 

ᠨᠤᠲᠤᠭ ᠪᠤᠴᠠᠭᠰᠠᠨ ᠮᠤᠩᠭᠤᠯ ᠮᠤᠷᠢ

2023-05-01 17:04
  4
  0
            ᠨᠤᠲᠤᠭ ᠪᠤᠴᠠᠭᠰᠠᠨ ᠮᠤᠩᠭᠤᠯ ᠮᠤᠷᠢ
                         ᠡᠷᠡᠭᠡᠨ᠂ ᠰᠠᠢᠵᠢᠷᠠ
   ᠮᠤᠩᠭᠤᠯ ᠤᠯᠤᠰ ᠤᠨ ᠬᠢᠨ ᠦ
   ᠮᠤᠷᠢ ᠠᠳᠤᠭᠤ ᠰᠤᠳᠤᠯᠤᠳᠠᠭ ᠬᠦᠮᠥᠰ᠂
   ᠮᠤᠩᠭᠤᠯ ᠮᠤᠷᠢ ᠬᠡᠷᠬᠢᠨ ᠨᠤᠲᠤᠭ ᠪᠤᠴᠠᠳᠠᠭ ᠢ
   ᠮᠦᠷᠳᠡᠨ ᠳᠦᠷᠢ ᠰᠢᠩᠭᠡᠭᠡᠯᠲᠡ ᠬᠢᠵᠦ ᠦᠵᠡᠭᠦᠯᠦᠯ᠎ᠡ᠃
   ᠴᠤᠢᠪᠠᠯᠰᠠᠩ᠂ ᠰᠦᠬᠡᠪᠠᠭᠠᠲᠤᠷ ᠬᠤᠶᠠᠷ ᠠᠢᠮᠠᠭ ᠠᠴᠠ ᠠᠪᠤᠭᠰᠠᠨ
   ᠴᠤᠬᠤ ᠴᠠᠭᠠᠨ ᠬᠦᠷᠡᠩ᠂ ᠬᠡᠭᠡᠷ᠎ ᠬᠤᠶᠠᠷ ᠮᠤᠷᠢ ᠶᠢ
   ᠴᠤᠬᠤᠯᠠᠨ ᠰᠤᠩᠭᠤᠨ ᠠᠪᠴᠥ ᠲᠠᠯᠪᠢᠭᠠᠳ 
   ᠴᠤᠬᠤᠮᠬᠥ ᠠᠳᠤᠭᠤ ᠡᠷᠳᠡᠨᠢ ᠶᠢᠨ ᠴᠡᠴᠡᠨ ᠢ ᠭᠠᠢᠬᠠᠭᠤᠯᠤᠨᠠᠮ᠃ 
   ᠠᠪᠤᠭᠰᠠᠨ ᠡᠵᠡᠨ ᠡᠴᠡ ᠪᠡᠨ ᠠᠩᠭᠢᠵᠢᠷᠠᠨ 
   ᠠᠯᠳᠠᠢ  ᠶᠢᠨ ᠵᠡᠭᠦᠨ ᠬᠢᠵᠢᠭᠠᠷ ᠠᠴᠠ ᠭᠠᠷᠴᠥ᠂
   ᠠᠩᠬᠠᠨ ᠤ ᠡᠵᠡᠨ ᠳᠡᠭᠡᠨ ᠤᠴᠢᠬᠤ ᠪᠠᠷ
   ᠠᠮᠢ ᠴᠥᠯᠡᠨ ᠲᠡᠮᠡᠤᠯᠡᠨ ᠭᠦᠶᠥᠨᠡᠮ᠃ 
   ᠬᠦᠮᠥᠨ ᠦ ᠭᠠᠵᠠᠷ ᠢ ᠤᠷᠬᠢᠨ 
   ᠬᠦᠳᠡᠭᠡ ᠪᠤᠯᠤᠩ ᠠᠴᠠ ᠬᠦᠳᠡᠯᠡᠵᠥ᠂ 
   ᠬᠦᠷᠡᠩ᠂ ᠬᠡᠭᠡᠷ᠎ᠬᠤᠶᠠᠷ ᠬᠦᠯᠥᠭ
   ᠬᠦᠯᠥᠨ ᠪᠤᠢᠷ᠂ ᠰᠦᠬᠡᠪᠠᠭᠠᠲᠤᠷ ᠨᠤᠲᠤᠭ ᠢᠶᠠᠨ ᠵᠤᠷᠢᠯ᠎ᠠ᠃
   ᠡᠴᠢᠭᠡ ᠡᠬᠡ ᠪᠡᠨ ᠰᠠᠨᠠᠨ ᠠᠯᠬᠤᠯᠠᠨ᠎ᠠ
   ᠡᠭᠡᠴᠢᠨ ᠳᠡᠭᠥᠨᠠᠷ ᠢᠶᠠᠨ ᠰᠠᠨᠠᠨ ᠱᠤᠭᠰᠢᠨ᠎ᠠ᠂ 
   ᠡᠯᠢᠭᠡᠨ ᠢᠵᠢᠯᠢ ᠰᠦᠷᠥᠭ ᠢᠶᠡᠨ ᠰᠠᠨᠠᠨ ᠬᠠᠲᠠᠷᠢᠨ᠎ᠠ
   ᠡᠬᠡ ᠨᠤᠲᠤᠭ ᠢᠶᠠᠨ ᠰᠠᠨᠠᠨ ᠭᠦᠶᠥᠨᠡᠮ᠃
   ᠤᠨᠠᠭᠰᠠᠨ ᠭᠠᠵᠠᠷ ᠢᠶᠠᠨ ᠦᠭᠡᠢᠯᠡᠨ ᠶᠦᠷᠭᠡᠭᠡᠨ᠎ᠡ 
   ᠤᠤᠭᠤᠭᠰᠠᠨ ᠤᠰᠤ ᠪᠠᠨ ᠦᠭᠡᠢᠯᠡᠨ ᠳᠠᠪᠬᠢᠨ᠎ᠠ᠂
   ᠤᠷᠭᠤᠮᠠᠯ ᠪᠡᠯᠴᠢᠭᠡᠷ ᠢᠶᠡᠨ ᠦᠭᠡᠢᠯᠡᠨ ᠳᠤᠪᠲᠤᠯᠠᠨ᠎ᠠ
   ᠠᠭᠤᠷ ᠠᠮᠢᠰᠬᠤᠯ ᠢᠶᠠᠨ ᠦᠭᠡᠢᠯᠡᠨ ᠭᠦᠶᠥᠨᠡᠮ ᠡ᠃
   ᠠᠭᠠᠷ ᠦᠨᠥᠷᠯᠡᠨ ᠳᠡᠭᠦᠯᠢᠨ ᠴᠤᠭᠭᠢᠭᠠᠳ
   ᠠᠩᠭᠠᠮᠠᠯ ᠬᠡᠭᠡᠷ᠎ᠡ ᠶᠢᠨ ᠠᠭᠤᠳᠠᠮ ᠢ ᠲᠤᠭᠤᠯᠵᠥ᠂
   ᠭᠠᠵᠠᠷ ᠤᠨ ᠪᠠᠢᠳᠠᠯ ᠢᠶᠠᠷ ᠲᠠᠷ ᠢᠶᠠᠨ ᠬᠡᠮᠨᠡᠨ
   ᠭᠠᠩᠲᠠᠢ ᠨᠤᠲᠤᠭ ᠢᠶᠠᠷ ᠭᠠᠯᠭᠢᠭᠤᠯᠤᠨ ᠭᠠᠲᠤᠯᠤᠨᠠᠮ᠃
   ᠬᠦᠷᠪᠡᠭᠡᠨ ᠬᠦᠷᠪᠡᠭᠡᠨ ᠰᠢᠯᠭᠡᠭᠡᠭᠡᠳ 
   ᠬᠥᠯᠦᠰᠥ ᠴᠢᠯᠡᠭᠡ ᠪᠡᠨ ᠠᠷᠢᠯᠭᠠᠨ᠂ 
   ᠠᠮᠤᠷᠠᠨ ᠥᠨᠵᠢᠨ ᠠᠯᠭᠤᠷᠯᠠᠵᠥ
   ᠠᠯᠵᠢᠶᠠᠯ ᠵᠦᠳᠡᠷᠡᠭᠡ ᠪᠡᠨ ᠲᠠᠢᠯᠤᠨᠠᠮ᠃
   ᠡᠪᠡᠰᠥ ᠨᠤᠭᠤᠭ᠎ᠠ ᠳᠠᠭᠠᠨ ᠢᠳᠡᠰᠢᠯᠡᠩᠬᠡᠨ
   ᠡᠷᠴᠢ ᠬᠦᠴᠥᠨ ᠢᠶᠡᠨ ᠨᠦᠬᠥᠵᠥ᠂
   ᠤᠰᠤ ᠭᠤᠤᠯ ᠠᠴᠠ ᠤᠮᠳᠠᠯᠠᠩᠬᠠᠨ 
   ᠤᠯᠠᠮ ᠲᠠᠮᠢᠷ ᠢᠶᠠᠨ ᠨᠡᠮᠡᠨᠡᠮ᠃
   ᠰᠤᠷ ᠬᠠᠶᠠᠯᠠᠭᠰᠠᠨ ᠪᠡᠯᠴᠢᠭᠡᠷ ᠦᠨ
   ᠰᠤᠷᠢᠮᠤᠰᠤᠨ ᠡᠪᠡᠰᠥ ᠪᠡᠷ ᠨᠢ ᠬᠤᠭᠤᠯᠯᠠᠵᠥ᠂
   ᠰᠦᠨᠢ ᠶᠢᠨ ᠬᠠᠷᠠᠩᠭᠤᠢ ᠶᠢ ᠦᠩᠭᠡᠷᠡᠭᠥᠯᠬᠦ ᠳᠡᠭᠡᠨ
   ᠰᠦᠷᠥᠭ ᠠᠳᠤᠭᠤᠳ ᠢ ᠪᠠᠷᠠᠭᠠᠳᠤᠨ ᠬᠤᠨᠤᠭᠯᠠᠨᠠᠮ᠃
   ᠥᠪᠡᠷ ᠦᠨ ᠨᠤᠲᠤᠭ ᠢᠶᠠᠨ ᠵᠤᠷᠢᠭᠰᠠᠨ ᠮᠤᠷᠢ ᠶᠢ
   ᠥᠷᠥᠪᠳᠦᠭᠡᠳ ᠤᠰᠤᠯᠠᠬᠤ ᠬᠥᠮᠦᠰ ᠪᠠᠢᠬᠤ ᠳᠤ᠂ 
   ᠥᠪᠡᠷ ᠦᠨ ᠠᠳᠤᠭᠤ ᠲᠠᠢ ᠪᠠᠨ ᠨᠡᠢᠯᠡᠭᠦᠯᠥᠨ ᠲᠤᠭᠤᠬᠤ
   ᠤᠷᠠᠬ᠎ᠠ ᠪᠤᠭᠤᠢᠯᠢ ᠵᠡᠭᠦᠯᠭᠡᠭᠰᠡᠨ ᠬᠦᠮᠥᠨ ᠴᠤ ᠪᠣᠢ ᠠᠵᠢ᠃
   ᠰᠠᠯᠬᠢ ᠰᠢᠷᠤᠢ᠂ ᠪᠤᠷᠤᠭᠠᠨ ᠳᠤ ᠴᠢᠪᠬᠠᠳᠠᠭᠤᠯᠤᠨ 
   ᠰᠠᠢᠬᠠᠨ ᠮᠠᠭᠤᠬᠠᠢ ᠠᠭᠤᠷ ᠠᠮᠢᠰᠬᠤᠯ ᠳᠤ ᠳᠠᠭᠠᠷᠢᠭᠳᠤᠨ
   ᠰᠠᠨᠠᠭᠰᠠᠨ ᠨᠤᠲᠤᠭ ᠳᠠᠭᠠᠨ ᠬᠥᠷᠬᠥ ᠪᠡᠷ 
   ᠰᠠᠭᠠᠳ ᠬᠠᠷᠰᠢ ᠶᠢ ᠳᠠᠪᠠᠨ ᠵᠢᠳᠬᠥᠭᠰᠡᠭᠡᠷ ᠶᠠᠪᠤᠨᠠᠮ᠃
   ᠠᠶᠠᠨ ᠵᠠᠮ ᠤᠨ ᠬᠢᠨᠢ ᠳᠤᠮᠳᠠ
   ᠠᠨᠳᠠ ᠪᠤᠯᠤᠯᠴᠠᠨ ᠵᠠᠮ ᠳᠠᠭᠠᠭᠤᠯᠵᠤ᠂
   ᠠᠶᠤᠯᠲᠥ ᠵᠠᠮ ᠤᠨ ᠨᠦᠬᠡᠨ ᠭᠠᠷᠴᠠ ᠪᠠᠷ ᠭᠠᠷᠭᠠᠭᠠᠳ
   ᠠᠯᠳᠠᠭᠤᠷ ᠪᠤᠷᠤᠭᠤ ᠮᠤᠷᠢ ᠪᠤᠴᠠᠭᠰᠠᠨ ᠨᠢ ᠭᠠᠢᠬᠠᠯᠲᠠᠢ᠃
   ᠦᠷᠭᠥᠯᠵᠢᠯᠡᠭᠰᠡᠨ ᠠᠶᠠᠨ ᠳᠤ ᠭᠤᠨᠳᠠᠭ᠎ᠠ ᠦᠭᠡᠢ
   ᠦᠯᠥᠭᠡᠢ ᠨᠤᠲᠤᠭ ᠢᠶᠠᠨ ᠵᠦᠭᠯᠡᠨ ᠲᠡᠭᠦᠯᠡᠵᠥ᠂
   ᠦᠵᠡᠭᠰᠡᠨ ᠦᠭᠡᠢ ᠭᠠᠵᠠᠷ᠂ ᠶᠠᠪᠤᠭᠰᠠᠨ ᠦᠭᠡᠢ ᠵᠠᠮ ᠳᠤ
   ᠦᠴᠥᠬᠡᠨ ᠴᠤ ᠡᠭᠡᠭᠡᠨᠡᠯ ᠦᠭᠡᠢ ᠵᠠᠮᠨᠠᠨᠠᠮ ᠠ᠃
   ᠭᠠᠢᠬᠠᠨ ᠪᠢᠰᠢᠷᠡᠭᠰᠡᠨ ᠮᠤᠩᠭᠤᠯ ᠬᠥᠮᠦᠰ
   ᠭᠠᠯ ᠬᠦᠷᠡᠩ᠂ ᠭᠤᠯᠤᠮᠲᠠ ᠬᠡᠭᠡᠷ ᠬᠡᠮᠡᠨ ᠴᠤᠯᠠᠯᠵᠤ᠂
   ᠭᠠᠳᠠᠭᠠᠳᠥ ᠳᠤᠲᠤᠭᠠᠳᠥ ᠶᠢᠨ ᠬᠦᠮᠥᠨ ᠤᠯᠠᠨ ᠳᠤ 
   ᠭᠠᠢᠬᠠᠮᠰᠢᠭ᠍ᠲᠥ ᠮᠤᠩᠭᠤᠯ ᠮᠤᠷᠢᠨ ᠤ ᠠᠯᠳᠠᠷ ᠢ ᠳᠠᠭᠤᠷᠢᠰᠠᠭᠤᠯᠤᠨᠠᠮ᠃
   ᠨᠤᠲᠤᠭ ᠢᠶᠠᠨ ᠪᠤᠴᠠᠵᠤ ᠪᠠᠢᠭ᠎ᠠ ᠬᠤᠶᠠᠷ ᠮᠤᠷᠢ 
   ᠨᠤᠲᠤᠭ ᠭᠠᠵᠠᠷ ᠢᠶᠠᠷ ᠨᠢ ᠦᠩᠭᠡᠷᠡᠨ ᠭᠠᠷᠬᠤ ᠳᠤ᠂
   ᠨᠤᠲᠤᠭ ᠨᠤᠲᠤᠭ ᠤᠨ ᠮᠠᠯᠴᠢᠳ ᠪᠡᠯᠭᠡᠰᠢᠶᠡᠨ
   ᠢᠷᠦᠭᠡᠯ ᠮᠠᠭᠲᠠᠭᠠᠯ ᠳᠠᠭᠤᠤ ᠬᠥᠭᠵᠢᠮ ᠢᠶᠡᠨ ᠡᠷᠭᠦᠨᠡᠮ᠃
  ᠠᠭᠤᠯᠠᠰ ᠬᠥᠨᠳᠡᠯᠢᠰᠦᠭᠰᠡᠨ ᠴᠤ ᠳᠠᠪᠠᠨ
  ᠤᠰᠤ ᠲᠠᠭᠠᠷᠠᠭᠰᠠᠨ ᠴᠤ ᠭᠠᠲᠤᠯᠤᠭᠰᠠᠭᠠᠷ ᠂
  ᠵᠢᠷᠭᠤᠭᠠᠨ ᠠᠢᠮᠠᠭ ᠤᠨ ᠨᠤᠲᠤᠭ ᠢ ᠲᠤᠭᠤᠯᠵᠥ
  ᠵᠠᠶᠠᠭᠠᠨ ᠤ ᠨᠤᠲᠤᠭ ᠢᠶᠠᠨ ᠲᠥᠬᠥᠨ ᠤᠢᠷᠠᠲᠤᠨ᠎ᠠ ᠃
  ᠠᠭᠰᠠᠭ᠎ᠠ ᠶᠠᠳᠠᠷᠠᠯ ᠢ ᠦᠯᠥ ᠬᠠᠢᠬᠤᠷᠤᠨ
  ᠠᠷᠪᠠᠨ ᠲᠠᠪᠤᠨ ᠬᠤᠨᠤᠭ ᠠᠶᠠᠯᠠᠭᠰᠠᠭᠠᠷ᠂
  ᠠᠵᠠᠨᠠᠢ ᠬᠡᠭᠡᠷ ᠦᠨ ᠠᠩᠬᠠᠨ ᠤ ᠨᠤᠲᠤᠭ
  ᠠᠯᠳᠠᠷᠲᠥ ᠰᠦᠬᠡᠪᠠᠭᠠᠲᠤᠷ ᠠᠢᠮᠠᠭ ᠤᠨ ᠬᠢᠵᠢᠭᠠᠷ ᠬᠦᠷᠥᠯ᠎ᠡ᠃
  ᠭᠤᠯᠤᠮᠲᠠ ᠬᠡᠭᠡᠷ ᠨᠤᠲᠤᠭ ᠤᠨ ᠵᠠᠬ᠎ᠠ ᠪᠠᠨ ᠤᠷᠤᠭᠰᠠᠨ ᠠᠴᠠ
  ᠭᠤᠤᠯ ᠵᠢᠷᠥᠬᠡᠨ ᠡᠴᠡ ᠪᠡᠨ ᠪᠠᠶᠠᠰᠤᠨ ᠲᠠᠷᠯᠠᠵᠥ ᠲᠤᠭᠯᠠᠨ ᠢᠷᠡᠬᠥᠶ᠎ᠡ᠂
  ᠭᠤᠤᠯ ᠤᠰᠤᠨ ᠤ ᠤᠯᠠᠨ ᠨᠢ ᠪᠠᠬᠠᠷᠬᠠᠨ ᠤᠭᠲᠤᠨ
  ᠭᠤᠯᠤᠮᠲᠠ ᠶᠢᠨ ᠡᠵᠡᠨ ᠨᠢ ᠪᠢᠰᠢᠷᠡᠨ ᠰᠡᠲᠡᠷᠯᠡᠯ᠎ᠡ᠃
  ᠤᠨᠠᠭᠰᠠᠨ ᠭᠠᠵᠠᠷ ᠳᠠᠭᠠᠨ ᠢᠷᠡᠯ᠎ᠡ
  ᠤᠤᠭᠤᠭᠰᠠᠨ ᠤᠰᠤᠨ ᠳᠠᠭᠠᠨ ᠢᠷᠡᠯ᠎ᠡ᠂
  ᠤᠭ ᠤᠨ ᠰᠥᠷᠦᠭ ᠳᠡᠭᠡᠨ ᠨᠡᠢᠯᠡᠯ᠎ᠡ
  ᠤᠤᠯ ᠨᠤᠲᠤᠭ ᠲᠠᠭᠠᠨ ᠲᠤᠭᠲᠤᠨᠠᠮᠶ᠎ᠠ᠃
  ᠴᠤᠬᠤ ᠴᠠᠭᠠᠨ ᠬᠦᠷᠡᠩ﹇ ᠭᠠᠯ ᠬᠦᠷᠡᠩ﹈ ᠮᠤᠷᠢ
  ᠴᠣᠭ ᠶᠠᠪᠤᠭᠰᠠᠨ ᠭᠤᠯᠤᠮᠲᠠ ᠬᠡᠭᠡᠷ ᠡᠴᠡ ᠪᠡᠨ ᠰᠠᠯᠤᠭᠠᠳ
  ᠴᠤᠬᠤᠮ ᠥᠪᠡᠷ ᠦᠨ ᠤᠴᠢᠬᠤ ᠨᠤᠲᠤᠭ ᠦᠨ ᠢᠶᠡᠨ ᠵᠦᠭ
  ᠴᠤᠴᠠᠯᠲᠠ ᠦᠭᠡᠢ ᠴᠢᠮᠳᠠᠨ ᠭᠦᠶᠥᠨᠡᠮ᠃
  ᠬᠤᠶᠠᠷ ᠡᠳᠦᠷ ᠰᠥᠨᠢ
  ᠬᠤᠷᠭᠤᠳᠠᠯ ᠦᠭᠡᠢ ᠶᠠᠪᠤᠵᠤ ᠪᠠᠢᠲᠠᠯ᠎ᠠ ᠨᠢ
  ᠬᠤᠯᠠ ᠶᠢᠨ ᠠᠶᠠᠨ ᠳᠥᠨᠢ ᠪᠠᠷᠠᠭ᠎ᠠ ᠪᠤᠯᠠᠬᠤ ᠪᠠᠷ
  ᠬᠤᠩᠭᠤᠷ ᠬᠤᠸᠠ ᠮᠤᠷᠢ ᠬᠠᠨᠢᠰᠤᠨ ᠳᠠᠪᠬᠢᠯᠳᠤᠨᠠᠮ᠃
  ᠰᠦᠬᠡᠪᠠᠭᠠᠲᠤᠷ ᠠᠢᠮᠠᠭ ᠤᠨ ᠨᠤᠲᠤᠭ ᠠᠴᠠ
  ᠰᠦᠨᠢ ᠡᠳᠥᠷ ᠦᠭᠡᠢ ᠳᠤᠪᠲᠤᠯᠠᠭᠰᠠᠭᠠᠷ᠂
  ᠳᠤᠷᠤᠨᠠᠲᠥ ᠠᠢᠮᠠᠭ ᠤᠨ ᠬᠢᠵᠢᠭᠠᠷ ᠤᠷᠤᠰᠬᠤᠶ᠎ᠠ
  ᠳᠤᠭᠳᠠᠯᠤᠨ ᠲᠤᠭᠯᠠᠭᠰᠠᠭᠠᠷ ᠨᠤᠲᠤᠭ ᠳᠠᠭᠠᠨ ᠢᠷᠡᠯ᠎ᠡ᠃
  ᠬᠥᠯᠦᠨ ᠪᠤᠢᠷ ᠰᠤᠮᠤ ᠶᠢᠨ ᠨᠤᠲᠤᠭ
  ᠬᠦᠬᠡ ᠨᠤᠭᠤᠭᠠᠨ ᠡᠪᠡᠰᠥ ᠬᠠᠯᠢᠭᠤᠷᠠᠨ᠂
  ᠬᠡᠷᠯᠥᠨ ᠭᠤᠤᠯ ᠲᠤᠩᠭᠠᠯᠠᠭ ᠤᠷᠤᠰᠬᠠᠯ
  ᠬᠡᠮ ᠲᠦᠭᠥᠷᠡᠩ ᠮᠡᠯᠮᠡᠯᠵᠡᠩᠬᠡᠨ ᠤᠭᠲᠤᠨ᠎ᠠ᠃
  ᠡᠰᠡᠷᠡᠩ ᠬᠤᠷᠮᠤᠰᠲᠠ ᠲᠡᠭᠷᠢ ᠨᠢ ᠢᠪᠡᠭᠡᠨ
  ᠡᠭᠦᠯᠡᠡ ᠪᠤᠷᠤᠭᠠᠨ ᠢᠶᠠᠷ ᠢᠶᠠᠨ ᠠᠷᠰᠢᠶᠠᠯᠠᠨ᠂
  ᠡᠨᠡᠷᠢᠭᠥᠨ ᠠᠷᠢᠭᠤᠨ ᠠᠭᠠᠷ ᠨᠢ ᠡᠨᠡᠭᠰᠢᠨ
  ᠡᠶᠡᠷᠡᠭᠦᠨ ᠰᠠᠯᠬᠢ ᠪᠠᠷ ᠢᠶᠠᠨ ᠦᠨᠡᠰᠥᠨᠡᠮ᠃
  ᠭᠠᠯ ᠬᠦᠷᠡᠩ ᠮᠤᠷᠢ ᠨᠢ ᠭᠦᠶᠥᠭᠰᠡᠭᠡᠷ
  ᠭᠠᠳᠠᠨ᠎ᠠ ᠪᠠᠨ ᠢᠷᠡᠭᠡᠳ ᠦᠥᠷᠰᠡᠨ ᠰᠢᠯᠭᠡᠬᠥᠶ᠎ᠡ᠂
  ᠭᠠᠵᠠᠷ ᠨᠤᠲᠤᠭ ᠤᠨ ᠬᠦᠮᠥᠰ ᠨᠢ ᠪᠢᠰᠢᠷᠡᠨ ᠤᠭᠲᠤᠵᠤ
  ᠭᠠᠯ ᠭᠤᠯᠤᠨᠲᠤᠭ ᠤᠨ ᠡᠵᠡᠨ ᠨᠢ ᠪᠠᠬᠠᠷᠬᠠᠨ ᠰᠡᠲᠡᠷᠯᠡᠪᠡᠢ᠃
  ᠡᠬᠡ ᠦᠯᠥᠭᠡᠢ ᠭᠠᠵᠠᠷ ᠲᠠᠭᠠᠨ
  ᠡᠷᠭᠢᠨ ᠪᠤᠴᠠᠵᠤ ᠢᠷᠡᠭᠰᠡᠨ ᠬᠦᠯᠥᠭ᠂
  ᠢᠷᠠᠭᠤ ᠲᠤᠤᠯᠢ ᠶᠢᠨ ᠭᠠᠯ ᠬᠦᠷᠡᠩ
  ᠢᠵᠢᠯ ᠰᠦᠷᠥᠭ ᠳᠡᠭᠡᠨ ᠨᠡᠢᠯᠡᠨ ᠵᠢᠷᠭᠠᠨᠠᠮ᠃
  ᠠᠯᠤᠰ ᠬᠤᠯᠠ ᠬᠤᠶᠠᠷ ᠮᠢᠩᠭ᠎ᠠ ᠳᠦᠷᠪᠡᠨ ᠵᠠᠭᠤᠨ ᠭᠠᠵᠠᠷ ᠢ
  ᠠᠷᠪᠠ ᠶᠢᠰᠥᠨ ᠡᠳᠦᠷ ᠰᠥᠨᠢ ᠲᠤᠭᠤᠯᠵᠤ ᠢᠷᠡᠭᠰᠡᠨ
  ᠠᠯᠳᠠᠷ ᠴᠤᠤᠲᠥ ᠮᠤᠩᠭᠤᠯ ᠮᠤᠷᠢ
  ᠠᠳᠤᠭᠤᠨ ᠤ ᠲᠡᠤᠬᠡᠨ ᠳᠤ ᠮᠦᠩᠬᠡᠵᠢᠬᠥ ᠠᠯᠲᠠᠨ ᠬᠦᠰᠢᠶ᠎ᠡ᠃
    
              2023ᠤᠨ ᠤ3 ᠰᠠᠷᠠᠢᠨ10 ᠤ ᠡᠳᠦᠷ ᠪᠢᠴᠢᠪᠡᠢ
 
 

 
 
  
   
  



  
     
     