-
77995
ᠪᠢᠷ ᠢᠶᠡᠨ ᠪᠢᠲᠡᠬᠡᠢ ᠬᠠᠶᠠᠭᠠᠴᠢ
2016-03-06 18:53
264
0
ᠪᠢᠷ ᠢᠶᠡᠨ ᠪᠢᠲᠡᠬᠡᠢ ᠬᠠᠶᠠᠭᠠᠴᠢ
ᠤᠰᠤ ᠪᠤᠯᠠᠭ ᠤᠷᠭᠢᠯᠬᠤ ᠰᠢᠭ᠋
ᠤᠨᠳᠤᠷᠤᠮᠠᠯ ᠰᠠᠶᠢᠬᠠᠨ ᠠᠪᠢᠶᠠᠰ ᠲᠠᠢ
ᠤᠷᠠᠨ ᠵᠤᠬᠢᠶᠠᠯ ᠤᠨ ᠨᠠᠶᠢᠵᠠᠰ ᠮᠢᠨᠢ
ᠦᠵᠦᠭ ᠢᠶᠡᠨ ᠪᠢᠲᠡᠬᠡᠢ ᠬᠠᠶᠠᠭᠠᠴᠢ
ᠴᠡᠭᠴᠡᠦᠬᠡᠢ ᠰᠢᠪᠠᠭᠤᠬᠠᠢ ᠵᠢᠷᠭᠢᠬᠦ ᠰᠢᠭ
ᠴᠡᠭᠡᠯᠬᠡᠨ ᠢᠷᠠᠭᠤ ᠡᠭᠡᠰᠢᠭ ᠲᠠᠢ
ᠰᠢᠯᠦᠭ ᠨᠠᠶᠢᠷᠠᠬᠤ ᠶᠢᠨ ᠤᠷ᠎ᠠ ᠶᠢ ᠪᠡᠨ
ᠰᠢᠲᠡᠵᠦ ᠪᠢᠲᠡᠬᠡᠢ ᠤᠷᠬᠢᠭᠠᠴᠢ
ᠰᠢᠯᠦᠭ ᠨᠠᠶᠢᠷᠠᠭ ᠦᠨ᠎ᠡ ᠬᠢᠮᠳᠠᠷᠠᠵᠤ
ᠰᠢᠯᠦᠰᠦ ᠬᠡᠮᠡᠷ ᠨᠤᠯᠮᠤᠭᠳᠠᠭᠰᠠᠨ ᠴᠤ
ᠪᠢᠯᠢᠭ ᠠᠪᠢᠶᠠᠰ ᠢᠷᠯᠡᠭᠰᠡᠨ
ᠪᠢᠷ ᠢᠶᠡᠨ ᠪᠢᠲᠡᠬᠡᠢ ᠬᠠᠶᠠᠭᠠᠴᠢ
ᠬᠦᠮᠦᠨ ᠦ ᠰᠠᠶᠢᠨ ᠢ ᠠᠯᠳᠠᠷᠰᠢᠭᠤᠯᠵᠤ
ᠠᠮᠢᠳᠤᠷᠠᠯ ᠤᠨ ᠰᠠᠶᠢᠬᠠᠨ ᠢ ᠳᠠᠭᠤᠯᠠᠳᠠᠭ
ᠪᠢᠴᠢᠵᠦ ᠵᠢᠷᠤᠭᠯᠠᠬᠤ ᠶᠢᠨ ᠭᠠᠶᠢᠬᠠᠮᠰᠢᠭ
ᠪᠢᠷ ᠢᠶᠡᠨ ᠪᠢᠲᠡᠬᠡᠢ ᠲᠠᠶᠠᠭᠳᠠᠭᠠᠴᠢ
ᠡᠯᠳᠡᠪ ᠶᠠᠭᠤᠮᠠᠰ ᠦᠨ᠎ᠡ ᠬᠦᠷᠴᠦ
ᠡᠷᠢᠶᠡᠨ ᠪᠠᠷᠠᠭᠠᠨ ᠭᠠᠵᠠᠷ ᠠᠪᠤᠯ᠎ᠠ ᠴᠤ
ᠢᠯᠠᠬᠤ ᠶᠢᠨ ᠢᠲᠡᠭᠡᠯ ᠵᠢᠷᠭᠢᠭᠦᠯᠳᠡᠭ
ᠢᠷᠠᠭᠤ ᠨᠠᠶᠢᠷᠠᠭ ᠢᠶᠠᠨ ᠪᠢᠲᠡᠬᠡᠢ ᠬᠠᠶᠠ
ᠦᠩᠭᠡ ᠮᠦᠩᠭᠦ ᠨᠢᠳᠦ ᠭᠢᠯᠪᠠᠭᠤᠯᠵᠤ
ᠡᠷᠬᠡ ᠵᠡᠷᠭᠡ ᠰᠦᠷ ᠭᠠᠶᠢᠬᠠᠭᠤᠯᠤᠯ᠎ᠠ ᠴᠤ
ᠡᠴᠢᠭᠡ ᠲᠡᠭᠷᠢ ᠡᠴᠡ ᠰᠤᠶᠤᠷᠬᠠᠭᠰᠠᠨ
ᠡᠷᠳᠡᠮ ᠠᠪᠢᠶᠠᠰ ᠢᠶᠠᠨ ᠪᠢᠲᠡᠬᠡᠢ ᠤᠷᠬᠢ
ᠠᠮᠢᠳᠤ ᠦᠰᠦᠭ ᠦᠨ ᠷᠢᠳᠢ ᠶᠢ ᠪᠠᠬᠠᠷᠤᠭᠤᠯᠵᠤ
ᠪᠤᠰᠤᠭ᠎ᠠ ᠰᠤᠶᠤᠯ ᠤᠨ ᠰᠢᠳᠢ ᠶᠢ ᠱᠠᠭᠰᠢᠷᠠᠭᠤᠯᠵᠤ
ᠤᠷᠭᠤᠭ᠎ᠠ ᠬᠡᠯᠡᠨ ᠦ ᠤᠪᠠᠳᠢᠰ ᠢ ᠪᠢᠰᠢᠷᠡᠭᠦᠯᠳᠡᠭ
ᠵᠢᠷᠤᠭ᠎ᠠ ᠪᠢᠷ ᠢᠶᠡᠨ ᠪᠢᠲᠡᠬᠡᠢ ᠬᠠᠶᠠᠭᠠᠴᠢ
ᠨᠠᠭᠠᠳᠤᠮ ᠮᠦᠷᠦᠢ ᠳᠦ ᠰᠢᠪᠠᠷᠲᠠᠵᠤ
ᠨᠠᠩᠴᠢᠳ ᠠᠷᠢᠬᠢᠨ ᠳᠤ ᠰᠢᠷᠤᠶᠢᠲᠠᠵᠤ
ᠦᠳᠦᠭᠡᠯᠭᠡ ᠪᠦᠬᠦᠨ ᠳᠦ ᠦᠷᠲᠦᠵᠦ
ᠦᠵᠦᠭ ᠢᠶᠡᠨ ᠪᠢᠲᠡᠬᠡᠢ ᠯᠡ ᠠᠯᠳᠠᠭᠠᠴᠢ
ᠤᠶᠢᠳᠬᠠᠷ ᠭᠤᠨᠢᠭ ᠢ ᠠᠷᠴᠢᠵᠤ ᠦᠭᠳᠡᠭ
ᠤᠶᠤᠨ ᠤᠬᠠᠭᠠᠨ ᠢ ᠠᠷᠢᠭᠤᠰᠬᠠᠵᠤ ᠦᠭᠳᠡᠭ
ᠨᠠᠷᠠᠨ ᠲᠠᠯ᠎ᠠ ᠶᠢ ᠭᠡᠶᠢᠭᠡᠲᠡᠯᠡ ᠳᠠᠭᠤᠯᠠᠳᠠᠭ
ᠨᠠᠶᠢᠷᠠᠭ ᠰᠢᠯᠦᠭ ᠢᠶᠡᠨ ᠪᠢᠲᠡᠬᠡᠢ ᠬᠠᠶᠠᠭᠠᠴᠢ
ᠰᠤᠶᠤᠯ ᠵᠠᠩᠰᠢᠯ ᠢ ᠤᠯᠠᠮᠵᠢᠯᠠᠵᠤ ᠦᠭᠳᠡᠭ
ᠰᠤᠳᠤᠨ ᠪᠦᠲᠦᠭᠡᠯ ᠢ ᠱᠤᠭᠤᠵᠤ ᠦᠭᠳᠡᠭ
ᠨᠠᠷᠠᠲᠤ ᠶᠢᠨ ᠵᠠᠢ ᠳᠤ ᠠᠯᠳᠠᠷ ᠮᠦᠩᠬᠡᠯᠡᠳᠡᠭ
ᠨᠠᠨᠳᠢᠨ ᠦᠢᠯᠡᠰ ᠢᠶᠡᠨ ᠪᠢᠲᠡᠬᠡᠢ ᠲᠠᠶᠠᠭᠳᠠᠭᠠᠴᠢ
ᠰᠤᠩᠭᠤᠳᠠᠭ ᠨᠤᠮ ᠠᠴᠠ ᠴᠡᠨᠡᠭ ᠠᠪᠴᠤ
ᠰᠢᠯᠢᠳᠡᠭ ᠪᠦᠲᠦᠭᠡᠯ ᠡᠴᠡ ᠤᠷ᠎ᠠ ᠬᠦᠷᠲᠡᠵᠦ
ᠵᠢᠩᠬᠢᠨᠢ ᠤᠷᠠᠯᠢᠭ ᠤᠨ ᠠᠮᠲᠠ ᠳᠤ ᠰᠤᠭᠲᠤᠭᠤᠷᠠᠵᠤ
ᠵᠢᠷᠢᠯᠵᠡᠭᠰᠡᠨ ᠪᠢᠷ ᠢᠶᠡᠨ ᠪᠢᠲᠡᠬᠡᠢ ᠲᠠᠯᠪᠢᠭᠠᠴᠢ
ᠠᠮᠢᠳᠤᠷᠠᠯ ᠨᠡᠶᠢᠭᠡᠮ ᠢ ᠢᠯᠡᠭᠦᠤ ᠤᠶᠢᠯᠠᠭᠠᠵᠤ
ᠠᠯᠵᠠᠭᠤᠷᠠᠯ ᠵᠠᠯᠬᠠᠭᠤᠷᠠᠯ ᠢ ᠪᠠᠶᠢᠩᠭᠤ ᠲᠡᠪᠴᠢᠵᠦ
ᠠᠷᠢᠭᠤᠨ ᠰᠤᠶᠤᠯ ᠳᠤ ᠪᠠᠨ ᠬᠠᠨᠳᠢᠪ ᠡᠷᠭᠦᠬᠦ
ᠠᠳᠬᠤᠭᠰᠠᠨ ᠪᠢᠷ ᠢᠶᠡᠨ ᠪᠢᠲᠡᠬᠡᠢ ᠲᠠᠯᠪᠢᠭᠠᠴᠢ