 

ᠲᠠ ᠬᠤᠳᠠᠯ ᠬᠡᠯᠡᠳᠡᠭ ᠦᠦ

2022-12-03 11:01
  53
  0
 

  ᠨᠣᠮ ᠤᠨ ᠨᠡᠷ᠎ᠡ ᠶᠢ ᠠᠪᠤᠨ ᠦᠵᠡᠬᠦ ᠳ᠋ᠦ ᠲᠠᠭᠠᠯᠠᠮᠵᠢ ᠪᠠᠷ ᠠᠨᠠᠢ ᠰᠠᠨᠠᠭᠳᠠᠳᠠᠭ ᠴᠦ᠂ ᠡᠬᠢᠯᠡᠵᠦ ᠤᠩᠰᠢᠪᠠᠯ ᠦᠵᠡᠯᠲᠡ  ᠶᠢ ᠬᠤᠪᠢᠷᠠᠭᠠᠳᠠᠭ ᠁
  ᠵᠣᠬᠢᠶᠠᠭᠴᠢ ᠰᠲ᠋ᠤᠤ ᠲᠤᠮᠢᠤᠤ 1932 ᠣᠨ ᠎ᠳ᠋ᠤ᠌ ᠬᠤᠺᠺᠠᠢᠳᠤᠤ᠋ ᠶᠢᠨ ᠨᠢᠭᠡᠨ ᠲᠠᠷᠢᠶᠠᠯᠠᠩ ᠤᠨ ᠲᠠᠯᠠᠪᠠᠢ ᠳᠤ ᠲᠥᠷᠥᠵᠡᠢ ᠃ ᠲᠡᠷᠡ ᠥᠨᠳᠥᠷ ᠳᠤᠮᠳᠠᠳᠤ᠎ ᠶ᠋ᠢᠨ ᠦᠶ᠎ᠡ ᠎ᠳ᠋ᠦ᠍ ᠨᠠᠢᠵᠠ ᠎ᠳ᠋ᠤ᠌ ᠎ᠪᠠᠨ ᠄ ︽ ᠡᠳᠦᠷᠵᠢᠨ ᠠᠵᠢᠯᠯᠠᠬᠤ ᠨᠢ ᠨᠠᠳᠠ ᠎ᠳ᠋ᠤ᠌ ᠠᠪᠴᠤ ᠬᠡᠯᠡᠪᠡᠯ ᠳᠤᠩ ᠠᠪᠤᠰᠢ ᠦᠭᠡᠢ ᠃ ᠬᠣᠵᠢᠮ ᠪᠢ ᠵᠠᠪᠠᠯ ᠠᠵᠤ ᠠᠬᠤᠢᠯᠠᠯᠲᠠᠳ ᠯᠠ ᠣᠯᠳᠠᠭ ᠥᠨᠳᠥᠷ ᠴᠠᠯᠢᠩ ᠠᠪᠴᠦ ᠂ ᠡᠷᠬᠢᠮ ᠢᠵᠠᠭᠤᠷᠲᠠᠨ ᠳᠤ ᠯᠠ ᠰᠠᠶᠢ ᠪᠠᠢᠳᠠᠭ ᠵᠦᠢᠯᠡᠰ ᠢ ᠬᠢᠵᠦ ᠡᠳ᠋ᠯᠡᠬᠦ ᠶᠤᠮ︾ ᠭᠡᠵᠦ ᠣᠩᠭᠢᠷᠠᠳᠠᠭ ᠪᠠᠢᠵᠠᠢ᠃ ᠲᠤᠬᠠᠢ ᠎ᠶ᠋ᠢᠨ ᠦᠶ᠎ᠡ ᠎ᠶ᠋ᠢᠨ ᠬᠥᠮᠦᠰ ᠤᠨ ᠦᠵᠡᠬᠦ ᠎ᠪᠡᠷ ᠂ ᠡᠨᠡ ᠨᠢ ᠨᠢᠭᠡᠨ ᠲᠠᠷᠢᠶᠠᠴᠢᠨ ᠤ ᠬᠡᠦᠬᠡᠳ ᠤᠨ ᠬᠤᠳᠠᠯ ᠦᠭᠡ ᠣᠩᠭᠢᠷᠠᠭ᠎ᠠ ᠵᠣᠭᠤᠭ ᠲᠡᠳᠦᠢ ᠶᠤᠮ ᠃ ᠬᠣᠵᠢᠮ ᠨᠢ ᠲᠡᠷᠡ ᠸᠠᠰᠠᠢᠳᠠ︵わせだ ︶ᠶᠡᠬᠡ ᠰᠤᠷᠭᠠᠭᠤᠯᠢ᠎ ᠳ᠋ᠤ᠌ ᠰᠢᠯᠭᠠᠨ ᠣᠷᠣᠵᠤ ᠂ ᠡᠵᠡᠩᠨᠡᠯᠲᠡ ᠎ᠶ᠋ᠢᠨ ᠤᠬᠠᠭᠠᠨ ᠂ ᠹᠢᠽᠢᠺ ᠂ ᠠᠨᠠᠭᠠᠬᠤ ᠤᠬᠠᠭᠠᠨ ᠂ ᠲᠠᠷᠢᠶᠠᠯᠠᠩ᠎ ᠤᠨ ᠤᠬᠠᠭᠠᠨ ᠤ ᠳ᠋ᠣᠺᠲ᠋ᠣᠷ ᠪᠣᠯᠵᠤ ᠂ ᠭᠠᠳᠠᠭᠠᠳᠤ ᠠᠵᠤ ᠠᠬᠤᠢᠯᠠᠯ᠎ ᠤᠨ ᠭᠣᠣᠯ ᠬᠠᠮᠢᠶᠠᠷᠤᠭᠴᠢ ᠂ ᠠᠮᠧᠷᠢᠺᠠ ᠎ᠶ᠋ᠢᠨ ᠶᠢ᠍ᠤᠨᠢᠶᠤᠨ Union ᠶᠡᠬᠡ ᠰᠤᠷᠭᠠᠭᠤᠯᠢ᠎ ᠶ᠋ᠢᠨ ᠡᠷᠡᠭᠦᠯ ᠮᠡᠨᠳᠦ᠎ ᠶ᠋ᠢᠨ ᠰᠢᠨᠵᠢᠯᠡᠬᠦ ᠤᠬᠠᠭᠠ ᠤ ᠰᠤᠳᠤᠯᠭᠠᠨ ᠤ ᠭᠠᠵᠠᠷ᠎ ᠤᠨ ᠳᠠᠷᠤᠭ᠎ᠠ ᠂ ᠠᠮᠧᠷᠢᠺᠠ᠎ ᠶ᠋ᠢᠨ ᠺᠠᠯᠢᠹᠦᠷᠨᠢᠶ᠎ᠠ ᠵᠧᠦ᠎ ᠶ᠋ᠢᠨ ᠫᠠᠲ᠋ᠧᠡᠨᠲ Patent ᠶᠡᠬᠡ ᠰᠤᠷᠭᠠᠭᠤᠯᠢ᠎ ᠶ᠋ᠢᠨ ᠵᠠᠬᠢᠷᠤᠯ ᠂ ᠷᠤᠮᠠᠨᠢᠶ᠎ᠠ ᠎ᠶ᠋ᠢᠨ ᠰᠪᠦᠯᠦ᠋ ᠬᠠᠯᠸᠢ ᠶᠡᠬᠡ ᠰᠤᠷᠭᠠᠭᠤᠯᠢ ᠎ᠶ᠋ᠢᠨ ᠫᠷᠣᠹᠧᠰᠰᠣᠷ ᠪᠣᠯᠵᠤ ᠂ ᠵᠠᠭᠤ ᠭᠠᠷᠤᠢ ᠨᠣᠮ ᠵᠣᠬᠢᠶᠠᠯ ᠪᠢᠴᠢᠵᠦ ᠂ ᠣᠷᠣᠯᠭ᠎ᠠ ᠨᠢ ᠡᠩ ᠤᠨ ᠠᠵᠤ ᠠᠬᠤᠢᠯᠠᠯᠲᠠᠳ ᠎ᠡᠴᠡ ᠮᠠᠰᠢ ᠣᠯᠠᠨ ᠳᠠᠬᠢᠨ ᠥᠨᠳᠥᠷ ᠮᠥᠷᠲᠡᠭᠡᠨ ᠢᠵᠠᠭᠤᠷᠲᠠᠨ ᠤ ᠠᠮᠢᠳᠤᠷᠠᠯ ᠡᠳ᠋ᠯᠡᠨ ᠰᠤᠮᠤᠨ ᠣᠩᠭᠣᠴᠠᠨ ᠎ᠳ᠋ᠤ᠌ ᠰᠠᠭᠤᠵᠤ ᠵᠤᠭᠠᠴᠠᠬᠤ ᠂ ᠠᠩ ᠠᠩᠨᠠᠬᠤ ᠂ ᠴᠠᠰᠤ ᠭᠤᠯᠭᠤᠬᠤ᠂ ᠵᠢᠷᠠᠨ ᠬᠡᠳᠤᠨ ᠨᠠᠰᠤᠳᠠᠢ︵ ᠥᠪᠡᠷ ᠢ ᠪᠠᠨ ᠬᠡᠵᠢᠶᠡᠳᠡ 20 ᠨᠠᠰᠤ ᠵᠠᠯᠠᠭᠤ ᠪᠡᠷ ᠪᠤᠳᠤᠵᠦ ᠶᠠᠷᠢᠵᠦ ᠶᠠᠪᠤᠳᠠᠭ︶ᠳᠤ ᠪᠠᠨ ᠤᠮᠠᠷᠠᠳᠤ ᠳᠤᠢᠯ ᠳᠤ ᠬᠦᠷᠴᠦ ᠡᠰᠺᠢᠮᠣᠰ ᠬᠥᠮᠦᠨ ᠲᠠᠢ ᠬᠠᠮᠳᠤ ᠠᠮᠢᠳᠤᠷᠠᠨ ᠨᠣᠬᠠᠢ ᠬᠥᠯᠯᠡᠳᠡᠭ ᠴᠢᠷᠭ᠎ᠠ ᠳᠤ ᠰᠠᠭᠤᠬᠤ ᠁ ᠵᠡᠷᠭᠡ ᠠᠮᠢᠳᠤᠷᠠᠯ ᠬᠢᠬᠦ ᠪᠣᠯᠵᠠᠢ᠃
ᠡᠩ ᠤᠨ ᠶᠠᠷᠢᠶᠠᠨ ᠳᠤ︽ᠬᠤᠳᠠᠯ ᠦᠭᠡ ᠵᠢ ᠮᠢᠩᠭ᠋ᠠᠨᠳᠠ ᠳᠠᠪᠳᠠᠪᠠᠯ ᠳᠠᠷᠤᠢ ᠦᠨᠡᠨ ᠶᠣᠰᠤ ᠪᠣᠯᠳᠠᠭ︾ ᠭᠡᠰᠡᠨ ᠦᠭᠡ ᠪᠠᠢᠳᠠᠭ᠃ ᠲᠡᠷᠡ ᠥᠪᠡᠷ ᠤᠨ ᠠᠮᠵᠢᠯᠲᠠ ᠣᠯᠤᠭᠰᠠᠨ ᠥᠩᠭᠡᠷᠡᠯᠲᠡ ᠎ᠡᠴᠡ ᠬᠤᠳᠠᠯ ᠦᠭᠡ ᠎ᠶ᠋ᠢᠨ ᠠᠤᠭ᠎ᠠ ᠶᠡᠬᠡ ᠰᠦᠷ ᠬᠦᠴᠦᠨ ᠢ ᠤᠯᠵᠦ ᠮᠡᠳᠡᠭᠰᠡᠨ ᠪᠥᠭᠡᠳ ᠬᠡᠴᠢᠨᠡᠭᠡᠨ ᠪᠦᠳᠦᠭᠡᠯᠴᠢ ᠬᠥᠮᠦᠨ ᠪᠣᠯ ᠳᠡᠳᠤᠢ ᠴᠢᠨᠡᠭᠡᠨ ᠬᠤᠳᠠᠯ ᠬᠡᠯᠡᠳᠡᠭ ᠠᠪᠢᠶᠠᠰᠲᠠᠨ ᠭᠡᠳᠡᠭ ᠢ ᠮᠡᠳᠡᠵᠡᠢ ᠃ ᠰᠣᠨᠢ︵Sony︶ᠵᠢ ᠡᠭᠦᠰᠭᠡᠨ ᠪᠠᠢᠭᠤᠯᠤᠭᠴᠢ ᠢᠹᠦᠺᠠ ᠳ᠋ᠠᠢ︵Ibuka dai︶ ᠪᠣᠯᠤᠨ ᠮᠤᠷᠢᠲ᠋ᠠ ᠠᠺᠢᠣ᠋ ︵Morita akio︶ᠠᠪᠤᠭᠠᠢ ᠬᠣᠶᠠᠳᠤᠭᠠᠷ ᠲᠡᠢᠨ ‍ᠣ ᠳᠠᠷᠠᠭᠠᠬᠢ ᠦᠨᠡᠰᠦᠨ ᠲᠣᠪᠷᠠᠭ ᠳᠡᠭᠡᠷ᠎ᠡ ᠡᠠᠵᠢᠯ ᠤᠨ ᠦᠷᠤᠭᠡ ᠪᠠᠢᠭᠤᠯᠵᠤ ᠂ ︽ ᠦᠢᠯᠡᠳᠪᠤᠷᠢ ᠪᠠᠨ ᠵᠠᠪᠠᠯ ᠪᠦᠬᠦ ᠪᠥᠮᠪᠦᠷᠴᠡᠭ ᠤᠨ ᠬᠡᠪᠴᠢᠶᠡᠨ ᠤ ᠳᠣᠮᠤ ᠠᠵᠦ ᠠᠬᠤᠢᠯᠠᠯ ᠪᠣᠯᠭᠠᠨ᠎ᠠ︾᠂︽ ᠪᠢᠳᠡᠨ ᠤ ᠮᠡᠷᠭᠡᠵᠢᠯ ᠯᠠᠪᠳᠠᠢ ᠳᠡᠯᠡᠬᠡᠢ ᠳᠤ ᠲᠡᠷᠢᠭᠦᠯᠡᠨ᠎ᠡ︾ᠭᠡᠵᠦ ᠳᠠᠬᠢᠨ ᠳᠠᠪᠲᠠᠨ ᠶᠠᠷᠢᠳᠠᠭ ᠪᠠᠢᠪᠠ᠃ ᠳᠠᠢᠨ ᠤ ᠳᠠᠷᠠᠭ᠎ᠠ ᠡᠯ᠎ᠡ ᠲᠠᠯ᠎ᠠ ᠪᠡᠷ ᠶᠡᠬᠡᠪᠡᠷ ᠬᠣᠬᠢᠷᠠᠯ ᠤᠴᠠᠷᠠᠨ᠂ ᠬᠠᠮᠤᠭ ᠦᠨᠳᠦᠰᠦᠨ ᠠᠮᠢᠳᠤᠷᠠᠯ ᠤᠨ ᠪᠣᠳᠠᠰ ᠢᠶᠡᠨ ᠴᠦ ᠬᠠᠩᠭ᠋ᠠᠵᠦ ᠳᠡᠢᠯᠬᠦ ᠦᠭᠡᠢ ᠪᠠᠢᠭᠰᠠᠨ ᠪᠠᠢᠳᠠᠯ ᠳᠣᠣᠷ᠎ᠠ ᠲᠡᠳᠡ᠄︽ᠧᠦ᠋ᠷᠣᠫᠠ ᠠᠮᠧᠷᠢᠺᠠ᠎ ᠶ᠋ᠢᠨ ᠠᠵᠤ ᠠᠬᠤᠢᠯᠠᠯ ᠎ᠲᠠᠢ ᠥᠷᠢᠰᠦᠯᠳᠦᠵᠦ ᠂ ᠳᠡᠯᠡᠬᠡᠢ ᠎ᠶ᠋ᠢᠨ ᠲᠡᠷᠢᠭᠦᠨ ᠪᠣᠯᠤᠨ᠎ᠠ︾ᠭᠡᠵᠦ ᠶᠡᠬᠡ ᠦᠭᠡ ᠬᠡᠯᠡᠳᠡᠭ ᠨᠢ ᠡᠩ ᠤᠨ ᠬᠥᠮᠦᠰ  ᠤᠨ ᠦᠵᠡᠬᠦ᠎ ᠪᠡᠷ ᠬᠤᠳᠠᠯ ᠦᠭᠡ᠂ ᠬᠥᠮᠦᠨ ᠢ ᠮᠡᠬᠡᠯᠡᠵᠦ ᠪᠠᠢᠭ᠎ᠠ ᠪᠣᠯ ᠤᠤ ᠭᠡᠵᠦ ᠦᠵᠡᠬᠦ ᠳᠠᠮᠵᠢᠭ ᠦᠭᠡᠢ ᠂ ᠭᠡᠪᠡᠴᠦ ᠰᠤᠨᠢᠴᠤᠳ ᠳᠠᠷᠤᠢ ᠡᠢᠮᠦ ᠬᠤᠳᠠᠯ ᠦᠭᠡ ᠶ᠋ᠢᠨ ᠵᠣᠷᠢᠭᠵᠢᠭᠤᠯᠤᠯ ᠳᠣᠣᠷ᠎ᠠ ᠂ ᠳᠡᠯᠡᠬᠡᠢ ᠶᠢᠨ ᠲᠡᠷᠢᠭᠦᠨ ᠳᠡᠳ᠋ ᠲᠤ ᠵᠢᠭᠰᠠᠭᠠᠭᠳᠠᠬᠤ ᠮᠡᠷᠭᠡᠵᠢᠯᠲᠡᠨ ᠤ ᠪᠦᠯᠬᠦᠮ ᠲᠠᠢ ᠲᠣᠮᠣ ᠺᠣᠮᠫᠠᠨᠢ ᠪᠣᠯᠤᠭᠰᠠᠨ ᠪᠠᠢᠨ᠎ᠠ ᠁
ᠬᠡᠨ ᠴᠦ᠍ ᠪᠣᠯᠤᠭ ᠂ ᠥᠪᠡᠷ ᠤᠨ ᠠᠮᠢᠳᠤᠷᠠᠯ ᠨᠢ ᠥᠪᠡᠷ ᠤᠨ ᠬᠡᠯᠡᠭᠰᠡᠨ ᠬᠤᠳᠠᠯ ᠦᠭᠡ ᠪᠡᠷ ᠢᠶᠡᠨ ᠲᠣᠭᠲᠠᠭᠠᠭᠳᠠᠨ᠎ᠠ ᠃ ᠴᠢᠨᠦ ᠡᠳᠦᠷ ᠪᠦᠷᠢ᠎ ᠶ᠋ᠢᠨ ᠬᠡᠯᠡᠭᠰᠡᠨ ᠦᠭᠡ ᠴᠢᠨᠢ ᠪᠦᠷ ᠴᠢᠨᠦ ᠡᠳᠦᠷ ᠪᠦᠷᠢ ᠎ᠶ᠋ᠢᠨ ᠠᠮᠢᠳᠤᠷᠠᠯ ᠤᠨ ᠴᠢᠭᠯᠡᠯ᠎ ᠢ ᠲᠣᠳᠣᠷᠬᠠᠢ ᠵᠢᠭᠠᠵᠤ ᠥᠭᠳᠡᠭ᠃ ᠭᠡᠪᠡᠴᠦ ᠂ ᠶᠢᠷᠲᠢᠨᠴᠦ ᠳᠡᠭᠡᠷ᠎ᠡ ᠬᠥᠮᠦᠨ ᠢ ᠵᠣᠯ ᠵᠢᠷᠭᠠᠯ ᠎ᠲᠠᠢ ᠪᠣᠯᠭᠠᠬᠤ ᠬᠤᠳᠠᠯ ᠦᠭᠡ ᠪᠠᠢᠨ᠎ᠠ ᠂ ᠪᠠᠰᠠ ᠵᠣᠪᠠᠯᠠᠩ ᠳᠤ ᠤᠨᠠᠭᠠᠬᠤ ᠬᠤᠳᠠᠯ ᠦᠭᠡ ᠪᠠᠢᠨ᠎ᠠ ᠭᠡᠳᠡᠭ ᠢ︽ ᠮᠢᠩᠭᠤᠳᠵᠢᠨ ᠳᠤ ᠲᠠᠭᠠᠷᠠᠯᠳᠤᠭᠰᠠᠨ ᠤᠴᠠᠷᠠᠯ︾ ᠪᠠ︽ ᠴᠢᠨᠤ᠎ᠠ ᠢᠷᠡᠯ᠎ᠡ︾ ᠭᠡᠬᠦ ᠦᠯᠢᠭᠡᠷ ᠢᠶᠡᠷ ᠡᠰᠢᠯᠡᠨ ᠳᠤᠳᠤᠷᠬᠠᠢ ᠶᠠᠷᠢᠵᠠᠢ ᠃
  ᠲᠤᠰ ᠨᠣᠮ ᠳᠤ᠂ ᠵᠣᠬᠢᠶᠠᠭᠴᠢ ᠡᠴᠡ ᠥᠪᠡᠷ ᠤᠨ ᠥᠩᠭᠡᠷᠡᠭᠡᠯᠲᠡ ᠪᠠ ᠡᠳᠤᠢ ᠲᠡᠳᠦᠢ ᠪᠤᠳᠠᠳᠤ ᠵᠢᠱᠢᠶ᠎ᠡ᠂ ᠳᠡᠯᠡᠬᠡᠢ ᠳᠤ ᠨᠡᠷ᠎ᠡ ᠨᠥᠯᠦᠭᠡ ᠲᠠᠢ ᠲᠤᠷᠰᠢᠯᠲᠠ ᠶᠢᠨ ᠦᠷ᠎ᠡ ᠳ᠋ᠦᠩ ᠵᠢᠴᠢ ᠨᠥᠯᠦᠭᠡ ᠶᠡᠬᠡ ᠲᠠᠢ ᠦᠯᠢᠭᠡᠷ ᠺᠢᠨᠣ᠋ ᠵᠡᠷᠭᠡ ᠪᠡᠷ ᠵᠢᠱᠢᠶᠡᠯᠡᠨ ᠡᠳ᠋ ᠬᠥᠷᠦᠩᠭᠡ᠂ ᠠᠵᠢᠯ ᠦᠢᠯᠡᠰ᠂ ᠬᠥᠮᠦᠵᠢᠯ ᠪᠣᠯᠪᠠᠰᠤᠷᠠᠯ᠂ ᠢᠨᠠᠭ ᠳᠤᠷᠠᠯᠠᠯ᠂ ᠡᠷᠡᠭᠦᠯ ᠮᠡᠨᠳᠤ ᠵᠢᠴᠢ ᠬᠥᠮᠦᠰ ᠤᠨ ᠬᠣᠭᠤᠷᠤᠨᠳᠤᠬᠢ ᠬᠠᠷᠢᠴᠠᠭ᠎ᠠ ᠵᠡᠷᠭᠡ ᠲᠠᠯ᠎ᠠ ᠳᠤ ᠯᠤᠳᠤ ᠶᠡᠬᠡ ᠨᠥᠯᠦᠭᠡ ᠦᠵᠡᠭᠦᠯᠵᠦ ᠪᠣᠯᠬᠤ 10 ᠵᠦᠢᠯ ᠤᠨ︽ᠬᠤᠳᠠᠯ ᠬᠡᠯᠡᠬᠦ ᠵᠢᠮ᠎ᠡ ᠬᠠᠤᠯᠢ ︾ ᠵᠢᠴᠢ ᠲᠡᠭᠦᠨ ᠢ ᠪᠣᠳᠠᠲᠠᠢᠵᠢᠭᠤᠯᠬᠤ ᠠᠷᠭ᠎ᠠ ᠵᠢ ᠲᠠᠨᠢᠯᠴᠠᠭᠤᠯᠵᠠᠢ ᠃ ᠦᠭᠡ ᠳᠤ ᠡᠨᠧᠷᠭᠢ ᠲᠠᠢ ᠬᠦᠴᠦ ᠲᠠᠢ ᠪᠠᠢᠳᠠᠭ᠃ ᠬᠤᠳᠠᠯ ᠦᠭᠡ ᠶᠢᠨ ᠨᠢᠭᠤᠴᠠ ᠨᠢ ᠬᠥᠮᠦᠨ ᠲᠥᠷᠦᠯᠭᠢᠲᠡᠨ ᠤ ᠶᠡᠬᠡ ᠲᠠᠷᠢᠬᠢ ᠪᠣᠯᠤᠨ ᠪᠡᠶ᠎ᠡ ᠴᠣᠭᠴᠠᠰ ᠲᠤ ᠳᠠᠯᠳᠠᠯᠠᠭᠳᠠᠨ ᠤᠷᠤᠰᠢᠵᠦ ᠪᠠᠢᠳᠠᠭ᠃ ᠬᠡᠷᠪᠡ ᠲᠠ ᠢᠳᠡᠪᠬᠢᠲᠡᠢ ᠦᠭᠡ ᠬᠡᠯᠡ ᠎ᠪᠡᠨ ᠦᠷᠭᠦᠯᠵᠢᠯᠡᠨ ᠬᠡᠷᠡᠭᠯᠡᠪᠡᠯ ᠂ ᠶᠡᠬᠡ ᠲᠠᠷᠢᠬᠢ ᠳᠠᠷᠤᠢ ᠠᠶᠠᠨᠳᠠᠭᠠᠨ ᠬᠠᠮᠢᠶ᠎ᠠ ᠪᠦᠬᠦᠢ ᠮᠡᠳᠡᠭᠡ ᠵᠠᠩᠭᠢ᠎ ᠶ᠋ᠢ ᠡᠷᠢᠨ ᠣᠯᠳᠠᠭ᠃ ᠡᠨᠡ ᠨᠢᠭᠤᠴᠠ ᠎ᠶ᠋ᠢ ᠣᠢᠯᠠᠭᠠᠪᠠᠯ ᠬᠤᠪᠢ ᠵᠠᠶᠠᠭ᠎ᠠ ᠴᠢᠨᠢ ᠬᠣᠷᠣᠮᠬᠠᠨ ᠵᠠᠭᠤᠷ᠎ᠠ ᠬᠤᠪᠢᠷᠠᠵᠤ ᠪᠣᠯᠤᠨ᠎ᠠ᠃ ᠬᠤᠳᠠᠯ ᠦᠭᠡ ᠶᠢᠨ ᠰᠦᠷ ᠬᠦᠴᠦᠨ ᠬᠥᠮᠦᠰ ᠤᠨ ᠪᠡᠶ᠎ᠡ ᠮᠠᠬᠠᠪᠤᠳ ᠲᠦ ᠴᠦ ᠬᠤᠪᠢᠷᠠᠯᠲᠠ ᠭᠠᠷᠭᠠᠵᠦ ᠴᠢᠳᠠᠨ᠎ᠠ ᠭᠡᠵᠦ ᠰᠢᠨᠵᠢᠯᠡᠬᠦ ᠤᠬᠠᠭᠠᠨᠳᠠᠳ ᠬᠡᠷᠡᠴᠢᠯᠡᠭᠰᠡᠨ ᠪᠠᠢᠳᠠᠭ ᠢ ᠡᠰᠢᠯᠡᠨ ᠳᠠᠢᠯᠪᠤᠷᠢᠯᠠᠵᠠᠢ᠃
ᠣᠳᠣᠬᠢ ᠪᠠᠢᠳᠠᠯ ᠳ᠋ᠠᠭᠠᠨ ᠪᠤᠰᠤᠳᠴᠢ ᠲᠠᠯ᠎ᠠ ᠪᠡᠷ ᠬᠠᠨᠳᠤᠬᠤ ᠶᠢᠨ ᠬᠠᠮᠲᠦ ᠥᠪᠡᠷ ᠤᠨ ᠰᠠᠢᠨ ᠰᠠᠢᠬᠠᠨ ᠢᠷᠡᠭᠡᠳᠦᠢ ᠪᠠᠨ ᠳᠦᠷᠰᠦᠯᠡᠨ ᠵᠢᠷᠤᠭᠯᠠᠵᠦ ᠴᠢᠳᠠᠳᠠᠭ ᠪᠣᠯ ᠴᠢᠨᠤ ᠨᠢᠭᠡ ᠨᠠᠰᠤᠨ ᠤ ᠠᠮᠢᠳᠤᠷᠠᠯ ᠴᠢᠨᠢ ᠨᠡᠩ ᠬᠠᠪᠤᠳᠠᠢ ᠰᠠᠢᠬᠠᠨ ᠪᠤᠯᠵᠦ ᠬᠤᠪᠢᠷᠠᠬᠤ ᠶᠤᠮ ᠭᠡᠵᠦ ᠵᠣᠬᠢᠶᠠᠭᠴᠢ ᠡᠴᠡ ᠤᠩᠰᠢᠭᠴᠢᠳ ᠲᠤ ᠪᠠᠨ ᠬᠦᠰᠡᠨ ᠨᠠᠢᠳᠠᠵᠦ ᠳᠤᠰ ᠨᠣᠮ ᠢᠶᠡᠨ ᠪᠢᠴᠢᠭᠰᠡᠨ ᠪᠠᠢᠭ᠎ᠠ᠃ 



  
     
     