-
16826
ᠬᠡᠦᠬᠡᠳ ᠲᠦ ᠪᠡᠨ ᠵᠠᠬᠢᠬᠤ ᠦᠭᠡ
2017-04-01 13:57
344
2
2017 ᠣᠨ ᠤ ᠴᠢᠪᠠᠭ᠎ᠠ ᠮᠣᠩᠭᠣᠯ ᠦᠨᠳᠦᠰᠦᠲᠡᠨ ᠦ ᠳᠤᠮᠳᠠᠳᠤ ᠰᠤᠷᠭᠠᠭᠤᠯᠢ ᠶᠢᠨ
ᠲᠡᠭᠦᠰᠬᠦ ᠣᠨ ᠤ ᠳᠤᠮᠳᠠᠳᠤ ᠰᠢᠯᠭᠠᠯᠲᠠ ᠶᠢᠨ ᠵᠠᠭᠤᠨ ᠡᠳᠦᠷ ᠦᠨ ᠳᠠᠶᠢᠴᠢᠯᠠᠯᠲᠠ ᠶᠢᠨ
ᠬᠤᠷᠠᠯ ᠳᠡᠭᠡᠷ᠎ᠡ ᠬᠡᠦᠬᠡᠳ ᠲᠦ ᠪᠡᠨ ᠵᠠᠬᠢᠭᠰᠠᠨ ᠦᠭᠡ᠄
ᠬᠡᠦᠬᠡᠳ ᠦᠳ ᠮᠠᠨᠢ
ᠪᠤᠬᠢᠨᠢᠳᠤᠵᠤ ᠪᠠᠶᠢᠪᠠᠯ ᠪᠠᠭᠰᠢ ᠲᠠᠢ ᠪᠠᠨ ᠢᠯᠡᠭᠦᠬᠡᠨ ᠵᠣᠭᠣᠭᠳᠠᠵᠤ ᠪᠠᠶᠢᠭᠠᠷᠠᠢ᠂
ᠰᠡᠳᠬᠢᠯ ᠴᠢᠨᠢ ᠠᠭᠤᠵᠢᠷᠠᠬᠤ ᠶᠤᠮ!
ᠪᠦᠳᠦᠷᠢᠭᠰᠡᠨ ᠪᠠᠶᠢᠪᠠᠯ ᠪᠠᠭᠰᠢ ᠲᠠᠢ ᠪᠠᠨ ᠢᠯᠡᠭᠦᠬᠡᠨ ᠤᠴᠠᠷᠠᠵᠤ ᠪᠠᠶᠢᠭᠠᠷᠠᠢ᠂
ᠢᠲᠡᠭᠡᠯ ᠴᠢᠨᠢ ᠨᠡᠮᠡᠭᠳᠡᠬᠦ ᠶᠤᠮ!
ᠠᠯᠵᠠᠭᠤᠷᠠᠵᠤ ᠪᠠᠶᠢᠪᠠᠯ ᠪᠠᠭᠰᠢ ᠲᠠᠢ ᠪᠠᠨ ᠢᠯᠡᠭᠦᠬᠡᠨ ᠶᠠᠷᠢᠯᠴᠠᠵᠤ ᠪᠠᠶᠢᠭᠠᠷᠠᠢ᠂
ᠤᠷᠮ᠎ᠠ ᠴᠢᠨᠢ ᠬᠥᠭᠵᠢᠬᠦ ᠶᠤᠮ!
ᠠᠯᠳᠠᠭᠰᠠᠨ ᠪᠠᠶᠢᠪᠠᠯ ᠪᠠᠭᠰᠢ ᠠᠴᠠ ᠪᠠᠨ ᠢᠯᠡᠭᠦᠬᠡᠨ ᠠᠰᠠᠭᠤᠵᠤ ᠪᠠᠶᠢᠭᠠᠷᠠᠢ᠂
ᠰᠢᠯᠲᠠᠭᠠᠨ ᠨᠢ ᠲᠣᠳᠣᠷᠠᠬᠤ ᠶᠤᠮ!