-
9678
ᠬᠡᠥᠬᠡᠨ ᠮᠢᠨᠢ ᠶᠡᠭᠡ ᠰᠤᠷᠭᠠᠭᠤᠯᠢ ᠳᠤ ᠰᠢᠯᠭᠠᠭᠤᠯᠬᠤ ᠰᠢᠯᠭᠠᠯᠲᠠ ᠳᠤ ᠤᠷᠤᠯᠴᠠᠭᠰᠠᠨ ᠨᠢ
2017-04-23 20:56
167
0
2016 ᠣᠨ ᠤ ᠶᠡᠬᠡ ᠰᠤᠷᠭᠠᠭᠤᠯᠢ ᠳᠤ ᠰᠢᠯᠭᠠᠭᠤᠯᠬᠤ ᠰᠢᠯᠭᠠᠯᠲᠠ ᠬᠦᠷᠦᠭᠡᠳ ᠢᠷᠡᠯ᠎ᠡ ᠃ ᠦᠷᠯᠦᠭᠡ 7 ᠴᠠᠭ ᠲᠤ ᠬᠡᠥᠬᠡᠨ ᠢᠶᠡᠨ ᠰᠡᠷᠢᠭᠡᠭᠡᠳ ᠪᠤᠳᠠᠭ᠎ᠠ ᠶᠢ ᠨᠢ ᠢᠳᠡᠭᠦᠯᠪᠡ ᠃ ᠪᠤᠳᠠᠭ᠎ᠠ ᠪᠠᠨ ᠢᠳᠡᠵᠦ ᠪᠠᠷᠠᠭᠠᠳ ᠬᠡᠦᠬᠡᠨ ᠮᠢᠨᠢ ᠳᠡᠪᠲᠡᠷ ᠢᠶᠡᠨ ᠪᠠᠷᠢᠭᠠᠳ ᠰᠠᠭᠤᠴᠢᠬᠠᠯ᠎ᠠ ᠃ ᠡᠷᠲᠡᠨ ᠦ ᠬᠡᠯᠡᠯᠭᠡ ᠪᠡᠨ ᠴᠡᠭᠡᠵᠢᠯᠡᠵᠦ ᠪᠠᠷᠠᠭᠠᠳᠤᠢ ᠭᠡᠨ᠎ᠡ ᠃ ᠪᠢᠳᠡ ᠵᠠᠮ ᠳᠡᠭᠡᠷ᠎ᠡ ᠲᠡᠷᠭᠡ ᠤᠯᠠᠨ ᠴᠠᠭ ᠰᠠᠭᠠᠲᠠᠬᠤ ᠠᠴᠠ ᠬᠢᠴᠢᠶᠡᠵᠦ ᠡᠷᠲᠡ ᠭᠠᠷᠬᠤ ᠪᠠᠷ ᠪᠣᠯᠪᠠ ᠃ ᠬᠡᠥᠬᠡᠨ ᠢᠶᠡᠨ ᠱᠠᠭᠠᠷᠳᠠᠭᠰᠠᠭᠠᠷ ᠪᠠᠶᠢᠵᠤ ᠲᠡᠷᠭᠡᠨ ᠳᠡᠭᠡᠷ᠎ᠡ ᠰᠠᠭᠤᠯᠭᠠᠭᠠᠳ ᠰᠢᠯᠭᠠᠯᠲᠠ ᠶᠢᠨ ᠲᠠᠯᠠᠪᠠᠢ ᠶᠢ ᠴᠢᠭᠯᠡᠯ᠎ᠡ ᠃ ᠬᠡᠦᠬᠡᠨ ᠮᠢᠨᠢ ᠪᠠᠰᠠ ᠯᠠ ᠳᠡᠪᠲᠡᠷ ᠢᠶᠡᠨ ᠪᠠᠷᠢᠭᠠᠳ ᠶᠡᠬᠡ ᠯᠠ ᠠᠩᠬᠠᠷᠤᠯᠲᠠᠢ ᠦᠵᠡᠨ᠎ᠡ ᠃ ︽ ᠲᠡᠷᠭᠡᠨ ᠳᠦ ᠭᠠᠷᠬᠤ ᠳᠤ ᠴᠢᠬᠢ ᠴᠤᠭᠤᠯᠤᠨ᠎ᠠ︾ ᠭᠡᠵᠦ ᠶᠠᠭ ᠡᠭᠦᠨ ᠢ ᠬᠡᠯᠡᠨ᠎ᠡ ᠪᠠᠶᠢᠬ᠎ᠠ ᠃
ᠵᠠᠮ ᠳᠡᠭᠡᠷ᠎ᠡ ᠬᠦᠮᠦᠨ ᠲᠤᠩ ᠴᠦᠬᠡᠨ ᠃ ᠲᠣᠲᠤᠷ᠎ᠠ ᠵᠢᠭᠠᠬᠠᠨ ᠲᠦᠭ ᠲᠠᠭ ᠲᠠᠢ ᠃ ᠬᠤᠷᠤᠭᠤᠨ ᠤᠷᠤᠮ ᠤᠷᠤᠭᠤᠯᠬᠤ ᠮᠠᠰᠢᠨ ᠨᠢ ᠠᠷᠠᠢ ᠪᠠᠰᠠ ᠳᠡᠭᠡᠷ᠎ᠡ ᠤᠳᠠᠭᠠᠨ ᠤ ᠠᠳᠠᠯᠢ ᠮᠡᠳᠡᠷᠡᠮᠵᠢ ᠪᠡᠨ ᠠᠯᠳᠠᠴᠢᠬᠠᠬᠤ ᠦᠭᠡᠢ ᠪᠢᠵᠡ ᠃ ᠰᠢᠯᠭᠠᠭᠤᠯᠬᠤ ᠦᠨᠡᠮᠯᠡᠯ ᠂ ᠪᠡᠶ᠎ᠡ ᠶᠢᠨ ᠦᠨᠡᠮᠯᠡᠯ ᠢᠶᠡᠨ ᠠᠪᠤᠭᠰᠠᠨ ᠴᠦ ᠪᠤᠯ ᠦᠦ ᠭᠡᠵᠦ ᠬᠡᠳᠦ ᠤᠳᠠᠭ᠎ᠠ ᠪᠠᠶᠢᠴᠠᠭᠠᠨ ᠦᠵᠡᠯ᠎ᠡ ᠃ ᠰᠢᠯᠭᠠᠯᠲᠠ ᠶᠢᠨ ᠲᠠᠯᠠᠪᠠᠢ ᠳᠤ ᠬᠦᠷᠴᠦ ᠢᠷᠡᠯ᠎ᠡ ᠃ ᠶᠡᠬᠡ ᠡᠩᠨᠡᠭᠡ ᠨᠢᠭᠡᠨᠲᠠ ᠲᠠᠯᠠᠪᠠᠢ ᠳᠤ ᠪᠠᠨ ᠣᠷᠣᠴᠢᠬᠠᠭᠰᠠᠨ ᠪᠠᠶᠢᠨ᠎ᠠ ᠃ ᠬᠦᠷᠢᠶᠡᠨ ᠭᠠᠳᠠᠨ᠎ᠠ ᠬᠡᠦᠬᠡᠨ ᠦ ᠮᠢᠨᠢ ᠪᠠᠭᠰᠢ ᠨᠠᠷ ᠪᠠᠶᠢᠯᠴᠠᠨ᠎ᠠ ᠃ ᠪᠠᠭᠰᠢ ᠨᠠᠷ ᠲᠠᠢ ᠨᠢ ᠮᠡᠨᠳᠦᠴᠢᠯᠡᠬᠦ ᠵᠠᠪᠰᠠᠷ ᠬᠡᠦᠬᠡᠨ ᠮᠢᠨᠢ ᠴᠢᠨᠠᠭᠰᠢ ᠬᠦᠷᠢᠶᠡᠨ ᠡᠭᠦᠳᠡ ᠪᠡᠷ ᠤᠷᠤᠭᠠᠳ ᠶᠠᠪᠤᠴᠢᠬᠠᠯ᠎ᠠ ᠃ ︽ ᠪᠢᠲᠡᠭᠡᠢ ᠶᠠᠭᠠᠷᠠᠵᠤ ᠰᠠᠨᠳᠤᠷ ︾ ᠭᠡᠬᠦᠴᠢᠯᠡᠨ ᠬᠡᠳᠦᠨ ᠦᠭᠡ ᠬᠡᠯᠡᠶ᠎ᠡ ᠭᠡᠵᠦ ᠪᠤᠳᠤᠵᠤ ᠪᠠᠶᠢᠭᠰᠠᠨ ᠢᠶᠠᠨ ᠬᠡᠯᠡᠵᠦ ᠵᠠᠪᠳᠤᠭᠰᠠᠨ ᠦᠭᠡᠢ ᠃ ᠪᠢᠳᠡ ᠡᠭᠦᠳᠡᠨ ᠭᠠᠳᠠᠨ᠎ᠠ ᠰᠢᠯᠭᠠᠯᠲᠠ ᠡᠬᠢᠯᠡᠬᠦ ᠴᠠᠭ ᠪᠤᠯᠲᠠᠯ᠎ᠠ ᠬᠦᠯᠢᠶᠡᠨ ᠵᠤᠭᠰᠤᠪᠠ ᠃ ᠶᠠᠮᠠᠷ ᠨᠢᠭᠡᠨ ᠤᠴᠢᠷ ᠭᠠᠷᠤᠭᠠᠳ ᠬᠡᠦᠬᠡᠨ ᠮᠢᠨᠢ ᠮᠠᠨ ᠢ ᠳᠠᠭᠤᠳᠠᠬᠤ ᠶᠠᠭᠤᠨ ᠮᠠᠭᠠᠳ ᠭᠡᠵᠦ ᠪᠤᠳᠤᠭᠠᠳ ᠰᠢᠯᠭᠠᠯᠲᠠ ᠶᠢ ᠨᠢ ᠡᠬᠢᠯᠡᠭᠦᠯᠴᠢᠬᠡᠭᠡᠳ ᠰᠠᠶ᠋ᠢ ᠪᠤᠴᠠᠯ᠎ᠠ ᠃
ᠦᠳᠡ ᠠᠶᠠᠳᠠᠵᠤ ᠰᠢᠯᠭᠠᠯᠲᠠ ᠪᠠᠭᠤᠬᠤ ᠴᠠᠭ ᠤᠶᠢᠷᠠᠲᠤᠪᠠ ᠃ ᠪᠢᠳᠡ ᠲᠤᠰᠬᠤ ᠪᠠᠷ ᠣᠴᠢᠯ᠎ᠠ ᠃ ᠬᠡᠦᠬᠡᠨ ᠮᠢᠨᠢ ᠶᠡᠬᠡ ᠯᠡ ᠪᠠᠶᠠᠷᠲᠠᠢ ᠂ ᠳᠠᠪᠠᠭᠤ ᠬᠠᠷᠢᠭᠤᠯᠤᠭᠰᠠᠨ ᠪᠤᠯᠤᠯᠲᠠᠢ ᠃ ︽ ᠤᠯᠤᠰ ᠤᠨ ᠰᠢᠯᠭᠠᠯᠲᠠ ᠭᠡᠳᠡᠭ ᠬᠠᠰᠢᠯᠠ ᠶᠡᠷᠦ ᠶᠢᠨ ᠰᠢᠯᠭᠠᠯᠲᠠ ᠠᠴᠠ ᠠᠮᠠᠷᠬᠠᠨ ᠶᠤᠮ ᠪᠠᠶᠢᠨ᠎ᠠ︾ ᠭᠡᠵᠦ ᠶᠠᠷᠢᠵᠦ ᠰᠠᠭᠤᠨ᠎ᠠ ᠃ ᠲᠡᠶᠢᠮᠦ ᠪᠠᠶᠢᠬᠤ ᠪᠤᠯᠤᠭᠠᠰᠠᠢ ᠃
ᠦᠳᠡ ᠶᠢᠨ ᠬᠤᠶᠢᠨ᠎ᠠ ᠶᠢᠨ ᠲᠤᠭᠠᠨ ᠤ ᠰᠢᠯᠭᠠᠯᠲᠠ ᠪᠠᠨ ᠬᠡᠦᠬᠡᠨ ᠮᠢᠨᠢ ᠬᠠᠨᠤᠮᠵᠢ ᠦᠭᠡᠢ ᠰᠢᠯᠭᠠᠭᠰᠠᠨ ᠪᠤᠯᠤᠯᠲᠠᠢ ᠶᠡᠬᠡ ᠤᠷᠮ᠎ᠠ ᠦᠭᠡᠢ ᠃ ᠨᠢᠭᠡᠨᠲᠠ ᠰᠢᠯᠭᠠᠴᠢᠬᠠᠭᠰᠠᠨ ᠰᠢᠯᠭᠠᠯᠲᠠ ᠶᠢᠨ ᠲᠤᠬᠠᠢ ᠳᠤᠷᠠᠳᠴᠤ ᠪᠤᠯᠬᠤ ᠦᠭᠡᠢ ᠭᠡᠵᠦ ᠬᠡᠯᠡᠵᠦ ᠪᠠᠶᠢᠭᠰᠠᠨ ᠬᠦᠮᠦᠨ ᠴᠢᠨᠢ ᠦᠪᠡᠷᠲᠡᠭᠡᠨ ︽ ᠡᠨᠡ ᠶᠢ ᠨᠢ ᠴᠢᠳᠠᠭᠰᠠᠨ ᠦᠭᠡᠢ ᠂ ᠲᠡᠭᠦᠨ ᠢ ᠨᠢ ᠬᠢᠵᠦ ᠵᠠᠪᠳᠤᠭᠰᠠᠨ ᠦᠭᠡᠢ︾ ᠭᠡᠬᠦᠴᠢᠯᠡᠨ ᠶᠠᠷᠢᠵᠦ ᠯᠡ ᠪᠠᠶᠢᠯ᠎ᠠ ᠃
ᠬᠣᠶᠠᠳᠤᠭᠠᠷ ᠡᠳᠦᠷ ᠨᠢ ᠪᠤᠯᠬᠤ ᠳᠤ ᠰᠢᠯᠭᠠᠯᠲᠠ ᠨᠢ ᠡᠩ ᠦᠨ ᠦᠶ᠎ᠡ ᠶᠢᠨ ᠰᠢᠯᠭᠠᠯᠲᠠ ᠲᠠᠢ ᠢᠯᠭᠠᠭ᠎ᠠ ᠴᠦ ᠦᠭᠡᠢ ᠪᠤᠳᠤᠭᠳᠠᠵᠤ ᠬᠡᠪ ᠦᠨ ᠪᠠᠶᠢᠳᠠᠯ ᠢᠶᠠᠷ ᠦᠩᠭᠡᠷᠡᠯ᠎ᠡ ᠃
ᠢᠩᠭᠢᠭᠡᠳ ᠯᠡ ᠤᠯᠤᠰ ᠤᠨ ᠰᠢᠯᠭᠠᠯᠲᠠ ᠦᠩᠭᠡᠷᠡᠵᠦ ᠂ ᠵᠠᠯᠭᠠᠭᠠᠳ ᠰᠢᠯᠭᠠᠯᠲᠠ ᠶᠢᠨ ᠬᠤᠪᠢ ᠪᠠᠨ ᠬᠦᠯᠢᠶᠡᠬᠦ ᠱᠠᠲᠤᠨ ᠳᠤ ᠪᠠᠨ ᠣᠷᠣᠯ᠎ᠠ ᠃