

ᠲᠤᠮᠤᠰᠤ ᠪᠤᠯ ᠰᠢᠮ᠎ᠡ ᠲᠡᠵᠢᠭᠡᠯ ᠲᠠᠢ ᠮᠦᠷᠳᠡᠭᠡᠨ ᠦᠳᠡᠯᠬᠦ ᠶᠢ ᠰᠡᠷᠭᠡᠶᠢᠯᠡᠨ᠎ᠡ

2019-05-22 09:37
  64
  0
 m  ᠲᠦᠮᠦᠰᠤᠨ ᠳᠤ ᠡᠯᠪᠡᠭ ᠲᠡᠯᠪᠡᠭ ᠸᠢᠲ᠋ᠠᠮᠢᠨ B1᠂ ᠸᠢᠲ᠋ᠠᠮᠢᠨ B2᠂ ᠸᠢᠲ᠋ᠠᠮᠢᠨ B6 ᠪᠤᠯᠤᠨ ᠲᠦᠭᠡᠮᠡᠯ ᠬᠦᠴᠢᠯ ᠵᠡᠷᠭᠡ B ᠪᠦᠯᠦᠭᠯᠡᠯ ᠸᠢᠲ᠋ᠠᠮᠢᠨ ᠵᠢᠴᠢ ᠶᠡᠭᠡ ᠬᠡᠮᠵᠢᠶᠡᠨ ᠤ ᠰᠢᠯᠢᠳᠡᠭ ᠰᠢᠷᠬᠡᠭᠯᠢᠭ ᠡᠳ᠋ ᠠᠭᠤᠯᠵᠤ᠂ ᠪᠠᠰᠠ ᠪᠠᠭ᠎ᠠ ᠬᠡᠮᠵᠢᠶᠡᠨ ᠤ ᠡᠯᠧᠮᠧᠨ᠋ᠲ᠂ ᠰᠢᠪᠳᠤᠷᠳᠤ ᠬᠦᠴᠢᠯ᠂ ᠤᠭᠤᠷᠠᠭ ᠡᠳ᠋᠂ ᠦᠭᠡᠬᠦ ᠪᠠ ᠰᠢᠯᠢᠳᠡᠭ ᠴᠠᠷᠳᠠᠭᠤᠯ ᠵᠡᠷᠭᠡ ᠰᠢᠮ᠎ᠡ ᠲᠡᠵᠢᠭᠡᠯ ᠤᠨ ᠡᠳ᠋ ᠠᠭᠤᠯᠳᠠᠭ ᠪᠠᠶᠢᠨ᠎ᠠ᠃ ᠲᠦᠮᠦᠰᠤ ᠶᠢ ᠦᠷᠭᠦᠯᠵᠢ ᠢᠳᠡᠪᠡᠯ ᠬᠦᠮᠦᠨ ᠤ ᠪᠡᠶ᠎ᠡ ᠶᠢᠨ ᠡᠷᠡᠭᠦᠯ ᠮᠡᠨᠳᠤ ᠳᠤ ᠠᠰᠢᠭ ᠲᠠᠢ ᠪᠦᠭᠡᠳ ᠦᠳᠡᠯᠬᠦ ᠶᠢ ᠤᠳᠠᠭᠠᠰᠢᠷᠠᠭᠤᠯᠳᠠᠭ᠃
  ᠲᠦᠮᠦᠰᠤ ᠮᠠᠷᠢᠶ᠎ᠠ ᠶᠢ ᠰᠢᠭᠤᠷᠠᠭᠤᠯᠤᠨ᠎ᠠ
  ᠲᠦᠮᠦᠰᠤ ᠢᠷᠡᠬᠦ ᠳᠡᠭᠡᠨ ᠦᠭᠡᠬᠦ ᠭᠡᠳᠦᠷᠡᠬᠦ ᠠᠴᠠ ᠠᠶᠤᠭᠰᠠᠨ ᠤ ᠬᠡᠷᠡᠭ ᠦᠭᠡᠢ ᠂ ᠤᠴᠢᠷ ᠨᠢ ᠲᠡᠭᠦᠨ ᠳᠤ ᠵᠦᠪᠬᠡᠨ 0.1%᠎ ᠶᠢᠨ
ᠦᠭᠡᠬᠦ ᠠᠭᠤᠯᠳᠠᠭ ᠪᠤᠯᠬᠤᠷ ᠶᠠᠮᠠᠷ ᠴᠤ ᠢᠳᠡᠭᠡᠨ ᠲᠤᠳᠤᠷ᠎ᠠ ᠦᠭᠡᠬᠦ ᠶᠢᠨ ᠠᠭᠤᠯᠤᠭᠳᠠᠴᠨ ᠪᠠᠷ ᠬᠠᠮᠤᠭ ᠤᠨ ᠲᠤᠤᠷ᠎ᠠ ᠢᠳᠡᠭᠡᠨ ᠪᠤᠯᠤᠭᠰᠠᠨ ᠪᠠᠶᠢᠳᠠᠭ᠃ ᠡᠳᠤᠷ ᠪᠦᠷᠢ ᠲᠦᠮᠦᠰᠤ ᠢᠡᠯᠭᠦᠤ ᠢᠳᠡᠪᠡᠯ ᠦᠭᠡᠬᠦ ᠶᠢ ᠲᠤᠳᠠᠭᠤ ᠰᠢᠮᠡᠳᠭᠡᠵᠤ᠂ ᠬᠦᠮᠦᠨ ᠤ ᠪᠡᠶ᠎ᠡ ᠮᠠᠬᠠᠪᠤᠳ ᠢᠯᠡᠭᠦᠳᠡᠭᠰᠡᠨ ᠦᠭᠡᠬᠦ ᠪᠠᠨ ᠠᠭᠠᠵᠢᠮ  ᠢᠶᠠᠷ ᠭᠠᠳᠠᠭᠰᠢᠯᠠᠭᠤᠯᠵᠤ᠂ ᠡᠷᠡᠭᠦᠯ ᠮᠡᠨᠳᠤ ᠳᠤ ᠠᠰᠢᠭ ᠲᠠᠢ ᠶᠤᠮ᠃ ᠡᠴᠩᠬᠡᠢ ᠬᠦᠮᠦᠨ ᠲᠦᠮᠦᠰᠤ ᠢᠳᠡᠪᠡᠯ ᠮᠠᠷᠢᠶᠠᠯᠠᠵᠤ᠂ ᠮᠠᠷᠢᠶ᠎ᠠ ᠲᠠᠢ ᠬᠦᠮᠦᠨ ᠲᠦᠮᠦᠰᠤ ᠢᠳᠡᠪᠡᠯ ᠮᠠᠷᠢᠶ᠎ᠠ  ᠨᠢ ᠰᠢᠭᠤᠷᠠᠨ᠎ᠠ᠃
  ᠲᠦᠮᠦᠰᠤ ᠪᠤᠯ ᠪᠠᠶᠢᠭᠠᠯᠢᠯᠢᠭ ᠵᠢᠰᠤ ᠭᠤᠶᠤᠯᠠᠬᠤ ᠤᠬᠢ ᠢᠳᠡᠭᠡᠨ ᠶᠤᠮ
  ᠲᠦᠮᠦᠰᠤ ᠠᠷᠠᠰᠤ ᠶᠢ ᠬᠠᠮᠠᠭᠠᠯᠠᠨ᠂ ᠵᠢᠰᠤ ᠶᠢ ᠭᠤᠶᠤᠯᠠᠬᠤ ᠦᠢᠯᠡᠳᠦᠯ ᠲᠠᠢ ᠶᠤᠮ᠃ ᠰᠢᠨ᠎ᠡ ᠰᠤᠷᠭᠤᠭ ᠲᠦᠮᠦᠰᠤ ᠶᠢᠨ ᠱᠦᠭᠦᠰᠦ ᠶᠢ ᠨᠢᠭᠤᠷ ᠲᠡᠭᠡᠨ ᠲᠦᠷᠬᠢᠪᠡᠯ ᠴᠢᠷᠠᠢ ᠶᠢ ᠴᠠᠶᠢᠷᠠᠭᠤᠯᠬᠤ ᠦᠢᠯᠡᠳᠦᠯ ᠨᠢ ᠲᠤᠩ ᠰᠠᠶᠢᠨ ᠶᠤᠮ᠃ ᠬᠦᠮᠦᠨ ᠤ ᠠᠷᠠᠰᠤ ᠵᠤᠨ ᠤ ᠴᠠᠭ ᠤᠨ ᠠᠭᠠᠬᠢᠮ᠎ᠠ ᠬᠠᠯᠠᠭᠤᠨ ᠳᠤ ᠰᠢᠷᠠᠭᠳᠠᠨ ᠰᠢᠷᠬᠠᠳᠤᠵᠤ ᠬᠠᠷᠠᠯᠠᠪᠡᠯ ᠲᠦᠮᠦᠰᠤᠨ ᠱᠦᠭᠦᠰᠤ ᠶᠢ ᠲᠦᠷᠬᠢᠪᠡᠯ ᠲᠤᠩ ᠰᠠᠶᠢᠨ ᠦᠢᠯᠡᠳᠦᠯ ᠲᠠᠢ᠃ ᠲᠦᠮᠦᠰᠤᠨ ᠱᠦᠭᠦᠰᠦᠨ ᠤ ᠨᠢᠳᠤᠨ ᠤ ᠬᠡᠰᠡᠭ ᠤᠨ ᠠᠷᠠᠰᠤ ᠶᠢ ᠭᠤᠶᠤᠵᠢᠭᠤᠯᠬᠤ ᠦᠷ᠎ᠡ ᠪᠦᠳᠦᠮᠵᠢ ᠨᠢ ᠢᠯᠡᠷᠬᠡᠢ ᠪᠠᠶᠢᠳᠠᠭ᠃ ᠲᠦᠮᠦᠰᠤ ᠶᠢ ᠨᠢᠮᠬᠡᠨ ᠬᠡᠷᠴᠢᠵᠤ ᠨᠢᠳᠤᠨ ᠤ ᠬᠡᠰᠡᠭ ᠲᠡᠭᠡᠨ ᠨᠠᠭᠠᠯᠳᠤᠭᠤᠯᠪᠡᠯ ᠨᠢᠳᠤᠨ ᠵᠤᠪᠬᠢ ᠬᠠᠪᠤᠳᠬᠤ ᠶᠢ ᠰᠡᠷᠭᠡᠶᠢᠯᠡᠨ᠎ᠡ᠃ ᠲᠦᠮᠦᠰᠤᠨ ᠬᠡᠷᠴᠢᠮᠠᠯ ᠢ ᠨᠢᠭᠤᠷ ᠲᠡᠭᠡᠷ᠎ᠡ ᠪᠠᠨ ᠨᠠᠭᠠᠯᠳᠤᠭᠤᠯᠪᠡᠯ ᠵᠢᠰᠤ ᠶᠢ ᠭᠤᠶᠤᠵᠢᠭᠤᠯᠤᠨ ᠠᠷᠠᠰᠤ ᠶᠢ ᠬᠠᠮᠠᠭᠠᠯᠠᠵᠤ᠂ ᠠᠳᠤᠷᠢᠶ᠎ᠠ ᠶᠢ ᠪᠠᠭᠠᠰᠬᠠᠬᠤ ᠳᠤ ᠲᠤᠩ ᠰᠠᠶᠢᠨ ᠦᠢᠯᠡᠳᠦᠯ ᠲᠠᠢ ᠶᠤᠮ᠃
  ᠲᠦᠮᠦᠰᠤ ᠢᠳᠡᠪᠡᠯ ᠰᠠᠶᠢᠨ ᠵᠠᠩ ᠲᠠᠢ ᠪᠤᠯᠤᠨ᠎ᠠ
  ᠲᠦᠮᠦᠰᠤᠨ ᠳᠤ ᠸᠢᠲ᠋ᠠᠮᠢᠨ C ᠠᠭᠤᠯᠵᠤ ᠪᠠᠶᠢᠳᠠᠭ᠃ ᠤᠳᠤ ᠦᠶ᠎ᠡ ᠶᠢᠨ ᠬᠦᠮᠦᠰ ᠪᠤᠬᠢᠨᠢᠳᠤᠨ ᠵᠤᠪᠠᠨᠢᠬᠤ᠂ ᠤᠷᠮ᠎ᠠ ᠬᠤᠭᠤᠷᠠᠵᠤ ᠵᠤᠷᠢᠭ ᠮᠤᠬᠤᠬᠤ᠂ ᠰᠠᠨᠠᠭ᠎ᠠ ᠰᠡᠳᠭᠢᠯ ᠲᠤᠭᠳᠠᠪᠦᠷᠢ ᠦᠭᠡᠢ ᠪᠤᠯᠬᠤ ᠤᠷᠴᠢᠨ ᠳᠤ ᠠᠮᠢᠳᠤᠷᠠᠵᠤ ᠪᠠᠶᠢᠨ᠎ᠠ᠃ ᠲᠦᠮᠦᠰᠤ ᠪᠤᠯ ᠲᠠᠨ ᠢ ᠬᠠᠪᠰᠤᠷᠤᠨ ᠡᠳᠡᠭᠡᠷ ᠬᠦᠴᠢᠷ ᠠᠰᠠᠭᠤᠳᠠᠯ ᠢ ᠰᠢᠢᠳᠪᠦᠷᠢᠯᠡᠵᠤ᠂ ᠤᠶᠤᠨ ᠰᠠᠨᠠᠭ᠎ᠠ ᠶᠢ ᠰᠠᠶᠢᠵᠢᠷᠠᠭᠤᠯᠤᠨ᠎ᠠ᠃
  ᠶᠠᠪᠤᠳᠠᠯ ᠤᠴᠢᠷ ᠬᠢᠬᠦ ᠳᠡᠭᠡᠨ ᠪᠠᠷᠰ ᠤᠨ ᠲᠤᠯᠤᠭᠠᠢ ᠪᠠᠷ ᠡᠬᠢᠯᠡᠨ ᠮᠤᠭᠠᠢ ᠶᠢᠨ ᠰᠡᠭᠦᠯ ᠢᠶᠠᠷ ᠬᠦᠢᠴᠡᠳᠭᠡᠳᠡᠭ ᠬᠦᠮᠦᠰ ᠤᠨ ᠤᠯᠠᠩᠬᠢ ᠨᠢ ᠪᠡᠶ᠎ᠡ ᠳᠤᠨᠢ ᠸᠢᠲ᠋ᠠᠮᠢᠨ A ᠪᠠ ᠸᠢᠲ᠋ᠠᠮᠢᠨ C᠂ ᠡᠰᠡᠭᠦᠯ᠎ᠡ ᠬᠦᠴᠢᠯᠯᠢᠭ ᠢᠳᠡᠭᠡᠨ ᠢ ᠢᠯᠡᠭᠦᠤ ᠢᠳᠡᠭᠰᠡᠨ ᠠᠴᠠ ᠪᠤᠯᠤᠭᠰᠠᠨ ᠶᠤᠮ᠃ ᠡᠶᠢᠮᠤ ᠠᠴᠠ ᠰᠢᠮ᠎ᠡ ᠲᠡᠵᠢᠭᠡᠯ ᠬᠠᠩᠭᠠᠭᠰᠠᠨ ᠤᠷᠢᠳᠠᠯ ᠲᠤᠤᠷ᠎ᠠ᠂ ᠲᠦᠮᠦᠰᠤ ᠢᠯᠡᠭᠦᠤ ᠢᠳᠡᠪᠡᠯ ᠡᠳᠡᠭᠡᠷ ᠢ ᠨᠦᠬᠦᠪᠦᠷᠢᠯᠡᠵᠤ᠂ ᠮᠢᠬᠠᠨ ᠢᠳᠡᠭᠡᠨ ᠬᠡᠳᠤ ᠢᠳᠡᠭᠰᠡᠨ ᠠᠴᠠ ᠤᠯᠤᠭᠰᠠᠨ ᠢᠳᠡᠭᠡᠨ ᠤ ᠬᠦᠴᠢᠯ ᠢ ᠪᠠᠭᠠᠰᠬᠠᠨ᠎ᠠ᠃
  ᠲᠦᠮᠦᠰᠤ ᠪᠠᠭᠤᠷᠠᠢ ᠪᠡᠶ᠎ᠡ ᠳᠤ ᠲᠡᠩᠭᠡᠭᠡ ᠤᠷᠤᠭᠤᠯᠤᠨ᠎ᠠ  ᠲᠦᠮᠦᠰᠤ ᠨᠢ ᠡᠴᠡᠩᠬᠡᠢ ᠬᠦᠮᠦᠨ ᠢ ᠲᠠᠷᠭᠤᠯᠠᠭᠤᠯᠵᠤ᠂ ᠰᠢᠷᠬ᠎ᠠ ᠶᠢ ᠡᠳᠡᠭᠡᠷᠡᠭᠦᠯᠦᠨ᠂ ᠰᠢᠭᠡᠰᠤ ᠶᠢ ᠰᠢᠯᠤᠭᠤᠳᠬᠠᠵᠤ᠂ ᠲᠠᠳᠠᠯᠳᠤᠬᠤ ᠶᠢ ᠨᠠᠮᠳᠠᠭᠤᠯᠤᠨ᠎ᠠ᠃ ᠲᠡᠷᠨ ᠨᠢ ᠬᠠᠪᠤᠳᠠᠷ᠂ ᠮᠡᠳᠡᠷᠡᠯ ᠡᠪᠡᠳᠬᠦ᠂ ᠦᠶ᠎ᠡ ᠭᠡᠰᠢᠭᠦᠨ ᠤ ᠦᠷᠪᠢᠰᠦᠯ᠂ ᠲᠢᠳᠢᠮ ᠡᠪᠡᠳᠴᠢᠨ ᠢ ᠰᠡᠷᠭᠡᠶᠢᠯᠡᠨ ᠵᠠᠰᠠᠵᠤ᠂ ᠪᠠᠰᠠ ᠨᠢᠳᠤᠨ ᠤ ᠡᠪᠡᠳᠴᠢᠨ ᠢ ᠵᠠᠰᠠᠨ᠎ᠠ᠃ ᠲᠦᠮᠦᠰᠤᠨ ᠳᠤ ᠺᠠᠯᠢ ᠶᠢᠨ ᠡᠯᠧᠮᠧᠨ᠋ᠲ ᠡᠯᠪᠡᠭ ᠪᠠᠶᠢᠬᠤ ᠪᠤᠯᠬᠤᠷ ᠪᠤᠯᠴᠢᠩ ᠮᠢᠬ᠎ᠠ ᠬᠦᠴᠦ ᠦᠭᠡᠢ ᠪᠤᠶᠤ ᠢᠳᠡᠭᠡᠨ ᠤ ᠲᠤᠷᠠᠰᠢᠯ ᠮᠠᠭᠤ ᠬᠦᠮᠦᠨ᠂ ᠤᠷᠳᠤ ᠬᠤᠭᠤᠴᠠᠭ᠎ᠠ ᠪᠠᠷ ᠰᠢᠭᠡᠰᠤ ᠶᠢ ᠰᠢᠯᠦᠭᠤᠳᠬᠠᠬᠤ ᠡᠮ ᠪᠤᠶᠤ ᠭᠡᠳᠡᠰᠤ ᠲᠤᠭᠤᠯᠬᠤ ᠡᠮ ᠤᠤᠭᠤᠭᠰᠠᠨ ᠬᠦᠮᠦᠨ ᠲᠦᠮᠦᠰᠤ ᠢᠯᠡᠭᠦᠤ ᠢᠳᠡᠪᠡᠯ ᠪᠡᠶ᠎ᠡ ᠳᠤ ᠺᠠᠯᠢ ᠨᠦᠬᠦᠪᠦᠷᠢᠯᠡᠨ᠎ᠡ᠃ ᠤᠭᠤᠷᠠᠭᠳᠤ ᠡᠳ᠋ ᠪᠠ ᠸᠢᠲ᠋ᠠᠮᠢᠨ B ᠶᠡᠭᠡ ᠠᠭᠤᠯᠵᠤ ᠪᠠᠶᠢᠬᠤ ᠪᠤᠯᠬᠤᠷ ᠪᠡᠶ᠎ᠡ ᠶᠢ ᠲᠠᠮᠢᠷᠵᠢᠭᠤᠯᠵᠤ᠂ ᠪᠠᠰᠠ ᠴᠡᠭᠡᠵᠢᠯᠡᠬᠦ ᠴᠢᠳᠠᠪᠦᠷᠢ ᠶᠢ ᠲᠡᠭᠡᠭᠰᠢᠯᠡᠬᠦᠯᠬᠦ ᠪᠠ ᠰᠡᠳᠭᠢᠮᠵᠢ ᠶᠢ ᠰᠡᠷᠭᠡᠭ ᠪᠤᠯᠭᠠᠨ᠎ᠠ ᠃



  
     
     