 

穹庐 ᠪᠤᠯᠤᠨ ᠵᠤᠯᠤᠮ

2018-12-19 15:58
  176
  0
       
      穹庐 ᠪᠤᠯᠤᠨ ᠵᠤᠯᠤᠮ      
      ᠡᠷᠲᠡᠨ ‍ᠣ ᠬᠢᠲᠠᠳ ᠲᠡᠥᠬᠡᠨ ᠰᠤᠷᠪᠤᠯᠵᠢ ᠳᠤ ᠾᠦᠩᠨᠦ ᠶᠢᠨ ᠤᠷᠤᠨ ᠰᠠᠭᠤᠴᠨ ᠢ穹庐ᠭᠡᠵᠤ ᠲᠡᠮᠳᠡᠭᠯᠡᠵᠡᠢ᠂︽ᠬᠠᠨ ᠤᠯᠤᠰ ᠤᠨ ᠪᠢᠴᠢᠭ᠂ ᠾᠦᠩᠨᠦ ᠶᠢᠨ ᠱᠠᠰᠲᠢᠷ︾ᠲᠤ᠄︽ᠾᠦᠩᠨᠦ ᠨᠠᠷ᠂ ᠡᠴᠢᠬᠡ ᠬᠦᠪᠡᠬᠦᠨ ᠬᠠᠮᠲᠤ ᠪᠠᠷ ᠨᠢᠬᠡᠨ 穹庐ᠳᠤ ᠤᠮᠲᠠᠨ᠎ᠠ︾ᠭᠡᠵᠡᠢ᠂︽ᠬᠤᠵᠢᠭᠤ ᠬᠠᠨ ᠤᠯᠤᠰ ᠤᠨ ᠪᠢᠴᠢᠭ︾ᠲᠤ᠄︽ᠡᠪᠠᠰᠤ ᠤᠰᠤ ᠶᠢ ᠳᠠᠭᠠᠨ ᠨᠡᠬᠦᠵᠤ᠂ ᠪᠠᠢᠩᠭᠤ ᠨᠢᠭᠡᠨ ᠭᠠᠵᠠᠷ ᠰᠠᠭᠤᠬᠤ ᠦᠬᠡᠢ᠂穹ᠢᠶᠠᠷ ᠰᠠᠭᠤᠴᠨ ᠪᠤᠯᠭᠠᠵᠤ᠂︵ᠬᠠᠭᠠᠯᠭ᠎ᠠ ᠶᠢ ᠨᠢ︶ᠵᠡᠬᠦᠨᠰᠢ ᠨᠠᠷᠨ ᠬᠠᠨᠳᠤᠭᠤᠯᠤᠨ ᠭᠠᠷᠭᠠᠨ᠎ᠠ︾ᠭᠡᠪᠠ᠂︽ᠵᠸᠤ ᠤᠯᠤᠰ ᠤᠨ ᠪᠢᠴᠢᠭ᠂ ᠬᠠᠷᠢ ᠤᠷᠤᠨ ‍ᠣ ᠱᠠᠰᠲᠢᠷ᠂ ᠲᠦ᠋ ᠢᠥᠢ ᠾᠦᠨ ‍ᠣ ᠱᠠᠰᠲᠢᠷ︾ᠲᠤ᠂︽ ᠬᠤᠳ᠋ᠨ ᠰᠠᠭᠤᠷᠢᠨ ᠪᠠᠢᠪᠠᠴᠤ ᠰᠠᠭᠤᠬᠤ ᠦᠬᠡᠢ᠂ ᠪᠠᠢᠩᠭᠤ穹庐ᠳᠤ ᠰᠠᠭᠤᠨ᠎ᠠ᠂ ᠡᠪᠠᠰᠤ ᠤᠰᠤ ᠶᠢ ᠳᠠᠭᠠᠵᠤ ᠮᠠᠯᠵᠢᠨ᠎ᠠ︾ᠭᠡᠵᠡᠢ᠃  
    ᠮᠡᠳᠡᠭᠡᠵᠢ ᠪᠡᠷ᠂ ᠾᠦᠩᠨᠦ ᠶᠢᠨ ᠤᠷᠤᠨ ᠰᠠᠭᠤᠴᠨ ᠨᠢ ᠨᠢᠬᠡᠬᠡᠨ ᠲᠦᠷᠦᠯ ᠦᠨ ᠪᠢᠰᠢ ᠪᠠᠢᠭᠰᠠᠨ᠂ ᠲᠡᠭᠡᠬᠦ ᠳᠡᠬᠡᠨ ᠬᠢᠲᠠᠳ ᠦᠰᠦᠭ ᠢᠶᠡᠷ ᠳᠠᠮᠵᠢᠨ ᠪᠢᠳᠡᠨ ᠳᠦ ᠢᠷᠡᠵᠤ ᠪᠠᠢᠭ᠎ᠠ ᠮᠡᠳᠡᠭᠡᠯᠡᠯ ᠨᠢ ᠶᠠᠭᠤ ᠶᠢ ᠦᠬᠦᠯᠡᠵᠤ ᠪᠠᠢᠨ᠎ᠠ ᠪᠤᠢ ᠬᠡᠬᠦᠯᠡᠷ᠂ ᠬᠢᠲᠠᠳ ᠬᠦᠮᠦᠰ ᠦᠨ ᠬᠤᠪᠢ ᠳᠤ᠂ ᠰᠠᠭᠤᠷᠢᠰᠢᠮᠠᠯ ᠠᠮᠢᠳᠤᠷᠠᠯ ᠡᠴᠡ ᠲᠠᠭ ᠦᠭᠡᠷ᠎ᠠ ᠨᠡᠬᠦᠳᠡᠯᠴᠢᠳ ᠦᠨ ᠶᠠᠭᠤ ᠪᠦᠬᠦᠨ ᠤᠢᠯᠠᠭᠠᠮᠵᠢᠲᠠᠢ ᠪᠠᠢᠵᠤ ᠴᠢᠳᠠᠬᠤ ᠦᠬᠡᠢ᠂ ᠬᠢᠲᠠᠳ ᠲᠡᠥᠬᠡᠴᠢᠳ ᠦᠨ ᠪᠢᠴᠢᠭᠰᠡᠨ ᠵᠦᠢᠯ ᠨᠢ ᠾᠦᠩᠨᠦ ᠭᠠᠵᠠᠷ ᠤᠴᠢᠭᠰᠠᠨ ᠬᠠᠨ ᠤᠯᠤᠰ ᠤᠨ ᠡᠯᠴᠢ ᠶᠢᠨ ᠠᠮᠠᠨ ᠭᠡᠬᠦ ᠮᠡᠲᠤ ᠳᠠᠮ ᠮᠡᠳᠡᠭᠡᠨ ᠳᠦ ᠲᠤᠯᠭᠤᠷᠢᠯᠠᠭᠰᠠᠨ ᠤᠴᠢᠷ᠂ ᠦᠰᠦᠬᠡᠨ ᠶᠠᠷᠢᠭᠰᠠᠨ᠂ ᠲᠤᠲᠠᠭᠤ ᠬᠡᠯᠡᠭᠰᠡᠨ ᠭᠡᠬᠦ ᠮᠡᠲᠤ ᠶᠠᠭᠤᠮ᠎ᠠ ᠪᠠᠢᠬᠤ ᠯᠠ ᠪᠤᠶᠠᠨ᠂ ᠡᠬᠦᠨ ᠳᠦ᠂ ᠾᠦᠩᠨᠦ ᠨᠠᠷ ᠤᠨ ᠤᠷᠤᠨ ᠰᠠᠭᠤᠴᠨ ᠢ ᠪᠠᠭᠴᠠᠯᠠᠨ ᠲᠡᠮᠳᠡᠭᠯᠡᠭᠰᠡᠨ ᠪᠠᠢᠬᠤ ᠨᠢ ᠲᠤᠳᠤᠷᠬᠠᠢ᠃  
    ᠳᠤᠤᠷ᠎ᠠ᠂ ᠬᠤᠢᠴᠢ ᠦᠶ᠎ᠡ ᠶᠢᠨ ᠬᠦᠮᠦᠰ ᠡᠴᠡ ᠡᠨᠡ ᠭᠡᠷ ᠦᠨ ᠲᠤᠬᠠᠢ ᠲᠠᠢᠯᠪᠤᠷᠢ ᠬᠢᠭᠰᠡᠨ ᠢ ᠦᠵᠡᠪᠡᠯ᠂ ᠶᠠᠨ ᠰᠧ ᠭᠦ᠋  ᠡᠴᠡ᠄穹庐᠂ ᠲᠤᠭᠤᠷᠭ᠎ᠠ ᠲᠠᠢ ᠢᠰᠡᠬᠡᠢ ᠭᠡᠷ ᠪᠤᠯᠠᠢ᠂ ᠪᠦᠮᠪᠦᠭᠡᠷ ᠪᠦᠬᠡᠳ ᠤᠪᠤᠭᠤᠷ ᠬᠡᠯᠪᠡᠷᠢ ᠲᠠᠢ ᠤᠴᠢᠷ᠂穹庐 ᠬᠡᠵᠤ ᠨᠡᠷᠡᠯᠡᠪᠠ︾ᠭᠡᠵᠡᠢ᠂ ᠦᠬᠡᠷ᠎ᠠ ᠪᠠᠷ ᠬᠡᠯᠡᠪᠡᠯ᠂ ᠡᠨᠡ ᠦᠬᠡᠨ ‍ᠣ ᠰᠠᠨᠠᠭ᠎ᠠ ᠨᠢ ᠾᠦᠩᠨᠦ ᠨᠠᠷ ᠤᠨ ᠤᠷᠤᠨ ᠰᠠᠭᠤᠴᠨ ‍ᠣ ᠤᠨᠴᠠᠯᠢᠭ ᠡᠴᠡ ᠡᠭᠦᠳᠦᠵᠤ᠂ ᠲᠡᠬᠦᠨ  ‍ᠣ ᠤᠨᠴᠠᠯᠢᠭ ᠢ ᠬᠠᠷᠠᠭᠤᠯᠵᠤ ᠴᠢᠳᠠᠬᠤᠴᠨ ᠳᠦᠷᠰᠦ ᠪᠦᠬᠦᠢ ᠬᠢᠲᠠᠳ ᠦᠰᠦᠭ ᠢ ᠰᠤᠩᠭᠤᠵᠤ ᠨᠡᠷᠡᠯᠡᠭᠰᠡᠨ ᠪᠤᠯᠤᠨ᠎ᠠ ᠭᠡᠰᠡᠨ ᠦᠬᠡ᠂ ᠪᠢᠳᠡᠨ ‍ᠣ ᠪᠤᠳᠤᠬᠠᠷ᠂ ᠡᠨᠡᠬᠦ ᠰᠤᠩᠭᠤᠭᠰᠠᠨ ᠡᠷᠲᠡᠨ ‍ᠣ ᠬᠢᠲᠠᠳ ᠦᠰᠦᠭ ᠨᠢ ᠾᠦᠩᠨᠦ ᠨᠠᠷ ᠤᠨ ᠦᠪᠡᠷᠡᠰᠡᠳ ᠦᠨ ᠤᠷᠤᠨ ᠰᠠᠭᠤᠴᠨ ᠢ ᠪᠡᠨ ᠨᠡᠷᠡᠯᠡᠭᠰᠡᠨ ᠦᠬᠡᠨ ‍ᠣ ᠲᠠᠭᠤᠳᠠᠯᠭ᠎ᠠ ᠶᠢ ᠬᠠᠷᠭᠠᠯᠵᠠᠭᠰᠠᠨ ᠲᠠᠯ᠎ᠠ ᠪᠤᠢ᠂ ᠪᠠᠰᠨ ᠾᠦᠩᠨᠦ ᠶᠢᠨ ᠤᠷᠤᠨ ᠰᠠᠭᠤᠴᠨ ᠢ ᠲᠡᠮᠳᠡᠭᠯᠡᠬᠦ ᠳᠦ穹庐ᠭᠡᠳᠡᠭ ᠬᠢᠲᠠᠳ ᠦᠰᠦᠭ ᠢ ᠰᠤᠩᠭᠤᠭᠰᠠᠨ ᠠᠴᠠ ᠦᠵᠡᠪᠡᠯ᠂ ᠪᠠᠰᠨ ᠤᠴᠢᠷ ᠪᠤᠢ ᠠᠵᠠᠢ᠃  
    ᠬᠢᠲᠠᠳ ᠦᠰᠦᠭ ᠨᠢ ᠠᠩᠬ᠎ᠠ ᠳᠦᠷᠰᠦᠲᠤ ᠦᠰᠦᠭ ᠪᠠᠢᠭᠰᠠᠨ ᠪᠦᠬᠡᠳ ᠳᠦᠷᠰᠦ ᠲᠡᠮᠳᠡᠭ ᠦᠨ ᠬᠤᠪᠢ ᠳᠤ᠂ ᠬᠦᠮᠦᠨ᠂ ᠠᠮᠢᠲᠠᠨ᠂ ᠤᠷᠭᠤᠮᠠᠯ ᠤᠨ ᠶᠠᠮᠠᠷ ᠨᠢᠬᠡᠨ ᠲᠤᠳᠤᠷᠬᠠᠢ ᠤᠨᠴᠠᠯᠢᠭ ᠰᠢᠨᠵᠢ ᠶᠢ ᠬᠠᠷᠠᠭᠤᠯᠬᠤ ᠶᠢ ᠵᠤᠷᠢᠭᠰᠠᠨ᠂ ᠡᠨᠡ ᠨᠢ ᠶᠠᠪᠤᠭᠠᠨ ᠳᠠᠭᠠᠨ ᠬᠢᠲᠠᠳ ᠦᠰᠦᠭ ᠦᠨ ᠵᠢᠷᠦᠯᠭ᠎ᠠ ᠪᠢᠴᠢᠯᠭᠡ ᠪᠤᠯᠤᠭᠰᠠᠨ ᠪᠠᠢᠳᠠᠭ᠂ ᠵᠢᠱᠢᠶᠡᠯᠡᠪᠡᠯ᠄穹穴ᠨᠢ ᠴᠢᠯᠠᠭᠤᠨ ᠠᠭᠤᠢ᠂ ᠨᠦᠬᠡᠨ ᠰᠠᠭᠤᠴᠨ ᠢ᠂ 弓ᠨᠢ ᠮᠠᠬᠢᠯᠭᠠᠭᠰᠠᠨ ᠨᠤᠮᠤᠨ ᠳᠦᠷᠰᠦ ᠶᠢ᠂ ᠡᠨᠡ ᠬᠤᠶᠠᠷ ᠨᠡᠢᠯᠡᠭᠡᠳ᠂ ᠨᠤᠮᠤᠨ ᠬᠡᠯᠪᠡᠷᠢ ᠲᠠᠢ ᠱᠤᠪᠤᠭᠤᠷ ᠤᠷᠤᠢ ᠲᠠᠢ ᠰᠠᠭᠤᠴᠨ ᠢ ᠵᠢᠭᠠᠨ᠎ᠠ᠂庐ᠬᠡᠳᠡᠭ ᠨᠢ ᠲᠤᠭᠤᠭ᠎ᠠ ᠲᠤᠯᠭ᠎ᠠ ᠲᠠᠢ ᠳᠦᠬᠦᠮ ᠰᠠᠭᠤᠴᠨ ᠢ ᠵᠢᠭᠠᠨ᠎ᠠ᠂ 穹庐ᠡᠨᠡ ᠬᠤᠶᠠᠷ ᠦᠰᠦᠭ ᠨᠡᠢᠯᠡᠭᠡᠳ ᠾᠦᠩᠨᠤᠴᠤᠳ ᠤᠨ ᠰᠠᠭᠤᠴᠨ ᠨᠢ ᠳᠤᠲᠤᠷ᠎ᠠ ᠪᠠᠨ ᠲᠤᠭᠤᠭ᠎ᠠ ᠲᠤᠯᠭ᠎ᠠ ᠲᠠᠢ᠂ ᠱᠤᠪᠤᠭᠤᠷ ᠤᠷᠤᠢ ᠲᠠᠢ ᠳᠦᠬᠦᠮ ᠰᠠᠭᠤᠴᠨ ᠭᠡᠰᠡᠨ ᠰᠠᠨᠠᠭ᠎ᠠ ᠶᠢ ᠦᠬᠦᠯᠡᠬᠦ ᠭᠡᠳ ᠪᠠᠢᠭ᠎ᠠ ᠶᠤᠮ᠃     
    ᠲᠠᠭᠤᠳᠠᠯᠭ᠎ᠠ ᠶᠢᠨ ᠬᠤᠪᠢ ᠳᠤ᠂ 穹 ᠭᠡᠰᠡᠨ ᠦᠰᠦᠭ ᠢ ᠵᠡᠬᠦᠨ ᠬᠠᠨ ᠤᠯᠤᠰ ᠤᠨ ︽ ᠬᠢᠲᠠᠳ ᠦᠰᠦᠭ᠂ ᠤᠳᠬ᠎ᠠ ᠶᠢᠨ ᠲᠠᠢᠯᠪᠤᠷᠢ︾︵说文解字︶ᠳᠤ qióng᠂ ᠭᠤᠸᠠᠩᠵᠸᠤ ᠠᠶᠠᠯᠭᠤᠨ ᠳᠤ kiong᠂ ᠮᠢᠩ ᠨᠠᠨ ᠠᠶᠠᠯᠭᠤᠨ ᠳᠤ hung(kung)᠂ ᠺᠧ ᠵᠢᠶ᠋ᠨ ᠠᠶᠠᠯᠭᠤᠨ ᠳᠤ ︖ ᠭᠡᠵᠤ ᠤᠩᠰᠢᠳᠠᠭ ᠪᠠᠢᠨ᠎ᠠ᠃ ᠬᠢᠲᠠᠳ ᠬᠡᠯᠡᠨ ‍ᠣ ᠳᠡᠭᠡᠳᠦ ᠡᠷᠲᠡᠨ ‍ᠣ ᠠᠶᠠᠯᠭᠤᠨ ‍ᠣ ᠳᠠᠭᠤᠳᠠᠯᠭ᠎ᠠ ᠶᠢᠨ ᠰᠡᠷᠬᠦᠭᠡᠯᠳ᠋ᠨ ᠢᠶᠡᠷ ᠪᠤᠯ kʰʷɯŋ ︵https://www.zdic.net/zd/yy/sgy/%E7%A9%B9︶ᠪᠤᠯᠬᠤ ᠶᠤᠮ ᠪᠠᠢᠨ᠎ᠠ᠂
   庐ᠦᠰᠦᠭ ᠶᠢ ᠵᠡᠬᠦᠨ ᠬᠠᠨ ᠤᠯᠤᠰ ᠤᠨ ᠦᠶ᠎ᠡ ᠪᠢᠴᠢᠭᠳᠡᠭᠰᠡᠨ︽ ᠬᠢᠲᠠᠳ ᠦᠰᠦᠭ᠂ ᠤᠳᠬ᠎ᠠ ᠶᠢᠨ ᠲᠠᠢᠯᠪᠤᠷᠢ︾(说文解字︶ᠳᠦ lu᠂ ᠮᠢᠩ ᠨᠠᠨ ᠠᠶᠠᠯᠭᠤᠨ ᠳᠤlou᠂ ᠭᠤᠸᠠᠩᠵᠸᠤ ᠠᠶᠠᠯᠭᠤᠨ ᠳᠤ lo(ly)᠂ ᠺᠧ ᠵᠢᠶ᠋ᠨ ᠠᠶᠠᠯᠭᠤᠨ ᠳᠤlu ᠬᠡᠵᠤ ᠤᠩᠰᠢᠭᠳᠠᠳᠠᠭ ᠪᠠᠢᠨ᠎ᠠ᠃ ᠬᠢᠲᠠᠳ ᠬᠡᠯᠡᠨ ‍ᠣ ᠳᠡᠭᠡᠳᠦ ᠡᠷᠲᠡᠨ ‍ᠣ ᠠᠶᠠᠯᠭᠤᠨ ‍ᠣ ᠳᠠᠭᠤᠳᠠᠯᠭ᠎ᠠ ᠶᠢᠨ ᠰᠡᠷᠬᠦᠬᠡᠯᠳ᠋ᠨ ᠢᠶᠡᠷ ᠪᠤᠯ ︵https://www.zdic.net/zd/yy/sgy/%E5%BA%90︶ᠪᠤᠯᠬᠤ ᠶᠤᠮ ᠪᠠᠢᠨ᠎ᠠ᠃

    ᠤᠳᠤ ᠶᠢᠨ ᠮᠤᠩᠭᠤᠯ᠂ ᠬᠢᠷᠬᠢᠰ᠂ ᠬᠠᠰᠠᠭ ᠵᠡᠷᠭᠡ ᠨᠡᠬᠦᠳᠡᠯᠴᠢᠳ ᠠᠬᠤᠢ ᠪᠠᠨ ᠬᠠᠳᠠᠭᠠᠯᠠᠭᠰᠠᠨ ᠠᠷᠠᠳ ᠲᠦᠮᠡᠨ ‍ᠣ ᠤᠯᠠᠮᠵᠢᠯᠠᠯᠲᠤ ᠤᠷᠤᠨ ᠰᠠᠭᠤᠴᠨ ᠪᠤᠯᠬᠤ-ᠢᠰᠡᠭᠡᠢ ᠭᠡᠷ ᠨᠢ ᠪᠦᠬᠦᠳᠡᠭᠡᠷ  ᠢᠶᠡᠨ ᠤᠪᠤᠭᠤᠷ᠂ ᠪᠦᠮᠪᠦᠭᠡᠷ ᠬᠡᠯᠪᠡᠷᠢ ᠲᠠᠢ᠂ ᠡᠷᠲᠡᠨ ‍ᠣ ᠬᠢᠲᠠᠳ ᠰᠤᠷᠪᠤᠯᠵᠢ ᠶᠢᠨ ᠲᠡᠮᠳᠡᠭᠯᠡᠯ ᠪᠤᠯᠤᠨ ᠲᠡᠬᠦᠨ ᠳᠦ ᠬᠢᠭᠰᠡᠨ ᠲᠠᠢᠯᠪᠤᠷᠢ ᠨᠢ ᠳᠡᠭᠡᠷᠡᠬᠢ ᠨᠡᠬᠦᠳᠡᠯᠴᠢᠳ ᠦᠨ ᠤᠯᠠᠮᠵᠢᠯᠠᠯᠲᠤ ᠤᠷᠤᠨ ᠰᠠᠭᠤᠴᠨ ᠤ ᠤᠨᠴᠠᠯᠢᠭ ᠲᠠᠢ ᠨᠡᠢᠴᠡᠳᠡᠭ ᠪᠦᠬᠡᠳ ᠡᠳᠡᠭᠡᠷ ᠨᠡᠬᠦᠳᠡᠯᠴᠢᠳ ᠦᠨ ᠤᠷᠤᠨ ᠰᠠᠭᠤᠴᠨ ᠢ ᠪᠡᠨ ᠨᠡᠷᠡᠯᠡᠬᠦ ᠪᠠᠢᠳᠠᠯ ᠢ ᠵᠢᠱᠢᠶᠡᠯᠡᠨ ᠦᠵᠡᠬᠦᠯᠡᠪᠡᠯ᠂ ᠮᠤᠩᠭᠤᠯᠴᠤᠳger᠂ ᠬᠢᠷᠬᠢᠰ᠂ ᠬᠠᠰᠠᠭ ᠦᠳ uy ᠭᠡᠳᠡᠭ᠃ ᠢᠰᠡᠬᠡᠢ ᠭᠡᠷ ᠦᠨ ᠬᠠᠭᠠᠯᠭ᠎ᠠ ᠶᠢ ᠮᠤᠩᠭᠤᠯᠴᠤᠳ ᠨᠠᠷᠨ ᠤᠷᠭᠤᠬᠤ ᠵᠡᠬᠦᠨ ᠵᠦᠭ ᠪᠤᠶᠤ ᠵᠡᠬᠦᠨ ᠤᠷᠤᠭᠰᠢ ᠪᠠᠨ ᠬᠠᠷᠠᠭᠤᠯᠳᠠᠭ᠂ ᠬᠠᠷᠢᠨ ᠬᠢᠷᠬᠢᠰ ᠪᠤᠯᠤᠨ ᠬᠠᠰᠠᠭ ᠨᠠᠷ ᠤᠨ ᠢᠰᠡᠬᠡᠢ ᠭᠡᠷ ᠤᠨ ᠬᠠᠭᠠᠯᠭ᠎ᠠ ᠨᠢ ᠶᠠᠭ ᠤᠷᠤᠭᠰᠢ ᠪᠠᠨ ᠭᠠᠷᠭᠠᠨ᠎ᠠ᠃    
    ᠮᠤᠩᠭᠤᠯᠴᠤᠳ ᠤᠨ ᠤᠯᠠᠮᠵᠢᠯᠠᠯᠲᠤ ᠤᠷᠤᠨ ᠰᠠᠭᠤᠴᠨ ᠦᠨ ᠲᠦᠷᠦᠯ ᠵᠦᠢᠯ ᠤᠯᠠᠨ᠂ ᠤᠷᠤᠨ ᠰᠠᠭᠤᠴᠨ ᠤ ᠬᠢ ᠪᠡᠨ ᠵᠢᠵᠢᠭ ᠲᠤᠮᠤ᠂ ᠬᠡᠯᠪᠡᠷᠢ ᠪᠠᠢᠳᠠᠯ᠂ ᠬᠡᠷᠡᠭᠯᠡᠬᠦ ᠵᠤᠷᠢᠭᠤᠯᠤᠯᠳ᠋ᠨ ᠪᠠᠷ ᠨᠢ ᠤᠪᠤᠬᠠᠢ᠂ ᠤᠷᠤᠴᠨ᠂ ᠵᠤᠮᠤᠭᠤᠷ᠂ ᠮᠠᠢᠬᠠᠨ᠂ ᠵᠤᠯᠤᠮ᠂ ᠭᠡᠷ ᠬᠡᠮᠡᠨ ᠢᠯᠭᠠᠵᠤ ᠨᠡᠷᠡᠯᠡᠨ᠎ᠡ᠃ ᠡᠳᠡᠭᠡᠷ ᠨᠡᠷ᠎ᠡ ᠡᠴᠡ ᠡᠬᠦᠳᠦᠨ᠂ ᠡᠷᠲᠡᠨ ‍ᠣ ᠾᠦᠩᠨᠦ ᠨᠠᠷ ᠤᠨ ᠤᠷᠤᠨ ᠰᠠᠭᠤᠴᠨ᠂ ᠲᠡᠬᠦᠨ ᠢ ᠲᠡᠮᠳᠡᠭᠯᠡᠭᠰᠡᠨ ᠬᠢᠲᠠᠳ ᠦᠰᠦᠭ穹庐ᠭᠡᠬᠦ ᠬᠢᠲᠠᠳ ᠦᠰᠦᠭ ᠦᠨ ᠲᠠᠭᠤᠳᠠᠯᠭ᠎ᠠ᠂ ᠤᠨᠴᠠᠯᠢᠭ ᠬᠡᠯᠪᠡᠷᠢ ᠡᠴᠡ ᠵᠤᠯᠤᠮ djolum︵jolum︶ᠭᠡᠰᠡᠨ ᠮᠤᠩᠭᠤᠯ ᠦᠬᠡ ᠮᠦᠨ ᠭᠡᠵᠤ ᠪᠢᠳ᠋ᠨ ᠦᠵᠡᠵᠤ ᠪᠠᠢᠨ᠎ᠠ᠃     
     
ᠬᠤᠢᠨᠠᠨᠬᠢ ᠲᠠᠢᠯᠪᠤᠷᠢ᠄ ᠵᠤᠯᠤᠮ ᠢ ᠬᠠᠰᠠᠭ ᠬᠡᠯᠡᠨ ᠳᠦ ᠬᠤᠱ hosh᠂ ᠬᠢᠷᠬᠢᠰ ᠬᠡᠯᠡᠨ ᠳᠦ alachi ᠬᠡᠳᠡᠭ᠃ 
ᠵᠤᠯᠤᠮ ᠭᠡᠵᠤ ᠬᠠᠨ᠎ᠠ ᠦᠬᠡᠢ ᠢᠰᠡᠭᠡᠢ ᠭᠡᠷ᠃



  
     
     