-
755
ᠬᠤᠶᠠᠷ᠂ ᠶᠢᠷᠳᠢᠨᠴᠤ ᠶᠢᠨ ᠭᠤᠷᠪᠠ
2025-06-09 15:51
0
0
ᠬᠤᠶᠠᠷ᠂ ᠶᠢᠷᠳᠢᠨᠴᠤ ᠶᠢᠨ ᠭᠤᠷᠪᠠ
ᠭᠤᠷᠪᠠᠨ ᠲᠠᠨᠢᠬᠤ
ᠠᠪᠤ ᠶᠢᠨ ᠰᠠᠶᠢᠨ ᠢᠶᠠᠷ ᠬᠦᠮᠦᠨ ᠨᠢᠭᠡ ᠲᠠᠨᠢᠬᠤ
ᠠᠳᠠ ᠶᠢᠨ ᠰᠠᠶᠢᠨ ᠢᠶᠠᠷ ᠭᠠᠵᠠᠷ ᠨᠢᠭᠡ ᠲᠠᠨᠢᠬᠤ
ᠪᠠᠭᠰᠢ ᠶᠢᠨ ᠰᠠᠶᠢᠨ ᠢᠶᠠᠷ ᠡᠷᠳᠡᠮ ᠨᠢᠭᠡ ᠲᠠᠨᠢᠬᠤ
ᠭᠤᠷᠪᠠᠨ ᠬᠦᠨᠳᠦᠳᠭᠡ
ᠡᠷᠡᠭᠦᠯ ᠢ ᠪᠤᠳᠤᠪᠠᠯ ᠡᠮᠴᠢ ᠶᠢ ᠬᠦᠨᠳᠦᠳᠭᠡ
ᠡᠷᠳᠡᠮ ᠢ ᠪᠤᠳᠤᠪᠠᠯ ᠪᠠᠭᠰᠢ ᠶᠢ ᠬᠦᠨᠳᠦᠳᠭᠡ
ᠡᠨᠡᠷᠢᠯ ᠢ ᠪᠤᠳᠤᠪᠠᠯ ᠡᠵᠢ ᠪᠡᠨ ᠬᠦᠨᠳᠦᠳᠭᠡ
ᠭᠤᠷᠪᠠᠨ ᠪᠠᠶᠠᠨ
ᠲᠠᠯ᠎ᠠ ᠡᠪᠡᠰᠦ ᠪᠡᠷ ᠨᠢᠭᠡ ᠪᠠᠶᠠᠨ
ᠲᠡᠭᠷᠢ ᠤᠳᠤ ᠪᠠᠷ ᠨᠢᠭᠡ ᠪᠠᠶᠠᠨ
ᠲᠠᠯᠠᠢ ᠤᠰᠤ ᠪᠠᠷ ᠨᠢᠭᠡ ᠪᠠᠶᠠᠨ
ᠭᠤᠷᠪᠠᠨ ᠶᠠᠳᠠᠭᠤ
ᠡᠳ᠋ ᠬᠦᠷᠦᠩᠭᠡ ᠦᠭᠡᠢ ᠨᠢᠭᠡ ᠶᠠᠳᠠᠭᠤ
ᠡᠶ᠎ᠡ ᠡᠪ ᠦᠭᠡᠢ ᠨᠢᠭᠡ ᠶᠠᠳᠠᠭᠤ
ᠡᠷᠳᠡᠮ ᠨᠤᠮ ᠦᠭᠡᠢ ᠨᠢᠭᠡ ᠶᠠᠳᠠᠭᠤ