

ᠳ᠋ᠠᠭᠤᠯ ᠨᠠᠰᠤᠨᠳᠠᠨ ‍ᠣ ᠨᠠᠮᠳᠠᠷ

2023-12-23 11:35
  11
  0

ᠳ᠋ᠠᠭᠤᠯ ᠨᠠᠰᠤᠳᠠᠨ ‍ᠣ ᠲᠦᠭᠦᠮ ᠨᠠᠮᠳᠠᠷ
ᠦᠨᠦᠳᠦᠷ ᠦᠨ ᠨᠠᠶᠢᠷ ᠤᠨ ᠬᠤᠶᠢᠮᠤᠷ ᠲᠣ᠋ ᠰᠠᠭᠠᠳᠤᠭ᠎ᠠ ᠳ᠋ᠠᠭᠤᠯ ᠨᠠᠰᠤᠳᠠᠨ ᠪᠣᠯ ᠬᠦᠮᠦᠨ ‍ᠣ ᠤᠷᠴᠢᠯᠠᠩ ᠳ᠋ᠥ ᠨᠠᠶᠠᠨ ᠲᠠᠪᠤᠨ ᠬᠠᠪᠤᠷ ᠨᠠᠮᠤᠷ  ᠢ ᠨᠠᠮᠪᠠ ᠲᠠᠢ ᠰᠠᠶᠢᠬᠠᠨ ᠲᠤᠭᠤᠯᠵᠦ ᠶᠠᠪᠤᠭ᠎ᠠ ᠦᠨᠳᠦᠷ ᠨᠠᠰᠤᠨ ‍ᠣ ᠬᠤᠳᠤᠭ ᠪᠤᠶᠠᠨ  ᠢ ᠡᠳ᠋ᠯᠡᠵᠦ ᠶᠠᠪᠤᠭ᠎ᠠ ᠪᠤᠶᠠᠨᠳᠤ ᠤᠳᠤᠨ ᠪᠢᠯᠡ᠃ ᠳ᠋ᠠᠭᠤᠯ ᠨᠠᠰᠤᠳᠠᠨ ᠯᠤᠤ ᠵᠢᠯ ᠲᠠᠢ᠂ ᠲᠡᠭᠡᠷ᠎ᠡ ᠵᠠᠭᠤᠨ ‍ᠣ ᠲᠦᠴᠢᠭᠡᠳ ᠤᠨ ‍ᠣ ᠠᠩᠬᠠᠳᠤᠭᠴᠢ ᠵᠢᠯ ᠳ᠋ᠥ ᠠᠷᠤ ᠬᠤᠷᠴᠢᠨ ᠬᠤᠰᠢᠭᠤᠨ ‍ᠣ ᠰᠢᠨ ᠮᠢᠨ ᠰᠢᠶᠠᠩ ᠤᠨ ᠠᠤᠬᠠᠨ ᠠᠶᠢᠯ  ᠲᠤᠰᠬᠤᠨ ‍ᠣ ᠰᠢᠨ ᠤᠪᠤᠭᠳᠤ ᠡᠷᠳᠡᠨᠢᠸᠠᠴᠢᠷ ᠤᠨ ᠠᠬᠠᠮᠠᠳ ᠦᠬᠢᠨ ᠨᠢ ᠪᠤᠯᠤᠨ ᠵᠠᠶᠠᠭᠠᠭᠰᠠᠨ ᠶᠤᠮ᠃ ᠲᠡᠭᠦᠨ ‍ᠣ ᠡᠨᠡᠬᠦ ᠨᠠᠶᠠᠨ ᠲᠠᠪᠤᠨ ᠵᠢᠯ ᠦᠨ ᠲᠤᠷᠰᠢᠬᠢ ᠨᠠᠮᠳᠠᠷ ᠲᠡᠤᠬᠡ ᠶ᠋ᠢ ᠨᠠᠰᠤᠨ ᠪᠠᠶᠠᠷ ᠤᠨ ᠨᠢᠵᠢᠭᠢᠷ ᠨᠠᠶᠢᠷ ᠲᠣ᠋ ᠮᠤᠷᠢᠯᠠᠨ ᠰᠠᠭᠠᠳᠤᠭᠰᠠᠨ ᠡᠷᠬᠢᠮ ᠬᠦᠨᠳᠦᠳᠦ ᠵᠤᠴᠢᠳ ᠲᠠᠨᠠᠷ ᠲᠠᠭᠠᠨ ᠲᠤᠤᠷᠠᠬᠢ ᠮᠡᠳᠦ ᠲᠦᠭᠦᠮ ᠢᠶᠡᠷ ᠲᠠᠨᠢᠯᠴᠠᠭᠤᠯᠤᠶ᠎ᠠ᠃
        ᠨᠢᠭᠡ᠂ ᠮᠠᠷᠳᠠᠭᠳᠠᠰᠢ ᠦᠭᠡᠢ ᠬᠡᠤᠬᠡᠳ ᠦᠶ᠎ᠡ
   ᠳ᠋ᠠᠭᠤᠯ ᠨᠠᠰᠤᠳᠠᠨ ‍ᠣ ᠲᠤᠭᠠᠴᠢᠯᠳᠠ ᠠᠴᠠ ᠰᠤᠨᠤᠰᠬᠤ ᠳ᠋ᠥ ᠲᠡᠷᠡᠪᠡᠷ ᠬᠠᠷᠬᠠᠨ ᠪᠠᠯᠴᠢᠷ ᠪᠠᠭ᠎ᠠ ᠵᠢᠷᠭᠤᠭᠠᠳᠠᠶᠢᠬᠠᠨ ᠲᠡᠷᠡ ᠵᠢᠯ ᠭᠠᠢ ᠭᠠᠵᠠᠷ ᠲᠤᠤᠷ᠎ᠠ ᠠᠴᠠ ᠭᠡᠭᠴᠢ ᠵᠤᠯ ᠪᠤᠰᠤ ᠪᠠᠷ ᠡᠨᠡᠷᠢᠯ ᠦᠨ ᠲᠡᠭᠷᠢ ᠡᠵᠢ ᠡᠴᠡ ᠪᠠᠨ ᠬᠤᠶᠠᠷᠬᠠᠨ ᠨᠠᠰᠤᠳᠠᠢ ᠨᠢᠯᠬ᠎ᠠ ᠪᠠᠭ᠎ᠠ ᠦᠬᠢᠨ ᠲᠡᠭᠦᠦ ᠲᠠᠢ ᠪᠠᠨ ᠬᠠᠮᠳᠤ ᠲᠤᠶᠢᠯ ᠤᠨ ᠶᠡᠬᠡ ᠡᠮᠭᠡᠨᠢᠯ ᠭᠠᠰᠢᠭᠤᠳᠠᠯ ᠲᠠᠢ ᠪᠠᠷ ᠦᠨᠦᠴᠢᠷᠡᠨ ᠬᠤᠴᠤᠷᠠᠭᠰᠠᠨ ᠭᠡᠳᠡᠭ᠃ ᠲᠡᠭᠦᠨ ‍ᠣ ᠭᠠᠰᠢᠭᠤᠨ ᠨᠢᠯᠪᠦᠰᠦᠳᠤ ᠬᠡᠤᠬᠡᠳ ᠨᠠᠰᠤᠨ ‍ᠣ ᠠᠵᠠ ᠪᠤᠰᠤ ᠦᠨᠦᠴᠢᠷᠡᠯ ᠭᠠᠴᠢᠭᠳᠠᠯ ᠨᠢ ᠲᠡᠷᠡᠬᠡᠨ ᠭᠱᠠᠨ ᠳ᠋ᠥ ᠲᠡᠭᠷᠢ ᠨᠤᠷᠠᠵᠦ ᠭᠠᠵᠠᠷ ᠶᠡᠭᠦᠷᠡᠭᠰᠡᠨ ᠮᠡᠳᠦ ᠪᠤᠯᠵᠦ᠂ ᠦᠨᠦᠴᠢᠨ ᠡᠭᠡᠴᠢ ᠲᠡᠭᠦᠦ ᠬᠤᠶᠠᠷ ᠲᠣ᠋ ᠭᠡᠷ ᠬᠤᠭᠤᠰᠤᠨ᠂ ᠰᠡᠳᠭᠢᠯ ᠬᠤᠭᠤᠰᠤᠨ᠂ ᠶᠢᠷᠳᠢᠨᠴᠦ ᠬᠤᠭᠤᠰᠤᠨ ᠪᠤᠯᠤᠭᠠᠳ᠂ ᠦᠨᠦᠴᠢᠷᠡᠯ ᠵᠤᠪᠠᠯᠠᠩ ᠤᠨ ᠬᠦᠯ ᠦᠭᠡᠢ ᠲᠠᠮᠤ ᠳ᠋ᠥ ᠤᠨᠠᠭᠰᠠᠨ ᠰᠢᠭ᠋ ᠬᠠᠷᠠᠩᠭᠤᠶᠢᠳᠠᠵᠦ ᠪᠠᠶᠢᠭᠰᠠᠨ ᠶᠤᠮ ᠭᠡᠨ᠎ᠡ᠃ ᠲᠤᠬᠠᠢ ᠶᠢᠨ ᠦᠶ᠎ᠡ ᠳ᠋ᠥ ᠲᠡᠷᠡ ᠬᠡᠳᠦᠶᠢᠪᠡᠷ ᠨᠢᠯᠬ᠎ᠠ ᠪᠠᠯᠴᠢᠷ ᠬᠡᠤᠬᠡᠳ ᠪᠠᠶᠢᠭᠰᠠᠨ ᠴᠤ ᠵᠤᠷᠢᠭ ᠰᠦᠰᠦ ᠲᠠᠢ᠂ ᠰᠢᠨᠳᠠᠰᠤ ᠴᠢᠩᠭ᠎ᠠ ᠬᠡᠤᠬᠡᠳ ᠪᠠᠶᠢᠵᠦ᠂ ᠠᠴᠢᠯᠠᠯ ᠤᠨ ᠲᠡᠭᠷᠢ ᠠᠪᠤ ᠳ᠋ᠥ ᠪᠠᠨ ᠬᠠᠮᠵᠢᠵᠦ᠂ ᠬᠤᠶᠠᠷᠬᠠᠨ ᠨᠠᠰᠤᠳᠠᠢ ᠨᠢᠯᠬ᠎ᠠ ᠬᠡᠤᠬᠡᠳ ᠤᠨ ᠬᠠᠭᠤᠷᠠᠢ ᠨᠤᠶᠢᠳᠠᠨ ᠢ ᠴᠡᠪᠡᠷᠯᠡᠵᠦ᠂ ᠬᠤᠭᠤᠯᠠ ᠤᠮᠳᠠ ᠶ᠋ᠢ ᠨᠢ ᠤᠶᠢᠷᠠᠳᠤᠭᠤᠯᠵᠦ ᠦᠭᠳᠡᠭ ᠲᠦᠬᠦᠭᠡᠳᠡᠢ ᠬᠡᠤᠬᠡᠳ ᠪᠠᠶᠢᠭᠰᠠᠨ ᠭᠡᠳᠡᠭ᠃ ᠲᠤᠬᠠᠢ ᠶᠢᠨ ᠦᠶ᠎ᠡ ᠳ᠋ᠥ ᠠᠶᠢᠯ ᠠᠶᠢᠮᠠᠭ ᠬᠤᠯᠠ ᠤᠶᠢᠷ᠎ᠠ ᠶᠢᠨ ᠬᠡᠳᠦᠶᠢᠴᠢᠨᠡᠨ ᠤᠯᠠᠨ ᠠᠶᠢᠯ ᠤᠨ ᠬᠦᠮᠦᠰ ᠦᠬᠢᠨ ᠲᠡᠭᠦᠦ ᠶ᠋ᠢ ᠨᠢ ᠦᠷᠡᠴᠢᠯᠡᠨ ᠲᠡᠳᠭᠦᠬᠦ ᠪᠠᠷ ᠭᠤᠶᠤᠴᠢᠯᠠᠭᠰᠠᠨ ᠴᠤ ᠲᠡᠷᠡ ᠮᠠᠨᠢ ᠶᠡᠷᠦᠨᠢ ᠵᠦᠪᠰᠢᠶᠡᠷᠡᠭᠰᠡᠨ ᠦᠭᠡᠢ ᠪᠠᠶᠢᠭᠰᠠᠨ᠃ ᠲᠡᠷᠡ ᠠᠷᠠᠢ ᠯᠠ ᠭᠡᠵᠦ ᠠᠷᠪᠠᠨ ᠨᠠᠰᠤ ᠬᠦᠷᠦᠮᠡᠭᠴᠡ ᠪᠦᠬᠦ ᠭᠡᠷ ᠦᠨ ᠭᠠᠳᠠᠨ᠎ᠠ ᠲᠤᠳᠤᠨ᠎ᠠ ᠶᠢᠨ ᠠᠷᠰᠠᠷ ᠠᠵᠢᠯ ᠢ ᠪᠦᠬᠦᠨ ᠢ ᠵᠤᠬᠢᠴᠠᠭᠤᠯᠳᠠᠭ ᠪᠠᠶᠢᠭᠰᠠᠨ᠃ ᠲᠡᠭᠦᠨ ‍ᠣ ᠲᠤᠭᠠᠴᠠᠨ ᠦᠭᠦᠯᠡᠬᠦ ᠪᠠᠷ ᠠᠷᠪᠠᠳᠠᠢ ᠲᠡᠷᠡ ᠵᠢᠯ ᠳ᠋ᠥ ᠪᠠᠨ ᠨᠢᠭᠡ ᠤᠳᠠᠭ᠎ᠠ ᠬᠤᠭᠤᠯᠠ ᠪᠤᠳᠠᠭ᠎ᠠ ᠪᠠᠵᠠᠭᠠᠬᠤ ᠳ᠋ᠥ ᠪᠠᠨ ᠰᠠᠨᠠᠮᠰᠠᠷ ᠦᠭᠡᠢ ᠡᠴᠡ ᠪᠤᠯᠵᠦ᠂ ᠪᠤᠳᠠᠭ᠎ᠠ ᠪᠠᠨ ᠰᠢᠳᠠᠭᠠᠭᠰᠠᠨ ᠳ᠋ᠥ ᠲᠡᠭᠦᠨ ‍ᠣ ᠠᠪᠤ ᠨᠢ ᠠᠷᠪᠠ ᠬᠦᠷᠦᠭᠰᠡᠨ ᠦᠬᠢᠨ ᠪᠤᠳᠠᠭ᠎ᠠ ᠪᠠᠵᠠᠭᠠᠵᠦ ᠴᠢᠳᠠᠬᠤ ᠦᠭᠡᠢ ᠭᠡᠳ ᠲᠤᠩ ᠶᠡᠬᠡ ᠠᠭᠤᠷᠯᠠᠭᠠᠳ᠂ ᠴᠢᠨᠠᠭᠰᠠᠨ ᠪᠤᠳᠠᠭ᠎ᠠ ᠶ᠋ᠢ ᠨᠢ ᠪᠦᠬᠦᠨ ᠢ ᠭᠠᠬᠠᠢ ᠲᠡᠵᠢᠭᠡᠳᠡᠭ ᠴᠢᠯᠠᠭᠤᠨ ᠤᠩᠭᠤᠴᠠᠨ ᠳ᠋ᠥ ᠴᠢᠳᠬᠤᠭᠠᠳ ᠭᠠᠬᠠᠢ ᠶᠢᠨ ᠢᠳᠡᠰᠢ ᠪᠤᠯᠭᠠᠭᠠᠳ᠂ ᠨᠢᠭᠡ ᠰᠦᠨᠢ ᠨᠤᠶᠢᠷ ᠬᠤᠭᠤᠯᠠ ᠦᠭᠡᠢ ᠦᠯᠦᠰᠭᠦᠯᠡᠩ ᠬᠤᠨᠤᠭᠰᠠᠨ ᠭᠡᠳᠡᠭ᠃ ᠨᠡᠡ ᠮᠡᠳᠦ ᠠᠪᠤ ᠬᠦᠮᠦᠨ ‍ᠣ ᠬᠠᠯᠠ ᠲᠡᠢ ᠰᠤᠷᠭᠠᠯ ᠢ ᠤᠯᠠᠨᠳᠠ ᠬᠦᠷᠳᠡᠵᠦ ᠤᠬᠠᠭᠠᠨ ᠰᠠᠭᠤᠵᠦ᠂ ᠲᠦᠬᠦᠭᠡᠵᠢᠨ ᠲᠤᠮᠤᠭᠠᠵᠢᠵᠦ᠂ ᠦᠨᠦᠴᠢᠨ ᠦᠷᠦᠭᠡᠰᠦᠨ ᠡᠵᠢ ᠶᠢᠨ ᠬᠠᠶᠢᠷ᠎ᠠ ᠪᠠᠨ ᠠᠯᠳᠠᠭᠰᠠᠨ ᠠᠮᠢᠳᠤᠷᠠᠯ ᠤᠨ ᠬᠠᠯᠠ ᠵᠤᠪᠠᠯᠠᠩ ᠠᠮᠰᠠᠵᠦ ᠬᠠᠯᠠᠭᠤᠨ ᠴᠢᠯᠠᠭᠤ ᠲᠤᠯᠢᠶᠠᠵᠦ᠂ ᠬᠦᠮᠦᠨ ‍ᠣ ᠠᠮᠢᠳᠤᠷᠠᠯ ᠤᠨ ᠭᠠᠰᠢᠭᠤᠨ ᠭᠤᠱᠤᠭᠤᠨ ᠡᠬᠡᠭᠦᠨ ᠢᠰᠭᠦᠯᠡᠩ᠂᠂᠂᠂᠂᠂ ᠵᠢᠷᠭᠤᠭᠠᠨ ᠠᠮᠳᠠ᠂ ᠶᠢᠰᠦᠨ ᠰᠢᠳᠢ ᠶ᠋ᠢ ᠠᠮᠰᠠᠵᠦ᠂ ᠦᠢᠯᠡ ᠪᠠᠨ ᠦᠵᠡᠵᠦ ᠵᠤᠪᠠᠭᠤᠷᠢ ᠵᠦᠳᠡᠭᠦᠷᠢ ᠲᠠᠢ ᠬᠡᠤᠬᠡᠳ ᠨᠠᠰᠤ ᠪᠠᠨ ᠦᠩᠭᠡᠷᠡᠭᠦᠯᠵᠦ ᠪᠠᠶᠢᠭᠰᠠᠨ ᠪᠠ ᠵᠠᠷᠢᠮ ᠦᠶ᠎ᠡ ᠳ᠋ᠥ ᠬᠦᠳᠡᠭᠡ ᠬᠡᠭᠡᠷ᠎ᠡ ᠠᠵᠢᠯ ᠬᠦᠳᠡᠯᠮᠦᠷᠢ ᠬᠢᠵᠦ᠂ ᠠᠶᠤᠵᠦ ᠰᠤᠴᠢᠵᠦ ᠠᠶᠢᠳᠠᠰᠤ ᠬᠦᠷᠴᠦ᠂ ᠬᠦᠮᠦᠨ ᠠᠮᠢᠳᠠᠨ ᠳ᠋ᠥ ᠲᠤᠤᠷ᠎ᠠ ᠬᠠᠷᠠᠭᠳᠠᠵᠤ᠂ ᠠᠶᠢᠯ ᠤᠨ ᠬᠡᠤᠬᠡᠳ ᠲᠣ᠋ ᠦᠨᠦᠴᠢᠨ ᠪᠠᠭᠤᠷᠠᠢ ᠬᠡᠮᠡᠨ ᠮᠠᠭᠤ ᠦᠵᠡᠭᠳᠡᠵᠦ ᠪᠠᠶᠢᠭᠰᠠᠨ ᠢ ᠠᠯᠢ ᠶ᠋ᠢ ᠨᠢ ᠬᠡᠯᠡᠵᠦ᠂ ᠶᠠᠭᠤ ᠶ᠋ᠢ ᠨᠢ ᠲᠤᠭᠠᠴᠢᠭᠠᠳ ᠪᠠᠷᠠᠬᠤ ᠪᠤᠢ᠃ ᠬᠠᠶᠢᠷ᠎ᠠ ᠲᠠᠢ ᠬᠠᠯᠠ ᠲᠠᠢ ᠶᠢᠷᠳᠢᠨᠴᠦ ᠳ᠋ᠥ ᠪᠤᠷᠤ ᠡᠳᠦᠷ ᠰᠢᠷ᠎ᠠ ᠬᠤᠨᠤᠭ ᠢ ᠡᠯᠡᠭᠡᠵᠦ ᠪᠠᠶᠢᠭᠰᠠᠭᠠᠷ ᠬᠦᠮᠦᠨ ‍ᠣ ᠵᠡᠷᠭᠡ ᠳ᠋ᠥ ᠬᠦᠷᠦᠭᠰᠡᠨ ᠶᠤᠮ᠃ ᠬᠤᠵᠢᠮ ᠨᠢ ᠨᠠᠰᠤᠳᠠᠨ ‍ᠣ ᠪᠦᠬᠦ ᠪᠦᠯᠢ ᠪᠠᠷ ᠢᠶᠠᠨ ᠠᠮᠢᠳᠤᠷᠠᠯ ᠠᠳᠠᠯ ᠤᠨ ᠬᠡᠷᠡᠭᠴᠡᠭᠡ ᠱᠠᠭᠠᠷᠳᠠᠯᠭ᠎ᠠ ᠠᠴᠠ ᠪᠠᠨ ᠪᠤᠯᠵᠦ᠂ ᠤᠶᠢᠷ᠎ᠠ ᠲᠦᠷᠦᠯ ᠢᠶᠡᠨ ᠲᠦᠰᠢᠨ ᠲᠡᠨᠦᠭᠦᠴᠢᠯᠡᠵᠦ᠂ ᠵᠢᠭᠠᠰᠤᠳᠠᠢ ᠨᠢᠭᠡᠳᠦᠯ ᠦᠨ ᠦᠨᠳᠦᠷᠬᠤᠸᠠ ᠪᠠᠷᠢᠭᠠᠳᠠ ᠳ᠋ᠥ ᠨᠡᠭᠦᠳᠡᠯᠯᠡᠵᠦ ᠰᠠᠭᠤᠷᠢᠰᠢᠭᠰᠠᠨ ᠪᠠᠶᠢᠨ᠎ᠠ᠃
      ᠬᠤᠶᠠᠷ᠂ ᠬᠠᠳᠠᠮ ᠬᠠᠷᠢ ᠳ᠋ᠥ ᠪᠡᠷᠢ ᠪᠤᠯᠵᠦ ᠠᠮᠢᠳᠤᠷᠠᠭᠰᠠᠨ
ᠤᠯᠠᠨ ‍ᠣ ᠵᠦᠢ ᠤᠷᠴᠢᠯᠠᠩ  ᠤᠨ ᠶᠤᠰᠤ ᠪᠠᠷ ᠬᠡᠤᠬᠡᠨ ᠪᠡᠶ᠎ᠡ ᠦᠭᠡᠯᠠᠢ ᠪᠤᠯᠵᠦ᠂ ᠨᠠᠰᠤᠨ ‍ᠣ ᠬᠡᠮᠵᠢᠶ᠎ᠡ ᠠᠷᠪᠠᠨ ᠨᠠᠢᠮᠠᠳᠠᠢ ᠲᠡᠷᠡ ᠵᠢᠯ ᠪᠢᠯᠡ᠃ ᠦᠨᠳᠦᠷᠬᠤᠸᠠ ᠠᠶᠢᠯ ᠤᠨ ᠨᠢᠭᠡᠨ ᠵᠠᠭᠤᠴᠢ ᠬᠦᠭᠰᠢᠨ ‍ᠣ ᠲᠠᠨᠢᠯᠴᠠᠭᠤᠯᠭ᠎ᠠ ᠪᠠᠷ ᠵᠢᠭᠠᠰᠤᠳᠠᠢ ᠨᠢᠭᠡᠳᠦᠯ ᠦᠨ ᠦᠬᠡᠷᠴᠢᠯᠠᠭᠤ ᠪᠠᠷᠢᠭᠠᠳᠠ ᠶᠢᠨ ᠰᠠᠭᠤᠭᠠᠯᠢ ᠭᠠᠯᠴᠢᠨᠠᠷ ᠤᠪᠤᠭᠳᠤ ᠦᠯᠵᠡᠶᠢᠬᠤᠳᠤᠭ ᠤᠨ ᠠᠬᠠᠮᠠᠳ ᠬᠦᠪᠡᠭᠦᠨ ᠮᠧᠩᠱᠦ᠋ᠨ ᠲᠠᠢ ᠲᠠᠨᠢᠯᠴᠠᠵᠦ ᠬᠤᠷᠢᠮᠯᠠᠭᠠᠳ᠂ ᠬᠠᠯᠠᠭᠤᠨ ᠲᠤᠯᠠᠭᠠᠨ ᠭᠡᠷ ᠪᠦᠯᠢ ᠪᠠᠶᠢᠭᠤᠯᠵᠦ᠂ ᠦᠬᠡᠷᠴᠢᠯᠠᠭᠤ ᠪᠠᠷᠢᠭᠠᠳᠠ ᠶᠢᠨ ᠡᠭᠦᠷᠳᠦ ᠶᠢᠨ ᠠᠶᠢᠯ ᠳ᠋ᠥ ᠠᠶᠢᠯ ᠤᠨ ᠪᠡᠷᠢ ᠪᠤᠯᠵᠦ ᠨᠤᠳᠤᠭᠰᠢᠨ ᠠᠮᠢᠳᠤᠷᠠᠪᠠ᠃ ᠬᠤᠨᠤᠭ ᠡᠳᠦᠷ ᠢ ᠡᠷᠬᠢᠴᠡᠭᠦᠯᠦᠨ ᠪᠤᠳᠤᠬᠤ ᠳ᠋ᠥ ᠤᠳᠤ ᠦᠬᠡᠷᠴᠢᠯᠠᠭᠤ ᠨᠤᠳᠤᠭ ᠲᠣ᠋ ᠨᠢᠭᠡᠨᠳᠡ ᠵᠢᠷᠠᠨ ᠲᠤᠯᠤᠭᠠᠨ ᠵᠢᠯ ᠠᠮᠢᠳᠤᠷᠠᠵᠦ ᠪᠠᠶᠢᠨ᠎ᠠ᠃ ᠡᠳᠡᠭᠡᠷ ᠵᠢᠯ ᠦᠨ ᠠᠮᠢᠳᠤᠷᠠᠯ ᠤᠨ ᠤᠷᠳᠤ ᠠᠶᠠᠨ ᠳ᠋ᠥ ᠦᠪᠡᠷ ᠦᠨ ᠡᠷ᠎ᠡ ᠨᠦᠬᠦᠷ ᠪᠤᠯᠤᠨ ᠬᠠᠳᠠᠮ ᠠᠪᠤ ᠡᠵᠢ᠂ ᠬᠠᠳᠠᠮ ᠡᠪᠦᠭᠡ ᠠᠪᠤ ᠵᠢᠴᠢ ᠬᠠᠳᠠᠮ ᠲᠡᠭᠦᠦ ᠨᠠᠷ ᠵᠡᠷᠭᠡ ᠠᠷᠪᠠᠭᠠᠳ ᠠᠮᠠᠨ ᠲᠤᠭ᠎ᠠ ᠲᠦᠷᠪᠡᠨ ᠦᠶ᠎ᠡ ᠪᠠᠷ ᠢᠶᠠᠨ ᠬᠠᠮᠳᠤ ᠠᠮᠢᠳᠤᠷᠠᠵᠦ᠂ ᠴᠠᠭ ᠤᠨ ᠬᠤᠭᠤᠯᠠ ᠢᠳᠡᠬᠦ ᠳ᠋ᠡᠭᠡᠨ ᠴᠤ ᠨᠠᠰᠤᠳᠠᠢ ᠨᠢᠯᠬ᠎ᠠ ᠶ᠋ᠢ ᠪᠦᠬᠦᠨ ᠢ ᠬᠠᠷᠠᠭᠠᠯᠵᠠᠵᠦ ᠢᠳᠡᠭᠦᠯᠵᠦ ᠪᠠᠷᠠᠭᠰᠠᠨ ‍ᠣ ᠰᠠᠭᠦᠯᠡᠷ ᠰᠠᠶ᠋ᠢ ᠦᠪᠡᠷ ᠢᠶᠡᠨ ᠴᠠᠭ ᠤᠨ ᠪᠤᠳᠠᠭ᠎ᠠ ᠪᠠᠨ ᠤᠯᠵᠦ ᠢᠳᠡᠳᠡᠭ ᠪᠠᠶᠢᠭᠰᠠᠨ᠃ ᠬᠦᠮᠦᠨ ᠠᠮᠠ ᠤᠯᠠᠨ ᠶᠡᠬᠡ ᠭᠡᠷ ᠪᠦᠯᠢ ᠬᠠᠮᠳᠤ ᠠᠮᠢᠳᠤᠷᠠᠬᠤ ᠭᠡᠭᠴᠢ ᠶᠤᠰᠤᠳᠠᠢ ᠬᠢᠯᠪᠡᠷ ᠪᠤᠰᠤ ᠪᠠᠶᠢᠳᠠᠭ᠃ ᠲᠡᠷᠡ ᠤᠯᠠᠨ ᠬᠦᠮᠦᠨ ‍ᠣ ᠬᠤᠭᠤᠯᠠ ᠪᠤᠳᠠᠭ᠎ᠠ ᠶ᠋ᠢ ᠪᠡᠯᠡᠳᠭᠡᠬᠦ᠂ ᠤᠰᠤ ᠲᠠᠮᠨᠠᠬᠤ᠂ ᠪᠤᠳᠠᠭ᠎ᠠ ᠢᠩᠳᠡᠵᠦ ᠴᠠᠶᠢᠯᠭᠠᠬᠤ᠂ ᠨᠤᠬᠠᠢ ᠭᠠᠬᠠᠢ ᠶ᠋ᠢ ᠨᠢ ᠲᠡᠵᠢᠭᠡᠬᠦ᠂ ᠲᠡᠵᠢᠭᠡᠷ ᠲᠡᠳᠭᠦᠷ ᠬᠤᠨᠢ ᠢᠮᠠᠭ᠎ᠠ ᠪᠠᠨ ᠡᠪᠡᠰᠦᠯᠡᠵᠦ ᠬᠤᠭᠤᠯᠠᠯᠯᠠᠬᠤ᠂ ᠤᠰᠤᠯᠠᠬᠤ᠂ ᠬᠤᠷᠢᠶ᠎ᠠ ᠬᠠᠰᠢᠶ᠎ᠠ ᠶ᠋ᠢ ᠨᠢ ᠴᠡᠪᠡᠷᠯᠡᠬᠦ᠂᠂᠂᠂᠂᠂ ᠭᠡᠬᠦ ᠮᠡᠳᠦ ᠶᠢᠨ ᠤᠯᠠᠨ ᠲᠦᠷᠦᠯ ᠦᠨ ᠠᠵᠢᠯ ᠤᠳ ᠢ ᠠᠯᠢ ᠴᠢᠳᠠᠬᠤ ᠪᠠᠷ ᠵᠠᠪᠳᠤᠬᠤ ᠶᠢᠨ ᠴᠢᠨᠡᠭᠡ ᠪᠠᠷ ᠢᠶᠠᠨ ᠭᠡᠷ ᠪᠦᠯᠢ ᠶᠢᠨ ᠬᠠᠳᠠᠮ ᠡᠵᠢ ᠪᠤᠯᠤᠨ ᠬᠠᠳᠠᠮ ᠦᠬᠢᠨ ᠲᠡᠭᠦᠦ ᠨᠠᠷ ᠲᠠᠢ ᠪᠠᠨ ᠬᠠᠮᠵᠢᠨ ᠭᠦᠢᠴᠡᠳᠭᠡᠳᠡᠭ ᠪᠠᠶᠢᠭᠰᠠᠨ᠃ ᠲᠡᠷᠡ ᠦᠶ᠎ᠡ ᠶᠡᠬᠡ ᠬᠠᠮᠳᠤ ᠪᠠᠷ ᠪᠠᠶᠢᠭᠰᠠᠨ ᠪᠤᠯᠬᠤᠷ᠂ ᠪᠠᠷᠢᠭᠠᠳᠠ ᠎ᠶ᠋ᠢᠨ ᠦᠢᠯᠡᠳᠪᠦᠷᠢᠯᠡᠯ ᠬᠦᠳᠡᠯᠮᠦᠷᠢ ᠳ᠋ᠥ᠍ ᠴᠤ᠌ ᠰᠠᠭᠠᠳᠤᠯ ᠦᠭᠡᠢ ᠤᠷᠤᠯᠴᠠᠳᠠᠭ ᠪᠠᠢᠭᠰᠠᠨ᠃ ᠡᠪᠦᠯ ᠬᠠᠪᠤᠷ ᠦᠨ ᠲᠤᠰᠤᠭᠰᠠᠨ ᠢᠰᠢᠭᠡ ᠬᠤᠷᠠᠭ᠎ᠠ ᠨᠢ ᠵᠠᠭᠤᠨ ‍ᠣ ᠵᠠᠭᠤ ᠪᠠᠷ ᠤᠨᠳᠤᠷᠴᠤ᠂ ᠳ᠋ᠦᠢ ᠪᠠᠷᠢᠭᠠᠳᠠ ᠳ᠋ᠠᠭᠠᠨ ᠵᠢᠯ ᠲᠠᠷᠠᠭᠠᠯᠠᠨ ᠡᠮᠡᠭᠲᠡᠢ ᠬᠦᠳᠡᠯᠮᠦᠷᠢ ᠶᠢᠨ ᠵᠢᠱᠢᠶᠡᠴᠢ᠂ ᠵᠢᠱᠢᠶᠡᠴᠢ ᠲᠦᠯ ᠲᠤᠰᠤᠭᠴᠢ ᠪᠠᠷ ᠱᠠᠩᠨᠠᠯ ᠬᠦᠬᠢᠭᠦᠯᠦᠯ ᠬᠦᠷᠳᠡᠵᠦ ᠶᠠᠪᠤᠭᠰᠠᠨ ᠰᠠᠶᠢᠬᠠᠨ ᠲᠡᠤᠬᠡ ᠲᠠᠢ ᠶᠤᠮ᠃ ᠳ᠋ᠠᠭᠤᠯ ᠨᠠᠰᠤᠳᠠᠨ ᠵᠠᠯᠠᠭᠤ ᠨᠠᠰᠤᠨ ᠠᠴᠠ ᠪᠠᠨ ᠠᠵᠢᠯᠴᠢ ᠬᠦᠳᠡᠯᠮᠦᠷᠢᠴᠢ᠂ ᠠᠶᠢᠯ ᠠᠶᠢᠮᠠᠭ ᠲᠠᠢ ᠪᠠᠨ ᠡᠶ᠎ᠡ ᠨᠠᠶᠢᠷᠠᠳᠠᠢ᠂ ᠠᠪᠤ ᠡᠵᠢ ᠳ᠋ᠡᠭᠡᠨ ᠠᠴᠢᠯᠠᠯ ᠵᠢᠷᠤᠮ ᠭᠦᠢᠴᠡᠳᠭᠡᠵᠦ ᠶᠠᠪᠤᠭᠰᠠᠨ ᠰᠠᠶᠢᠨ ᠪᠡᠷᠢ ᠶᠤᠮ᠃ ᠳ᠋ᠠᠭᠤᠯ ᠨᠠᠰᠤᠳᠠᠨ ᠠᠴᠠ ᠲᠦᠷᠪᠡᠨ ᠬᠦᠦ ᠨᠢᠭᠡ ᠦᠬᠢᠨ ᠲᠠᠢ᠃ ᠬᠡᠤᠬᠡᠳ ᠤᠳ ᠨᠢ ᠠᠶᠢᠯ ᠡᠷᠦᠬᠡ ᠲᠡᠭᠦᠰ ᠲᠡᠭᠦᠯᠳᠡᠷ᠂ ᠪᠦᠷ ᠯᠠ ᠡᠪᠦᠧ ᠡᠮᠧ ᠰᠠᠭᠤᠴᠢᠬᠠᠪᠠ᠃ ᠲᠡᠷᠡ ᠮᠡᠨᠢ ᠦᠷ᠎ᠡ  ᠡᠴᠡ ᠪᠠᠨ ᠦᠷ᠎ᠡ ᠦᠨᠳᠦᠰᠦ ᠵᠠᠯᠭᠠᠭᠠᠳ ᠶᠡᠬᠡ ᠪᠦᠯᠢ ᠶᠢᠨ ᠡᠯᠦᠨᠴᠡ ᠬᠤᠯᠤᠨᠴᠡ ᠡᠮᠧ ᠰᠠᠭᠤᠵᠦ᠂ ᠤᠮᠪᠤᠯᠤ ᠲᠤᠮᠪᠤᠯᠤ ᠪᠠᠨ ᠨᠢᠳᠦ ᠲᠦᠭᠦᠷᠡᠩ ᠬᠠᠷᠠᠭᠠᠳ᠂ ᠡᠳᠦᠷ ᠪᠦᠷᠢ ᠪᠠᠶᠠᠷ ᠪᠠᠶᠠᠰᠬᠤᠯᠠᠩ ᠲᠡᠢ᠂ ᠨᠡᠶᠢᠭᠡᠮ ᠦᠨ ᠰᠠᠶᠢᠨ ᠰᠠᠶᠢᠬᠠᠨ ᠢ ᠡᠳ᠋ᠯᠡᠵᠦ᠂ ᠠᠶᠢᠯ ᠤᠨ ᠬᠤᠶᠢᠮᠤᠷ ᠲᠠᠭᠠᠨ ᠰᠠᠭᠠᠳᠤᠵᠦ᠂ ᠶᠤᠰᠤᠳᠠᠢ ᠠᠮᠢᠳᠤ ᠪᠤᠷᠬᠠᠨ ᠨᠢ ᠪᠤᠯᠵᠦ᠂ ᠨᠠᠶᠠᠨ ᠲᠠᠪᠤᠨ ᠨᠠᠰᠤᠨ ᠳ᠋ᠥ ᠪᠠᠨ ᠨᠠᠮᠪᠠ ᠲᠠᠢ ᠰᠠᠶᠢᠬᠠᠨ ᠵᠢᠷᠭᠠᠵᠦ ᠪᠠᠶᠢᠨ᠎ᠠ᠃ ᠲᠡᠷᠡ ᠮᠠᠨᠢ ᠡᠳᠡᠭᠡᠷ ᠵᠢᠯ ᠦᠨ ᠲᠤᠷᠰᠢ᠂ ᠠᠶᠢᠯ ᠠᠶᠢᠮᠠᠭ ᠤᠷᠤᠭ ᠰᠠᠳᠤᠨ ᠲᠠᠢ ᠪᠠᠨ ᠵᠦᠷᠢᠴᠡᠯ ᠮᠠᠷᠭᠤᠭᠠᠨ ᠭᠡᠵᠦ ᠭᠠᠷᠤᠭᠰᠠᠨ ᠦᠭᠡᠢ ᠲᠡᠳᠦᠢ ᠪᠠᠷ ᠦᠭᠡᠢ᠂ ᠲᠦᠷᠪᠡᠨ ᠪᠡᠷᠢᠶᠡᠳ ᠲᠠᠢ ᠪᠠᠨ ᠴᠤ ᠵᠦᠷᠢᠴᠡᠯ ᠮᠠᠷᠭᠤᠯᠳᠤᠭᠠᠨ ᠭᠠᠷᠭᠠᠭᠰᠠᠨ ᠦᠭᠡᠢ᠂ ᠶᠤᠰᠤᠳᠠᠢ ᠡᠬᠡ ᠶ᠋ᠢ ᠨᠢ ᠡᠴᠡᠭᠡᠭᠰᠡᠨ ᠦᠭᠡᠢ᠂ ᠲᠤᠭᠤᠯ ᠢ ᠨᠢ ᠲᠤᠷᠠᠭᠠᠭᠰᠠᠨ ᠦᠭᠡᠢ ᠠᠬᠠᠮᠠᠳ ᠲᠤᠮᠤᠭᠠᠳᠠᠳ ᠤᠨ ᠨᠢᠭᠡ ᠨᠢ ᠪᠤᠯᠤᠭᠰᠠᠨ ᠶᠤᠮ᠃ ᠲᠡᠭᠦᠨ ‍ᠣ ᠤᠮᠪᠤᠯᠤ ᠲᠤᠮᠪᠤᠯᠤ ᠠᠴᠠ ᠵᠢᠱᠢᠶ᠎ᠡ ᠨᠢᠭᠡ ᠶ᠋ᠢ ᠲᠤᠷᠠᠳᠬᠤ ᠳ᠋ᠥ᠄ ᠤᠯᠠᠨ ‍ᠣ ᠲᠤᠮᠳᠠ ᠪᠠᠨ ᠤᠳᠤᠨ ᠪᠤᠯᠵᠦ᠂ ᠤᠳᠤᠨ ‍ᠣ ᠲᠤᠮᠳᠠ ᠪᠠᠨ ᠰᠤᠳᠤᠨ ᠪᠤᠯᠵᠦ ᠶᠠᠪᠤᠭ᠎ᠠ ᠭᠠᠯᠴᠢᠨᠠᠷ ᠤᠪᠤᠭᠳᠠᠨ ᠮᠧᠩᠱᠦ᠋ᠨ ‍ᠣ ᠠᠬᠠᠮᠠᠳ ᠬᠦᠪᠡᠭᠦᠨ ᠪᠦᠬᠡᠴᠢᠯᠠᠭᠤ ᠶᠢᠨ ᠮᠠᠨᠳᠤᠬᠤ ᠦᠪᠦᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠤᠯᠤᠰ ᠲᠦᠷᠦ ᠬᠠᠤᠯᠢ ᠴᠠᠭᠠᠵᠠ ᠶᠢᠨ ᠰᠠᠯᠪᠤᠷᠢ ᠠᠴᠠ ᠲᠡᠭᠦᠰᠴᠤ᠂ ᠤᠳᠤ ᠠᠷᠤ ᠬᠤᠷᠴᠢᠨ ᠬᠤᠰᠢᠭᠤᠨ ‍ᠣ ᠪᠠᠶᠠᠡᠡᠦ᠋ᠡᠳᠦᠷ ᠰᠤᠮᠤᠨ ‍ᠣ ᠨᠠᠮ ᠤᠨ ᠬᠤᠷᠢᠶᠠᠨ ᠳ᠋ᠥ ᠰᠠᠯᠠᠭᠠᠨ ᠲᠡᠰ ᠦᠨ ᠤᠳᠤᠷᠢᠳᠬᠤ ᠺᠠᠳᠠᠷ ᠢᠶᠠᠷ ᠠᠵᠢᠯᠯᠠᠵᠦ ᠪᠠᠶᠢᠨ᠎ᠠ᠃ ᠨᠠᠰᠤᠳᠠᠨ ‍ᠣ ᠭᠠᠭᠴᠠ ᠦᠬᠢᠨ ᠨᠠᠷᠠᠡᠴᠢᠮᠡᠭ ᠤᠨ ᠦᠬᠢᠨ ᠴᠡᠯᠡᠭᠡᠷ ᠦᠪᠦᠷ ᠮᠤᠩᠭᠤᠯ ᠤᠨ ᠠᠨᠠᠭᠠᠬᠤ ᠤᠬᠠᠭᠠᠨ ‍ᠣ ᠶᠡᠬᠡ ᠰᠤᠷᠭᠠᠭᠤᠯᠢ ᠠᠴᠠ ᠲᠡᠭᠦᠰᠴᠦ᠂ ᠦᠨᠦ ᠤᠷᠤᠨ ‍ᠣ ᠲᠦᠪ ᠬᠦᠬᠡᠬᠤᠳᠡ ᠶᠢᠨ ᠬᠤᠳᠠ ᠶᠢᠨ ᠮᠤᠩᠭᠤᠯ ᠬᠢᠳᠠᠳ ᠡᠮᠨᠡᠯᠭᠡ ᠶᠢᠨ ᠬᠤᠷᠢᠶ᠎ᠠ ᠳ᠋ᠥ ᠰᠤᠪᠢᠯᠠᠭᠴᠢ ᠶᠢᠨ ᠠᠯᠪᠠ ᠲᠠᠢ ᠪᠠᠷ ᠠᠵᠢᠯᠯᠠᠵᠦ ᠪᠠᠶᠢᠨ᠎ᠠ᠃ ᠦᠨᠦᠳᠦᠷ ᠦᠨ ᠨᠠᠰᠤᠳᠠᠨ ‍ᠣ ᠬᠤᠪᠢ ᠳ᠋ᠥ ᠠᠶᠢᠯ ᠭᠤᠤᠯ ᠠᠶᠢᠮᠠᠭ ᠲᠦᠷᠦᠯᠳᠡᠨ ᠨᠠᠶᠢᠷ ᠤᠨ ᠤᠯᠠᠨ ᠭᠡᠶᠢᠴᠢᠨ ᠵᠤᠴᠢᠨ ᠳ᠋ᠥ ᠪᠠᠨ ᠦᠨᠳᠦᠷ ᠨᠠᠰᠤᠨ ‍ᠣ ᠬᠡᠰᠢᠭ ᠪᠤᠶᠠᠨ ᠲᠤᠭᠳᠠᠬᠤ ᠪᠤᠯᠤᠭᠠᠰᠠᠢ ᠬᠡᠮᠡᠨ ᠬᠤᠶᠠᠷ ᠬᠤᠶᠠᠷ ᠪᠠᠷ ᠬᠤᠤᠰ ᠵᠦᠢᠷᠠᠢ ᠡᠷᠭᠦᠨ ᠡᠷᠭᠦᠨ ᠲᠡᠪᠰᠢᠭᠦᠯᠵᠦ ᠪᠠᠶᠢᠨ᠎ᠠ᠃ ᠵᠠ ᠲᠠᠨᠠᠷ ᠮᠢᠨᠢ ᠲᠠᠭᠠᠳᠠᠶᠢᠬᠠᠨ ᠵᠤᠭᠤᠭᠯᠠᠵᠦ ᠲᠠᠪᠠᠳᠠᠶᠢᠬᠠᠨ ᠨᠠᠶᠢᠷᠠᠭᠠᠰᠠᠢ᠃
ᠦᠷ᠎ᠡ ᠬᠡᠤᠬᠡᠳ ᠦᠷᠦᠭᠡ ᠲᠦᠭᠦᠷᠡᠩ᠂
ᠦᠷᠦᠴᠡ ᠴᠡᠭᠡᠵᠢ ᠪᠠᠶᠠᠷ ᠢᠶᠠᠷ ᠲᠦᠭᠦᠷᠡᠩ᠂
ᠦᠷᠦᠭᠡᠯ ᠰᠠᠳᠤᠨ ᠲᠠᠯᠠᠪᠠᠢ ᠲᠦᠭᠦᠷᠡᠩ᠂
ᠦᠳᠡᠯᠦᠭᠡ ᠨᠠᠰᠤᠳᠠᠳ ᠰᠡᠳᠭᠢᠯ ᠲᠦᠭᠦᠷᠡᠩ᠂
ᠨᠤᠭᠤᠭ᠎ᠠ ᠮᠢᠬ᠎ᠠ ᠰᠢᠷᠡᠭᠡ ᠲᠦᠭᠦᠷᠡᠩ᠂
ᠨᠠᠶᠢᠷ ᠤᠨ ᠰᠠᠷᠬᠤᠳ ᠬᠤᠨᠳᠠᠭ᠎ᠠ ᠲᠦᠭᠦᠷᠡᠩ᠂
ᠨᠠᠷᠭᠢᠶᠠᠨ ᠬᠦᠭᠵᠢᠶᠡᠨ ᠬᠤᠳᠤᠭᠤᠷ ᠲᠦᠭᠦᠷᠡᠩ᠂ 
ᠨᠠᠭᠠᠳᠤᠮᠴᠢᠨ ᠮᠦᠷᠦᠶᠢᠴᠡᠭᠡᠨ ᠠᠮᠵᠢᠯᠳᠠ ᠲᠦᠭᠦᠷᠡᠩ᠂
ᠬᠠᠬᠢᠷ ᠡᠪᠦᠯ ᠦᠨ ᠴᠠᠰᠤ ᠮᠦᠰᠦ
ᠬᠠᠶᠢᠷ᠎ᠠ ᠶᠢᠨ ᠰᠡᠳᠬᠢᠯ ᠳ᠋ᠥ ᠬᠠᠶᠢᠯᠤᠨ᠎ᠠ
ᠬᠠᠮᠳᠤ ᠤᠯᠠᠨ ‍ᠣ ᠬᠦᠦᠷ ᠬᠦᠭᠵᠢᠶᠡᠨ ᠳ᠋ᠥ
ᠬᠦᠯᠳᠡᠭᠦᠦ ᠮᠦᠰᠦ ᠰᠡᠳᠬᠢᠯ ᠤᠶᠠᠷᠠᠨ᠎ᠠ
ᠨᠠᠴᠢᠨ ᠱᠤᠩᠬᠤᠷ ᠰᠢᠭ᠋ ᠮᠠᠭᠰᠢᠬᠤ ᠨᠢ
ᠨᠠᠭᠠᠳᠤᠮᠴᠢᠨ ᠤᠯᠠᠨ ᠢᠶᠠᠨ ᠪᠠᠶᠠᠰᠬᠠᠨ᠎ᠠ
ᠬᠦᠴᠦᠳᠦ ᠪᠦᠬᠡᠴᠦᠳ ᠦᠨ ᠲᠡᠪᠢᠯᠳᠡ ᠳ᠋ᠥ
ᠬᠦᠷᠦᠰᠦᠳᠦ ᠲᠡᠯᠡᠬᠡᠢ ᠲᠠᠶᠢᠪᠠᠯᠵᠠᠨ᠎ᠠ
ᠶᠢᠰᠦ ᠶᠢᠰᠦᠨ ‍ᠣ ᠨᠠᠶᠠᠨ ᠨᠢᠭᠡ ᠶᠢᠨ ᠱᠠᠩ ᠪᠤᠰᠤ ᠴᠤ
ᠢᠪᠢᠯᠦᠭᠰᠡᠨ ᠬᠠᠶᠢᠷ᠎ᠠ ᠶᠢᠨ ᠬᠠᠷᠢᠭᠤ ᠳ᠋ᠥ ᠴᠢᠨᠢ
ᠢᠭᠳᠦᠯᠦᠯ ᠤᠨ ᠰᠡᠳᠭᠢᠯ ᠢᠶᠡᠨ ᠢᠯᠡᠳᠭᠡᠵᠦ ᠪᠠᠶᠢᠨ᠎ᠠ
ᠢᠷᠡᠬᠦ ᠲᠦᠷᠦᠯ ᠪᠠᠶᠢᠳᠠᠭ ᠪᠣᠯ ᠡᠬᠡ ᠪᠠᠨ ᠠᠴᠢᠯᠠᠵᠦ ᠶᠠᠪᠤᠶ᠎ᠠ
ᠪᠤᠷᠬᠠᠨ ᠲᠡᠭᠷᠢ ᠮᠢᠨᠢ ᠦᠷᠦᠰᠢᠶᠡᠯ ᠬᠠᠶᠢᠷᠠᠯᠠᠭᠳᠤᠨ
ᠪᠤᠭᠤᠷᠤᠯ ᠡᠵᠢ ᠳ᠋ᠥ ᠮᠦᠩᠬᠡ ᠬᠤᠳᠤᠭ ᠬᠠᠶᠢᠷᠠᠯᠠᠭᠳᠤᠨ
ᠵᠠᠭᠤᠨ ᠨᠠᠰᠤᠨ ‍ᠣ ᠵᠤᠵᠠᠭᠠᠨ ᠤᠯᠪᠤᠭ ᠬᠠᠶᠢᠷᠠᠯᠠᠬᠤ ᠪᠤᠯᠤᠭᠠᠰᠠᠢ
ᠵᠢᠷᠭᠠᠯ ᠤᠨ ᠰᠠᠩ ᠬᠡᠰᠢᠭ ᠪᠤᠶᠠᠨ ᠢᠪᠡᠭᠡᠬᠦ ᠪᠤᠯᠤᠭᠠᠰᠠᠢ᠃
ᠠᠶᠢᠯ ᠡᠷᠦᠬᠡ ᠴᠢᠨᠢ ᠪᠠᠶᠠᠨ ‍ᠣ ᠬᠤᠳᠤᠭ ᠤᠷᠤᠰᠢᠭ
ᠠᠭᠰᠢᠷ᠎ᠠ ᠨᠠᠰᠤᠳᠠᠳ ᠴᠢᠨᠢ ᠮᠦᠩᠬᠡ ᠶᠢᠨ ᠬᠤᠳᠤᠭ ᠤᠷᠤᠰᠢᠭ
ᠠᠵᠢᠯ ᠦᠢᠯᠡᠰ ᠴᠢᠨᠢ ᠠᠮᠵᠢᠯᠳᠠ ᠶᠢᠨ ᠬᠤᠳᠤᠭ ᠤᠷᠤᠰᠢᠭ
ᠠᠯᠤᠰ ᠤᠨ ᠵᠠᠮ ᠳ᠋ᠠᠭᠠᠨ ᠲᠦᠪᠰᠢᠨ ᠬᠤᠳᠤᠭ ᠤᠷᠤᠰᠢᠭ
ᠬᠤᠷᠤᠢ︕ ᠬᠤᠷᠤᠢ︕ ᠬᠤᠷᠤᠢ︕



  
     
     