨ ᠰᠡᠳᠤᠪ       
       
ᠲᠤᠪᠴᠢ ᠠᠭᠤᠯᠭ᠎ᠠ ᠄ ᠲᠤᠤᠯᠢ︽ᠮᠠᠨᠠᠰ︾ᠲᠤ ᠳᠦᠷᠰᠦᠯᠡᠭᠳᠡᠭᠰᠡᠨ ᠬᠢᠷᠬᠢᠰ ᠦᠳ ᠦᠨ ᠭᠤᠤᠯ ᠳᠠᠢᠰᠦᠨ ᠪᠤᠯ ᠺᠠᠯᠮᠦᠺ[1]᠂ ᠬᠢᠷᠬᠢᠰ ᠪᠤᠯᠤᠨ ᠺᠠᠯᠮᠦᠺ ᠤᠨ ᠠᠩᠬ᠎ᠠ ᠬᠠᠷᠢᠯᠴᠠᠭ᠎ᠠ ᠨᠢ ᠲᠤᠤᠯᠢ ᠮᠠᠨᠠᠰ ᠤᠨ ᠵᠤᠬᠢᠶᠠᠭᠳᠠᠭᠰᠠᠨ ᠴᠠᠭ ᠦᠶ᠎ᠡ ᠶᠢ ᠲᠤᠳᠤᠷᠠᠭᠤᠯᠬᠤ ᠳᠤ ᠵᠤᠬᠢᠬᠤ ᠠᠴᠢ ᠬᠤᠯᠪᠤᠭᠳᠠᠯ ᠲᠠᠢ᠃       
ᠲᠦᠯᠬᠢᠬᠦᠷ ᠦᠬᠡ᠄ ᠲᠡᠥᠬᠡᠨ ᠰᠤᠷᠪᠤᠯᠵᠢ ᠳᠠᠬᠢ驳马者᠂弊剌᠂遏罗支᠂结骨᠂数相侵伐᠂言语不相通᠃       
       
   ᠬᠢᠷᠬᠢᠰ ᠤᠨ ᠪᠠᠭᠠᠲᠤᠷᠯᠢᠭ ᠲᠤᠤᠯᠢ︽ᠮᠠᠨᠠᠰ︾ᠲᠤ᠂ ᠲᠡᠳᠡᠨ  ᠤ ᠬᠠᠮᠤᠭ ᠤᠨ ᠭᠤᠤᠯ ᠳᠠᠢᠰᠦᠨ ᠨᠢ ᠺᠠᠯᠮᠦᠺ ᠬᠡᠮᠡᠨ ᠭᠠᠷᠳᠠᠭ᠂ ᠲᠤᠤᠯᠢ ᠶᠢᠨ ᠭᠤᠤᠯ ᠰᠡᠳᠤᠪ ᠨᠢ ᠬᠢᠷᠬᠢᠰ ᠪᠤᠯᠤᠨ ᠺᠠᠯᠮᠦᠺ ᠤᠨ ᠬᠤᠭᠤᠷᠤᠨᠳᠤᠬᠢ ᠳᠠᠢᠨ ᠪᠠᠢᠯᠳᠤᠭᠠᠨ ᠢᠶᠠᠷ ᠲᠤᠳᠤᠷᠠᠭᠰᠠᠨ ᠬᠠᠷᠢᠯᠴᠠᠭ᠎ᠠ ᠪᠦᠬᠡᠳ ᠲᠤᠤᠯᠢ ᠶᠢᠨ ᠰᠢᠯᠦᠭ ᠦᠨ ᠮᠦᠷ ᠪᠦᠷᠢ ᠶᠢᠨ ᠬᠦᠩ ᠠᠶᠠᠰ ᠲᠤ ᠨᠢ ᠰᠢᠩᠭᠡᠭᠡᠵᠡᠢ᠃ ᠲᠤᠤᠯᠢ ᠳᠤ ᠳᠦᠷᠰᠦᠯᠡᠭᠳᠡᠭᠰᠡᠨ ᠬᠢᠷᠬᠢᠰ ᠦᠨ ᠮᠠᠨᠠᠰ ᠪᠠᠭᠠᠲᠤᠷ᠂ ᠬᠦᠮᠦᠨ ᠠᠷᠠᠳ ᠢ ᠪᠡᠨ ᠤᠳᠤᠷᠢᠳᠦᠨ᠂ ᠺᠠᠯᠮᠦᠺ ᠲᠠᠢ ᠪᠠᠢᠯᠳᠤᠵᠤ ᠪᠠᠢᠭ᠎ᠠ ᠤᠢᠯᠨ ᠨᠢ ᠬᠢᠷᠬᠢᠰ ᠪᠤᠯᠤᠨ ᠺᠠᠯᠮᠦᠺ ᠬᠦᠮᠦᠰ ᠦᠨ ᠲᠡᠥᠬᠡᠨ ᠬᠠᠷᠢᠯᠴᠠᠭ᠎ᠠ ᠬᠡᠵᠢᠶ᠎ᠡ᠂ ᠬᠠᠮᠢᠭ᠎ᠠ ᠡᠬᠦᠰᠦᠭᠰᠡᠨ᠂ ᠲᠡᠳᠡᠨ ᠤ ᠬᠤᠭᠤᠷᠤᠨᠳᠤᠬᠢ ᠮᠦᠷᠬᠦᠯᠳᠦᠬᠡᠨ ᠨᠢ ᠶᠠᠮᠠᠷ ᠴᠠᠭ ᠦᠶ᠎ᠡ ᠳᠦ ᠪᠠᠢᠭᠰᠠᠨ ᠬᠡᠳᠡᠭ ᠢ ᠲᠤᠳᠤᠷᠠᠭᠤᠯᠬᠤ ᠳᠦ ᠰᠢᠭᠤᠳ ᠬᠠᠷᠢᠴᠠᠭ᠎ᠠ ᠲᠠᠢ᠃ ᠲᠡᠢᠮᠦ ᠡᠴᠡ ᠬᠢᠷᠬᠢᠰ ᠪᠤᠯᠤᠨ ᠺᠠᠯᠮᠦᠺ ᠤᠳ ᠤᠨ ᠬᠤᠭᠤᠷᠤᠨᠳᠤᠬᠢ ᠲᠡᠦᠬᠡᠨ ᠬᠠᠷᠢᠯᠴᠠᠭ᠎ᠠ ᠶᠢ ᠡᠷᠲᠡᠨ ᠤ ᠬᠢᠲᠠᠳ ᠰᠤᠷᠪᠤᠯᠵᠢ ᠠᠴᠠ ᠬᠠᠷᠠᠬᠤ ᠱᠠᠭᠠᠷᠳᠠᠯᠭ᠎ᠠ ᠭᠠᠷᠤᠨ᠎ᠠ᠃ 
   ᠬᠢᠷᠬᠢᠰ ᠤᠳ ᠤᠨ ᠲᠡᠥᠬᠡ ᠶᠢ ᠬᠤᠶᠠᠷ ᠮᠢᠩᠭᠠᠨ ᠵᠢᠯ ᠦᠨ ᠲᠡᠷᠲᠡᠭᠡ ᠬᠦᠷᠲᠡᠯ᠎ᠠ ᠮᠦᠷᠳᠡᠵᠦ ᠪᠤᠯᠬᠤ ᠪᠦᠬᠡᠳ ᠰᠧ ᠮᠠ ᠴᠢᠶᠠᠨ ᠤ︽ᠲᠡᠥᠬᠡᠨ ᠲᠡᠮᠳᠡᠭᠯᠡᠯ᠂ ᠾᠦᠩᠨᠦ ᠶᠢᠨ ᠱᠠᠰᠲᠢᠷ︾ᠳᠦ ᠬᠢᠷᠬᠢᠰ ᠦᠨ ᠲᠤᠬᠠᠢ ᠠᠩᠬ᠎ᠠ ᠲᠡᠮᠳᠡᠭᠯᠡᠵᠡᠢ᠂ ᠲᠤᠬᠠᠢᠯᠠᠪᠠᠯ᠂ ᠨᠡᠢᠳ᠋ᠨ ᠶᠢᠨ ᠲᠤᠭᠠᠯᠠᠯ ᠤᠨ ᠡᠮᠦᠨᠠᠬᠢ ᠭᠤᠷᠪᠠᠳᠤᠭᠠᠷ ᠵᠠᠭᠤᠨ ᠤ ᠰᠡᠬᠦᠯᠴᠢ ᠪᠡᠷ᠂ ᠾᠦᠩᠨᠦ ᠶᠢᠨ ᠡᠷᠬᠡᠰᠢᠶᠠᠭᠰᠠᠨ ᠬᠤᠢᠳᠦ ᠭᠠᠵᠠᠷ ᠤᠨ ᠲᠠᠪᠤᠨ ᠠᠢᠮᠠᠭ ᠤᠨ ᠳᠤᠲᠤᠷ᠎ᠠ鬲昆ᠭᠡᠬᠦ ᠨᠡᠷ᠎ᠠ ᠬᠠᠷᠠᠭᠳᠠᠨ᠎ᠠ᠂ ᠪᠠᠨ ᠭᠦ᠋ ᠶᠢᠨ︽ᠬᠠᠨ ᠤᠯᠤᠰ ᠤᠨ ᠪᠢᠴᠢᠭ︾ᠳᠦ 隔昆 ᠭᠡᠵᠤ ᠪᠤᠢ᠂ ᠸᠸᠢ ᠵᠢᠨ ᠲᠦᠷᠦ ᠶᠢᠨ ᠦᠶ᠎ᠡ结骨᠂ ᠲᠠᠩ ᠤᠨ ᠦᠶ᠎ᠡ黠戛斯 ᠬᠡᠮᠡᠨ ᠨᠡᠷᠡᠯᠡᠵᠤ ᠪᠠᠢᠪᠠ᠂︽ᠲᠡᠥᠬᠡᠨ ᠲᠡᠮᠳᠡᠭᠯᠡᠯ︾ᠡᠴᠡ ᠦᠵᠡᠪᠡᠯ᠂ ᠬᠢᠷᠬᠢᠰ ᠦᠨ ᠡᠪᠦᠬᠡ ᠳᠡᠭᠡᠳᠦᠰ ᠪᠤᠯᠬᠤ鬲昆ᠨᠠᠷ ᠤᠨ ᠨᠤᠲᠤᠭᠯᠠᠵᠤ ᠪᠠᠢᠭᠰᠠᠨ ᠭᠠᠵᠠᠷ ᠨᠢ ᠾᠦᠩᠨᠦ ᠶᠢᠨ ᠬᠤᠢᠭᠤᠷ ᠪᠤᠶᠤ  ᠭᠤᠤᠯ ᠤᠨ ᠡᠬᠢ ᠤᠷᠴᠢᠮ ᠪᠠᠢᠪᠠ᠃       
   ᠲᠤᠤᠯᠢ︽ᠮᠠᠨᠠᠰ︾ᠲᠦ ᠭᠠᠷᠴᠤ ᠪᠠᠢᠭ᠎ᠠ ᠺᠠᠯᠮᠦᠺ ᠨᠢ ᠦᠨᠦᠳᠦᠷ ᠦᠨ ᠮᠤᠩᠭᠤᠯᠴᠤᠳ ᠤᠨ ᠨᠢᠬᠡᠨ ᠪᠦᠷᠢᠯᠳᠡᠬᠦᠨ ᠪᠤᠯᠬᠤ ᠤᠢᠷᠠᠳ[2]  ᠨᠠᠷ ᠢ ᠬᠡᠯᠡᠵᠤ ᠪᠠᠢᠨ᠎ᠠ᠂ ᠤᠢᠷᠠᠳ ᠨᠢ ᠠᠩᠬ᠎ᠠ  ᠮᠦᠷᠡᠨ ᠤ ᠳᠡᠭᠡᠳᠦ ᠤᠷᠤᠰᠬᠠᠯ᠂ ᠪᠠᠢᠭᠠᠯ ᠨᠠᠭᠤᠷ ᠤᠨ ᠪᠠᠷᠠᠭᠤᠨ ᠡᠮᠦᠨ᠎ᠠ ᠬᠡᠰᠡᠭ ᠢᠶᠡᠷ ᠨᠤᠲᠤᠭᠯᠠᠵᠤ ᠪᠠᠢᠪᠠ᠂ ᠤᠢᠷᠠᠳ ᠬᠡᠬᠦ ᠨᠡᠷᠡᠰᠢᠯ ᠨᠢ ᠠᠩᠬ᠎ᠠ ᠮᠤᠩᠭᠤᠯ ᠤᠨ ᠡᠵᠡᠨᠳᠤ ᠭᠦᠷᠦᠨ ᠤ ᠦᠶ᠎ᠡ ᠦᠰᠦᠭ ᠪᠢᠴᠢᠭ ᠲᠦ ᠲᠤᠳᠤᠷᠬᠠᠢ ᠲᠡᠮᠳᠡᠭᠯᠡᠭᠳᠡᠭᠰᠡᠨ ᠭᠡᠵᠤ ᠰᠤᠳᠤᠯᠭᠠᠴᠢᠳ ᠦᠵᠡᠳᠡᠭ᠃ ᠲᠡᠭᠡᠬᠦ ᠳᠡᠬᠡᠨ ᠲᠡᠥᠬᠡᠨ ᠰᠤᠷᠪᠤᠯᠵᠢ ᠶᠢ ᠦᠵᠡᠪᠡᠯ ᠠᠷᠠᠢ ᠦᠬᠡᠷ᠎ᠠ ᠪᠤᠯᠵᠤ ᠪᠠᠢᠨ᠎ᠠ᠂ ᠳᠤᠤᠷ᠎ᠠ ᠦᠵᠡᠪᠡᠯ᠌᠄      
《通典·边防十六 》载:“驳马,其地近北海,去京万四千里,经突厥大部落五所乃至焉。有兵三万人,马三十万匹。其国以俟斤统领,与突厥不殊。......与结骨数相侵伐,貌类结 骨而言语不相通。唐永徽中遣使朝贺(突厥谓驳马为曷刺,亦名曷刺国)。[3]       
《唐会要·卷一百》:“驳马国。其地近北海。在突厥北。去京师一万四千里。经突厥大部落五所乃至。胜兵三万。马万匹。地寒。至冬积雪。树木不没者一二尺。至雪消 。逐阳坡。以马耕种五谷。马色并驳。故以驳马国为国号。’’[4]       
《新唐书·回鹘下》载:“又有驳马者,或曰弊剌,曰遏罗支,直突厥之北,距京师(长安)万四千里。随水草,然喜居山,胜兵三万。地常积雪,木不雕。以马耕田,马 色皆驳,因以名国云。北极于海,虽畜马而不乘,资湩酪以食。好与结骨战,人貌多似结骨,而语不相通。’’[5]       
ᠳᠡᠭᠡᠷᠡᠬᠢ ᠲᠡᠥᠬᠡᠨ ᠰᠤᠷᠪᠤᠯᠵᠢ ᠶᠢᠨ ᠲᠡᠮᠳᠡᠭᠯᠡᠯ ᠢ ᠡᠩ ᠦᠨ ᠤᠳᠬ᠎ᠠ ᠪᠠᠷ ᠨᠢ ᠤᠢᠯᠠᠭᠠᠪᠠᠯ᠂ ᠪᠦᠧᠧ ᠮᠠ ᠬᠡᠮᠡᠭᠴᠢᠳ ᠦᠨ ᠪᠦᠷᠢᠯᠳᠡᠬᠦᠨ ᠳᠦ ᠬᠤᠶᠠᠷ ᠠᠢᠮᠠᠭ ᠪᠤᠢ᠂ ᠨᠢᠬᠡᠨ ᠢ ᠨᠢ弊剌bi laᠬᠡᠳᠡᠭ᠂ ᠪᠠᠰᠨ弊(利)剌 ᠭᠡᠵᠤ ᠪᠤᠢ᠂ ᠡᠨᠡ ᠠᠢᠮᠠᠭ ᠤᠨ ᠨᠡᠷ᠎ᠠ ᠶᠢ ᠪᠢᠳ᠋ᠨ ᠪᠤᠷᠢᠶᠠᠳ[6] ᠬᠡᠮᠡᠨ ᠰᠡᠷᠬᠦᠬᠡᠨ ᠤᠩᠰᠢᠵᠤ ᠪᠠᠢᠨ᠎ᠠ᠂ ᠦᠬᠡᠷ᠎ᠠ ᠨᠢᠬᠡᠨ ᠠᠢᠮᠠᠭ ᠤᠨ ᠨᠡᠷ᠎ᠠ ᠶᠢ遏罗支e luo zhi ᠭᠡᠵᠡᠢ᠂ ᠪᠢᠳᠠᠨ ᠡᠬᠦᠨ ᠢ ᠦᠬᠡᠯᠡᠳ[7](额鲁特、厄鲁特e lu te)ᠬᠡᠮᠡᠨ ᠰᠡᠷᠬᠦᠭᠡᠨ ᠤᠩᠰᠢᠵᠤ ᠪᠠᠢᠨ᠎ᠠ᠂ ᠲᠡᠥᠬᠡᠨ ᠰᠤᠷᠪᠤᠯᠵᠢ ᠳᠤ ᠲᠦᠷᠦᠭ ᠡᠴᠡ ᠪᠦᠧᠧ ᠮᠠ ᠶᠢ ᠪᠠᠰᠨ ᠾᠧ ᠯᠠ曷刺 ᠭᠡᠵᠤ ᠲᠠᠭᠤᠳᠠᠨ᠎ᠠ᠂ ᠡᠨᠡ ᠪᠦᠧᠧ ᠮᠠ ᠤᠯᠤᠰ ᠤᠨ ᠦᠬᠡᠷ᠎ᠠ ᠨᠢᠬᠡᠨ ᠨᠡᠷᠡᠢᠳᠦᠯ ᠨᠢ 曷刺国 ᠭᠡᠵᠡᠢ᠂ 曷刺he laᠭᠡᠳᠡᠭ ᠦᠬᠡ ᠶᠢ ᠪᠢᠳᠡᠨ ᠤᠢᠷᠠᠳ ᠬᠡᠮᠡᠨ ᠰᠡᠷᠬᠦᠭᠡᠨ ᠤᠩᠰᠢᠵᠤ ᠪᠠᠢᠨ᠎ᠠ᠂ ᠵᠢᠱᠢᠶ᠎ᠠ ᠨᠢ ᠮᠢᠩ ᠤᠯᠤᠰ ᠤᠨ ᠦᠶ᠎ᠡ ᠶᠢᠨ ᠬᠢᠲᠠᠳ ᠰᠤᠷᠪᠤᠯᠵᠢ ᠳᠤ ᠤᠢᠷᠠᠳ ᠬᠡᠳᠡᠭ ᠢ瓦剌wa laᠬᠡᠮᠡᠨ ᠲᠡᠮᠳᠡᠭᠯᠡᠵᠦ ᠪᠠᠢᠪᠠ᠂ ᠲᠡᠢᠮᠦ ᠡᠴᠡ ᠡᠨᠡᠬᠦ曷刺国ᠬᠡᠳᠡᠭ ᠨᠢ ᠰᠦᠢ ᠲᠠᠩ ᠤᠯᠤᠰ ᠤᠨ ᠦᠶ᠎ᠡ᠂ ᠤᠢᠷᠠᠳ ᠬᠡᠮᠡᠬᠦ ᠨᠡᠷ᠎ᠠ ᠶᠢᠨ ᠬᠢᠲᠠᠳ ᠦᠰᠦᠭ ᠳᠡᠭᠡᠷᠡᠬᠢ ᠲᠡᠮᠳᠡᠭᠯᠡᠯ ᠪᠤᠯᠤᠨ᠎ᠠ᠃      
   结骨 ᠬᠡᠳᠡᠭ ᠨᠢ ᠬᠢᠷᠬᠢᠰ ᠦᠳ ᠦᠨ ᠡᠷᠲᠡᠨ ᠤ ᠨᠡᠷᠡᠢᠳᠦᠯᠬᠡ  ᠪᠠᠢᠭᠰᠠᠨ ᠪᠦᠬᠡᠳ ᠬᠢᠷᠬᠢᠰ ᠦᠳ ᠡᠷᠲᠡᠨ ᠡᠴᠡ ᠲᠷᠦᠺ ᠬᠡᠯᠡᠲᠠᠢ ᠠᠷᠠᠳ ᠲᠦᠮᠡᠨ᠂ 曷刺者 ᠬᠡᠮᠡᠭᠴᠢᠳ ᠢ与结骨数相侵伐᠂好与结骨战᠂ ᠲᠡᠳᠡᠨ ᠨᠢ与突厥不殊᠂貌类结骨而言语不相通 ᠬᠡᠮᠡᠨ ᠲᠡᠮᠳᠡᠭᠯᠡᠭᠰᠡᠨ ᠨᠢ 曷刺者 ᠨᠢ 结骨ᠲᠠᠢ ᠪᠠᠢᠯᠳᠤᠳᠠᠭ᠂ ᠲᠡᠭᠡᠭᠡᠳ ᠪᠠᠰᠨ数次ᠭᠡᠵᠡᠢ᠂ ᠲᠡᠳᠡᠨ ᠤ ᠵᠠᠩ ᠵᠠᠩᠰᠢᠯ ᠢ ᠲᠷᠦᠺ ᠲᠠᠢ ᠠᠳᠠᠯᠢ ᠪᠤᠯᠪᠠᠴᠤ而言语不相通ᠬᠡᠮᠡᠭᠰᠡᠨ ᠨᠢ ᠮᠠᠰᠢ ᠰᠤᠨᠢᠷᠬᠠᠯᠲᠠᠢ ᠪᠠᠢᠪᠠ᠂ ᠦᠬᠡᠷ᠎ᠠ ᠪᠠᠷ ᠬᠡᠯᠡᠪᠡᠯ᠂ ᠲᠡᠳᠡᠨ ᠤ ᠬᠡᠯᠨ ᠨᠢ ᠲᠷᠦᠺ ᠬᠡᠯᠨ ᠪᠢᠰᠢ ᠪᠠᠢᠭᠰᠠᠨ ᠬᠡᠳᠡᠭ ᠢ ᠲᠤᠳᠤᠷᠬᠠᠢᠯᠠᠵᠤ ᠪᠠᠢᠨ᠎ᠠ᠃     

   驳马bo maᠬᠡᠳᠡᠭ ᠢ ᠪᠢᠳ᠋ᠨ ᠭᠠᠯᠢᠭᠴᠢᠯᠠᠨ ᠪᠠᠭᠤᠯᠭᠠᠭᠰᠠᠨ ᠦᠬᠡ ᠭᠡᠵᠤ ᠤᠢᠯᠠᠭᠠᠵᠤ ᠪᠠᠢᠨ᠎ᠠ᠂ ᠡᠨᠡ ᠨᠢ ᠤᠢᠷᠠᠳ ᠳᠤ ᠡᠬᠦᠰᠴᠤ ᠤᠯᠠᠮᠵᠢᠯᠠᠭᠳᠠᠭᠰᠠᠨ [8] ᠭᠡᠬᠦ ᠲᠤᠤᠯᠢ︽ᠵᠠᠩᠭᠠᠷ ︾ᠲᠤ ᠭᠠᠷᠬᠤ ᠪᠤᠮᠪᠠ ᠶᠢᠨ ᠤᠷᠤᠨ ᠤ ᠪᠤᠮᠪᠠ ᠭᠡᠰᠡᠨ ᠦᠬᠡ ᠪᠤᠯᠪᠠ ᠦᠦ ᠬᠡᠮᠡᠨ ᠪᠢᠳᠡᠨ ᠲᠠᠭᠠᠮᠠᠭᠯᠠᠵᠤ ᠪᠠᠢᠨ᠎ᠠ᠂ ᠴᠠᠭᠠᠰᠢᠳ᠋ᠨ ᠤᠳᠬ᠎ᠠ ᠶᠢ ᠨᠢ ᠨᠡᠩ ᠨᠠᠷᠢᠪᠴᠢᠯᠠᠬᠤ ᠱᠠᠭᠠᠷᠳᠠᠯᠭ᠎ᠠ ᠲᠠᠢ᠃       
   ᠬᠢᠷᠬᠢᠰ ᠲᠤᠤᠯᠢ︽ᠮᠠᠨᠠᠰ︾ᠳᠤᠲᠤᠷ᠎ᠠ ᠭᠠᠷᠬᠤ ᠺᠠᠯᠮᠦᠺ ᠤᠨ ᠪᠠᠭᠠᠲᠤᠷ ᠺᠦᠩᠭᠤᠷᠪᠠᠶ᠋ᠢ︵Kongurbay︶ᠪᠤᠯᠤᠨ ᠲᠤᠤᠯᠢ︽ᠵᠠᠩᠭᠠᠷ ︾ᠲᠤ ᠭᠠᠷᠬᠤ ᠪᠠᠭᠠᠲᠤᠷ ᠬᠤᠩᠭᠤᠷhongor  ᠤᠨ ᠨᠡᠷ᠎ᠠ ᠶᠡᠬᠡ ᠤᠢᠷᠠᠯᠴᠠᠭ᠎ᠠ ᠪᠦᠬᠡᠳ ᠡᠬᠦᠨ ᠢ ᠪᠢᠳᠠᠨ ᠨᠢᠬᠡᠨ ᠨᠡᠷ᠎ᠠ ᠭᠡᠵᠤ ᠤᠢᠯᠠᠭᠠᠵᠤ ᠪᠠᠢᠨ᠎ᠠ᠂ ᠳᠡᠭᠡᠷᠡᠬᠢ ᠮᠡᠲᠤ ᠠᠳᠠᠯᠢᠬᠠᠨ ᠵᠦᠢᠯ᠂ ᠵᠠᠬ᠎ᠠ ᠠᠴᠠ ᠪᠠᠨ ᠲᠤᠬᠢᠶᠠᠯᠳᠤᠬᠤ ᠨᠢ ᠵᠦᠩᠳᠡᠭᠡᠨ᠂ ᠴᠠᠭᠠᠰᠢᠳ᠋ᠨ ᠰᠤᠳᠤᠯᠭᠠᠴᠢᠳ ᠠᠰᠠᠭᠤᠳᠠᠯ ᠢ ᠰᠢᠢᠳᠦᠨ᠎ᠠ ᠪᠢᠵᠡ ᠬᠡᠮᠡᠨ ᠨᠡᠢᠳᠡᠵᠤ ᠪᠠᠢᠨ᠎ᠠ᠃      
ᠬᠢᠷᠬᠢᠰ ᠲᠤᠤᠯᠢ︽ᠮᠠᠨᠠᠰ︾ ᠳᠤᠲᠤᠷ᠎ᠠ ᠬᠢᠳᠠᠨ ᠲᠠᠢ ᠪᠠᠢᠯᠳᠤᠬᠤ ᠤᠢᠯᠨ ᠭᠠᠷᠤᠨ᠎ᠠ᠂ ᠬᠢᠳᠠᠨᠴᠤᠳ᠂ ᠬᠢᠩᠭᠠᠨ ᠳᠠᠪᠠᠭᠠᠨ ᠠᠴᠠ ᠪᠠᠷᠠᠭᠤᠨᠰᠢᠯᠠᠵᠤ᠂ ᠮᠤᠩᠭᠤᠯ ᠤᠨ ᠦᠨᠳᠦᠷᠯᠢᠭ ᠲᠦ ᠲᠦᠷᠦ ᠤᠯᠤᠰ ᠪᠠᠢᠭᠤᠯᠤᠭᠰᠠᠨ ᠴᠠᠭ ᠦᠶ᠎ᠡ ᠨᠢ ᠰᠠᠶ᠋ᠢ ᠪᠢᠳᠡᠨ ᠤ ᠳᠤᠷᠠᠳᠤᠭᠰᠠᠨ ᠬᠢᠷᠬᠢᠰ ᠪᠤᠯᠤᠨ ᠤᠢᠷᠠᠳ ᠤᠨ ᠬᠤᠭᠤᠷᠤᠨᠳᠤᠬᠢ ᠳᠠᠢᠨ ᠪᠠᠢᠯᠳᠤᠭᠠᠨ ᠠᠴᠠ ᠠᠷᠠᠢ ᠬᠤᠢᠰᠢ ᠴᠠᠭ ᠦᠶ᠎ᠡ ᠳᠦ ᠲᠤᠬᠢᠶᠠᠯᠳᠤᠨ᠎ᠠ᠂ ᠦᠬᠡᠷ᠎ᠠ ᠪᠠᠷ ᠬᠡᠯᠡᠪᠡᠯ᠂ ᠬᠢᠷᠬᠢᠰ ᠪᠤᠯᠤᠨ ᠤᠢᠷᠠᠳ ᠤᠨ ᠬᠠᠷᠢᠯᠴᠠᠭ᠎ᠠ᠂ ᠲᠡᠳᠡᠨ ᠤ ᠬᠤᠭᠤᠷᠤᠨᠳᠤᠬᠢ ᠳᠠᠢᠨ ᠪᠠᠢᠯᠳᠤᠭᠠᠨ ᠨᠢ ᠴᠠᠭ ᠬᠤᠭᠤᠴᠠᠭᠠᠨ ᠤ ᠬᠤᠪᠢ ᠳᠤ ᠡᠷᠲᠡ ᠪᠠᠢᠨ᠎ᠠ᠂ ᠬᠢᠷᠬᠢᠰ ᠦᠳ ᠦᠨ ᠬᠢᠲᠠᠨᠴᠤᠳ ᠲᠠᠢ ᠪᠤᠯᠤᠭᠰᠠᠨ ᠲᠡᠥᠬᠡᠨ ᠬᠠᠷᠢᠯᠴᠠᠭ᠎ᠠ ᠶᠢ ᠪᠤᠳᠤᠬᠤ ᠳᠤ ᠪᠠᠰᠨ ᠲᠤᠳᠤᠷᠬᠠᠢ ᠢᠯᠭᠠᠭ᠎ᠠ ᠲᠠᠢ ᠪᠠᠢᠨ᠎ᠠ᠃       
ᠬᠤᠷᠢᠶᠠᠩᠭᠤᠢᠯᠠᠨ ᠦᠵᠡᠪᠡᠯ᠂ ᠬᠢᠲᠠᠳ ᠤᠨ ᠲᠡᠥᠬᠡᠨ ᠳᠡᠬᠢ ᠰᠦᠢ ᠲᠠᠩ ᠤᠯᠤᠰ ᠂ ᠢᠯᠠᠩᠭᠤᠶ᠎ᠠ ᠲᠠᠩ ᠤᠯᠤᠰ ᠤᠨ ᠦᠶ᠎ᠡ᠂ ᠮᠤᠩᠭᠤᠯ ᠦᠨ ᠦᠨᠳᠦᠷᠯᠢᠭ ᠢᠶᠡᠷ ᠤᠷᠤᠰᠢᠭᠴᠢ ᠨᠡᠬᠦᠳᠡᠯᠴᠢᠳ ᠦᠨ ᠲᠤᠬᠠᠢ ᠲᠤᠳᠤᠷᠬᠠᠢ ᠤᠢᠯᠭᠠᠯᠳ᠋ᠨ ᠲᠠᠢ ᠪᠤᠯᠵᠤ ᠡᠬᠢᠯᠡᠭᠰᠡᠨ ᠪᠦᠬᠡᠳ ᠨᠠᠷᠢᠨ ᠲᠡᠮᠳᠡᠭᠯᠡᠯ ᠦᠯᠡᠳᠡᠭᠡᠭᠰᠡᠨ ᠪᠠᠢᠨ᠎ᠠ᠂ ᠡᠬᠦᠨ ᠡᠴᠡ 结骨︵ᠡᠷᠲᠡᠨ ᠤ ᠬᠢᠷᠬᠢᠰ︶ᠪᠤᠯᠤᠨ曷刺︵ᠡᠷᠲᠡᠨ  ᠤ ᠤᠢᠷᠠᠳ︶ ᠬᠠᠮᠲᠤ ᠬᠦᠷᠰᠢᠯᠳᠦᠨ ᠨᠤᠲᠤᠭᠯᠠᠵᠤ ᠪᠠᠢᠭᠰᠠᠨ ᠪᠠ ᠪᠠᠢᠯᠳᠤᠵᠤ ᠪᠠᠢᠭᠰᠠᠨ ᠪᠠᠢᠳᠠᠯ ᠢ ᠤᠢᠯᠠᠭᠠᠵᠤ ᠪᠤᠯᠤᠨ᠎ᠠ᠂ ᠲᠤᠤᠯᠢ ︽ᠮᠠᠨᠠᠰ︾ ᠳᠤᠲᠤᠷ᠎ᠠ᠂ ᠪᠠᠭᠠᠲᠤᠷ ᠮᠠᠨᠠᠰ ᠬᠦᠮᠦᠨ ᠠᠷᠠᠳ ᠢ ᠪᠡᠨ ᠤᠳᠤᠷᠢᠳᠦᠨ ᠬᠠᠯᠢᠮᠠᠭ ᠲᠠᠢ ᠪᠠᠢᠯᠳᠤᠵᠤ ᠪᠠᠢᠭᠰᠠᠨ ᠤᠢᠯᠨ ᠨᠢ ᠬᠢᠲᠠᠳ ᠤᠨ ᠲᠡᠥᠬᠡᠨ ᠳᠡᠬᠢ ᠰᠦᠢ ᠲᠠᠩ ᠤᠯᠤᠰ ᠤᠨ ᠦᠶ᠎ᠡ︵ᠮᠠᠨ ᠤ ᠡᠷᠢᠨ ᠤ ᠵᠢᠷᠭᠤᠳᠤᠭᠠᠷ ᠵᠠᠭᠤᠨ︶᠂  ᠮᠦᠷᠡᠨ ᠤ ᠡᠬᠢᠨ ᠳᠤ ᠬᠦᠷᠰᠢ ᠪᠠᠢᠭᠰᠠᠨ ᠴᠠᠭ ᠦᠶ᠎ᠡ  ᠡᠴᠡ ᠤᠯᠪᠠᠭ᠎ᠠ ᠲᠠᠢ ᠪᠠᠢᠵᠤ ᠮᠠᠭᠠᠳ ᠦᠬᠡᠢ᠂ ᠲᠡᠢᠮᠦ ᠡᠴᠡ ᠲᠤᠤᠯᠢ︽ᠮᠠᠨᠠᠰ ︾ ᠵᠤᠬᠢᠶᠠᠭᠳᠠᠭᠰᠠᠨ ᠴᠠᠭ ᠦᠶ᠎ᠡ ᠶᠢ ᠰᠦᠢ ᠲᠠᠩ ᠤᠯᠤᠰ ᠤᠨ ᠦᠶ᠎ᠡ ᠪᠤᠶᠤ ᠤᠳᠤ ᠠᠴᠠ1400 ᠵᠢᠯ ᠲᠡᠷᠲᠡᠭᠡ ᠪᠠᠢᠭᠰᠠᠨ ᠪᠤᠯᠪᠠ ᠦᠦ ᠬᠡᠰᠡᠨ ᠰᠠᠨᠠᠯ ᠢ ᠳᠡᠪᠰᠢᠬᠦᠯᠵᠤ ᠪᠠᠢᠨ᠎ᠠ᠃      
       
ᠡᠰᠢᠯᠡᠯ       
[1] kalmuk᠂ᠬᠢᠲᠠᠳ ᠬᠡᠯᠡᠨ᠎ᠡ卡尔梅克᠂ ᠤᠷᠤᠰ ᠬᠡᠯᠡᠨ᠎ᠡКалмык ᠬᠡᠳᠡᠭ᠂ ᠡᠨᠡ ᠦᠬᠡ ᠨᠢ ᠠᠩᠬ᠎ᠠ ᠲᠦᠷᠦᠭ ᠬᠡᠯᠡᠨ᠎ᠡkalmak ᠭᠡᠰᠡᠨ ᠦᠬᠡᠨ ᠡᠴᠡ ᠢᠷᠡᠯᠲᠠᠢ ᠂ ᠤᠢᠷᠠᠳ ᠢ ᠲᠦᠷᠦᠭ ᠦᠳ ᠡᠢᠩᠬᠦ ᠨᠡᠷᠡᠯᠡᠵᠤ ᠪᠠᠢᠪᠠ᠃       
[2] ᠤᠢᠷᠠᠳ᠂ ᠬᠢᠲᠠᠳ ᠬᠡᠯᠡᠨ᠎ᠡ卫拉特 ᠭᠡᠳᠡᠭ᠂ ᠮᠢᠩ ᠤᠯᠤᠰ ᠤᠨ ᠦᠶ᠎ᠡ瓦剌 ᠬᠡᠮᠡᠨ ᠲᠡᠮᠳᠡᠭᠯᠡᠵᠦ ᠪᠠᠢᠪᠠ᠂       
[3] [唐]杜佑 撰《通典 》王文锦、王永兴、刘俊文、徐庭云、谢方 点校,中华书局,一九八二年(P.1709)       
[4] [宋 ]王溥《唐会要·卷100》,上海古籍出版社,1991年版,(P.768)       
[5] 新唐書.卷二百一十七下.回鶻下(P.6146)..[底本:北宋嘉祐十四行本]       
[6] ᠪᠤᠷᠢᠶᠠᠳ᠂ ᠬᠢᠲᠠᠳ ᠬᠡᠯᠡᠨ᠎ᠡ布里亚特᠂ ᠤᠷᠤᠰ ᠬᠡᠯᠡᠨ᠎ᠡБуряты ᠬᠡᠳᠡᠭ᠂ ᠤᠢᠷᠠᠳ ᠤᠨ ᠬᠠᠮᠤᠭ ᠤᠨ ᠠᠩᠬᠠᠨ ᠤ ᠪᠦᠷᠢᠯᠳᠦᠬᠦᠨ ᠳᠦ ᠪᠠᠭᠲᠠᠬᠤ ᠠᠢᠮᠠᠭ᠂ ᠪᠤᠷᠢᠶᠠᠳ ᠨᠢ ᠤᠳᠤ ᠬᠦᠷᠲᠡᠯ᠎ᠠ ᠤᠨᠠᠭᠠᠨ ᠨᠤᠲᠤᠭ ᠪᠠᠢᠭᠠᠯ ᠨᠠᠭᠤᠷ ᠢ ᠲᠤᠭᠤᠷᠢᠨ ᠰᠠᠭᠤᠵᠤ ᠠᠮᠢᠳᠤᠷᠴᠤ ᠪᠠᠢᠨ᠎ᠠ᠃       
[7] ᠦᠬᠡᠯᠡᠳ᠂ ᠬᠢᠲᠠᠳ ᠬᠡᠯᠡᠨ᠎ᠡ额鲁特 ᠪᠤᠶᠤ厄鲁特ᠭᠡᠵᠤ ᠲᠡᠮᠳᠡᠭᠯᠡᠵᠦ ᠪᠤᠢ᠂ ᠤᠢᠷᠠᠳ ᠤᠨ ᠬᠠᠮᠤᠭ ᠤᠨ ᠠᠩᠬᠠᠨ ᠤ ᠪᠦᠷᠢᠯᠳᠦᠬᠦᠨ ᠳᠦ ᠪᠠᠭᠲᠠᠬᠤ ᠠᠢᠮᠠᠭ᠂ ᠲᠡᠥᠬᠡᠨ ᠳᠡᠭᠡᠷ᠎ᠠ ᠵᠡᠬᠦᠨᠨᠭᠠᠷ ᠤᠯᠤᠰ ᠢ ᠪᠠᠢᠭᠤᠯᠵᠤ ᠦᠩᠬᠡᠷᠤᠪᠡ᠃       
[8] ᠲᠤᠤᠯᠢ︽ᠵᠠᠩᠭᠠᠷ︾ᠨᠢ ᠭᠤᠤᠯᠳᠠᠭᠤ ᠮᠤᠩᠭᠤᠯᠴᠤᠳ ᠤᠨ ᠳᠤᠲᠤᠷᠠᠬᠢ ᠤᠢᠷᠠᠳ ᠳᠤᠲᠤᠷ᠎ᠠ ᠤᠯᠠᠮᠵᠢᠯᠠᠭᠳᠠᠵᠠᠢ᠂ ᠤᠯᠠᠮᠵᠢᠯᠠᠯᠲᠤ ᠤᠢᠯᠠᠭᠠᠯᠳ᠋ᠨ ᠶᠢᠨ ᠡᠬᠦᠳᠡᠨ ᠡᠴᠡ ᠤᠢᠷᠠᠳ ᠭᠡᠵᠤ ᠲᠤᠮᠳᠠᠳᠤ ᠤᠯᠤᠰ ᠤᠨ ᠰᠢᠨᠵᠢᠶᠠᠩ᠂ ᠤᠷᠤᠰ ᠤᠨ ᠬᠤᠯᠪᠤᠭᠠᠨ ᠤ ᠬᠠᠯᠢᠮᠠᠭ᠂ ᠪᠤᠷᠢᠶᠠᠳ᠂ ᠲᠤᠸ᠋ᠨ᠂ ᠠᠯᠲᠠᠢᠴᠤᠳ ᠪᠤᠯᠤᠨ ᠮᠤᠩᠭᠤᠯ ᠤᠯᠤᠰ ᠤᠨ ᠪᠠᠷᠠᠭᠤᠨ ᠬᠡᠰᠡᠭ ᠦᠨ ᠤᠢᠷᠠᠳ ᠢ ᠬᠡᠯᠡᠨ᠎ᠡ᠃       
       
参考文献       
1. [唐]杜佑 撰《通典 》王文锦、王永兴、刘俊文、徐庭云、谢方 点校,中华书局,一九八二年。       
2.[宋 ]王溥《唐会要》,上海古籍出版社,1991年版。       
       
电子书籍       
1.[北宋] 欧阳修、宋祁、范镇、吕夏卿《新唐书》..[底本:北宋嘉祐十四行本]       
http://hanchi.ihp.sinica.edu.tw/ihpc/hanjiquery?@34^700262456^802^^^6020201 7000401450001@@2030534988       
         
︵ᠵᠤᠬᠢᠶᠠᠭᠴᠢ ᠶᠢᠨ ᠵᠦᠪᠰᠢᠶᠡᠷᠡᠯ ᠦᠬᠡᠢ ᠬᠡᠷᠡᠭᠯᠡᠬᠦ ᠶᠢ ᠬᠤᠷᠢᠭᠯᠠᠨ᠎ᠠ︶



  
     
     