 

ᠠᠯᠢᠶᠡᠬᠦᠦ ᠶᠢᠨ ᠮᠤᠩᠭᠤᠯ ᠬᠠᠳᠬᠤᠮᠠᠯ

2018-07-16 14:48
  308
  0
 
    ︽ᠬᠤᠸᠠᠷ ᠬᠠᠳᠬᠤᠬᠤ ᠳᠤ ᠡᠷᠭᠡᠪᠰᠢ ᠤᠷᠢᠳᠡᠪᠡᠷ ᠴᠡᠴᠡᠭ ᠢᠶᠠᠨ ᠲᠠᠨᠢᠵᠦ ᠠᠪᠬᠤ ᠬᠡᠷᠡᠭᠳᠡᠢ᠃ ᠮᠤᠩᠭᠤᠯ ᠦᠬᠡᠨ ᠳᠤ ︿ ᠲᠦᠷᠦᠬᠦᠦ ᠨᠢ ᠬᠠᠮᠢᠭᠠᠰᠢ ᠪᠠᠨ ᠪᠤᠯ ᠲᠤᠷᠤᠭᠤ ᠨᠢ ᠲᠡᠰᠢ ᠪᠠᠨ﹀ ᠬᠡᠳᠡᠭ᠃ ᠬᠤᠸᠠᠷ ᠤᠨ ᠲᠤᠯᠤᠭᠠᠢ ᠨᠢ ᠬᠠᠮᠢᠭᠠᠰᠢ ᠪᠠᠨ ᠬᠠᠨᠳᠤᠪᠠᠯ ᠪᠦᠬᠦ ᠴᠡᠴᠡᠭ ᠨᠠᠪᠴᠢ ᠲᠡᠬᠦᠨ ᠢᠶᠠᠨ ᠲᠠᠭᠠᠨ ᠬᠡᠯᠪᠠᠶᠢᠨ᠎ᠠ᠃ ᠨᠡᠷᠡᠨ ᠤ ᠭᠡᠷᠡᠯ ᠴᠡᠴᠡᠭ ᠤᠨ ᠲᠡᠯᠪᠢ ᠲᠡᠬᠡᠷ᠎ᠠ ᠲᠤᠰᠬᠤ ᠳᠤ ᠦᠡᠭᠬᠡ ᠨᠢ ᠦᠬᠡᠷ᠎ᠠ ᠪᠤᠯᠤᠨ᠎ᠠ᠂ ᠡᠳᠡᠬᠡᠷ ᠢ ᠬᠦᠢᠴᠡᠳ ᠪᠤᠳᠤᠯᠬᠢᠯᠠᠪᠠᠯ ᠰᠠᠶ᠋ᠢ ᠬᠠᠳᠬᠤᠬᠰᠠᠨ ᠬᠤᠸᠠᠷ ᠴᠢᠨᠢ ᠠᠮᠢᠳᠤᠯᠢᠭ ᠪᠤᠯᠵᠦ ᠴᠢᠳᠠᠨ᠎ᠠ  ᠬᠠᠳᠬᠤᠮᠠᠯ ᠤᠨ ᠬᠠᠮᠤᠭ ᠤᠨ ᠭᠠᠳᠠᠭᠤᠷ ᠬᠠᠳᠬᠤᠬᠤ ᠶᠢ ᠨᠢ ᠲᠢᠭᠳᠡᠢ ᠬᠠᠳᠬᠤᠬᠤ ᠬᠡᠨ᠎ᠠ᠃ ᠲᠢᠭᠳᠡᠢ ᠬᠠᠳᠬᠤᠮᠠᠯ ᠳᠤ ᠲᠢᠭ ᠢ ᠬᠠᠮᠤᠭ ᠡᠷᠬᠢᠮᠨᠠᠨ᠎ᠠ᠃ ᠲᠠᠷᠠᠭ᠎ᠠ ᠳᠤ ᠨᠢ ᠦᠶᠡᠯᠡᠵᠦ ᠬᠠᠳᠬᠤᠨ᠎ᠠ ᠁︾᠃ ᠭᠠᠷ ᠲᠠᠭᠠᠨ ᠵᠡᠬᠦᠦ ᠤᠳᠠᠰᠦ ᠪᠠᠷᠢᠨ᠂ ᠮᠤᠩᠭᠤᠯ ᠬᠠᠳᠬᠤᠮᠠᠯ ᠤᠨ ᠬᠠᠳᠬᠤᠬᠤ ᠠᠷᠭ᠎ᠠ ᠠᠴᠠ ᠡᠬᠢᠯᠡᠨ᠂ ᠲᠡᠬᠦᠨ ᠳᠤ ᠠᠭᠤᠯᠤᠭᠳᠠᠬᠤ ᠰᠤᠶᠤᠯ ᠵᠠᠩᠰᠢᠯ ᠢ ᠨᠡᠷᠢᠨ ᠲᠠᠶᠢᠯᠪᠤᠷᠢᠯᠠᠵᠦ ᠪᠠᠶᠢᠭ᠎ᠠ ᠡᠨᠡ ᠬᠦᠮᠦᠨ ᠶᠡᠮᠡᠷ ᠨᠢᠬᠡᠨ ᠶᠡᠭᠡ ᠲᠡᠭᠡᠳᠦ ᠰᠤᠷᠭᠠᠭᠤᠯᠢ ᠶᠢᠨ ᠫᠷᠤᠹᠧᠰᠰᠤᠷ᠂ ᠳ᠋ᠤᠺᠲ᠋ᠤᠷ ᠪᠢᠰᠢ᠂ ᠬᠠᠷᠢᠨ ᠤᠯᠠᠭᠠᠬᠠᠨᠳᠠ ᠬᠤᠳᠠ ᠶᠢᠨ ᠤᠡᠭᠨᠢᠭᠤᠳ ᠬᠤᠰᠢᠭᠤᠨ ᠤ ᠬᠠᠶᠢᠯᠠᠰᠦ ᠪᠠᠯᠭᠠᠰᠦ ᠶᠢᠨ ᠠᠯᠢᠶᠠᠬᠦᠦ ᠦᠨᠳᠦᠰᠦᠳᠡᠨ ᠤ ᠬᠤᠪᠴᠠᠰᠦ ᠵᠠᠰᠠᠯ ᠦᠢᠯᠡᠳᠪᠦᠷᠢᠯᠡᠬᠦ ᠬᠢᠵᠠᠭᠠᠷᠳᠦ ᠺᠤᠮᠫᠠᠨᠢ ᠶᠢᠨ ᠡᠵᠡᠨᠳᠡᠨ ᠠᠯᠢᠶᠡᠬᠦᠦ ᠪᠤᠯᠤᠨ᠎ᠠ᠃ ᠬᠦᠳᠡᠭᠡ ᠶᠢᠨ ᠨᠢᠬᠡᠨ ᠠᠵᠦ ᠠᠬᠤᠢᠢᠯᠠᠯᠳᠠᠨ ᠶᠠᠭᠠᠬᠢᠭᠠᠳ ᠶᠡᠭᠡ ᠰᠤᠷᠭᠠᠭᠤᠯᠢ ᠳᠤ ᠢᠷᠡᠵᠦ ᠪᠠᠭᠰᠢᠯᠠᠬᠰᠠᠨ ᠪᠤᠢ  ᠠᠯᠢᠶᠠᠬᠦᠦ ᠶᠢᠨ ᠮᠤᠩᠭᠤᠯ ᠬᠠᠳᠬᠤᠮᠠᠯ ᠤᠨ ᠤᠯᠠᠮᠵᠢᠯᠠᠯ ᠤᠨ ᠠᠶᠠᠨ ᠢ ᠶᠡᠷᠢᠬᠤ ᠳᠤ ᠦᠯᠢᠬᠡᠷ ᠤᠯᠠᠨ᠃
 
     ᠴᠢᠩ ᠤᠯᠤᠰ ᠤᠨ ᠬᠠᠭᠠᠳ ᠿᠧ ᠾᠧ ᠪᠠᠷ ᠵᠤᠭᠠᠴᠠᠬᠤ ᠳᠤ ᠪᠠᠨ᠂ ᠤᠡᠭᠨᠢᠭᠤᠳ ᠬᠤᠰᠢᠭᠤᠨ ᠤ ᠤᠷᠠᠴᠤᠳ ᠢᠶᠠᠷ ᠬᠠᠳᠤᠳ ᠲᠤ ᠪᠠᠨ ᠦᠪᠴᠢ ᠬᠠᠳᠬᠤᠮᠠᠯ ᠲᠠᠢ ᠬᠤᠪᠴᠠᠰᠦ ᠬᠢᠯᠬᠡᠳᠡᠭ ᠪᠠᠶᠢᠵᠡᠢ᠃ ᠠᠯᠢᠶᠠᠬᠦᠦ ᠶᠢᠨ ᠨᠠᠭᠠᠴᠦ ᠡᠮᠡᠭᠡ ᠨᠢ ᠡᠨᠡᠬᠦ ᠠᠵᠢᠯ ᠳᠤ ᠲᠤᠳᠠᠭᠳᠠᠵᠦ ᠪᠤᠯᠤᠰᠢ ᠦᠬᠡᠢ ᠤᠷᠤᠨ ᠨᠤᠳᠤᠭ ᠲᠠᠭᠠᠨ ᠠᠯᠳᠡᠷᠳᠡᠢ ᠤᠷᠠᠨ ᠬᠦᠮᠦᠨ ᠪᠠᠶᠢᠬᠰᠠᠨ ᠬᠡᠨ᠎ᠠ᠃ ᠮᠦᠨ ᠴᠦ ᠮᠤᠩᠭᠤᠯ ᠬᠠᠳᠬᠤᠮᠠᠯ ᠤᠨ ᠤᠷ᠎ᠠ ᠮᠡᠷᠬᠡᠵᠢᠯ ᠠᠴᠠ ᠡᠬᠢᠯᠠᠨ ᠬᠤᠯᠪᠤᠭᠳᠠᠬᠤ ᠶᠤᠰᠦ ᠵᠠᠩᠰᠢᠯ ᠢ ᠪᠦᠷᠢᠨ ᠪᠦᠳᠦᠨ ᠢᠶᠠᠷ ᠦᠷ᠎ᠠ ᠬᠡᠤᠭᠡᠳ ᠲᠡᠭᠡᠨ ᠤᠯᠠᠮᠵᠢᠯᠠᠨ ᠦᠯᠡᠳᠡᠭᠡᠭᠰᠡᠨ ᠠᠴᠢᠳᠠᠢ ᠬᠦᠮᠦᠨ ᠰᠠᠨ᠃ ᠬᠡᠪᠡᠴᠦ ︽ᠴᠠᠬ ᠴᠠᠬ ᠢᠶᠠᠷ ᠪᠠᠶᠢᠳᠠᠬ ᠦᠬᠡᠢ᠂ ᠴᠡᠬᠢᠯᠳᠠᠭ ᠬᠦᠬᠡ ᠪᠠᠷ ᠢᠶᠠᠨ ᠪᠠᠶᠢᠳᠠᠭ ᠦᠬᠡᠢ︾ ᠭᠡᠳᠡᠭ ᠢᠶᠠᠷ᠂ ᠨᠡᠶᠢᠬᠡᠮ ᠠᠵᠦ ᠠᠬᠤᠢ ᠶᠢᠨ ᠬᠦᠭᠵᠢᠯᠳᠡ ᠵᠡᠷᠬᠡ ᠤᠯᠠᠨ ᠰᠢᠯᠳᠠᠭᠠᠨ ᠠᠴᠠ ᠪᠤᠯᠵᠦ᠂ ᠡᠷᠳᠡ ᠲᠡᠭᠡᠳᠦ ᠠᠴᠠ ᠠᠪᠤᠭᠠᠳ ᠡᠮᠡᠭᠳᠡᠢ ᠬᠦᠮᠦᠨ ᠪᠤᠯᠭᠠᠨ ᠴᠢᠳᠠᠬᠤ ᠶᠤᠰᠤᠳᠠᠢ ᠬᠡᠮᠡᠭᠳᠡᠳᠡᠭ ᠮᠤᠩᠭᠤᠯ ᠬᠠᠳᠬᠤᠮᠠᠯ ᠤᠷᠠᠯᠠᠯ ᠨᠢ ᠠᠮᠢᠳᠤᠷᠠᠯ ᠲᠤᠮᠳᠡ ᠦᠷᠬᠡᠨ ᠢᠶᠠᠷ ᠭᠡᠷᠡᠭᠯᠡᠭᠳᠡᠬᠦ ᠪᠠᠨ ᠪᠤᠯᠢᠵᠦ᠂ ᠤᠶᠤᠵᠦ ᠬᠠᠳᠬᠤᠵᠦ ᠴᠢᠳᠠᠳᠠᠭ ᠬᠦᠮᠦᠰ ᠨᠢ ᠤᠶᠤᠬᠤ ᠪᠠᠨ ᠪᠤᠯᠢᠵᠦ᠂ ᠦᠷ᠎ᠠ ᠬᠡᠤᠭᠡᠳ ᠲᠡᠭᠡᠨ ᠵᠢᠭᠠᠨ ᠦᠭᠬᠦ ᠪᠠᠨ ᠪᠤᠯᠢᠵᠡᠢ᠃ ᠠᠯᠢᠶᠡᠬᠦᠦ ᠶᠢᠨ ᠡᠵᠢ ᠨᠢ ᠴᠦ ︽ᠬᠡᠤᠬᠡᠨ ᠬᠦᠮᠦᠨ ᠰᠤᠷᠭᠠᠭᠤᠯᠢ ᠳᠤ ᠰᠠᠭᠤᠵᠦ ᠪᠢᠴᠢᠭ ᠦᠵᠡᠪᠡᠯ ᠲᠡᠬᠡᠷ᠎ᠠ︾ ᠬᠡᠳ ᠲᠡᠬᠦᠨ ᠢ ᠦᠢᠯᠡ ᠤᠳᠠᠰᠦ ᠲᠠᠢ ᠤᠢᠢᠷᠠᠳᠤᠭᠤᠯᠬᠤ ᠦᠬᠡᠢ ᠪᠠᠶᠢᠵᠡᠢ᠃ ᠨᠢᠬᠡ ᠭᠠᠷᠠᠭ ᠤᠨ ᠠᠮᠠᠷᠠᠯᠳᠠ ᠳᠤ ᠠᠯᠢᠶᠡᠬᠦᠦ ᠶᠢᠨ ᠲᠤᠷ᠎ᠠ ᠬᠦᠳᠡᠯᠦᠬᠡᠳ ᠶᠠᠬ ᠪᠤᠯᠬᠤ ᠦᠬᠡᠢ᠃ ᠲᠡᠬᠡᠭᠡᠳ ᠡᠵᠢ ᠶᠢᠨ ᠢᠶᠠᠨ ᠡᠰᠭᠡᠵᠦ ᠬᠠᠶᠢᠴᠢᠯᠠᠭᠠᠳ ᠤᠯᠠᠯᠠᠬᠤ ᠪᠠᠷ ᠪᠠᠶᠢᠬᠰᠠᠨ ᠱᠠᠬᠠᠢ ᠶᠢᠨ ᠵᠤᠯᠤᠭ ᠢ ᠨᠢ ᠶᠠᠩᠵᠤᠯᠠᠬᠤ ᠬᠡᠵᠦ ᠪᠠᠶᠢᠭᠠᠳ ᠰᠦᠢᠳᠴᠦ ᠤᠷᠬᠢᠭᠰᠠᠨ ᠬᠡᠨ᠎ᠠ᠃ ᠡᠬᠦᠨ ᠢ ᠡᠵᠢ ᠨᠢ ᠤᠯᠵᠦ ᠦᠵᠡᠭᠡᠳ ︽ᠠᠪᠤ ᠳᠤ ᠴᠢᠨᠢ ᠤᠶᠤᠬᠤ ᠬᠡᠵᠦ ᠪᠠᠶᠢᠬᠰᠠᠨ ᠱᠠᠬᠠᠢ ᠶᠢᠨ ᠵᠤᠯᠤᠭ ᠢ ᠰᠦᠢᠳᠭᠡᠴᠢᠬᠡᠯ᠎ᠠ ᠰᠢᠳᠡ᠃ ᠠᠪᠦ ᠴᠢᠨᠢ ᠤᠳᠤ ᠴᠠᠭᠠᠨ ᠰᠠᠷ᠎ᠠ ᠪᠠᠷ ᠬᠦᠯ ᠤᠨ ᠬᠤᠷᠤᠭᠤ ᠪᠠᠨ ᠭᠠᠷᠭᠠᠭᠠᠳ ᠶᠠᠪᠤᠬᠤ ᠨᠢ ᠡ ︾ ᠬᠡᠵᠦ ᠪᠠᠯᠠᠳᠤᠨ ᠰᠠᠨᠳᠤᠷᠤᠭᠰᠠᠨ ᠪᠤᠯᠪᠠᠴᠦ ᠲᠡᠬᠦᠨ ᠢ ᠠᠭᠤᠷᠯᠠᠵᠦ ᠪᠤᠷᠤᠭᠤᠳᠠᠭᠠᠭᠰᠠᠨ ᠦᠬᠡᠢ ᠠᠵᠢᠯ ᠳᠤ ᠪᠠᠨ ᠶᠠᠭᠠᠷᠠᠭᠠᠳ ᠶᠠᠪᠤᠴᠢᠬᠠᠵᠠᠢ᠃ ︽ᠲᠡᠷᠡ ᠦᠶ᠎ᠠ ᠳᠤ᠂ ᠡᠵᠢ ᠮᠢᠨᠢ ᠨᠠᠮ᠎ᠠ ᠶᠢ ᠵᠤᠳᠤᠴᠢᠠᠬᠬᠰᠠᠨ ᠪᠤᠯ ᠪᠢ ᠬᠠᠷᠢᠨ ᠲᠡᠬᠡᠵᠦ ᠶᠡᠭᠡ ᠵᠤᠪᠠᠭ᠋ᠤ ᠦᠬᠡᠢ ᠪᠠᠶᠢᠬᠰᠠᠨ᠃ ᠵᠢᠯ ᠴᠠᠭᠠᠨ ᠰᠠᠷ᠎ᠠ ᠪᠠᠷ ᠬᠡᠷ ᠤᠨ ᠨᠤᠶᠠᠨ ᠨᠢᠷᠤᠭᠤ ᠠᠪᠤ ᠮᠢᠨᠢ ᠱᠠᠬᠠᠢ ᠴᠤᠭᠤᠷᠬᠠᠢ ᠶᠠᠪᠤᠪᠠᠯ ᠬᠦᠮᠦᠨ ᠤ ᠡᠯᠡᠭ ᠪᠤᠯᠤᠨ᠎ᠠ ᠬᠡᠵᠦ ᠪᠤᠳᠤᠬᠤ ᠲᠠᠢ ᠵᠡᠷᠬᠡ ᠰᠡᠳᠬᠢᠯ ᠵᠤᠪᠠᠨ᠎ᠠ᠃ ᠲᠡᠭᠡᠭᠡᠳ ᠪᠢ ᠲᠤᠤᠷᠠᠬᠠᠨ ᠰᠦᠢᠳᠦᠭᠰᠡᠨ ᠵᠤᠯᠤᠭ ᠢ ᠲᠠᠬᠢᠨ ᠪᠤᠭᠤᠵᠦ ᠤᠶᠤᠭᠠᠳ ᠲᠡᠷ᠎ᠠ ᠶᠢᠨ ᠲᠤᠤᠷ᠎ᠠ ᠲᠠᠷᠤᠵᠦ ᠲᠠᠯᠪᠢᠪᠠ᠃ ᠤᠷᠤᠢ ᠤᠨᠳᠠᠬᠤ ᠦᠶ᠎ᠠ ᠳᠤ᠂ ᠡᠵᠢ ᠮᠢᠨᠢ ᠮᠢᠨᠦ ᠤᠶᠤᠵᠦ ᠲᠠᠯᠪᠢᠬᠰᠠᠨ ᠵᠤᠯᠤᠭ ᠢ ᠤᠯᠵᠦ ᠦᠵᠡᠭᠡᠳ ᠬᠡᠤᠭᠡᠨ ᠮᠢᠨᠢ ᠰᠠᠶᠢᠬᠠᠨ ᠡᠪᠯᠡᠬᠦᠯᠦᠭᠰᠡᠨ ᠪᠠᠶᠢᠨ᠎ᠠ ᠬᠡᠮᠡᠨ ᠮᠠᠭᠳᠠᠵᠠᠢ᠃ ᠲᠡᠷᠡ ᠴᠠᠭ ᠠᠴᠠ ᠡᠬᠢᠯᠠᠨ ᠨᠠᠮ᠎ᠠ ᠶᠢ ᠤᠶᠤᠳᠠᠯ ᠳᠤ ᠲᠤᠩ ᠲᠤᠷ᠎ᠠ ᠪᠠᠬ᠎ᠠ ᠲᠠᠢ ᠮᠦᠷᠳᠡᠬᠡᠨ ᠠᠪᠢᠶᠡᠰᠯᠢᠬ ᠭᠡᠳᠡᠭ ᠢ ᠮᠡᠳᠡᠨ᠂ ᠨᠢᠬᠡ ᠵᠠᠬᠦᠦ ᠨᠢᠬᠡ ᠬᠠᠳᠬᠤᠮᠠᠯ ᠪᠤᠯᠭᠠᠨ ᠢ ᠦᠯᠢᠬᠡᠷᠴᠢᠯᠠᠨ ᠰᠠᠶᠢᠬᠠᠨ ᠵᠢᠭᠠᠵᠦ ᠦᠭᠬᠦᠭᠰᠡᠨ ᠶᠤᠮ︾ ᠬᠡᠵᠦ ᠠᠯᠢᠶᠠᠬᠦᠦ ᠡᠷᠬᠢᠴᠡᠬᠦᠯᠦᠨ᠎ᠠ᠃
 
     ᠬᠠᠤᠡᠬᠤᠮᠠᠯ ᠢᠶᠠᠨ ᠲᠢᠭᠳᠡᠢ ᠰᠠᠶᠢᠬᠠᠨ ᠬᠠᠳᠬᠤᠭᠠᠳ ᠪᠠᠶᠢᠭᠰᠠᠭᠠᠷ ᠬᠦᠮᠦᠨ ᠤ ᠵᠠᠩ ᠠᠭᠠᠰᠢ ᠲᠤᠭᠳᠠᠭᠤᠨ ᠪᠤᠯᠵᠦ᠂ ᠲᠠᠭᠠᠭᠠᠴᠠ ᠲᠡᠰᠪᠦᠷᠢ ᠲᠠᠢ᠂ ᠶᠠᠮᠡᠷ ᠴᠤ ᠤᠴᠢᠷ ᠢ ᠠᠭᠤᠴᠢᠯᠠᠵᠦ ᠪᠠᠭᠳᠠᠭᠠᠵᠦ ᠴᠢᠳᠠᠬᠤ ᠪᠤᠯᠤᠨ᠎ᠠ ᠬᠡᠬᠦ ᠡᠵᠢ ᠶᠢᠨ ᠢᠶᠠᠨ ᠶᠠᠷᠢᠶ᠎ᠠ ᠶᠢ ᠠᠯᠢᠶᠡᠬᠦᠦ ᠬᠠᠷᠠᠬᠠᠨ ᠪᠠᠭ᠎ᠠ ᠠᠴᠠ ᠪᠠᠨ ᠰᠤᠨᠤᠰᠤᠭᠰᠠᠨ ᠪᠤᠯᠪᠠᠴᠦ ᠲᠡᠷᠡ ᠬᠦ ᠦᠬᠡ ᠶᠢᠨ ᠵᠢᠩᠬᠢᠨᠢ ᠤᠳᠬ᠎ᠠ ᠤᠴᠢᠷ ᠢ ᠠᠶᠢᠯ ᠬᠡᠷ ᠪᠤᠯᠵᠦ ᠠᠮᠢᠳᠤᠷᠠᠯ ᠡᠬᠦᠷᠬᠦ ᠳᠤ ᠪᠠᠨ ᠯᠡ ᠰᠠᠶ᠋ᠢ ᠵᠢᠩᠬᠢᠨᠢ ᠪᠠᠷ ᠤᠬᠠᠭᠠᠷᠠᠵᠦ ᠡᠬᠢᠯᠡᠭᠰᠡᠨ ᠠᠵᠢ᠃ 1994 ᠤᠨ ᠳᠤ᠂ ᠬᠦᠬᠡᠷᠦᠬᠦᠨ ᠬᠦᠦ ᠨᠢ 5 ᠨᠠᠰᠤᠳᠠᠢ ᠲᠡᠷᠡ ᠵᠢᠯ ᠠᠯᠢᠶᠡᠬᠦᠦ ᠶᠢᠨ ᠡᠷ᠎ᠠ ᠨᠦᠬᠦᠷ ᠨᠢ ᠮᠡᠳᠡᠷᠡᠯ ᠤᠨ ᠡᠪᠡᠳᠴᠢᠨ ᠳᠤ ᠨᠡᠷᠪᠡᠭᠳᠡᠵᠦ᠂ ᠪᠦᠷᠦᠢ ᠲᠠᠰᠤᠷᠠᠬᠤ ᠲᠠᠢ ᠯᠡ ᠵᠡᠷᠬᠡ ᠶᠠᠭᠤᠮ᠎ᠠ ᠬᠡᠤᠮ᠎ᠠ ᠪᠠᠨ ᠤᠷᠠᠵᠤ ᠮᠠᠯᠳᠠᠨ᠂ ᠬᠠᠭᠠᠯᠵᠦ ᠪᠠᠯᠪᠠᠯᠠᠨ᠂ ᠲᠡᠬᠦᠨ ᠤ ᠬᠦᠯᠦᠰᠦ ᠶᠢ ᠰᠢᠪᠬᠠᠨ ᠵᠢᠷᠤᠬᠡ ᠶᠢ ᠰᠢᠪᠦᠬᠡᠳᠡᠨ᠎ᠠ᠃ ᠬᠡᠷ ᠪᠦᠯᠢ ᠶᠢᠨ ᠭᠤᠨᠢᠬᠳᠦ ᠤᠴᠠᠷᠠᠯ᠂ ᠠᠶᠢᠯ ᠰᠠᠭᠠᠬᠠᠯᠳᠠ ᠶᠢᠨ ᠬᠤᠪ ᠵᠢᠪ ᠦᠬᠡ ᠨᠢ ᠲᠡᠬᠦᠨ ᠳᠤ ᠲᠠᠭᠠᠭᠠᠵᠦ ᠴᠢᠳᠠᠮ᠎ᠠ ᠦᠬᠡᠢ ᠬᠦᠨᠳᠦ ᠲᠠᠷᠤᠯᠳᠠ ᠪᠤᠯᠵᠦ᠂ ᠵᠠᠷᠢᠮ ᠳᠤ ᠪᠠᠨ ᠲᠡᠷᠡ ᠪᠡᠶ᠎ᠠ ᠪᠠᠨ ᠬᠤᠤᠷᠯᠠᠬᠤ ᠪᠤᠳᠤᠯ ᠴᠤ ᠤᠷᠤᠳᠠᠭ ᠪᠤᠯᠵᠠᠢ᠃ ᠬᠡᠪᠡᠴᠦ ᠨᠢᠯᠬ᠎ᠠ ᠬᠦᠦ ᠪᠠᠨ ᠬᠠᠷᠠᠨ᠂ ᠠᠭᠰᠢᠷᠠᠭ᠎ᠠ ᠪᠤᠭᠤᠷᠤᠯ ᠢᠶᠠᠨ ᠪᠤᠳᠤᠨ ᠰᠡᠳᠬᠢᠯ ᠢᠶᠠᠨ ᠴᠢᠩᠭᠠᠯᠠᠨ᠎ᠠ᠃ ᠲᠡᠷᠡ ᠦᠢᠳᠬᠠᠷ ᠭᠤᠨᠢᠬᠳᠦ ᠮᠦᠴᠡ ᠳᠤ᠂ ︽ᠠᠮᠢᠳᠤᠷᠠᠯ ᠳᠤ ᠬᠦᠴᠢᠷ ᠪᠡᠷᠬᠡ ᠲᠤᠯᠭᠠᠷᠠᠪᠠᠯ ᠡᠵᠢ ᠶᠢᠨ ᠬᠢ ᠪᠠᠨ ᠬᠡᠯᠡᠭᠰᠡᠨ ᠢ ᠪᠤᠳᠤ᠂ ᠬᠠᠳᠬᠤᠮᠠᠯ ᠢ ᠪᠤᠳᠤᠵᠦ ᠦᠵᠡ᠂ ᠠᠯᠢᠪᠠ ᠬᠠᠳᠠᠭᠤ ᠪᠡᠷᠬᠡ ᠶᠢ ᠯᠠᠪ ᠲᠤᠭᠤᠯᠵᠦ ᠲᠠᠶᠢᠯᠤᠨ᠎ᠠ︾ ᠬᠡᠬᠦ ᠡᠵᠢ ᠶᠢᠨ ᠬᠢᠨᠢ ᠦᠬᠡ ᠪᠤᠳᠤᠭᠳᠠᠨ᠎ᠠ᠃ ᠲᠡᠭᠡᠭᠡᠳ ᠬᠠᠷᠢ ᠳᠤ ᠮᠤᠷᠳᠠᠬᠤ ᠳᠤᠨᠢ ᠪᠠᠭᠯᠠᠵᠦ ᠦᠭᠬᠦᠭᠰᠡᠨ ᠪᠦᠰ ᠪᠠᠷᠠᠭ᠎ᠠ ᠶᠢ ᠠᠭᠤᠳᠠᠯᠵᠦ ᠭᠠᠷᠭᠠᠨ ᠬᠠᠳᠬᠤᠮᠠᠯ ᠢᠶᠠᠨ ᠬᠠᠳᠬᠤᠵᠦ ᠡᠬᠢᠯᠡᠵᠡᠢ᠃ ᠡᠷ ᠎ᠠ ᠨᠦᠬᠦᠷ ᠢᠶᠠᠨ ᠮᠠᠨᠠᠵᠦ ᠰᠠᠭᠤᠬᠰᠠᠨ ᠲᠡᠷᠡ ᠤᠯᠠᠨ ᠤᠢᠢᠳᠬᠠᠷ ᠭᠤᠨᠢᠭ ᠲᠠᠢ ᠤᠷᠳᠦ ᠰᠦᠨᠢ ᠨᠦᠭᠦᠳ ᠢ ᠬᠠᠳᠬᠤᠮᠠᠯ ᠲᠠᠢ ᠪᠠᠨ ᠬᠠᠮᠳᠦ ᠲᠤᠭᠤᠯᠵᠦ ᠢᠷᠡᠭᠰᠡᠨ ᠪᠠᠶᠢᠵᠠᠢ᠂ ᠬᠦᠬᠡᠷᠦᠬᠦᠢ᠃ 1998 ᠤᠨ ᠪᠤᠯᠬᠤ ᠳᠤ᠂ ᠬᠦᠦ ᠪᠠᠨ ᠪᠢᠴᠢᠭ ᠦᠵᠡᠬᠦᠯᠦᠨ᠂ ᠡᠷ᠎ᠠ ᠨᠦᠬᠦᠷ ᠤᠨ ᠢᠶᠠᠨ ᠡᠪᠡᠳᠴᠢᠨ ᠢ ᠦᠵᠡᠬᠦᠯᠬᠦ ᠶᠢᠨ ᠲᠦᠯᠦᠬᠡ᠂ ᠠᠯᠢᠶᠡᠬᠦᠦ ᠮᠢᠬᠠᠨ ᠤ ᠦᠢᠯᠡᠳᠪᠦᠷᠢ ᠳᠤ ᠬᠦᠯᠦᠰᠦᠨ ᠠᠵᠢᠯ ᠬᠢᠵᠠᠢ᠃ ᠨᠠᠰᠦ ᠪᠠᠭ᠎ᠠ ᠬᠦᠯ ᠬᠦᠡᠭᠬᠡᠨ ᠲᠡᠷᠡᠪᠡᠷ ᠲᠠᠭᠠᠭᠠᠬᠰᠠᠨ ᠠᠵᠢᠯ ᠢᠶᠠᠨ ᠲᠦᠷᠬᠡᠬᠡᠨ ᠪᠠᠷᠠᠭᠠᠭᠠᠳ᠂ ᠠᠮᠠᠷᠠᠬᠤ ᠲᠠᠰᠤᠭ ᠲᠤ ᠬᠠᠳᠬᠤᠮᠠᠯ ᠢᠶᠠᠨ ᠬᠠᠳᠬᠤᠨ ᠰᠠᠭᠤᠬᠤ ᠶᠢ ᠨᠢ ᠮᠢᠬᠠᠨ ᠤ ᠦᠢᠯᠡᠳᠪᠦᠷᠢ ᠶᠢᠨ ᠵᠠᠩᠭᠤᠢᠢᠳᠠ ᠨᠢ ᠤᠯᠵᠦ ᠦᠵᠡᠭᠡᠳ᠂ ᠶᠡᠬᠡᠳᠡ ᠱᠤᠬᠤᠷᠬᠠᠨ ᠭᠠᠶᠢᠬᠠᠵᠠᠢ᠃ ᠲᠡᠬᠡᠭᠡᠳ ᠲᠡᠬᠦᠨ ᠤ ᠠᠷᠪᠠ ᠭᠠᠷᠤᠢ ᠵᠢᠯ ᠤᠨ ᠬᠤᠭᠤᠴᠠᠭᠠᠨ ᠳᠤ ᠤᠶᠤᠵᠦ ᠬᠠᠳᠬᠤᠬᠰᠠᠨ ᠵᠢᠵᠢᠭ ᠰᠠᠵᠢᠬ ᠬᠠᠳᠬᠤᠮᠠᠯ ᠤᠳ ᠢ ᠨᠢ 2000 ᠲᠦᠬᠦᠷᠢᠭ ᠢᠶᠠᠷ ᠬᠤᠳᠠᠯᠳᠤᠨ ᠠᠪᠤᠬᠰᠠᠨ ᠪᠠᠶᠢᠨ᠎ᠠ᠃ ︽2000 ᠲᠦᠬᠦᠷᠢᠭ ᠬᠡᠵᠦ ᠤᠳᠦ ᠶᠢᠨ 20 ᠲᠦᠮᠡ ᠲᠠᠢ ᠲᠡᠩᠴᠡᠬᠦᠦ ᠰᠢᠤᠬᠠᠨ ᠰᠠᠨᠠᠭᠳᠠᠵᠦ ᠪᠠᠶᠢᠬᠰᠠᠨ᠃ ᠡᠨᠡ ᠵᠤᠭᠤᠰ ᠢᠶᠠᠷ ᠡᠪᠡᠳᠴᠢᠨ ᠦᠵᠡᠬᠦᠯᠦᠭᠰᠡᠨ ᠦᠷᠢ ᠰᠢᠷᠢ ᠪᠠᠨ ᠨᠡᠯᠢᠶᠡᠳ ᠢ ᠰᠢᠢᠳᠪᠦᠷᠢᠯᠡᠭᠰᠡᠨ ᠶᠤᠮ᠃ ᠡᠨᠡ ᠪᠤᠯ ᠦᠪ ᠰᠤᠶᠤᠯ ᠤᠨ ᠷᠢᠳᠢ ᠰᠢᠳᠢ ᠮᠦᠨ᠃ ᠬᠠᠳᠬᠤᠮᠠᠯ ᠨᠡᠮ᠎ᠠ ᠶᠢ ᠰᠡᠳᠬᠢᠯ ᠢᠶᠠᠷ ᠳᠡᠳᠬᠦᠭᠰᠡᠨ ᠢᠶᠠᠷ ᠪᠠᠷᠠᠬᠤ ᠦᠬᠡᠢ᠂ ᠠᠮᠢᠳᠤᠷᠠᠯ ᠢ ᠮᠢᠨᠢ ᠲᠤᠯᠤᠬᠰᠠᠨ︾ ᠬᠡᠵᠦ ᠠᠯᠢᠶᠡᠬᠦᠦ ᠶᠡᠷᠢᠨ᠎ᠠ᠃
 
     2007 ᠤᠨ ᠳᠤ᠂ ᠠᠯᠢᠶᠡᠬᠦᠦ ︽ᠮᠤᠩᠭᠤᠯᠵᠢᠨᠭᠤᠸ᠎ᠠ︾ ᠦᠨᠳᠦᠰᠦᠳᠡᠨ ᠤ ᠬᠤᠪᠴᠠᠰᠦ ᠵᠠᠰᠠᠯ ᠤᠨ ᠲᠡᠯᠬᠡᠬᠦᠷ ᠢᠶᠠᠨ ᠨᠡᠬᠡᠬᠡᠵᠦ ᠤᠳᠠᠭᠠᠨ ᠵᠢᠯ ᠤᠨ ᠬᠦᠰᠡᠯ ᠮᠦᠷᠦᠬᠡᠳᠦᠯ ᠢᠶᠠᠨ ᠪᠠᠶᠠᠯᠡᠬᠦᠯᠦᠯ᠎ᠠ ᠭᠡᠳᠡᠭ ᠴᠤ᠂ ᠲᠤᠬᠠᠢ ᠶᠢᠨ ᠦᠶ᠎ᠠ ᠳᠤ ᠮᠤᠩᠭᠤᠯ ᠬᠤᠪᠴᠠᠰᠦ ᠵᠠᠰᠠᠯ ᠤᠨ ᠵᠠᠬ᠎ᠠ ᠲᠡᠯᠬᠡᠬᠦᠷ ᠶᠠᠬ ᠪᠠᠭᠤᠷᠠᠯᠳᠠ ᠶᠢᠨ ᠬᠤᠭᠤᠴᠠᠭᠠᠨ ᠳᠤ ᠪᠠᠶᠢᠵᠦ᠂ ᠪᠤᠷᠤᠯᠠᠭᠤᠯᠭ᠎ᠠ ᠲᠤᠩ ᠬᠢᠵᠠᠭᠠᠷᠳᠠᠢ ᠪᠠᠶᠢᠵᠠᠢ᠃ ᠡᠨᠡᠬᠦ ᠪᠠᠶᠢᠳᠠᠯ ᠲᠤᠤᠷ᠎ᠠ᠂ ᠭᠠᠭᠴᠠ ᠤᠯᠠᠮᠵᠢᠯᠠᠯ ᠢᠶᠠᠨ ᠪᠠᠷᠢᠭᠠᠳ ᠵᠠᠬ᠎ᠠ ᠲᠡᠯᠬᠡᠬᠦᠷ ᠲᠤ ᠵᠤᠬᠢᠴᠠᠵᠦ ᠴᠢᠳᠠᠬᠤ ᠦᠬᠡᠢ ᠭᠡᠳᠡᠭ ᠢ ᠰᠡᠷᠡᠭᠰᠡᠨ ᠠᠯᠢᠶᠡᠬᠦᠦ ᠭᠠᠳᠠᠭᠰᠢ ᠲᠤᠳᠤᠭᠰᠢ ᠶᠠᠪᠤᠵᠦ᠂ ᠵᠠᠬ᠎ᠠ ᠲᠡᠯᠬᠡᠬᠦᠷ ᠤᠨ ᠪᠠᠶᠢᠳᠠᠯ ᠢ ᠤᠢᠢᠯᠠᠭᠠᠬᠤ ᠪᠠᠷ ᠰᠢᠢᠳᠴᠠᠢ᠃ ᠬᠠᠷᠮᠠᠠ ᠳᠤ ᠨᠢ ᠵᠢᠭᠠᠬᠠᠨ ᠵᠤᠭᠤᠰ ᠪᠠᠶᠢᠬᠤ ᠳᠤ ᠯᠡ ᠬᠦᠷᠪᠡᠯ᠂ ᠬᠠᠳᠠᠭᠠᠬᠰᠠᠨ ᠮᠢᠬ᠎ᠠ ᠪᠠᠨ ᠪᠤᠭᠴᠤᠯᠠᠭᠠᠳ ᠭᠠᠳᠠᠭᠰᠢ ᠶᠠᠪᠤᠳᠠᠭ ᠬᠡᠨ᠎ᠠ᠃ ᠪᠤᠷᠤᠯᠠᠭᠤᠯᠭ᠎ᠠ ᠰᠠᠶᠢᠳᠠᠢ ᠬᠤᠪᠴᠠᠰᠦ ᠵᠠᠰᠠᠯ ᠤᠨ ᠲᠡᠯᠬᠡᠬᠦᠷ ᠤᠳ ᠢᠶᠠᠷ ᠲᠤᠭᠤᠷᠢᠨ᠂ ᠤᠳᠤ ᠦᠶ᠎ᠠ ᠶᠢᠨ ᠬᠦᠮᠦᠰ ᠤᠨ ᠭᠡᠷᠡᠭᠴᠡᠬᠡᠨ ᠳᠤ ᠲᠤᠬᠢᠷᠠᠬᠤ ᠬᠡᠪ ᠵᠠᠬᠪᠤᠷ ᠢ ᠤᠢᠢᠯᠠᠭᠠᠵᠦ ᠮᠡᠳᠡᠵᠡᠢ᠃ ᠪᠠᠰᠠ ᠡᠵᠢ ᠠᠴᠠ ᠪᠠᠨ ᠰᠤᠷᠤᠭᠰᠠᠨ ᠲᠦᠬᠡ᠂ ᠰᠦᠬᠡᠮ ᠢᠶᠠᠷ ᠬᠡᠮᠵᠢᠶ᠎ᠠ ᠪᠤᠯᠭᠠᠨ ᠤᠶᠤᠬᠤ ᠪᠠᠶᠢᠬᠰᠠᠨ ᠠᠴᠠ ᠪᠠᠨ ᠲᠤᠮᠢᠶᠠᠨ ᠳᠤ ᠤᠷᠤᠭᠤᠯᠤᠨ ᠬᠡᠮᠵᠢᠬᠦ ᠶᠢ ᠮᠡᠳᠡᠵᠦ᠂ ᠪᠠᠰᠠ ᠤᠯᠠᠨ ᠵᠦᠢᠯ ᠤᠨ ᠰᠢᠨ᠎ᠠ ᠮᠠᠶ᠋ᠢᠬ ᠤᠨ ᠤᠷᠠᠯᠠᠬᠤ ᠮᠠᠲ᠋ᠧᠷᠢᠶᠠᠯ ᠤᠳ ᠲᠠᠢ ᠲᠠᠨᠢᠯᠴᠠᠬᠰᠠᠨ ᠪᠠᠶᠢᠨ᠎ᠠ᠃ ᠲᠡᠷᠡ ᠪᠠᠰᠠ ᠡᠯ᠎ᠠ ᠲᠦᠷᠦᠯ ᠤᠨ ᠬᠤᠪᠴᠠᠰᠦ ᠵᠠᠰᠠᠯ ᠲᠦᠰᠦᠪᠯᠡᠬᠦ ᠤᠷᠤᠯᠳᠤᠭᠠᠨ ᠳᠤ ᠢᠳᠡᠪᠬᠢᠯᠡᠨ ᠤᠷᠤᠯᠴᠠᠵᠠᠢ᠃ ᠡᠬᠦᠨ ᠤ ᠳ᠋ᠦᠡᠭ ᠳᠤ᠂ ᠤᠷᠠᠯᠠᠵᠦ ᠲᠦᠰᠦᠪᠯᠡᠬᠦ ᠲᠤᠰᠬᠠᠢ ᠮᠡᠷᠬᠡᠵᠢᠯ ᠰᠤᠷᠤᠬᠰᠠᠨ ᠦᠬᠡᠢ ᠲᠡᠬᠡᠷ᠎ᠠ ᠪᠠᠨ ᠤᠳᠤ ᠦᠶ᠎ᠠ ᠶᠢᠨ ᠮᠠᠰᠢᠨ ᠮᠡᠷᠬᠡᠵᠢᠯ ᠢ ᠭᠡᠷᠡᠭᠯᠡᠵᠦ ᠴᠢᠳᠠᠬᠤ ᠦᠬᠡᠢ ᠲᠡᠬᠦᠨ ᠤ ᠪᠦᠳᠦᠬᠡᠯ ᠬᠠᠷᠢᠨ ᠤᠯᠠᠨ ᠠᠴᠠ ᠤᠷᠦ᠋ᠢᠯᠠᠭᠠᠳ ᠪᠠᠶᠢᠬᠰᠠᠨ ᠪᠦᠬᠡᠳ ᠡᠨᠡᠬᠦ ᠲᠡᠪᠴᠡᠩ ᠢᠶᠠᠷ ᠲᠠᠮᠵᠢᠨ ᠤᠷᠤᠨ ᠤ ᠲᠤᠳᠤᠨ᠎ᠠ ᠭᠠᠳᠠᠨ᠎ᠠ ᠶᠢᠨ ᠨᠡᠯᠢᠶᠡᠳ ᠵᠠᠬᠢᠶᠠᠯᠠᠭ᠎ᠠ ᠶᠢ ᠤᠯᠤᠬᠰᠠᠨ ᠪᠠᠶᠢᠨ᠎ᠠ᠃ ᠡᠬᠦᠨ ᠳᠤ ᠠᠯᠢᠶᠡᠬᠦᠦ ᠶᠢᠨ ᠬᠠᠮᠤᠭ ᠤᠨ ᠤᠮᠤᠭᠰᠢᠳᠠᠬ ᠨᠢ ᠮᠤᠩᠭᠤᠯ᠂ ᠤᠷᠤᠰ᠂ ᠲᠤᠸᠠ᠂ ᠠᠮᠧᠷᠢᠺᠡ ᠵᠡᠷᠬᠡ ᠤᠯᠤᠰ ᠤᠨ ᠮᠦᠽᠸᠢ ᠳᠤ ᠬᠠᠳᠠᠭᠠᠯᠠᠬᠤ ᠬᠤᠪᠴᠠᠰᠦ ᠶᠢᠨ ᠵᠠᠬᠢᠶᠠᠯᠠᠭ᠎ᠠ ᠶᠢ ᠤᠯᠤᠬᠰᠠᠨ ᠶᠠᠪᠤᠳᠠᠯ ᠪᠤᠯᠤᠨ᠎ᠠ᠃    ᠲᠡᠬᠡᠬᠡᠳ ᠠᠯᠢᠶᠡᠬᠦᠦ ᠤᠳᠤ ᠦᠶ᠎ᠠ ᠶᠢᠨ ᠬᠦᠮᠦᠰ ᠤᠨ ᠱᠠᠭᠠᠷᠳᠠᠯᠭ᠎ᠠ ᠳᠤ ᠵᠤᠬᠢᠴᠠᠬᠤ ᠰᠢᠨ᠎ᠠ ᠬᠡᠪ ᠵᠠᠭᠪᠤᠷ ᠤᠨ ᠬᠤᠪᠴᠠᠰᠦ ᠵᠠᠰᠠᠯ ᠪᠤᠯᠤᠨ ᠬᠤᠷᠢᠶᠠᠨ ᠬᠠᠳᠠᠭᠠᠯᠠᠬᠤ ᠦᠨ᠎ᠠ ᠦᠷᠳᠡᠭ ᠲᠠᠢ ᠦᠪᠴᠢ ᠬᠠᠳᠬᠤᠮᠠᠯ ᠲᠠᠢ ᠬᠤᠪᠴᠠᠰᠦ ᠵᠠᠰᠠᠯ ᠢ ᠭᠤᠤᠯᠯᠠᠨ ᠬᠢᠵᠦ᠂ ᠮᠤᠩᠭᠤᠯ ᠬᠤᠪᠴᠠᠰᠤᠨ ᠤ ᠵᠠᠬ᠎ᠠ ᠲᠡᠯᠬᠡᠬᠦᠷ ᠤᠨ ᠪᠠᠭᠤᠷᠠᠯᠳᠠ ᠶᠢᠨ ᠬᠤᠭᠤᠴᠠᠭ᠎ᠠ ᠶᠢ ᠲᠡᠩᠬᠡᠯᠡᠬᠦᠨ ᠲᠠᠪᠠᠭᠰᠠᠨ ᠪᠠᠶᠢᠯ᠎ᠠ᠃
 
      2010 ᠤᠨ ᠠᠴᠠ ᠰᠡᠬᠦᠯᠡᠷ ᠮᠤᠩᠭᠤᠯ ᠬᠤᠪᠴᠠᠰᠦ ᠵᠠᠰᠠᠯ ᠤᠨ ᠵᠠᠬ᠎ᠠ ᠲᠡᠯᠬᠡᠬᠦᠷ ᠤᠨ ᠪᠠᠶᠢᠳᠠᠯ ᠰᠠᠶᠢᠵᠢᠷᠠᠬᠰᠠᠨ ᠪᠤᠯᠪᠠᠴᠦ ᠦᠷᠢᠰᠦᠯᠳᠦᠬᠡᠨ ᠴᠤ ᠰᠢᠷᠦᠬᠦᠰᠴᠠᠢ᠃ ᠡᠨᠡ ᠦᠶ᠎ᠠ ᠳᠤ ᠮᠠᠨ ᠤ ᠤᠷᠤᠨ ᠤ ᠵᠤᠭᠠᠴᠠᠯ ᠤᠨ ᠦᠢᠯᠡᠰ ᠴᠤ ᠦᠷᠨᠢᠬᠦᠨ ᠬᠦᠭᠵᠢᠭᠰᠡᠨ ᠪᠤᠯᠬᠤᠷ ᠠᠯᠢᠶᠡᠬᠦᠦ ᠮᠤᠩᠭᠤᠯ ᠬᠤᠪᠴᠠᠰᠦ ᠵᠠᠰᠠᠯ ᠠᠴᠠ ᠪᠠᠨ ᠭᠠᠳᠠᠨ᠎ᠠ᠂ ᠵᠤᠭᠠᠴᠠᠯ ᠳᠤ ᠵᠤᠷᠢᠭᠤᠯᠤᠬᠰᠠᠨ ᠬᠠᠳᠬᠤᠮᠠᠯ ᠲᠠᠢ ᠵᠢᠵᠢᠭ ᠪᠡᠯᠡᠭ ᠲᠤᠷᠠᠰᠬᠠᠯ ᠤᠨ ᠡᠳ᠋ ᠢ ᠲᠦᠰᠦᠪᠯᠡᠨ ᠬᠢᠬᠦ ᠪᠠ ᠬᠡᠤᠭᠡᠳ ᠤᠨ ᠬᠤᠪᠴᠠᠰᠦ ᠶᠢ ᠤᠶᠤᠬᠤ ᠲᠡᠬᠡᠷ᠎ᠠ ᠬᠦᠴᠦ ᠲᠡᠯᠪᠢᠬᠰᠠᠨ ᠪᠠᠶᠢᠨ᠎ᠠ᠃ ︽ᠨᠢᠭᠡ ᠬᠤᠭᠤᠴᠠᠭᠠᠨ᠎ᠠ ᠪᠠᠷᠤᠬ ᠮᠤᠩᠭᠤᠯ ᠬᠦᠮᠦᠨ ᠠᠴᠠ ᠪᠠᠨ ᠤᠯᠠᠨ ᠲᠤᠭᠠᠯᠠᠭᠳᠠᠬᠤ ᠮᠤᠩᠭᠤᠯ ᠬᠤᠪᠴᠠᠰᠤᠨ ᠲᠡᠯᠬᠡᠬᠦᠷ ᠪᠤᠢ ᠪᠤᠯᠤᠬᠰᠠᠨ ᠡ᠃ ᠡᠨᠡᠬᠦ ᠪᠠᠶᠢᠳᠠᠯ ᠲᠤᠤᠷ᠎ᠠ᠂ ᠬᠡᠷᠬᠢᠨ ᠵᠠᠬ᠎ᠠ ᠲᠡᠯᠬᠡᠬᠦᠷ ᠨᠡᠬᠡᠬᠡᠬᠦ ᠪᠤᠢ  ᠭᠡᠳᠡᠭ ᠠᠰᠠᠭᠤᠳᠠᠯ ᠨᠠᠳᠠ ᠳᠤ ᠲᠤᠯᠭᠠᠷᠠᠬᠰᠠᠨ᠃ ᠨᠢᠬᠡ ᠤᠳᠠᠭ᠎ᠠ ᠭᠤᠸᠠᠩᠵᠸᠦ ᠶᠢᠨ ᠨᠢᠬᠡᠨ ᠲᠠᠨᠢᠯ ᠨᠡᠳᠡ ᠪᠠᠷ ᠬᠤᠷᠢᠮ ᠤᠨ ᠶᠤᠰᠤᠯᠠᠯ ᠳᠤ ᠤᠷᠤᠯᠴᠠᠬᠤ ᠬᠡᠤᠭᠡᠳ ᠤᠨ ᠬᠤᠪᠴᠠᠰᠦ ᠲᠦᠰᠦᠪᠯᠡᠬᠦᠯᠦᠭᠰᠡᠨ ᠶᠤᠮ᠃ ᠪᠢ ᠲᠡᠭᠡᠭᠡᠳ ᠵᠠᠭᠠᠮ᠎ᠠ ᠴᠡᠬᠡᠵᠢᠨ ᠪᠡᠶ᠎ᠠ ᠶᠢ ᠨᠢ ᠮᠤᠩᠭᠤᠯ ᠤᠨᠴᠠᠯᠢᠭ ᠲᠠᠢ ᠲᠦᠰᠦᠪᠯᠡᠨ᠂ ᠬᠤᠷᠮᠤᠢ ᠳᠤᠨᠢ ᠱᠠ ᠪᠦᠷᠢᠵᠦ᠂ ᠬᠤᠪᠴᠠᠰᠤᠨ ᠤ ᠬᠢᠨᠢ ᠠᠷᠤ ᠳᠤᠨᠢ ᠪᠠᠰᠠ ᠫᠢᠶᠤᠤᠳᠠᠢ ᠤᠶᠤᠨ᠂ ᠲᠡᠭᠡᠷ᠎ᠠ ᠨᠢ ᠬᠤᠸᠠᠷ ᠬᠠᠳᠬᠤᠭᠠᠳ ᠮᠠᠰᠢ ᠡᠪᠯᠢᠭ ᠪᠤᠯᠭᠠᠬᠤ ᠳᠤ ᠲᠡᠷᠡ ᠬᠦᠮᠦᠨ ᠪᠠᠶᠠᠷᠯᠠᠭᠠᠳ 5000 ᠲᠦᠬᠦᠷᠢᠭ ᠢᠶᠠᠷ ᠬᠤᠳᠠᠯᠳᠤᠨ ᠠᠪᠤᠬᠰᠠᠨ ᠮᠦᠷᠳᠡᠬᠡᠨ ᠪᠠᠰᠠ ᠬᠡᠳᠦᠨ ᠲᠠᠨᠢᠯ ᠳᠤ ᠪᠠᠨ ᠲᠠᠨᠢᠯᠴᠠᠭᠤᠯᠵᠦ ᠦᠭᠬᠦᠭᠰᠡᠨ᠃ ᠲᠡᠭᠡᠭᠡᠳ ᠪᠢ ᠭᠡᠤᠭᠡᠳ ᠤᠨ ᠬᠤᠪᠴᠠᠰᠦ ᠶᠢ ᠰᠠᠶᠢᠬᠠᠨ ᠲᠦᠰᠦᠪᠯᠡᠨ ᠤᠶᠤᠪᠠᠯ ᠪᠦᠬᠦ ᠤᠯᠤᠰ ᠤᠨ ᠡᠯ᠎ᠠ ᠦᠨᠳᠦᠰᠦᠳᠡᠨ ᠳᠤ ᠪᠦᠷ ᠪᠤᠷᠤᠯᠠᠭᠤᠯᠵᠦ ᠪᠤᠯᠤᠨ᠎ᠠ ᠬᠡᠰᠡᠨ ᠢ ᠮᠡᠳᠡᠭᠰᠡᠨ︾ ᠬᠡᠵᠦ ᠠᠯᠢᠶᠡᠬᠦᠦ ᠶᠡᠷᠢᠨ᠎ᠠ᠃ ᠲᠡᠷᠡ ᠪᠠᠰᠠ ᠮᠤᠩᠭᠤᠯ ᠰᠡᠶᠢᠯᠪᠦᠷᠢ ᠤᠭᠠᠯᠵᠡ ᠠᠴᠠ ᠰᠡᠷᠡᠯᠳᠡ ᠠᠪᠴᠦ᠂ ᠬᠡᠷ ᠤᠨ ᠵᠠᠰᠠᠯ ᠳᠤ ᠬᠡᠷᠡᠭᠯᠡᠬᠦ ᠮᠤᠩᠭᠤᠯ ᠤᠨᠴᠠᠯᠢᠭ ᠲᠠᠢ ᠰᠡᠶᠢᠯᠦᠮᠡᠯ ᠵᠢᠷᠤᠬ ᠢ ᠬᠢᠵᠦ ᠨᠡᠯᠢᠶᠡᠳ ᠤᠷᠤᠯᠭ᠎ᠠ ᠡᠬᠦᠳᠴᠢ᠃ ᠠᠯᠢᠶᠡᠬᠦᠦ ᠢᠡᠭᠬᠢᠵᠦ ᠵᠠᠬ᠎ᠠ ᠲᠡᠯᠬᠡᠬᠦᠷ ᠲᠤ ᠵᠤᠬᠢᠴᠠᠨ ᠲᠡᠯᠬᠡᠬᠦᠷ ᠢᠶᠠᠨ ᠡᠵᠡᠩᠨᠡᠭᠰᠡᠨ ᠢᠶᠠᠷ᠂ 2012 ᠤᠨ ᠳᠤ ᠠᠷᠠᠯᠵᠢᠶ᠎ᠠ ᠨᠢ ᠬᠠᠮᠤᠭ ᠤᠨ ᠤᠷᠬᠢᠯ ᠳᠤ ᠪᠠᠨ ᠲᠤᠯᠵᠦ᠂ 90 ᠲᠦᠮᠡᠨ ᠲᠦᠬᠦᠷᠢᠭ ᠤᠨ ᠠᠰᠢᠭ ᠡᠬᠦᠳᠦᠭᠰᠡᠨ ᠪᠠᠶᠢᠨ᠎ᠠ᠃
 
      2015 ᠤᠨ ᠳᠤ᠂ ᠲᠡᠷᠡ ᠠᠯᠢᠶᠠᠬᠦᠦ ᠦᠨᠳᠦᠰᠦᠳᠡᠨ ᠤ ᠬᠤᠪᠴᠠᠰᠦ ᠵᠠᠰᠠᠯ ᠦᠢᠯᠡᠳᠪᠦᠷᠢᠯᠡᠬᠦ ᠬᠢᠵᠠᠭᠠᠷᠳᠦ ᠺᠤᠮᠫᠠᠨᠢ ᠪᠠᠨ ᠪᠠᠶᠢᠭᠤᠯᠵᠦ᠂ ᠠᠷᠠᠯᠵᠢᠶ᠎ᠠ ᠮᠠᠶᠢᠮᠠᠢ ᠪᠠᠨ ᠨᠡᠩ ᠬᠡᠪᠴᠢᠶᠡᠵᠢᠬᠦᠯᠦᠨ ᠦᠷᠬᠡᠵᠢᠬᠦᠯᠵᠡᠢ᠃ ᠺᠤᠮᠫᠠᠨᠢ ᠨᠢ ᠤᠳᠤ 79 ᠠᠵᠢᠯᠳᠠᠨ ᠲᠠᠢ᠂ ᠡᠬᠦᠨ ᠳᠤ ᠬᠠᠳᠬᠤᠮᠠᠯᠴᠢᠨ 60 ᠨᠡᠷ᠎ᠠ ᠪᠤᠢ᠃ ᠺᠤᠮᠫᠠᠨᠢ ᠶᠢᠨ ᠶᠡᠷᠦᠩᠬᠡᠢ ᠲᠡᠯᠡᠪᠡᠢ 150 ᠲᠡᠭᠰᠢ ᠲᠦᠷᠪᠡᠯᠵᠢᠨ᠂ ᠡᠬᠦᠨ ᠳᠤ 50 ᠲᠡᠭᠰᠢ ᠲᠦᠷᠪᠡᠯᠵᠢᠨ ᠮᠧᠲᠷ ᠤᠨ ᠪᠤᠯᠪᠡᠰᠤᠷᠠᠯ ᠤᠨ ᠦᠷᠦᠬᠡ ᠪᠠᠭᠳᠠᠨ᠎ᠠ᠃ ᠺᠤᠮᠫᠠᠨᠢ ᠨᠢ ᠦᠨᠳᠦᠰᠦᠳᠡᠨ ᠤ ᠬᠤᠪᠴᠠᠰᠦ ᠵᠠᠰᠠᠯ᠂ ᠭᠤᠳᠤᠯ᠂ ᠮᠠᠯᠠᠭᠠᠢ ᠪᠤᠯᠤᠨ ᠪᠤᠰᠤᠳ ᠭᠠᠷ ᠤᠷᠠᠯᠠᠯ ᠤᠨ ᠡᠳ᠋ ᠢ ᠤᠷᠤᠨ ᠤ ᠳᠤᠳᠤᠨ᠎ᠠ ᠭᠠᠳᠠᠨ᠎ᠠ ᠪᠤᠯᠤᠨ ᠤᠷᠤᠰ᠂ ᠮᠤᠩᠭᠤᠯ᠂ ᠶᠠᠫᠦᠨ ᠵᠡᠷᠬᠡ ᠤᠯᠤᠰ ᠤᠷᠤᠨ ᠢᠶᠠᠷ ᠪᠤᠷᠤᠯᠠᠭᠤᠯᠵᠦ ᠪᠠᠶᠢᠨ᠎ᠠ᠃ ᠬᠦᠬᠡᠬᠤᠳᠠ᠂ ᠤᠯᠠᠭᠠᠨᠬᠠᠳᠠ ᠬᠤᠳᠠ᠂ ᠲᠦᠡᠭᠯᠢᠶᠤᠤ ᠬᠤᠳᠠ ᠶᠢᠨ ᠯᠦᠪᠸᠢ ᠪᠠᠯᠭᠠᠰᠦ᠂ ᠰᠢᠯᠢ ᠶᠢᠨ ᠭᠤᠤᠯ ᠤᠨ ᠵᠡᠬᠦᠨ ᠦᠵᠦᠮᠦᠴᠢᠨ ᠬᠤᠰᠢᠭᠤ ᠵᠡᠷᠬᠡ ᠭᠠᠵᠠᠷ ᠲᠤ ᠤᠷᠤᠯᠠᠨ ᠪᠤᠷᠤᠯᠠᠭᠤᠯᠬᠤ ᠲᠡᠯᠬᠡᠬᠦᠷ ᠲᠠᠢ᠃ ᠺᠤᠮᠫᠠᠨᠢ ᠶᠢᠨ ᠲᠤᠭᠳᠠᠮᠠᠯ ᠬᠦᠷᠦᠩᠭᠡ 200 ᠲᠦᠮᠡᠨ ᠲᠦᠬᠦᠷᠢᠭ ᠲᠤ ᠬᠦᠷᠴᠦ᠂ ᠵᠢᠯ ᠤᠨ ᠴᠡᠪᠡᠷ ᠤᠷᠤᠯᠭ᠎ᠠ 30 ᠲᠦᠮᠡᠨ ᠲᠦᠬᠦᠷᠢᠭ ᠲᠤ ᠬᠦᠷᠴᠦ ᠪᠠᠶᠢᠨ᠎ᠠ᠃    



  
     
     