-
2146834
ᠨᠧ ᠵᠠ ︽ᠤᠰᠺᠠ︾ ᠶᠢ ᠴᠢᠭᠯᠡᠯ᠎ᠡ
2019-10-12 22:24
344
0
10 ᠰᠠᠷ᠎ᠠ ᠶᠢᠨ 8 ᠤ ᠡᠳᠤᠷ᠂ ᠳᠤᠮᠳᠠᠳᠤ ᠤᠯᠤᠰ ᠤᠨ ︽ᠨᠧ ᠵᠠ᠄ ᠰᠢᠮᠨᠦ ᠬᠡᠤᠬᠡᠳ ᠮᠡᠨᠳᠤᠯᠡᠭᠰᠡᠡ︾ ᠬᠡᠮᠡᠬᠦ ᠺᠢᠨᠣ᠋ ᠨᠢ 92 ᠳ᠋ᠤᠭᠠᠷ ᠬᠤᠭᠤᠴᠠᠭᠠᠨ ᠤ ᠤᠰᠺᠠ ᠶᠢᠨ ︽ᠬᠠᠮᠤᠭ ᠤᠨ ᠰᠢᠯᠢᠳᠡᠭ ᠭᠠᠳᠠᠭᠠᠳᠤ ᠬᠡᠯᠡᠨ ᠤ ᠺᠢᠨᠣ᠋︾ ᠶᠢᠨ ᠱᠠᠩᠨᠠᠯ ᠳᠤ ᠲᠡᠪᠰᠢᠬᠦᠯᠦᠭᠰᠡᠡ ᠴᠢᠮᠡᠭᠡ ᠶᠢ ᠳᠤᠭᠤᠯᠤᠯ᠎ᠠ᠃
ᠳᠤᠰ ᠤᠳᠠᠭᠠᠨ ᠤ ᠤᠰᠺᠠ ᠶᠢᠨ ᠱᠠᠩᠨᠠᠯ ᠳᠤ᠂ ᠨᠠᠶᠢᠳᠠ 93 ᠤᠯᠤᠰ ᠤᠷᠤᠨ ᠤ ᠲᠡᠪᠰᠢᠬᠦᠯᠦᠭᠰᠡᠡ ᠪᠦᠳᠤᠬᠡᠯ ᠠᠴᠠ ︽ᠬᠠᠮᠤᠭ ᠤᠨ ᠰᠢᠯᠢᠳᠡᠭ ᠭᠠᠳᠠᠭᠠᠳᠤ ᠬᠡᠯᠡᠨ ᠤ ᠺᠢᠨᠣ᠋︾ ᠶᠢᠨ ᠱᠠᠩᠨᠠᠯ ᠢ ᠰᠢᠯᠭᠠᠷᠠᠭᠤᠯᠵᠤ᠂ ᠦᠷᠢᠰᠤᠯᠳᠤᠬᠡᠨ ᠮᠠᠰᠢ ᠶᠡᠭᠡ ᠪᠠᠶᠢᠯ᠎ᠠ᠃
2019 ᠤᠨ᠄
10 ᠰᠠᠷ᠎ᠠ ᠳᠤ᠂ ᠭᠤᠤᠯᠯᠠᠨ ᠡᠷᠬᠢᠯᠡᠭᠰᠡᠡ ᠨᠢᠬᠡᠴᠢ ᠠᠴᠠ ᠵᠢᠩᠬᠢᠨᠢ ᠪᠠᠷ ᠤᠰᠺᠠ ᠳᠤ ᠲᠡᠪᠰᠢᠬᠦᠯᠦᠭᠰᠡᠡ ᠪᠦᠳᠤᠬᠡᠯ ᠢ ᠨᠡᠶᠢᠳᠡᠯᠡᠭᠰᠡᠡ ᠪᠠᠶᠢᠨ᠎ᠠ᠃
12 ᠰᠠᠷ᠎ᠠ ᠶᠢᠨ 16 ᠤ ᠡᠳᠤᠷ᠂ ᠰᠤᠩᠭᠤᠭᠳᠠᠭᠰᠠᠠ 10 ᠪᠦᠳᠤᠬᠡᠯ ᠢ ᠨᠡᠶᠢᠳᠡᠯᠡᠨ᠎ᠠ᠃
2020 ᠤᠨ᠄
1 ᠰᠠᠷ᠎ᠠ ᠶᠢᠨ 13 ᠤ ᠡᠳᠤᠷ᠂ ᠨᠠᠷᠠ ᠳᠤᠷᠠᠳᠤᠭᠳᠠᠭᠰᠠᠠ ᠪᠦᠳᠤᠬᠡᠯ ᠢ ᠨᠡᠶᠢᠳᠡᠯᠡᠨ᠎ᠠ᠃
2 ᠰᠠᠷ᠎ᠠ ᠶᠢᠨ 9 ᠤ ᠡᠳᠤᠷ᠂ ᠱᠠᠩᠨᠠᠯ ᠭᠠᠷᠳᠠᠭᠤᠯᠬᠤ ᠶᠤᠰᠤᠯᠠᠯ ᠢ ᠶᠠᠪᠤᠭᠳᠠᠭᠤᠯᠤᠨ᠎ᠠ᠃
ᠺᠢᠨᠣ᠋ ᠶᠢᠨ ᠦᠯᠢᠬᠡᠷ᠄ ᠨᠧ ᠵᠠ ᠬᠡᠳᠦ᠋ᠢᠪᠡᠷ ᠰᠢᠮᠨᠦ ᠪᠤᠯᠵᠤ ᠲᠦᠷᠦᠭᠰᠡᠡ ᠪᠤᠯᠪᠠᠴᠤ ᠲᠡᠭᠷᠢ ᠶᠢᠨ ᠵᠢᠭᠠᠪᠤᠷᠢ ᠠᠴᠠ ᠵᠦᠷᠢᠴᠡᠵᠤ᠂ ᠬᠤᠪᠢ ᠵᠠᠶᠠᠭ᠎ᠠ ᠶᠢᠨ ᠢᠶᠠᠨ ᠲᠦᠯᠦᠬᠡ ᠵᠤᠷᠢᠬᠳᠠᠢ ᠪᠠᠷ ᠲᠡᠮᠡᠴᠡᠭᠰᠡᠡ ᠦᠯᠢᠬᠡᠷ ᠢ ᠶᠠᠷᠢᠵᠠᠢ᠃ ᠬᠤᠪᠢ ᠵᠠᠶᠠᠭ᠎ᠠ ᠶᠢ ᠲᠡᠭᠷᠢ ᠠᠴᠠ ᠳᠤᠭᠳᠠᠭᠠᠭᠰᠠᠠ ᠪᠢᠰᠢ᠂ ᠬᠠᠷᠢᠨ ᠬᠤᠪᠢ ᠪᠠᠶ᠎ᠠ ᠶᠢᠨ ᠴᠢᠷᠮᠠᠶᠢᠯᠭ᠎ᠠ ᠳᠤ ᠪᠠᠶᠢᠳᠠᠭ ᠬᠡᠰᠡᠨ ᠶᠤᠰᠤ ᠶᠢ ᠲᠤᠰ ᠺᠢᠨᠣ᠋ ᠳᠤ ᠬᠠᠷᠠᠭᠤᠯᠤᠭᠰᠠᠠ ᠪᠠᠶᠢᠨ᠎ᠠ᠃
ᠺᠢᠨᠣ᠋ ᠶᠢᠨ ᠤᠨᠴᠠᠯᠢᠬ᠄ ᠬᠡᠤᠬᠡᠯᠳᠡᠢ ᠶᠢᠨ ᠺᠢᠨᠣ᠋
ᠺᠢᠨᠣ᠋ ᠶᠢᠨ ᠪᠢᠯᠧᠲ ᠤᠨ ᠤᠷᠤᠯᠭ᠎ᠠ᠄ 49.70 ᠳ᠋ᠦᠩᠰᠢᠭᠤᠷ ᠲᠦᠭᠦᠷᠢᠭ
ᠺᠢᠨᠣ᠋ ᠶᠢᠨ ᠨᠡᠬᠡᠬᠡᠯᠳᠠ ᠶᠢᠨ ᠴᠠᠭ᠄ 2019.7.26