-
141374
ᠭᠡᠤᠬᠡᠳ ᠲᠤ ᠬᠢᠬᠦ ᠬᠡᠷ ᠪᠦᠯᠢ ᠶᠢᠨ ᠬᠦᠮᠤᠵᠢᠯ ᠤᠨ ᠴᠢᠬᠤᠯᠠ ᠴᠢᠨᠠᠷ ᠢ ᠵᠦᠪ ᠢᠶᠠᠷ ᠤᠶᠢᠯᠠᠭᠠᠶ᠎ᠠ
2017-09-15 10:03
403
0
ᠬᠡᠤᠬᠡᠳ ᠬᠡᠳᠡᠭ ᠶᠡᠷᠤᠨᠢ ᠬᠦᠮᠤᠨ ᠲᠦᠷᠤᠯᠬᠢᠲᠠᠨ ᠤ ᠬᠤᠷᠸ᠎ᠠ ᠳᠤ ᠠᠩᠬ᠎ᠠ ᠢᠷᠡᠬᠦ ᠳᠡᠭᠡᠨ ᠶᠠᠭᠤᠨ ᠤ ᠲᠦᠷᠤᠬᠦᠨ ᠳᠤ ᠬᠡᠷ ᠪᠦᠯᠢ ᠶᠢᠨ ᠬᠦᠮᠤᠵᠢᠯ ᠬᠦᠷᠲᠡᠳᠡᠭ ᠤᠴᠢᠷᠲᠠᠢ᠃ ᠬᠡᠤᠬᠡᠳ ᠲᠤ ᠬᠠᠮᠤᠭ ᠶᠡᠭᠡ ᠨᠦᠯᠤᠬᠡ ᠲᠤᠰᠬᠠᠯ ᠦᠵᠡᠬᠦᠯᠳᠡᠭ ᠬᠦᠮᠤᠨ ᠪᠤᠯ ᠲᠠᠷᠤᠢ ᠠᠪᠤ ᠡᠵᠢ ᠪᠤᠯᠬᠤ ᠶᠤᠮ᠃ ᠠᠪᠤ ᠡᠵᠢ ᠪᠤᠯᠤᠭᠰᠠᠳ ᠤᠨ ᠦᠬᠡ ᠶᠠᠷᠢᠶ᠎ᠠ᠂ ᠦᠢᠯᠠᠠᠵᠢᠯᠯᠠᠭᠠ᠂ ᠵᠠᠩ ᠲᠠᠳᠬᠠᠯ ᠨᠢ ᠬᠡᠤᠬᠡᠳ ᠤᠨ ᠡᠷᠠᠬᠦᠯ ᠰᠠᠷᠠᠭᠤᠯ ᠦᠰᠤᠯᠳᠠ ᠪᠦᠢᠵᠢᠯᠲᠠ ᠳᠤ ᠬᠠᠮᠤᠭ ᠴᠢᠬᠤᠯᠠ ᠦᠢᠯᠠᠳᠤᠯ ᠦᠵᠡᠬᠦᠯᠵᠤ ᠪᠠᠶᠢᠳᠠᠭ᠃ ᠦᠬᠡᠷ᠎ᠡ ᠪᠠᠷ ᠬᠡᠯᠠᠪᠠᠯ ᠬᠡᠷ ᠤᠨ ᠠᠬᠠᠮᠠᠳ ᠤᠨ ᠰᠤᠷᠭᠠᠨ ᠬᠦᠮᠤᠵᠢᠯ ᠪᠤᠯ ᠬᠡᠤᠬᠡᠳ ᠤᠨ ᠡᠷᠡᠬᠦᠯ ᠰᠠᠷᠠᠭᠤᠯ ᠦᠰᠴᠤ ᠪᠤᠶᠢᠵᠢᠬᠤ ᠶᠠᠪᠤᠴᠠ ᠳᠤ ᠲᠦᠯᠬᠢᠴᠠ ᠬᠦᠴᠤ ᠪᠤᠯᠬᠤ ᠶᠢᠨ ᠬᠠᠮᠲᠤ ᠬᠡᠤᠬᠡᠳ ᠤᠨ ᠤᠶᠤᠨ ᠤᠬᠠᠭᠠᠨ ᠳᠤ ᠰᠢᠭᠤᠳ ᠪᠤᠶᠤ ᠲᠠᠮ ᠨᠦᠯᠤᠬᠡ ᠦᠵᠡᠬᠦᠯᠳᠡᠭ᠃ ᠡᠶᠢᠮᠤ ᠠᠴᠠ ᠨᠢᠬᠡ ᠰᠢᠯᠢᠳᠡᠭ ᠬᠡᠤᠬᠡᠳ ᠢ ᠬᠦᠮᠤᠵᠢᠬᠦᠯᠬᠦ ᠳᠤ ᠬᠡᠷ ᠪᠦᠯᠢ ᠶᠢᠨ ᠬᠦᠮᠤᠵᠢᠯ ᠬᠠᠮᠤᠭ ᠤᠨ ᠴᠢᠬᠤᠯᠠ ᠪᠠᠶᠢᠷᠢ ᠳᠤ ᠪᠠᠶᠢᠬᠤ ᠶᠢ ᠬᠦᠮᠤᠨ ᠪᠦᠬᠦᠨᠤᠶᠢᠯᠠᠭᠠᠬᠤ ᠴᠢᠬᠤᠯᠠᠲᠠᠢ ᠪᠠᠶᠢᠨ᠎ᠠ᠃
ᠨᠢᠬᠡ᠂ ᠶᠤᠰᠤ ᠰᠤᠷᠲᠠᠬᠤᠨ ᠤ ᠬᠦᠮᠤᠵᠢᠯ ︽ᠮᠤᠷᠠᠯ ᠦᠬᠡᠢ ᠬᠦᠮᠤᠨ᠂ ᠢᠷᠤᠭᠠᠯ ᠦᠬᠡᠢ ᠰᠠᠪᠠ ᠲᠠᠢ ᠠᠳᠠᠯᠢ︾ ᠬᠡᠳᠡᠭ ᠮᠡᠷᠬᠡᠨ ᠦᠬᠡ ᠪᠠᠶᠢᠳᠠᠭ᠃ ᠡᠬᠦᠨ ᠲᠠᠢ ᠠᠳᠠᠯᠢ ᠪᠠᠷ ᠬᠡᠤᠬᠡᠳ ᠤᠨ ᠶᠤᠰᠤ ᠮᠤᠷᠠᠯ ᠤᠨ ᠬᠦᠮᠤᠵᠢᠯ ᠪᠤᠯ ᠬᠡᠷ ᠪᠦᠯᠢ ᠶᠢᠨ ᠬᠦᠮᠤᠵᠢᠯ ᠤᠨ ᠴᠢᠬᠤᠯᠠ ᠨᠢᠬᠡ ᠶᠠᠪᠤᠴᠠ ᠪᠤᠯᠬᠤ ᠶᠤᠮ᠃ ᠬᠡᠤᠬᠡᠳ ᠡᠵᠢ ᠶᠢᠨ ᠬᠡᠪᠠᠯᠢ ᠠᠴᠠ ᠲᠦᠷᠤᠮᠡᠭᠴᠠ ᠬᠠᠮᠤᠭ ᠪᠦᠬᠦᠨ ᠢ ᠤᠶᠢᠯᠠᠭᠠᠬᠤ ᠴᠢᠳᠠᠪᠤᠷᠢ ᠪᠠᠶᠢᠬᠤ ᠦᠬᠡᠢ᠂ ᠬᠠᠷᠢᠨ ᠠᠯᠭᠤᠷ ᠠᠭᠠᠵᠢᠮ ᠪᠦᠢᠵᠢᠯᠲᠠ ᠶᠢᠨ ᠲᠤᠮᠳᠠ ᠤᠶᠤᠨ ᠤᠬᠠᠭᠠᠨ ᠤ ᠬᠦᠭᠵᠢᠬᠦ ᠶᠢ ᠲᠠᠭᠠᠯᠳᠤᠨ ᠬᠦᠯ ᠳᠤ ᠤᠷᠤᠵᠤ᠂ ᠬᠡᠯ᠎ᠠ ᠳᠤ ᠤᠷᠤᠵᠤ ᠲᠠᠬᠢᠨ ᠬᠡᠷᠡᠭ ᠶᠠᠪᠤᠳᠠᠯ ᠢ ᠠᠯᠬᠤᠮ ᠠᠯᠬᠤᠮ ᠢᠶᠠᠷ ᠤᠬᠠᠭᠠᠷᠠᠳᠠᠭ᠃ ᠡᠨᠠ ᠪᠤᠯ ᠬᠡᠤᠬᠡᠳ ᠤᠨ ᠪᠦᠢᠵᠢᠯᠲᠠ ᠶᠢᠨ ᠹᠢᠽᠢᠦᠯᠤᠬᠢ ᠶᠢᠨ ᠵᠢᠮ᠎ᠠ ᠶᠤᠰᠤ ᠶᠤᠮ᠂ ᠡᠨᠡᠬᠦ ᠬᠤᠭᠤᠴᠠᠭᠠᠨ ᠠᠴᠠ ᠬᠡᠷ ᠪᠦᠯᠢ ᠶᠢᠨ ᠬᠦᠮᠤᠵᠢᠯ ᠡᠬᠢᠯᠡᠨ᠎ᠠ᠃ ᠬᠡᠤᠬᠡᠳ ᠤᠨ ᠤᠨᠠᠭᠠᠨ ᠨᠠᠰᠤ ᠪᠤᠯ ᠤᠬᠠᠭ᠎ᠠ ᠬᠦᠢᠴᠠᠳ ᠦᠬᠡᠢ ᠨᠢᠯᠬᠠᠰᠠᠭ ᠦᠶ᠎ᠠ᠂ ᠡᠶᠢᠮᠤ ᠠᠴᠠ ᠬᠡᠷ ᠤᠨ ᠠᠬᠠᠮᠠᠳ ᠡᠨᠠ ᠦᠶ᠎ᠠ ᠠᠴᠠ ᠡᠬᠢᠯᠠᠵᠤ ᠬᠡᠤᠬᠡᠳ ᠲᠤ ᠬᠠᠯᠠᠭᠤᠨ᠂ ᠬᠦᠢᠲᠠᠨ᠂ ᠭᠠᠰᠢᠭᠤᠨ᠂ ᠠᠮᠲᠠᠶᠢᠬᠠᠨ ᠠᠮᠢᠳᠤᠷᠠᠯ ᠤᠨ ᠬᠡᠷᠡᠭ ᠤᠴᠢᠷ ᠢ ᠰᠤᠷᠭᠠᠨ ᠬᠦᠮᠤᠵᠢᠬᠦᠯᠬᠦ ᠶᠢᠨ ᠬᠠᠮᠲᠤ ᠶᠠᠭᠤ ᠶᠢ ᠬᠢᠵᠤ ᠪᠤᠯᠬᠤ᠂ ᠶᠠᠭᠤ ᠶᠢ ᠬᠢᠵᠤ ᠪᠤᠯᠬᠤ ᠦᠬᠡᠢ ᠠᠴᠠ ᠠᠪᠤᠭᠠᠳ ᠠᠬ᠎ᠠ ᠶᠠᠬᠡᠰ ᠢᠶᠠᠨ ᠬᠦᠠᠳᠤᠯᠠᠬᠦ᠂ ᠠᠷᠢᠭᠤᠨ ᠴᠡᠪᠠᠷ ᠢ ᠡᠷᠬᠢᠮᠯᠡᠬᠦ ᠵᠡᠷᠬᠡ ᠡᠩ ᠤᠨ ᠶᠤᠰᠤ ᠮᠤᠷᠠᠯ ᠤᠨ ᠬᠦᠮᠤᠵᠢᠯ ᠢ ᠭᠤᠤᠯᠳᠠᠯᠭ᠎ᠠ ᠪᠤᠯᠭᠠᠨ᠂ ᠬᠡᠤᠬᠡᠳ ᠤᠨ ᠴᠡᠴᠡᠷᠯᠢᠭ ᠲᠤ ᠤᠷᠤᠬᠤ ᠬᠦᠷᠲᠠᠯ᠎ᠠ ᠨᠠᠶᠢᠬᠡᠮ ᠤᠨ ᠡᠩ ᠤᠨ ᠶᠤᠰᠤ ᠮᠤᠷᠠᠯ ᠤᠨ ᠲᠤᠬᠠᠢ ᠪᠦᠷᠢᠨ ᠬᠦᠢᠴᠠᠳ ᠤᠬᠠᠮᠰᠠᠷ ᠲᠠᠢ ᠪᠤᠯᠭᠠᠨ ᠬᠦᠮᠤᠵᠢᠬᠦᠯᠤᠨ᠎ᠠ᠃
ᠳᠤ ᠶᠢᠨ ᠨᠠᠶᠢᠬᠡᠮ ᠳᠤ ᠵᠠᠷᠢᠮ ᠭᠡᠷ ᠤᠨ ᠠᠬᠠᠠᠮᠳ ᠪᠤᠯᠤᠭᠰᠠᠳ ᠶᠤᠰᠤ ᠮᠤᠷᠠᠯ ᠤᠨ ᠬᠦᠮᠤᠵᠢᠯ ᠢ ᠴᠢᠬᠤᠯᠠᠴᠢᠯᠠᠬᠤ ᠦᠬᠡᠢ ᠦᠵᠡᠭᠳᠡᠯ ᠤᠷᠤᠰᠢᠵᠤ ᠪᠠᠶᠢᠨ᠎ᠠ᠃ ᠲᠡᠳᠡᠨ ᠤ ᠬᠡᠯᠠᠬᠦ ᠪᠠᠷ᠄ ︽ᠲᠤᠷ᠎ᠠ ᠵᠤᠷᠢᠭ ᠢᠶᠠᠷ ᠢᠶᠠᠨ ᠪᠠᠶᠢᠬᠤ ᠨᠢ ᠬᠡᠤᠬᠡᠳ ᠢ ᠰᠦᠰᠤ ᠵᠤᠷᠢᠭ ᠲᠠᠢ ᠪᠤᠯᠭᠠᠨ᠎ᠠ᠂ ᠶᠠᠭᠤᠮ᠎ᠠ ᠪᠦᠬᠦᠨ ᠢ ᠬᠤᠷᠢᠭᠯᠠᠭᠠᠳ ᠪᠠᠶᠢᠪᠠᠯ ᠵᠤᠷᠢᠭ ᠦᠬᠡᠢ ᠠᠶᠣᠮᠠᠲᠠᠭᠠᠢ ᠬᠡᠤᠬᠡᠳ ᠪᠤᠯᠤᠨ᠎ᠠ︾ ᠬᠡᠵᠤ ᠬᠡᠤᠬᠡᠳ ᠢ ᠶᠠᠭᠤ ᠬᠢᠵᠤ ᠶᠠᠭᠠᠬᠢᠵᠤ ᠠᠭᠠᠰᠢᠯᠠᠪᠠᠯ ᠶᠠᠷᠤ ᠬᠠᠮᠢᠶᠠᠷᠬᠤ ᠦᠬᠡᠢ ᠪᠠᠶᠢᠳᠠᠭ᠃ ᠡᠨᠠ ᠪᠤᠯ ᠲᠠᠷᠤᠢ ᠪᠤᠷᠤᠭᠤ ᠦᠵᠡᠯᠲᠠ ᠶᠤᠮ᠃ ᠤᠬᠠᠭ᠎ᠠ ᠤᠷᠤᠬᠤ ᠠᠴᠠ ᠠᠪᠤᠭᠠᠳ ᠶᠤᠰᠤ ᠮᠤᠷᠠᠯ ᠲᠠᠢ ᠪᠤᠯᠬᠤ ᠶᠢ ᠰᠤᠷᠭᠠᠵᠤ᠂ ᠶᠠᠭᠤ ᠶᠢ ᠬᠢᠵᠤ ᠪᠤᠯᠬᠤ᠂ ᠶᠠᠭᠤ ᠶᠢ ᠬᠢᠵᠤ ᠪᠤᠯᠬᠤ ᠦᠬᠡᠢ᠂ ᠶᠠᠮᠠᠷ ᠶᠠᠭᠤᠮ᠎ᠠ ᠠᠶᠤᠯ ᠲᠠᠢ᠂ ᠶᠠᠭᠠᠬᠢᠵᠤ ᠲᠠᠬᠦᠨ ᠠᠴᠠ ᠰᠡᠷᠬᠡᠶᠢᠯᠡᠬᠦ ᠵᠡᠷᠬᠡ ᠠᠮᠢᠳᠤᠷᠠᠯ ᠤᠨ ᠵᠢᠮ᠎ᠠ ᠶᠤᠰᠤ ᠶᠢ ᠵᠢᠭᠠᠵᠤ ᠬᠦᠮᠤᠵᠢᠬᠦᠯᠬᠦ ᠪᠤᠯ ᠬᠡᠤᠬᠡᠳ ᠤᠨ ᠶᠤᠰᠤ ᠮᠤᠷᠠᠯ ᠲᠠᠢ᠂ ᠪᠤᠯᠪᠠᠰᠤᠨ ᠰᠤᠷᠲᠠᠯ ᠲᠠᠢ ᠪᠤᠯᠭᠠᠵᠤ ᠬᠦᠮᠤᠵᠢᠬᠦᠯᠬᠦ ᠶᠢᠨ ᠵᠠᠩᠬᠢᠯᠠᠭ᠎ᠠ ᠪᠤᠯᠬᠤ ᠶᠤᠮ
︽ᠬᠦᠮᠤᠨ ᠪᠣᠯᠬᠤ ᠪᠠᠭ᠎ᠠ ᠠᠴᠠ ᠪᠠᠨ᠂ ᠬᠦᠯᠦᠭ ᠪᠣᠯᠬᠤ ᠤᠨᠠᠭᠠᠨ ᠠᠴᠠ ᠪᠠᠨ︾ ᠬᠡᠵᠤ ᠮᠠᠨ ᠤ ᠡᠪᠦᠭᠡ ᠲᠡᠬᠡᠳᠤᠰ ᠬᠡᠤᠬᠡᠳ ᠢᠶᠠᠨ ᠤᠨᠠᠭᠠᠨ ᠴᠠᠭ ᠠᠴᠠ ᠨᠢ ᠶᠤᠰᠤ ᠮᠤᠷᠠᠯ ᠲᠠᠢ ᠪᠤᠯᠭᠠᠨ ᠬᠦᠮᠤᠵᠢᠬᠦᠯᠵᠤ ᠢᠷᠡᠭᠰᠠᠨ ᠶᠤᠮ᠃ ᠲᠡᠶᠢᠮᠤ ᠠᠴᠠ ᠵᠠᠷᠢᠮ ᠬᠤᠷᠢᠭᠯᠠᠬᠤ ᠶᠠᠪᠤᠳᠠᠯ ᠢ ᠬᠤᠷᠢᠭᠯᠠᠵᠤ᠂ ᠬᠢᠬᠦ ᠵᠦᠪᠲᠠᠢ ᠬᠡᠷᠡᠭ ᠢ ᠵᠤᠷᠢᠬᠵᠢᠭᠤᠯᠤᠨ ᠬᠦᠮᠤᠵᠢᠬᠦᠯᠬᠦ ᠠᠷᠭ᠎ᠠ ᠪᠤᠯ ᠰᠢᠨᠵᠢᠯᠡᠬᠦ ᠤᠬᠠᠭᠠᠠᠴᠢ᠂ ᠪᠦᠲᠤᠬᠡᠯᠴᠢ ᠴᠢᠨᠠᠷ ᠲᠠᠢ ᠬᠡᠷ ᠪᠦᠯᠢ ᠶᠢᠨ ᠰᠢᠯᠢᠳᠡᠭ ᠰᠤᠷᠭᠠᠨ ᠬᠦᠮᠤᠵᠢᠬᠦᠯᠬᠦ ᠠᠷᠭ᠎ᠠ ᠪᠠᠷᠢᠯ ᠪᠤᠯᠬᠤ ᠶᠤᠮ᠃
ᠬᠤᠶᠠᠷ᠂ ᠵᠠᠩ ᠲᠠᠳᠬᠠᠯ ᠤᠨ ᠬᠦᠮᠤᠵᠢᠯ ᠬᠡᠤᠬᠡᠳ ᠤᠨ ᠵᠠᠩ ᠲᠠᠳᠬᠠᠯ ᠪᠤᠯ ᠪᠤᠰᠤᠳᠴᠢ ᠦᠢᠯᠠ ᠶᠠᠪᠤᠳᠠᠯ ᠳᠤ ᠨᠦᠯᠤᠬᠡᠯᠡᠭᠳᠠᠨ ᠲᠦᠷᠤᠯᠬᠢ ᠶᠢᠨ ᠴᠢᠨᠠᠷ ᠲᠤ ᠬᠤᠪᠢᠷᠠᠯᠲᠠ ᠭᠠᠷᠳᠠᠭ᠃ ᠡᠨᠠ ᠨᠢ ᠬᠡᠷ ᠪᠦᠯᠢ ᠶᠢᠨ ᠬᠦᠮᠤᠵᠢᠯ ᠲᠠᠢ ᠨᠢᠭᠲᠠ ᠬᠠᠷᠢᠴᠠᠭ᠎ᠠ ᠬᠤᠯᠪᠤᠭ᠎ᠠ ᠲᠠᠢ ᠪᠠᠶᠢᠳᠠᠭ᠃ ᠬᠦᠮᠤᠨ ᠲᠦᠷᠤᠯᠬᠢ ᠶᠢᠨ ᠠᠪᠢᠶᠠᠰᠯᠢᠭ᠂ ᠪᠢᠯᠢᠭ ᠤᠬᠠᠭᠠᠨ ᠲᠠᠢ ᠤᠴᠢᠷ ᠠᠩᠬᠠᠨ ᠤ ᠬᠦᠮᠤᠵᠢᠯ ᠪᠤᠯ ᠲᠠᠬᠦᠨ ᠳᠤ ᠦᠭᠬᠦ ᠨᠦᠯᠤᠬᠡ ᠬᠠᠮᠤᠭ ᠤᠨᠤᠨᠴᠠᠭᠠᠢ ᠪᠠᠶᠢᠳᠠᠭ᠃ ᠡᠨᠠ ᠨᠢ ᠭᠤᠤᠯ ᠤᠷᠴᠢᠨ ᠲᠤᠭᠤᠷᠢᠨ ᠪᠤᠶᠤ ᠠᠪᠤ ᠡᠵᠢ ᠶᠢᠨ ᠵᠢᠭᠠᠵᠤ ᠰᠤᠷᠭᠠᠬᠤ ᠪᠠᠷ ᠲᠠᠮᠵᠢᠨ ᠪᠡᠶᠡᠯᠡᠭᠳᠡᠳᠡᠭ᠃ ᠵᠢᠱᠢᠶᠠᠯᠡᠪᠠᠯ᠄ ᠬᠦᠳᠡᠭᠡ ᠨᠤᠲᠤᠭ ᠤᠨ ᠮᠠᠯᠵᠢᠬᠤ ᠤᠷᠤᠨ ᠳᠤ ᠲᠦᠷᠤᠵᠤ ᠦᠰᠤᠭᠰᠠᠨ ᠬᠡᠤᠬᠡᠳ ᠭᠤᠷᠪᠠᠨ ᠨᠠᠰᠤ ᠠᠴᠠ ᠪᠠᠨ ᠮᠤᠷᠢᠨ ᠤ ᠨᠢᠷᠤᠭᠤᠨ ᠳᠤ ᠲᠦᠬᠦᠷᠤᠭ᠍ᠳᠠᠨ ᠦᠰᠴᠤ᠂ ᠲᠠᠪᠤ ᠬᠦᠷᠤᠮᠡᠭᠴᠠ ᠦᠪᠠᠷ ᠲᠡᠭᠡᠨ ᠮᠤᠷᠢ ᠤᠨᠤᠵᠤ ᠴᠢᠳᠠᠳᠠᠭ᠃ ᠬᠡᠲᠡᠯ᠎ᠡ ᠬᠤᠲᠠ ᠶᠢᠨ ᠬᠡᠤᠬᠡᠳ ᠴᠢᠳᠠᠬᠤ ᠦᠬᠡᠢ᠃ ᠡᠨᠠ ᠪᠤᠯ ᠲᠠᠷᠤᠢ ᠤᠷᠴᠢᠨ ᠲᠤᠭᠤᠷᠢᠨ᠂ ᠠᠪᠤ ᠡᠵᠢ ᠶᠢᠨ ᠠᠮᠢᠳᠤᠷᠠᠯ ᠤᠨ ᠵᠠᠩ ᠲᠠᠳᠬᠠᠯ ᠤᠨ ᠨᠦᠯᠤᠬᠡ ᠪᠤᠯᠬᠤ ᠶᠤᠮ᠃
ᠮᠤᠩᠭᠤᠯ ᠠᠷᠠᠳ ᠤᠨ ᠰᠡᠴᠡᠨ ᠦᠬᠡ ᠳᠤ᠄ ︽ᠦ ᠶᠢᠨ ᠬᠠᠵᠠᠭᠤᠳᠤ ᠪᠠᠶᠢᠪᠠᠯ ᠦ᠂ ᠬᠦ᠋ ᠶᠢᠨ ᠬᠠᠵᠠᠭᠤᠳᠤ ᠪᠠᠶᠢᠪᠠᠯ ᠬᠦ᠋︾ ᠬᠡᠳᠡᠭ᠃ ᠡᠨᠠ ᠨᠢ ᠲᠠᠷᠤᠢ ᠬᠡᠤᠬᠡᠳ ᠶᠠᠮᠠᠷ ᠤᠷᠴᠢᠨ ᠲᠤᠭᠤᠷᠢᠨ ᠪᠤᠶᠤ ᠶᠠᠮᠠᠷ ᠬᠦᠮᠤᠵᠢᠯ ᠬᠦᠷᠲᠡᠪᠠᠯ ᠦᠰᠬᠦ ᠦᠶ᠎ᠠ ᠳᠡᠭᠡᠨ ᠲᠡᠶᠢᠮᠤ ᠵᠠᠩ ᠲᠠᠳᠬᠠᠯ ᠲᠠᠢ ᠪᠤᠯᠵᠤ ᠬᠦᠮᠤᠵᠢᠬᠦᠯᠤᠭ᠍ᠳᠠᠨᠠ ᠬᠡᠰᠠᠨ ᠦᠬᠡ᠂ ᠦᠬᠡᠷ᠎ᠡ ᠪᠠᠷ ᠬᠡᠯᠡᠪᠠᠯ ᠬᠡᠤᠬᠡᠳ ᠤᠨ ᠲᠦᠷᠤᠯᠬᠢ ᠵᠠᠩ ᠴᠢᠨᠠᠷ ᠪᠤᠰᠤᠳᠴᠢ ᠬᠡᠷᠡᠭ ᠶᠠᠪᠤᠳᠠᠯ ᠳᠤ ᠨᠦᠯᠤᠬᠡᠯᠡᠭᠳᠠᠨ ᠬᠤᠪᠢᠷᠠᠯᠲᠠ ᠡᠬᠦᠰᠳᠡᠭ ᠤᠴᠢᠷᠲᠠᠢ᠃ ᠬᠡᠤᠬᠡᠳ ᠢ ᠪᠤᠯᠪᠠᠰᠤᠨ ᠶᠤᠰᠤᠷᠬᠠᠭ᠂ ᠲᠠᠷᠤᠢ ᠬᠢᠴᠢᠶᠠᠩᠬᠦᠢ᠂ ᠠᠭᠤᠵᠢᠮ ᠰᠡᠳᠬᠢᠯᠬᠡ ᠲᠠᠢ᠂ ᠴᠠᠭᠠᠪᠤᠷᠢ ᠰᠠᠨᠠᠭ᠎ᠠ ᠲᠠᠢ ᠪᠤᠯᠭᠠᠨ ᠬᠦᠮᠤᠵᠢᠬᠦᠯᠬᠦ ᠳᠤ ᠬᠡᠷ ᠪᠦᠯᠢ ᠶᠢᠨ ᠬᠦᠮᠤᠵᠢᠯ ᠪᠤᠯ ᠬᠠᠮᠤᠭ ᠤᠨᠴᠢᠬᠤᠯᠠ ᠦᠢᠯᠡᠳᠤᠯ ᠦᠵᠡᠬᠦᠯᠳᠡᠭ ᠪᠠᠶᠢᠨ᠎ᠠ᠃ ᠮᠠᠨ ᠤ ᠤᠯᠤᠰ ᠤᠨ ᠤᠳᠤ ᠦᠶ᠎ᠠ ᠶᠢᠨ ᠠᠯᠳᠠᠷᠲᠤ ᠵᠤᠬᠢᠶᠠᠯᠴᠢ᠂ ᠨᠤᠪᠧᠯ ᠤᠨ ᠱᠠᠩᠨᠠᠯ ᠭᠦᠷᠳᠡᠭᠴᠢ ᠮᠦᠸᠧ ᠶᠠᠨ᠄ ︽ᠤᠯᠠᠩᠬᠢ ᠡᠬᠡ ᠡᠴᠢᠬᠡ ᠬᠡᠤᠬᠡᠳ ᠤᠨ ᠢᠶᠠᠨ ᠮᠠᠭᠤ ᠮᠠᠭᠤᠬᠠᠢ ᠵᠠᠩ ᠲᠠᠳᠬᠠᠯ ᠢ ᠬᠤᠪᠢᠷᠠᠭᠤᠯᠬᠤ ᠶᠢ ᠰᠤᠷᠭᠠᠭᠤᠯᠢ ᠳᠤ ᠨᠠᠶᠢᠳᠠᠵᠤ᠂ ᠪᠠᠭᠰᠢ ᠳᠤ ᠲᠥᠰᠢᠭᠯᠡᠵᠤ᠂ ᠬᠡᠤᠬᠡᠳ ᠢ ᠪᠤᠷᠤᠭᠤᠰᠢᠶᠠᠵᠤ᠂ ᠦᠪᠠᠷ ᠪᠠᠶ᠎ᠠ ᠠᠴᠠ ᠪᠠᠨ ᠠᠰᠠᠭᠤᠳᠠᠯ ᠡᠷᠢᠳᠡᠭ ᠦᠬᠡᠢ᠃ ᠦᠨᠠᠠ ᠳᠡᠭᠡᠨ ᠬᠡᠤᠬᠡᠳ ᠤᠨ ᠪᠠᠶ᠎ᠠ ᠲᠡᠬᠡᠷᠡᠬᠢ ᠤᠯᠠᠩᠬᠢ ᠵᠠᠩ ᠲᠠᠳᠬᠠᠯ — ᠰᠠᠶᠢᠨ᠂ ᠮᠠᠭᠤ ᠲᠠᠳᠬᠠᠯ ᠬᠡᠰᠠᠨ ᠦᠬᠡᠢ ᠪᠦᠷ ᠡᠴᠢᠬᠡ ᠡᠬᠡ ᠨᠢ ᠦᠯᠤ ᠮᠡᠳᠡᠭ ᠪᠠᠶᠢᠳᠠᠯ ᠳᠤ ᠬᠦᠮᠤᠵᠢᠬᠦᠯᠤᠭ᠍ᠰᠠᠨ ᠶᠤᠮ︾ ᠬᠡᠵᠤ ᠵᠤᠬᠢᠶᠠᠯ ᠳᠠᠭᠠᠨ ᠪᠢᠴᠢᠵᠠᠢ᠃ ᠲᠡᠬᠦᠨ ᠤ ᠦᠵᠡᠬᠦ ᠪᠠᠷ ᠬᠡᠷ ᠪᠦᠯᠢ ᠶᠢᠨ ᠬᠦᠮᠤᠵᠢᠯ ᠪᠤᠯ ᠬᠡᠤᠬᠡᠳ ᠢ ᠰᠠᠶᠢᠨ ᠰᠠᠶᠢᠬᠠᠨ ᠵᠠᠩ ᠲᠠᠳᠬᠠᠯ ᠲᠠᠢ ᠪᠤᠯᠭᠠᠬᠤ ᠰᠠᠭᠤᠷᠢ ᠬᠦᠮᠤᠵᠢᠯ ᠮᠦᠨ᠃ ᠮᠠᠨ ᠤ ᠡᠪᠦᠭᠡ ᠲᠡᠬᠡᠳᠤᠰ ᠠᠯᠢ ᠡᠷᠲᠠ ᠦᠶ᠎ᠠ ᠠᠴᠠ ᠠᠪᠤᠭᠠᠳ᠄ ︽ᠪᠠᠭ᠎ᠠ ᠨᠠᠰᠤᠨ ᠳᠠᠭᠠᠨ ᠰᠤᠷᠬᠤ ᠦᠬᠡᠢ ᠪᠤᠯ ᠨᠢᠬᠡ ᠨᠠᠰᠤᠨ ᠤ ᠬᠠᠷᠠᠮᠰᠠᠯ ᠪᠤᠯᠤᠨ᠎ᠠ︾ ᠬᠡᠵᠤ ᠬᠡᠤᠬᠡᠳ ᠢᠶᠠᠨ ᠪᠠᠭ᠎ᠠ ᠠᠴᠠ ᠨᠢ ᠦᠨᠠᠠᠴᠢ ᠰᠢᠳᠤᠷᠭᠤ᠂ ᠠᠭᠤᠴᠢ ᠰᠠᠨᠠᠭ᠎ᠠ ᠰᠡᠳᠬᠢᠯ ᠲᠠᠢ ᠬᠦᠮᠤᠨ ᠪᠤᠯᠭᠠᠨ ᠬᠦᠮᠤᠵᠢᠬᠦᠯᠬᠦ ᠶᠢ ᠴᠢᠬᠤᠯᠠᠴᠢᠯᠠᠳᠠᠭ ᠪᠠᠶᠢᠭᠰᠠᠨ ᠶᠤᠮ᠃
ᠰᠠᠶᠢᠨ ᠰᠠᠶᠢᠬᠠᠨ ᠵᠠᠩ ᠲᠠᠳᠬᠠᠯ ᠪᠤᠯ ᠬᠡᠤᠬᠡᠳ ᠤᠨ ᠢᠷᠡᠬᠡᠳᠤᠢ ᠳᠤ ᠨᠢᠬᠡ ᠰᠤᠶᠤᠯ ᠪᠤᠯᠪᠠᠰᠤᠷᠠᠯ ᠲᠠᠢ᠂ ᠶᠤᠰᠤ ᠮᠤᠷᠠᠯ ᠲᠠᠢ᠂ ᠡᠷᠳᠡᠮ ᠴᠢᠳᠠᠪᠤᠷᠢ ᠲᠠᠢ᠂ ᠠᠯᠤᠰ ᠤᠨ ᠬᠠᠷᠠᠯᠲᠠ ᠲᠠᠢ ᠬᠦᠮᠤᠨᠪᠤᠯᠵᠤ ᠦᠰᠤᠨ ᠪᠦᠢᠵᠢᠬᠤ ᠶᠢᠨ ᠵᠠᠩᠬᠢᠯᠠᠭ᠎ᠠ ᠪᠤᠯᠬᠤ ᠶᠤᠮ᠃ ᠮᠦᠨᠴᠤ ᠬᠡᠷ ᠪᠦᠯᠢ ᠶᠢᠨ ᠰᠤᠷᠭᠠᠨ ᠬᠦᠮᠤᠵᠢᠯ ᠤᠨ ᠭᠤᠤᠯᠳᠠᠯᠭ᠎ᠠ ᠪᠤᠯᠬᠤ ᠶᠤᠰᠤᠲᠠᠢ᠃ ᠬᠡᠤᠬᠡᠳ ᠨᠠᠰᠤ ᠪᠤᠯ ᠰᠤᠷᠬᠤ ᠨᠠᠰᠤ᠂ ᠲᠠᠭᠤᠷᠢᠶᠠᠮᠲᠤᠭᠠᠢ ᠨᠠᠰᠤ᠂ ᠰᠡᠴᠡᠨ ᠰᠡᠷᠬᠦᠯᠡᠩ ᠨᠠᠰᠤ ᠮᠥᠠ᠃ ᠡᠨᠠ ᠨᠢᠬᠡ ᠴᠠᠭ ᠦᠶ᠎ᠠ ᠳᠤ ᠠᠪᠤ ᠡᠵᠢ ᠪᠤᠯᠤᠭᠰᠠᠳ ᠬᠡᠤᠬᠡᠳ ᠢᠶᠠᠨ ᠰᠠᠶᠢᠨ ᠰᠠᠶᠢᠬᠠᠨ ᠪᠤᠯᠪᠠᠰᠤᠨ ᠶᠤᠰᠤᠷᠬᠠᠭ ᠵᠠᠩ ᠲᠠᠳᠬᠠᠯ ᠲᠠᠢ ᠪᠣᠯᠭᠠᠨ ᠬᠦᠮᠤᠵᠢᠬᠦᠯᠤᠨ ᠰᠤᠷᠭᠠᠬᠤ ᠶᠤᠮ ᠪᠤᠯ ᠦᠪᠠᠷ ᠤᠨ ᠰᠤᠷᠭᠠᠨ ᠬᠦᠮᠤᠵᠢᠬᠦᠯᠬᠦ ᠵᠤᠷᠢᠯᠭ᠎ᠠ ᠳᠠᠭᠠᠨ ᠯᠠᠪ ᠬᠦᠷᠴᠤ ᠴᠢᠳᠠᠨ᠎ᠠ᠃
ᠭᠤᠷᠪᠠ᠂ ᠲᠤᠷ᠎ᠠ ᠰᠤᠨᠢᠷᠬᠠᠯ ᠤᠨ ᠬᠦᠮᠤᠵᠢᠯ ᠤᠯᠠᠩᠬᠢ ᠬᠡᠷ ᠤᠨ ᠠᠬᠠᠮᠠᠳ ᠬᠡᠤᠬᠡᠳ ᠤᠨ ᠲᠤᠷ᠎ᠠ ᠰᠤᠨᠢᠷᠬᠠᠯ ᠤᠨ ᠬᠦᠮᠤᠵᠢᠯ ᠢ ᠴᠢᠬᠤᠯᠠᠴᠢᠯᠠᠬᠤ ᠦᠬᠡᠢ ᠪᠠᠶᠢᠳᠠᠭ᠃ ᠬᠡᠤᠬᠡᠳ ᠤᠨ ᠲᠤᠷ᠎ᠠ ᠰᠤᠨᠢᠷᠬᠠᠯ ᠪᠤᠯ ᠲᠦᠷᠤᠯᠬᠢ ᠶᠢᠨ ᠠᠪᠢᠶᠠᠰ ᠪᠤᠯᠪᠠᠴᠤ᠂ ᠲᠠᠬᠦᠨ ᠢ ᠪᠠᠳᠠᠷᠠᠭᠤᠯᠬᠤ᠂ ᠬᠦᠲᠤᠯᠬᠦ᠂ ᠲᠡᠮᠵᠢᠬᠦ᠂ ᠲᠠᠰᠬᠠᠬᠤ ᠦᠬᠡᠢ ᠪᠤᠯ ᠲᠦᠷᠤᠯᠬᠢ ᠠᠪᠢᠶᠠᠰ ᠨᠢ ᠠᠶᠠᠠᠳᠠᠭᠠᠨ ᠬᠠᠶᠠᠭᠳᠠᠬᠤ ᠦᠵᠡᠭᠳᠡᠯ ᠢ ᠦᠬᠡᠷᠡᠴᠢᠯᠡᠵᠤ ᠪᠤᠯᠬᠤ ᠶᠤᠮ᠃ ᠲᠡᠶᠢᠮᠤ ᠠᠴᠠ ᠲᠤᠷ᠎ᠠ ᠰᠤᠨᠢᠷᠬᠠᠯ ᠤᠨ ᠰᠤᠷᠭᠠᠨ ᠬᠦᠮᠤᠵᠢᠯ ᠨᠢ ᠬᠡᠤᠬᠡᠳ ᠤᠨ ᠰᠤᠷᠬᠤ ᠴᠢᠳᠠᠪᠤᠷᠢ ᠶᠢ ᠲᠡᠬᠡᠭᠰᠢᠯᠡᠭᠦᠯᠭᠦ ᠳᠤ ᠰᠠᠭᠤᠷᠢ ᠪᠤᠯᠵᠤ ᠪᠠᠶᠢᠳᠠᠭ᠃ ᠬᠡᠷᠪᠡ ᠨᠢᠬᠡ ᠬᠡᠷ ᠪᠦᠯᠢ ᠶᠢᠨ ᠠᠪᠤ ᠡᠵᠢ ᠬᠡᠷ ᠲᠡᠭᠡᠨ ᠨᠤᠮ ᠰᠤᠳᠤᠷ ᠬᠠᠳᠠᠭᠠᠯᠠᠬᠤ ᠪᠠ ᠦᠷᠬᠦᠯᠵᠢ ᠨᠤᠮ ᠤᠩᠰᠢᠬᠤ ᠵᠠᠩᠰᠢᠯ ᠲᠠᠢ ᠪᠤᠯ ᠲᠡᠷᠠ ᠬᠡᠷ ᠪᠦᠯᠢ ᠶᠢᠨ ᠬᠡᠤᠬᠡᠳ ᠨᠢ ᠨᠤᠮᠤᠩᠰᠢᠬᠤ ᠲᠤᠷ᠎ᠠ ᠰᠤᠨᠢᠷᠬᠠᠯ ᠲᠠᠢ ᠪᠤᠯᠳᠠᠭ᠃ ᠬᠠᠷᠢᠨ ᠡᠬᠦᠨ ᠤ ᠡᠰᠡᠷᠬᠦ ᠪᠠᠷ ᠨᠤᠮ ᠬᠠᠳᠠᠭᠠᠯᠠᠵᠤ ᠤᠩᠰᠢᠬᠤ ᠦᠬᠡᠢ ᠬᠡᠷ ᠪᠦᠯᠢ ᠶᠢᠨ ᠬᠡᠤᠬᠡᠳ ᠨᠢ ᠨᠤᠮ ᠤᠩᠰᠢᠬᠤ ᠲᠤᠷ᠎ᠠ ᠰᠤᠨᠢᠷᠬᠠᠯ ᠢᠶᠠᠷ ᠲᠤᠲᠠᠮᠠᠭ ᠪᠠᠶᠢᠳᠠᠭ ᠬᠡᠵᠤ ᠨᠢᠬᠡ ᠰᠤᠷᠭᠠᠨ ᠬᠦᠮᠤᠵᠢᠯ ᠤᠨ ᠣᠬᠠᠭᠠᠠᠳᠠᠨ ᠬᠡᠯᠡᠭᠰᠠᠨ ᠪᠠᠶᠢᠳᠠᠭ᠃ ᠡᠨᠠ ᠪᠤᠯ ᠲᠠᠷᠤᠢ ᠬᠡᠤᠬᠡᠳ ᠤᠨ ᠲᠤᠷ᠎ᠠ ᠰᠤᠨᠢᠷᠬᠠᠯ ᠢ ᠪᠠᠳᠠᠷᠠᠭᠤᠯᠬᠤ ᠳᠤ ᠡᠷᠬᠡᠪᠰᠢ ᠤᠷᠴᠢᠨ ᠲᠤᠭᠤᠷᠢᠨ᠂ ᠬᠡᠪ ᠵᠠᠩᠰᠢᠯ ᠤᠨ ᠨᠦᠯᠤᠬᠡ ᠰᠢᠭᠤᠳ ᠬᠦᠷᠲᠡᠬᠦ ᠶᠢ ᠬᠡᠯᠠᠵᠤ ᠪᠠᠶᠢᠨ᠎ᠠ᠃ ᠪᠠᠰᠠ ᠵᠢᠱᠢᠶᠠᠯᠠᠪᠠᠯ᠄ ᠠᠪᠤ ᠡᠵᠢ ᠨᠢ ᠬᠦᠭᠵᠢᠮᠴᠢᠨ᠂ ᠲᠠᠭᠤᠴᠢᠨ᠂ ᠪᠦᠵᠢᠭᠴᠢᠨ ᠪᠤᠯ ᠬᠡᠤᠬᠡᠳ ᠨᠢ ᠴᠦ ᠠᠶᠠᠨᠳᠠᠭᠠᠨ ᠲᠡᠳᠡᠬᠡᠷ ᠮᠡᠷᠬᠡᠵᠢᠯ ᠳᠤ ᠠᠪᠢᠶᠠᠰᠲᠠᠢ ᠪᠤᠯᠵᠤ ᠮᠠᠭᠠᠳ᠃ ᠬᠡᠲᠡᠯ᠎ᠡ ᠲᠠᠬᠦᠨ ᠢ ᠬᠦᠲᠤᠯᠬᠦ ᠦᠬᠡᠢ᠂ ᠲᠠᠰᠬᠠᠬᠤ ᠦᠬᠡᠢ᠂ ᠵᠢᠭᠠᠨ ᠰᠤᠷᠭᠠᠬᠤ ᠦᠬᠡᠢ ᠪᠤᠯ ᠲᠡᠷᠠ ᠬᠡᠤᠬᠡᠳ ᠶᠠᠷᠤ ᠡᠨᠡᠬᠦ ᠮᠡᠷᠬᠡᠵᠢᠯ ᠢ ᠰᠤᠷᠴᠤ ᠴᠢᠳᠠᠬᠤ ᠦᠬᠡᠢ ᠶᠤᠮ᠃ ᠭᠤᠤᠯᠳᠠᠯᠭ᠎ᠠ ᠪᠤᠯ ᠠᠪᠤ ᠡᠵᠢ ᠪᠤᠯᠤᠭᠰᠠᠳ ᠬᠡᠤᠬᠡᠳ ᠤᠨ ᠲᠤᠷ᠎ᠠ ᠰᠤᠨᠢᠷᠬᠠᠯ ᠢ ᠤᠶᠢᠯᠠᠭᠠᠵᠤ᠂ ᠲᠠᠬᠦᠨ ᠳᠤ ᠡᠨᠠᠬᠦ ᠤᠷᠴᠢᠨ ᠲᠤᠭᠤᠷᠢᠨ ᠶᠢ ᠪᠤᠢ ᠪᠤᠯᠭᠠᠵᠤ ᠦᠭᠬᠦ ᠪᠤᠯ ᠵᠠᠩᠬᠢᠯᠠᠭ᠎ᠠ ᠶᠢᠨ ᠠᠰᠠᠭᠤᠳᠠᠯ ᠪᠤᠯᠬᠤ ᠶᠤᠮ᠃ ᠬᠡᠤᠬᠡᠳ ᠤᠨ ᠲᠤᠷ᠎ᠠ ᠰᠤᠨᠢᠷᠬᠠᠯ ᠲᠦᠷᠤᠯᠬᠢ ᠶᠢᠨ ᠪᠠᠶᠢᠵᠤ ᠪᠤᠯᠬᠤ ᠪᠠ ᠵᠢᠭᠠᠵᠤ ᠰᠤᠷᠭᠠᠬᠤ ᠬᠤᠶᠠᠷ ᠵᠦᠢᠯ ᠢᠶᠠᠷ ᠬᠦᠭᠵᠢᠳᠡᠭ᠃ ᠵᠠᠷᠢᠮ ᠬᠡᠤᠬᠡᠳ ᠲᠦᠷᠤᠯᠬᠢ ᠶᠢᠨ ᠠᠪᠢᠶᠠᠰ ᠲᠠᠢ ᠪᠤᠯᠪᠠᠴᠤ ᠲᠠᠬᠦᠨ ᠤ ᠠᠪᠢᠶᠠᠰ ᠴᠢᠳᠠᠪᠤᠷᠢ ᠶᠢ ᠪᠠᠳᠠᠷᠠᠭᠤᠯᠬᠤ ᠤᠷᠤᠨ ᠵᠠᠢ᠂ ᠤᠷᠴᠢᠨ ᠲᠤᠭᠤᠷᠢᠨ᠂ ᠲᠦᠯᠬᠢᠴᠠ ᠬᠦᠴᠤ ᠪᠠᠶᠢᠬᠤ ᠦᠬᠡᠢ ᠪᠤᠯ ᠡᠨᠠ ᠲᠠᠯ᠎ᠠ ᠪᠠᠷ ᠠᠮᠵᠢᠯᠲᠠ ᠤᠯᠬᠤ ᠨᠢ ᠬᠦᠴᠢᠷᠲᠠᠢ ᠪᠠᠶᠢᠳᠠᠭ᠃ ᠬᠡᠤᠬᠡᠳ ᠤᠨ ᠠᠪᠢᠶᠠᠰ ᠪᠢᠯᠢᠭ ᠢ ᠬᠦᠭᠵᠢᠬᠦᠯᠬᠦ ᠪᠠ ᠲᠤᠷ᠎ᠠ ᠰᠤᠨᠢᠷᠬᠠᠯ ᠲᠠᠢ ᠪᠤᠯᠭᠠᠬᠤ ᠨᠢ ᠬᠡᠷ ᠪᠦᠯᠢ ᠶᠢᠨ ᠬᠦᠮᠤᠵᠢᠯ ᠠᠴᠠ ᠰᠠᠯᠵᠤ ᠴᠢᠳᠠᠬᠤ ᠦᠬᠡᠢ ᠶᠤᠮ᠃
ᠦᠨᠠᠠ ᠳᠡᠭᠡᠨ ᠲᠤᠷ᠎ᠠ ᠰᠤᠨᠢᠷᠬᠠᠯ ᠨᠢ ᠬᠡᠤᠬᠡᠳ ᠤᠨ ᠦᠰᠤᠨ ᠪᠦᠢᠵᠢᠯᠲᠠ ᠶᠢᠨ ᠶᠠᠪᠤᠴᠠ ᠲᠤᠮᠳᠠ ᠬᠠᠮᠤᠭ ᠤᠨ ᠴᠢᠬᠤᠯᠠ ᠪᠠᠶᠢᠳᠠᠭ᠃ ᠬᠡᠷᠪᠠ ᠨᠢᠬᠡ ᠲᠠᠮᠢᠷᠴᠢᠨ ᠪᠤᠯᠳᠠᠭ ᠬᠡᠤᠬᠡᠳ ᠢ ᠠᠯᠢ ᠡᠷᠲᠠ ᠠᠴᠠ ᠪᠠᠶ᠎ᠠ ᠶᠢᠨ ᠲᠤᠰᠬᠠᠢ ᠮᠡᠷᠬᠡᠵᠢᠯ ᠤᠨ ᠪᠤᠯᠪᠠᠰᠤᠷᠠᠯ ᠬᠢᠯᠬᠡᠵᠤ ᠵᠢᠭᠠᠬᠤ ᠦᠬᠡᠢ ᠪᠤᠯ ᠲᠡᠷᠠ ᠦᠪᠠᠷ ᠤᠨ ᠠᠪᠢᠶᠠᠰ ᠴᠢᠳᠠᠪᠤᠷᠢ ᠪᠠᠨ ᠭᠠᠷᠭᠠᠵᠤ ᠴᠢᠳᠠᠬᠤ ᠦᠬᠡᠢ᠃ ᠲᠠᠬᠦᠨ ᠤ ᠲᠤᠷ᠎ᠠ ᠰᠤᠨᠢᠷᠬᠠᠯ ᠢ ᠬᠦᠭᠵᠢᠬᠦᠯᠬᠦ ᠳᠤ ᠠᠪᠤ ᠡᠵᠢ ᠪᠤᠯ ᠴᠢᠬᠤᠯᠠ ᠦᠢᠯᠡᠳᠤᠯ ᠦᠵᠡᠬᠦᠯᠳᠡᠭ᠃ ᠠᠪᠤ ᠡᠵᠢ ᠪᠤᠯᠤᠭᠰᠠᠳ ᠲᠠᠬᠦᠨ ᠳᠤ ᠡᠨᠠ ᠲᠠᠯ᠎ᠠ ᠪᠠᠷ ᠬᠦᠭᠵᠢᠬᠦ ᠤᠷᠴᠢᠨ ᠲᠤᠭᠤᠷᠢᠨ᠂ ᠴᠠᠭ ᠵᠠᠪ ᠭᠠᠷᠭᠠᠵᠤ ᠦᠭᠬᠦ ᠪᠠ ᠲᠠᠬᠦᠨ ᠢ ᠵᠤᠷᠢᠬᠵᠢᠭᠤᠯᠬᠤ᠂ ᠲᠡᠮᠵᠢᠬᠦ ᠬᠡᠷᠡᠭᠲᠠᠢ᠃ ᠲᠡᠬᠡᠪᠠᠯ ᠬᠡᠤᠬᠡᠳ ᠰᠠᠶ᠋ᠢ ᠠᠮᠵᠢᠯᠲᠠ ᠳᠤ ᠬᠦᠷᠴᠤ ᠴᠢᠳᠠᠳᠠᠭ᠃ ᠬᠡᠤᠬᠡᠳ ᠤᠨ ᠶᠠᠮᠠᠷ ᠨᠢᠬᠡ ᠵᠦᠢᠯ ᠤᠨ ᠮᠡᠷᠬᠡᠵᠢᠯ ᠳᠤ ᠲᠤᠷ᠎ᠠ ᠰᠤᠨᠢᠷᠬᠠᠯ ᠲᠠᠢ ᠪᠤᠯᠭᠠᠬᠤ ᠬᠠᠮᠤᠭ ᠤᠨ ᠰᠠᠶᠢᠨ ᠠᠷᠭ᠎ᠠ ᠨᠢ ᠡᠴᠢᠬᠡ ᠡᠬᠡ ᠪᠤᠯᠤᠭᠰᠠᠳ ᠦᠪᠠᠷ ᠤᠨ ᠪᠠᠶ᠎ᠠ ᠪᠠᠷ ᠢᠶᠠᠨ ᠬᠡᠪ ᠲᠠᠭᠤᠷᠢᠶᠠᠯ ᠦᠵᠡᠬᠦᠯᠬᠦ ᠳᠤ ᠪᠠᠶᠢᠳᠠᠭ᠃ ᠨᠢᠬᠡ ᠪᠠᠭ᠎ᠠ ᠰᠤᠷᠭᠠᠭᠤᠯᠢ ᠶᠢᠨ ᠰᠤᠷᠤᠭᠴᠢ ᠳᠤ ᠬᠡᠯ᠎ᠠ ᠪᠢᠴᠢᠭ ᠤᠨ ᠪᠠᠭᠰᠢ ᠨᠢ ︽ᠡᠵᠢ ᠪᠠᠨ ᠬᠠᠪᠰᠤᠷᠣᠨ ᠬᠡᠷ ᠤᠨ ᠠᠵᠢᠯ ᠬᠢᠭᠰᠡᠨ ᠨᠢ︾ ᠬᠡᠳᠡᠭ ᠭᠠᠷᠴᠠᠭ ᠲᠠᠢ ᠵᠤᠬᠢᠶᠠᠯ ᠪᠢᠴᠢᠬᠦᠯᠵᠠᠢ᠃ ᠨᠢᠬᠡ ᠰᠤᠷᠤᠭᠴᠢ ᠵᠤᠬᠢᠶᠠᠯ ᠢᠶᠠᠨ ᠪᠠᠭᠰᠢ ᠳᠠᠭᠠᠨ ᠲᠤᠰᠢᠶᠠᠬᠤ ᠳᠤ ᠪᠠᠭᠰᠢ ᠨᠢ ᠦᠵᠡᠭᠡᠳ᠄ ︽ᠴᠢᠨᠦ ᠵᠤᠬᠢᠶᠠᠯ ᠤᠨ ᠦᠢᠯᠠ ᠶᠠᠪᠤᠳᠠᠯ ᠨᠠᠷᠢᠨ ᠪᠢᠰᠢ᠂ ᠬᠠᠶᠢᠷ᠎ᠠ ᠰᠡᠳᠬᠢᠯᠬᠡ ᠢᠯᠡᠳᠬᠡᠬᠦ ᠪᠠᠷ ᠲᠤᠲᠠᠮᠠᠭ︾ ᠬᠡᠵᠤ ᠰᠢᠬᠦᠮᠵᠢᠯᠡᠭᠰᠠᠨ ᠳᠤ ᠲᠡᠷᠠ ᠰᠤᠷᠤᠭᠴᠢ ᠡᠨᠡ ᠬᠡᠷᠡᠭ ᠢ ᠬᠡᠷ ᠲᠡᠭᠡᠨ ᠬᠠᠷᠢᠵᠤ ᠡᠵᠢ ᠳᠡᠭᠡᠨ ᠬᠡᠯᠡᠬᠦ ᠳᠤ ᠡᠵᠢ ᠨᠢ᠄ ︽ᠡᠵᠢ ᠶᠢᠨ ᠮᠢᠨᠢ ᠬᠡᠷ ᠪᠦᠯᠢ ᠵᠢᠨᠠᠵᠢᠯ ᠦᠨᠠᠬᠡᠷ ᠬᠦᠴᠢᠷ ᠲᠠᠢ ᠪᠦᠬᠡᠳ ᠶᠠᠳᠠᠷᠠᠯᠲᠠᠢ᠂ ᠡᠵᠢ ᠮᠢᠨᠢ ᠠᠭᠤᠤ ᠶᠡᠭᠡ᠂ ᠲᠡᠷᠡ ᠪᠤᠯ ᠮᠢᠨᠤ ᠲᠠᠭᠠᠵᠤ ᠰᠤᠷᠤᠯᠴᠠᠬᠤ ᠲᠠᠭᠤᠷᠢᠶᠠᠯ ᠬᠡᠵᠤ ᠪᠢᠴᠢᠪᠠᠯ ᠪᠤᠯᠤᠨ᠎ᠠ︾ ᠬᠡᠰᠠᠨ ᠳᠤ ᠲᠡᠷᠠ ᠬᠡᠤᠬᠡᠳ᠄ ︽ᠡᠵᠢ ᠠᠵᠢᠯ ᠠᠴᠠ ᠪᠠᠨ ᠪᠠᠭᠤᠭᠰᠠᠨ ᠤ ᠲᠠᠷᠠᠭ᠎ᠠ ᠠᠪᠠᠭ᠎ᠠ ᠡᠬᠡᠴᠢ ᠶᠢᠨ ᠪᠠᠯᠠᠨ ᠪᠤᠳᠠᠭ᠎ᠠ ᠶᠢ ᠢᠳᠡᠵᠤ᠂ ᠲᠧᠯᠧᠢᠰ ᠦᠵᠡᠵᠤ᠂ ᠤᠷᠤᠢ ᠪᠤᠯᠪᠠᠯ ᠤᠠᠲᠠᠨᠠ᠃ ᠬᠡᠷ ᠤᠨ ᠠᠵᠢᠯ ᠢ ᠶᠠᠷᠤ ᠬᠢᠬᠦ ᠦᠬᠡᠢ ᠪᠠᠶᠢᠲᠠᠯ᠎ᠠ ᠪᠢ ᠶᠠᠭᠠᠬᠢᠭᠠᠳ ᠬᠤᠳᠠᠯ ᠪᠢᠴᠢᠬᠦ ᠪᠢᠯᠠ︾ ᠬᠡᠵᠠᠢ᠃ ᠲᠡᠶᠢᠮᠤ ᠠᠴᠠ ᠨᠢᠯᠬᠠᠰᠠᠭ ᠤᠶᠤᠨ ᠤᠬᠠᠭᠠᠨ ᠤ ᠰᠢᠨᠠᠬᠡᠨ ᠬᠦᠭᠵᠢᠵᠤ ᠪᠠᠶᠢᠭ᠎ᠠ ᠬᠡᠤᠬᠡᠳ ᠲᠤ ᠠᠪᠤ ᠡᠵᠢ ᠪᠤᠯ ᠲᠠᠬᠦᠨ ᠤ ᠠᠮᠢᠳᠤᠷᠠᠯ ᠤᠨ ᠲᠤᠯᠢ ᠪᠤᠯᠬᠤ ᠶᠤᠰᠤᠲᠠᠢ᠃ ᠰᠢᠨ᠎ᠠ ᠡᠷᠠᠨ ᠬᠦᠭᠵᠢᠬᠡᠳ ᠰᠤᠷᠠᠭ ᠵᠠᠩᠬᠢ ᠶᠢᠨ ᠴᠠᠭ ᠦᠶ᠎ᠠ ᠪᠤᠯᠵᠠᠢ᠃ ᠬᠦᠮᠤᠨ ᠤ ᠬᠡᠪ ᠪᠤᠯᠪᠠᠰᠤᠷᠠᠯ ᠤᠨ ᠲᠤᠬᠠᠢ ᠱᠠᠭᠠᠷᠳᠠᠯᠭ᠎ᠠ ᠦᠨᠳᠤᠷ ᠪᠤᠯᠵᠤ᠂ ᠠᠯᠢᠪᠠ ᠠᠵᠢᠯ ᠤᠨ ᠪᠠᠶᠢᠷᠢᠨ ᠳᠤ ᠪᠦᠷ ᠡᠷᠳᠡᠮᠲᠠᠨ᠂ ᠴᠢᠳᠠᠪᠤᠷᠢᠲᠠᠨ ᠢ ᠬᠡᠷᠡᠭᠵᠢᠬᠦᠯᠬᠦ ᠪᠤᠯᠤᠭᠰᠠᠨ ᠪᠠᠶᠢᠨ᠎ᠠ᠃ ᠡᠴᠢᠭᠡ ᠡᠭᠡ ᠪᠤᠯᠤᠭᠰᠠᠳ ᠲᠤ ᠬᠡᠷ ᠪᠦᠯᠢ ᠶᠢᠨ ᠬᠦᠮᠤᠵᠢᠯ ᠢ ᠴᠦ ᠵᠤᠬᠢᠬᠤ ᠦᠨᠳᠤᠷ ᠲᠦᠪᠰᠢᠨ ᠳᠤ ᠬᠦᠷᠬᠡᠬᠦ ᠱᠠᠭᠠᠷᠳᠠᠯᠭ᠎ᠠ ᠲᠠᠳᠡᠨ ᠤ ᠡᠮᠤᠨ᠎ᠠ ᠲᠠᠯᠪᠢᠭᠳᠠᠵᠤ ᠪᠠᠶᠢᠨ᠎ᠠ᠃ ᠲᠡᠶᠢᠮᠤ ᠠᠴᠠ ᠬᠡᠤᠬᠡᠳ ᠤᠨ ᠬᠡᠷ ᠪᠦᠯᠢ ᠶᠢᠨ ᠬᠦᠮᠤᠵᠢᠯ ᠢ ᠬᠦᠩᠬᠡᠪᠴᠢᠯᠠᠨ ᠦᠵᠡᠵᠤ ᠪᠤᠯᠬᠤ ᠦᠬᠡᠢ᠃ ᠬᠡᠤᠬᠡᠳ ᠤᠨ ᠰᠠᠶᠢᠨ ᠰᠠᠶᠢᠬᠠᠨ ᠢᠷᠡᠬᠡᠳᠤᠢ ᠶᠢᠨ ᠲᠦᠯᠤᠬᠡ ᠠᠪᠤ ᠡᠵᠢ ᠪᠤᠯᠤᠭᠰᠠᠳ ᠡᠷᠬᠡᠪᠰᠢ ᠪᠠᠶ᠎ᠠ ᠳᠡᠭᠡᠨ ᠦᠨᠳᠤᠷ ᠱᠠᠭᠠᠷᠳᠠᠯᠭ᠎ᠠ ᠲᠠᠯᠪᠢᠵᠤ᠂ ᠬᠤᠯᠠ ᠶᠢᠨ ᠬᠠᠷᠠᠴᠠ ᠶᠢ ᠪᠤᠢ ᠪᠤᠯᠭᠠᠬᠤ ᠴᠢᠬᠤᠯᠠᠲᠠᠢ ᠪᠠᠶᠢᠨ᠎ᠠ᠃